1
ᠢᠣᠸᠠᠨ 10:10
Mongolian Bible (1840)
ᠬᠤᠯᠠᠭᠠᠶᠢᠴᠢ ᠠᠨᠤ ᠢᠮᠠᠭᠲᠠ ᠬᠤᠯᠠᠭᠠᠶᠢᠯᠠᠬᠤ ᠬᠢᠭᠡᠳ ᠦᠬᠦᠭᠦᠯᠬᠦ ᠪᠠ ᠲᠠᠰᠤᠯᠬᠤ ᠶᠢᠨ ᠲᠤᠯᠠ ᠢᠷᠡᠳᠡᠭ᠃ ᠪᠢ ᠪᠡᠷ ᠲᠡᠳᠡᠨ ᠦ ᠠᠮᠢᠨ ᠢ ᠣᠯᠵᠤ᠂ ᠬᠠᠨᠤᠲᠠᠯ᠎ᠠ ᠣᠯᠬᠤ ᠶᠢᠨ ᠲᠤᠯᠠ ᠢᠷᠡᠭᠰᠡᠨ ᠪᠤᠢ᠃
Параўнаць
Даследуйце ᠢᠣᠸᠠᠨ 10:10
2
ᠢᠣᠸᠠᠨ 10:11
ᠪᠢ ᠪᠡᠷ ᠰᠠᠶᠢᠨ ᠬᠣᠨᠢᠴᠢ ᠮᠥᠨ᠃ ᠰᠠᠶᠢᠨ ᠬᠣᠨᠢᠴᠢ ᠠᠨᠤ ᠥᠪᠡᠷ ᠦᠨ ᠠᠮᠢᠨ ᠢ ᠬᠣᠨᠢᠳ ᠤᠨ ᠲᠤᠯᠠ ᠥᠭᠭᠦᠮᠦᠢ᠃
Даследуйце ᠢᠣᠸᠠᠨ 10:11
3
ᠢᠣᠸᠠᠨ 10:27
ᠮᠢᠨᠦ ᠬᠣᠨᠢᠳ ᠠᠨᠤ ᠮᠢᠨᠦ ᠳᠠᠭᠤᠨ ᠢ ᠰᠣᠨᠣᠰᠤᠳᠠᠭ᠃ ᠪᠢ ᠪᠡᠷ ᠲᠡᠳᠡᠨ ᠢ ᠲᠠᠨᠢᠮᠤᠢ᠂ ᠲᠡᠳᠡ ᠴᠤ ᠨᠠᠮᠠᠶᠢ ᠳᠠᠭᠠᠳᠠᠭ᠃
Даследуйце ᠢᠣᠸᠠᠨ 10:27
4
ᠢᠣᠸᠠᠨ 10:28
ᠵᠢᠴᠢ ᠪᠢ ᠪᠡᠷ ᠲᠡᠳᠡᠨ ᠳᠦᠷ ᠮᠥᠩᠬᠡ ᠠᠮᠢᠨ ᠢ ᠥᠭᠭᠦᠮᠦᠢ᠃ ᠲᠡᠶᠢᠨ ᠬᠦ ᠲᠡᠳᠡ ᠢᠨᠦ ᠮᠥᠩᠬᠡᠳᠡ ᠦᠯᠦ ᠡᠪᠳᠡᠷᠡᠬᠦ ᠪᠥᠭᠡᠳ᠂ ᠬᠡᠨ ᠴᠤ ᠲᠡᠳᠡᠨ ᠢ ᠮᠢᠨᠦ ᠭᠠᠷ ᠠᠴᠠ ᠪᠤᠯᠢᠶᠠᠨ ᠠᠪᠴᠤ ᠦᠯᠦ ᠴᠢᠳᠠᠬᠤ ᠪᠤᠢ᠃
Даследуйце ᠢᠣᠸᠠᠨ 10:28
5
ᠢᠣᠸᠠᠨ 10:9
ᠪᠢ ᠪᠡᠷ ᠡᠭᠦᠳᠡ ᠮᠥᠨ᠃ ᠬᠡᠷᠪᠡ ᠠᠯᠢ ᠬᠡᠨ ᠨᠠᠳᠠᠪᠠᠷ ᠣᠷᠣᠪᠠᠰᠤ ᠡᠯ᠎ᠡ᠂ ᠲᠡᠷᠡ ᠢᠨᠦ ᠲᠣᠨᠢᠯᠵᠤ᠂ ᠣᠷᠣᠬᠤᠢ ᠬᠢᠭᠡᠳ ᠭᠠᠷᠬᠤᠢ ᠳᠠᠭᠠᠨ ᠲᠡᠵᠢᠭᠡᠯ ᠢ ᠣᠯᠬᠤ ᠪᠤᠢ᠃
Даследуйце ᠢᠣᠸᠠᠨ 10:9
6
ᠢᠣᠸᠠᠨ 10:14
ᠪᠢ ᠪᠡᠷ ᠰᠠᠶᠢᠨ ᠬᠣᠨᠢᠴᠢ ᠠᠵᠤ᠂ ᠬᠣᠨᠢᠳ ᠢᠶᠠᠨ ᠲᠠᠨᠢᠨ᠂ ᠲᠡᠳᠡᠨ ᠳᠦᠷ ᠴᠤ ᠲᠠᠨᠢᠭᠳᠠᠮᠤᠢ᠃
Даследуйце ᠢᠣᠸᠠᠨ 10:14
7
ᠢᠣᠸᠠᠨ 10:29-30
(ᠲᠡᠳᠡᠨ ᠢ) ᠨᠠᠳᠤᠷ ᠥᠭᠭᠦᠭᠰᠡᠨ ᠮᠢᠨᠦ ᠡᠴᠢᠭᠡ ᠢᠨᠦ ᠬᠠᠮᠤᠭ ᠠᠴᠠ ᠳᠡᠭᠡᠷ᠎ᠡ ᠪᠤᠢ ᠪᠥᠭᠡᠳ᠂ ᠬᠡᠨ ᠴᠤ ᠮᠢᠨᠦ ᠡᠴᠢᠭᠡ ᠶᠢᠨ ᠮᠤᠲᠤᠷ ᠠᠴᠠ (ᠲᠡᠳᠡᠨ ᠢ) ᠪᠤᠯᠢᠶᠠᠨ ᠠᠪᠴᠤ ᠦᠯᠦ ᠴᠢᠳᠠᠬᠤ ᠪᠤᠢ᠃ ᠪᠢ ᠬᠢᠭᠡᠳ ᠡᠴᠢᠭᠡ ᠢᠨᠦ ᠭᠠᠭᠴᠠ ᠮᠥᠨ ᠪᠣᠯᠠᠢ᠃
Даследуйце ᠢᠣᠸᠠᠨ 10:29-30
8
ᠢᠣᠸᠠᠨ 10:15
ᠮᠢᠨᠦ ᠡᠴᠢᠭᠡ ᠢᠨᠦ ᠨᠠᠮᠠᠶᠢ ᠲᠠᠨᠢᠳᠠᠭ ᠮᠡᠲᠦ ᠪᠢ ᠴᠤ ᠡᠴᠢᠭᠡ ᠶᠢ ᠲᠠᠨᠢᠳᠠᠭ᠃ ᠪᠠᠰᠠ ᠪᠢ ᠪᠡᠷ ᠬᠣᠨᠢᠳ ᠤᠨ ᠲᠤᠯᠠ ᠠᠮᠢᠨ ᠢᠶᠠᠨ ᠥᠭᠭᠦᠮᠦᠢ ᠅
Даследуйце ᠢᠣᠸᠠᠨ 10:15
9
ᠢᠣᠸᠠᠨ 10:18
ᠬᠡᠨ ᠴᠤ (ᠠᠮᠢᠨ ᠢ) ᠨᠠᠳᠠᠴᠠ ᠡᠰᠡ ᠠᠪᠤᠮᠤᠢ᠃ ᠬᠠᠷᠢᠨ ᠪᠢ ᠪᠡᠷ ᠥᠪᠡᠷ ᠦᠨ ᠳᠤᠷ᠎ᠠ ᠪᠠᠷ ᠥᠭᠭᠦᠮᠦᠢ᠃ ᠲᠡᠭᠦᠨ ᠢ ᠥᠭᠬᠦᠢ ᠡᠷᠬᠡ ᠨᠠᠳᠤᠷ ᠪᠤᠢ ᠪᠥᠭᠡᠳ᠂ ᠳ᠋ᠠᠬᠢᠨ ᠠᠪᠬᠤᠢ ᠴᠤ ᠡᠷᠬᠡ ᠪᠤᠢ ᠪᠣᠯᠠᠢ᠃ ᠡᠨᠡ ᠬᠦ ᠳᠠᠭᠠᠭᠠᠪᠤᠷᠢᠨ ᠢ ᠪᠢ ᠪᠡᠷ ᠥᠪᠡᠷ ᠦᠨ ᠡᠴᠢᠭᠡ ᠡᠴᠡ ᠠᠪᠤᠪᠠᠢ᠃
Даследуйце ᠢᠣᠸᠠᠨ 10:18
10
ᠢᠣᠸᠠᠨ 10:7
ᠲᠡᠶᠢᠮᠦ ᠶᠢᠨ ᠲᠤᠯᠠ ᠲᠡᠷᠡ ᠢᠨᠦ ᠲᠡᠳᠡᠨ ᠳᠦᠷ ᠵᠠᠷᠯᠢᠭ ᠪᠣᠯᠤᠷᠤᠨ᠃ ᠮᠢᠨᠦ ᠲᠠᠨ ᠳᠤᠷ ᠮᠠᠭᠠᠳᠯᠠᠨ ᠥᠭᠦᠯᠡᠬᠦᠢ ᠢᠨᠦ᠂ ᠪᠢ ᠪᠡᠷ ᠬᠣᠨᠢᠳ ᠤᠨ ᠡᠭᠦᠳᠡ ᠮᠥᠨ᠃
Даследуйце ᠢᠣᠸᠠᠨ 10:7
11
ᠢᠣᠸᠠᠨ 10:12
ᠬᠣᠨᠢᠴᠢ ᠪᠤᠰᠤ ᠪᠣᠯᠤᠭᠠᠳ ᠬᠣᠨᠢᠨ ᠤ ᠡᠵᠡᠨ ᠴᠤ ᠪᠤᠰᠤ ᠪᠥᠭᠡᠲᠡᠯ᠎ᠡ ᠱᠠᠩ ᠢᠶᠠᠷ ᠰᠠᠬᠢᠭᠴᠢ ᠬᠦᠮᠦᠨ ᠢᠨᠦ ᠴᠢᠨᠤ᠎ᠠ ᠶᠢᠨ ᠢᠷᠡᠬᠦᠢ ᠶᠢ ᠦᠵᠡᠬᠦᠢ ᠳᠦᠷ᠂ ᠬᠣᠨᠢᠳ ᠢ ᠣᠭᠤᠷᠴᠤ ᠳᠤᠲᠠᠭᠠᠳᠠᠭ᠃ ᠲᠡᠶᠢᠨ ᠪᠥᠭᠡᠳ ᠴᠢᠨᠤ᠎ᠠ ᠠᠨᠤ ᠬᠣᠨᠢᠳ ᠢ ᠲᠠᠰᠤᠯᠵᠤ ᠲᠡᠳᠡᠨ ᠢ ᠲᠠᠷᠬᠠᠭᠠᠳᠠᠭ᠃
Даследуйце ᠢᠣᠸᠠᠨ 10:12
12
ᠢᠣᠸᠠᠨ 10:1
ᠮᠢᠨᠦ ᠲᠠᠨ ᠳᠤᠷ ᠮᠠᠭᠠᠳᠯᠠᠨ ᠥᠭᠦᠯᠡᠬᠦᠢ ᠢᠨᠦ᠂ ᠠᠯᠢ ᠬᠡᠨ ᠡᠭᠦᠳᠡᠨ ᠢᠶᠡᠷ ᠣᠷᠣᠯ ᠦᠭᠡᠭᠦᠶ᠎ᠡ ᠪᠤᠰᠤ ᠨᠢᠭᠡᠨ ᠵᠦᠭ ᠢᠶᠡᠷ ᠬᠣᠨᠢᠨ ᠤ ᠬᠦᠷᠢᠶᠡᠨ ᠳᠦᠷ ᠣᠷᠣᠭᠴᠢ ᠠᠨᠤ ᠬᠤᠯᠠᠭᠠᠶᠢᠴᠢ ᠬᠢᠭᠡᠳ ᠳᠡᠭᠡᠷᠮᠡᠴᠢ ᠮᠥᠨ᠃
Даследуйце ᠢᠣᠸᠠᠨ 10:1
Стужка
Біблія
Планы чытання
Відэа