1
ᠯᠦᠺᠡ 23:34
Mongolian Bible (1840)
᠂ ᠢᠢᠰᠦᠰ ᠢᠨᠦ ᠡᠶᠢᠨ᠃ ᠡᠴᠢᠭᠡ ᠡ᠂ ᠲᠡᠳᠡᠨ ᠢ ᠬᠡᠯᠲᠦᠷᠢᠭᠦᠯᠦᠨ ᠰᠣᠶᠤᠷᠬ᠎ᠠ᠃ ᠲᠡᠷᠡ ᠶᠠᠭᠤᠨ ᠤ ᠲᠤᠯᠠ ᠬᠡᠮᠡᠪᠡᠰᠦ᠂ ᠲᠡᠳᠡ ᠢᠨᠦ ᠶᠠᠭᠤᠨ ᠦᠢᠯᠡᠳᠦᠨ ᠠᠬᠤᠢ ᠪᠠᠨ ᠡᠰᠡ ᠮᠡᠳᠡᠮᠦᠢ᠃ ᠬᠡᠮᠡᠨ ᠵᠠᠯᠪᠠᠷᠢᠯᠤᠭᠠ ᠅ ᠪᠠᠰᠠ ᠲᠡᠳᠡ ᠢᠨᠦ ᠲᠡᠭᠦᠨ ᠦ ᠬᠤᠪᠴᠠᠳ ᠢ ᠬᠤᠪᠢᠶᠠᠨ ᠰᠢᠪᠠᠭ᠎ᠠ ᠶᠢ ᠣᠷᠬᠢᠪᠠᠢ᠃
Compare
Explore ᠯᠦᠺᠡ 23:34
2
ᠯᠦᠺᠡ 23:43
᠂ ᠬᠡᠮᠡᠨ ᠠᠶᠢᠯᠠᠳᠬᠠᠭᠰᠠᠨ ᠳᠤᠷ ᠢᠢᠰᠦᠰ ᠢᠨᠦ ᠲᠡᠭᠦᠨ ᠳᠦᠷ ᠡᠶᠢᠨ᠃ ᠡᠳᠦᠭᠡ ᠡᠳᠦᠷ᠎ᠡ ᠴᠢ ᠪᠡᠷ ᠨᠠᠳᠠᠯᠤᠭᠠ ᠠᠮᠤᠭᠤᠯᠠᠩ ᠤᠨ ᠣᠷᠣᠨ ᠳᠤᠷ ᠪᠠᠶᠢᠯᠴᠠᠬᠤ ᠪᠣᠯᠤᠶᠤ᠃ ᠬᠡᠮᠡᠨ ᠪᠢ ᠪᠡᠷ ᠴᠢᠮᠠᠳᠤᠷ ᠮᠠᠭᠠᠳᠯᠠᠨ ᠥᠭᠦᠯᠡᠮᠦᠢ᠃ ᠬᠡᠮᠡᠨ ᠵᠠᠷᠯᠢᠭ ᠪᠣᠯᠪᠠᠢ ᠅
Explore ᠯᠦᠺᠡ 23:43
3
ᠯᠦᠺᠡ 23:42
᠂ ᠬᠡᠮᠡᠭᠡᠳ ᠪᠠᠰᠠ ᠢᠢᠰᠦᠰ ᠲᠦᠷ ᠡᠶᠢᠨ᠃ ᠡᠵᠡᠨ ᠡ᠋᠂ ᠴᠢ ᠪᠡᠷ ᠥᠪᠡᠷ ᠦᠨ ᠡᠵᠡᠯᠡᠭᠦᠷᠢᠨ ᠳᠦᠷ ᠣᠷᠣᠰᠢᠬᠤᠢ ᠳᠠᠭᠠᠨ ᠨᠠᠮᠠᠶᠢ ᠰᠠᠨᠠᠨ ᠰᠣᠶᠤᠷᠬ᠎ᠠ᠃
Explore ᠯᠦᠺᠡ 23:42
4
ᠯᠦᠺᠡ 23:46
᠂ ᠲᠡᠶᠢᠨ ᠪᠥᠭᠡᠳ ᠢᠢᠰᠦᠰ ᠢᠨᠦ ᠴᠢᠩᠭ᠎ᠠ ᠳᠠᠭᠤᠨ ᠢᠶᠠᠷ ᠡᠶᠢᠨ᠃ ᠡᠴᠢᠭᠡ ᠡ᠂ ᠪᠢ ᠪᠡᠷ ᠰᠦᠨᠡᠰᠦᠨ ᠢᠶᠡᠨ ᠴᠢᠨᠦ ᠮᠤᠲᠤᠷ ᠲᠤᠷ ᠲᠤᠰᠢᠶᠠᠨ ᠥᠭᠭᠦᠮᠦᠢ᠃ ᠬᠡᠮᠡᠨ ᠵᠠᠷᠯᠢᠭ ᠪᠣᠯᠤᠭᠠᠳ ᠨᠥᠭᠴᠢᠪᠡᠢ ᠅
Explore ᠯᠦᠺᠡ 23:46
5
ᠯᠦᠺᠡ 23:33
᠂ ᠲᠡᠶᠢᠨ ᠪᠥᠭᠡᠳ ᠲᠡᠳᠡ ᠢᠨᠦ ᠶᠠᠰᠤᠨ ᠤ ᠣᠪᠤᠭ᠎ᠠ ᠬᠡᠮᠡᠬᠦ ᠭᠠᠵᠠᠷ ᠲᠤᠷ ᠬᠦᠷᠦᠭᠡᠳ᠂ ᠲᠡᠨᠳᠡ ᠲᠡᠭᠦᠨ ᠢ ᠵᠠᠭᠤᠯᠮᠠᠶᠢᠯᠵᠢᠯᠠᠵᠤ᠂ ᠬᠣᠶᠠᠷ ᠶᠠᠯ᠎ᠠ ᠲᠤ ᠶᠢᠨ ᠨᠢᠭᠡᠨ ᠢ ᠪᠠᠷᠠᠭᠤᠨ ᠡᠲᠡᠭᠡᠳᠡ ᠬᠢᠭᠡᠳ ᠨᠥᠭᠦᠭᠡ ᠶᠢ ᠵᠡᠭᠦᠨ ᠡᠲᠡᠭᠡᠳᠡ ᠵᠠᠭᠤᠯᠮᠠᠶᠢᠯᠵᠢᠯᠠᠪᠠᠢ ᠅
Explore ᠯᠦᠺᠡ 23:33
6
ᠯᠦᠺᠡ 23:44-45
᠂ ᠡᠨᠡ ᠢᠨᠦ ᠵᠢᠷᠭᠤᠳᠤᠭᠠᠷ ᠴᠠᠭ ᠲᠤᠷ ᠪᠥᠯᠦᠭᠡ᠃ ᠲᠡᠶᠢᠨ ᠬᠦ ᠶᠢᠰᠦᠳᠦᠭᠡᠷ ᠴᠠᠭ ᠪᠣᠯᠲᠠᠯ᠎ᠠ ᠪᠦᠬᠦᠯᠢ ᠭᠠᠵᠠᠷ ᠤᠨ ᠳᠡᠭᠡᠷ᠎ᠡ ᠬᠠᠷᠠᠩᠭᠤᠢ ᠪᠣᠯᠪᠠᠢ᠃ ᠬᠡᠮᠡᠪᠡᠰᠦ᠃ ᠂ ᠨᠠᠷᠠ ᠠᠨᠤ ᠪᠦᠷᠬᠦᠭᠡᠭᠳᠡᠭᠰᠡᠨ ᠪᠥᠭᠡᠳ᠂ ᠰᠦᠮ᠎ᠡ ᠶᠢᠨ ᠬᠥᠰᠢᠭᠡ ᠢᠨᠦ ᠬᠣᠶᠠᠷ ᠠᠩᠭᠢ ᠪᠣᠯᠤᠨ ᠰᠢᠭᠤᠷᠪᠠᠢ᠃
Explore ᠯᠦᠺᠡ 23:44-45
7
ᠯᠦᠺᠡ 23:47
᠂ ᠲᠡᠨᠳᠡ ᠵᠠᠭᠤᠨ ᠤ ᠳᠠᠷᠤᠭ᠎ᠠ ᠠᠨᠤ ᠶᠠᠭᠤᠨ ᠪᠣᠯᠤᠭᠰᠠᠨ ᠢ ᠦᠵᠡᠭᠡᠳ ᠪᠤᠷᠬᠠᠨ ᠢ ᠮᠠᠭᠲᠠᠨ ᠡᠶᠢᠨ᠃ ᠡᠨᠡ ᠢᠨᠦ ᠵᠥᠪ ᠲᠦ ᠬᠦᠮᠦᠨ ᠪᠥᠯᠦᠭᠡ᠃ ᠬᠡᠮᠡᠵᠦᠬᠦᠢ᠃
Explore ᠯᠦᠺᠡ 23:47
Home
Bible
Plans
Videos