ᠢᠣᠸᠠᠨ 11
11
ᠠᠷᠪᠠᠨ ᠨᠢᠭᠡᠳᠦᠭᠡᠷ ᠪᠦᠯᠦᠭ ᠅
1ᠲᠡᠨᠳᠡ ᠮᠠᠷᠢᠶ᠎ᠠ ᠬᠢᠭᠡᠳ ᠲᠡᠭᠦᠨ ᠦ ᠮᠠᠷᠲ᠋ᠠ᠋ ᠡᠭᠡᠴᠢ ᠶᠢᠨ ᠪᠢᠲ᠋ᠠᠨᠢᠶᠠ (ᠬᠡᠮᠡᠬᠦ) ᠬᠣᠲᠠᠨ ᠤ ᠯᠠᠵᠠᠷ (ᠬᠡᠮᠡᠭᠴᠢ) ᠨᠢᠭᠡᠨ ᠬᠦᠮᠦᠨ ᠢᠨᠦ ᠡᠪᠡᠳᠪᠡᠢ᠃ 2ᠡᠨᠡ ᠮᠠᠷᠢᠶ᠎ᠠ ᠬᠡᠮᠡᠪᠡᠰᠦ᠂ ᠡᠵᠡᠨ ᠢ ᠰᠠᠶᠢᠨ ᠦᠨᠦᠷ ᠲᠦ ᠲᠣᠰᠤᠨ ᠢᠶᠠᠷ ᠲᠣᠰᠤᠯᠠᠭᠠᠳ᠂ ᠲᠡᠭᠦᠨ ᠦ ᠬᠥᠯ ᠢ ᠦᠰᠦᠨ ᠢᠶᠡᠷ ᠢᠶᠡᠨ ᠠᠷᠢᠴᠢᠭᠰᠠᠨ (ᠮᠠᠷᠢᠶ᠎ᠠ) ᠮᠥᠨ ᠪᠥᠯᠦᠭᠡ᠃ ᠲᠡᠭᠦᠨ ᠦ ᠯᠠᠵᠠᠷ ᠠᠬ᠎ᠠ ᠠᠨᠤ ᠡᠪᠡᠳᠪᠡᠢ᠃ 3ᠲᠡᠶᠢᠨ ᠪᠥᠭᠡᠳ ᠡᠭᠡᠴᠢ ᠦᠬᠢᠨ ᠳᠡᠭᠦᠦ ᠬᠣᠶᠠᠷ ᠠᠨᠤ ᠲᠡᠭᠦᠨ ᠳᠦᠷ ᠢᠯᠡᠭᠡᠵᠦ ᠡᠶᠢᠨ᠃ ᠡᠵᠡᠨ ᠡ᠂ ᠴᠢᠨᠦ ᠢᠨᠠᠭᠯᠠᠭᠰᠠᠨ ᠠᠨᠤ ᠡᠪᠡᠳᠪᠡᠢ᠃ 4ᠬᠡᠮᠡᠨ ᠠᠶᠢᠯᠠᠳᠬᠠᠭᠤᠯᠤᠭᠰᠠᠨ ᠢ ᠢᠢᠰᠦᠰ ᠢᠨᠦ ᠰᠣᠨᠣᠰᠤᠭᠠᠳ ᠵᠠᠷᠯᠢᠭ ᠪᠣᠯᠤᠷᠤᠨ᠃ ᠡᠨᠡ ᠡᠪᠡᠳᠴᠢᠨ ᠢᠨᠦ ᠠᠮᠢᠨ ᠳᠤᠷ ᠬᠦᠷᠬᠦᠢ (ᠡᠪᠡᠳᠴᠢᠨ) ᠪᠤᠰᠤ᠃ ᠬᠠᠷᠢᠨ ᠪᠤᠷᠬᠠᠨ ᠤ ᠴᠣᠭ ᠵᠢᠪᠬᠤᠯᠠᠩ ᠤᠨ ᠲᠤᠯᠠ ᠬᠡᠮᠡᠪᠡᠰᠦ᠂ ᠪᠤᠷᠬᠠᠨ ᠤ ᠬᠥᠪᠡᠭᠦᠨ ᠦ ᠲᠡᠭᠦᠨ ᠢᠶᠡᠷ ᠠᠯᠳᠠᠷᠰᠢᠭᠤᠯᠤᠭᠳᠠᠬᠤ ᠶᠢᠨ ᠲᠤᠯᠠ ᠪᠣᠯᠠᠢ᠃ 5ᠢᠢᠰᠦᠰ ᠢᠨᠦ ᠮᠠᠷᠲ᠋ᠠ᠋ ᠬᠢᠭᠡᠳ ᠲᠡᠭᠦᠨ ᠦ ᠳᠡᠭᠦᠦ ᠪᠠ ᠯᠠᠵᠠᠷ (ᠭᠤᠷᠪᠠᠭᠤᠯᠠᠨ) ᠢ ᠢᠨᠠᠭᠯᠠᠭᠰᠠᠨ ᠪᠥᠯᠦᠭᠡ᠃ 6ᠲᠡᠶᠢᠨ ᠠᠬᠤᠶ᠎ᠠ ᠲᠡᠷᠡ ᠢᠨᠦ ᠲᠡᠭᠦᠨ ᠦ ᠡᠪᠡᠳᠴᠢᠨ ᠲᠦ ᠪᠣᠯᠤᠭᠰᠠᠨ ᠢ ᠰᠣᠨᠣᠰᠤᠭᠠᠳ᠂ ᠲᠡᠨᠳᠡ ᠠᠭᠰᠠᠨ ᠭᠠᠵᠠᠷ ᠲᠠᠭᠠᠨ ᠬᠣᠶᠠᠷ ᠬᠣᠨᠣᠪᠠᠢ᠃ 7ᠲᠡᠨᠳᠡᠴᠡ ᠲᠡᠷᠡ ᠢᠨᠦ ᠱᠠᠪᠢᠨᠠᠷ ᠲᠠᠭᠠᠨ ᠡᠶᠢᠨ᠃ ᠶᠦᠳᠢᠶᠠ ᠳᠤᠷ ᠳ᠋ᠠᠬᠢᠨ ᠣᠳᠤᠶ᠎ᠠ᠃ 8ᠬᠡᠮᠡᠨ ᠵᠠᠷᠯᠢᠭ ᠪᠣᠯᠤᠭᠰᠠᠨ ᠳᠤᠷ ᠱᠠᠪᠢᠨᠠᠷ ᠠᠨᠤ ᠲᠡᠭᠦᠨ ᠳᠦᠷ ᠡᠶᠢᠨ᠃ ᠪᠠᠭᠰᠢ ᠠ᠋᠂ ᠰᠠᠢ ᠶᠦᠳᠠᠲᠠᠨ ᠢᠨᠦ ᠴᠢᠮᠠᠶᠢ ᠴᠢᠯᠠᠭᠤᠳᠠᠬᠤᠶᠠ ᠲᠤᠭᠤᠷᠪᠢᠪᠠᠢ᠃ ᠲᠡᠶᠢᠨ ᠪᠥᠭᠡᠲᠡᠯ᠎ᠡ ᠴᠢ ᠪᠡᠷ ᠲᠡᠨᠳᠡ ᠳ᠋ᠠᠬᠢᠨ ᠥᠭᠡᠳᠡ ᠪᠣᠯᠬᠤ ᠪᠤᠶᠤ᠃ 9ᠬᠡᠮᠡᠨ ᠠᠶᠢᠯᠠᠳᠬᠠᠭᠰᠠᠨ ᠳᠤᠷ ᠢᠢᠰᠦᠰ ᠢᠨᠦ ᠵᠠᠷᠯᠢᠭ ᠪᠣᠯᠤᠷᠤᠨ᠃ ᠡᠳᠦᠷ ᠦᠨ ᠴᠠᠭ ᠤᠨ ᠲᠣᠭ᠎ᠠ ᠠᠨᠤ ᠠᠷᠪᠠᠨ ᠬᠣᠶᠠᠷ ᠪᠢᠰᠢᠶᠦ᠃ ᠠᠯᠢ ᠬᠡᠨ ᠡᠳᠦᠷ᠎ᠡ ᠶᠠᠪᠤᠭᠴᠢ ᠠᠨᠤ ᠡᠨᠡ ᠶᠢᠷᠲᠢᠨᠴᠦ ᠶᠢᠨ ᠭᠡᠷᠡᠯ ᠢ ᠦᠵᠡᠳᠡᠭ ᠦᠨ ᠲᠤᠯᠠ ᠦᠯᠦ ᠪᠦᠳᠦᠷᠢᠬᠦ ᠪᠤᠢ᠃ 10ᠵᠦᠭᠡᠷ ᠠᠯᠢ ᠬᠡᠨ ᠰᠥᠨᠢᠨ ᠳᠦᠷ ᠶᠠᠪᠤᠭᠴᠢ ᠠᠨᠤ ᠲᠡᠭᠦᠨ ᠳᠦᠷ ᠭᠡᠷᠡᠯ ᠦᠭᠡᠢ ᠶᠢᠨ ᠲᠤᠯᠠ ᠪᠦᠳᠦᠷᠢᠬᠦ ᠪᠣᠯᠤᠶᠤ᠃ 11ᠬᠡᠮᠡᠨ ᠵᠠᠷᠯᠢᠭ ᠪᠣᠯᠤᠭᠠᠳ ᠪᠠᠰᠠ ᠲᠡᠳᠡᠨ ᠳᠦᠷ ᠡᠶᠢᠨ᠃ ᠪᠢᠳᠡᠨ ᠦ ᠯᠠᠵᠠᠷ ᠨᠥᠬᠥᠷ ᠢᠨᠦ ᠤᠮᠲᠠᠨ ᠠᠮᠤᠢ᠃ ᠵᠦᠭᠡᠷ ᠪᠢ ᠪᠡᠷ ᠲᠡᠭᠦᠨ ᠢ ᠰᠡᠷᠢᠭᠦᠯᠦᠷᠡ ᠣᠳᠤᠮᠤᠢ᠃ 12ᠬᠡᠮᠡᠨ ᠵᠠᠷᠯᠢᠭ ᠪᠣᠯᠤᠭᠰᠠᠨ ᠳᠤᠷ ᠲᠡᠭᠦᠨ ᠦ ᠱᠠᠪᠢᠨᠠᠷ ᠠᠨᠤ ᠡᠶᠢᠨ᠃ ᠬᠡᠷᠪᠡ ᠲᠡᠷᠡ ᠢᠨᠦ ᠤᠮᠲᠠᠪᠠᠰᠤ ᠡᠳᠡᠭᠡᠬᠦ ᠪᠤᠢ ᠵᠠ᠃ ᠬᠡᠮᠡᠨ ᠠᠶᠢᠯᠠᠳᠬᠠᠪᠠᠢ᠃ 13ᠵᠦᠭᠡᠷ ᠢᠢᠰᠦᠰ ᠢᠨᠦ ᠲᠡᠭᠦᠨ ᠦ ᠦᠬᠦᠯ ᠦᠨ ᠤᠴᠢᠷ᠎ᠠ ᠵᠠᠷᠯᠢᠭ ᠪᠣᠯᠤᠭᠰᠠᠨ ᠪᠣᠯᠪᠠᠴᠤ᠂ ᠲᠡᠳᠡ ᠢᠨᠦ ᠲᠡᠭᠦᠨ ᠦ ᠨᠣᠶᠢᠷ ᠤᠨ ᠠᠮᠤᠷᠠᠬᠤ ᠶᠢᠨ ᠤᠴᠢᠷ᠎ᠠ ᠥᠭᠦᠯᠡᠭᠰᠡᠨ ᠢ ᠣᠨᠤᠪᠠᠢ᠃ 14ᠲᠡᠨᠳᠡ ᠢᠢᠰᠦᠰ ᠢᠨᠦ ᠲᠡᠳᠡᠨ ᠳᠦᠷ ᠢᠯᠡᠷᠬᠡᠢ ᠪᠡᠷ ᠵᠠᠷᠯᠢᠭ ᠪᠣᠯᠤᠷᠤᠨ᠃ ᠯᠠᠵᠠᠷ ᠠᠨᠤ ᠦᠬᠦᠭᠰᠡᠨ ᠪᠤᠢ᠃ 15ᠲᠡᠶᠢᠨ ᠬᠦ ᠲᠠ ᠪᠡᠷ ᠢᠲᠡᠭᠡᠯ ᠲᠥᠷᠥᠬᠦ ᠪᠣᠯᠤᠭᠠᠢ ᠬᠡᠮᠡᠨ ᠪᠢ ᠪᠡᠷ ᠲᠡᠨᠳᠡ ᠡᠰᠡ ᠠᠭᠰᠠᠨ ᠤ ᠤᠴᠢᠷ᠎ᠠ ᠲᠠᠨ ᠤ ᠲᠤᠯᠠ ᠪᠠᠶᠠᠰᠤᠮᠤᠢ᠃ ᠲᠡᠶᠢᠨ ᠪᠣᠯᠪᠠᠴᠤ ᠲᠡᠭᠦᠨ ᠳᠦᠷ ᠣᠳᠤᠶ᠎ᠠ᠃ 16ᠬᠡᠮᠡᠨ ᠵᠠᠷᠯᠢᠭ ᠪᠣᠯᠤᠭᠰᠠᠨ ᠳᠤᠷ ᠢᠬᠢᠷ᠎ᠡ ᠬᠡᠮᠡᠭᠴᠢ ᠲᠣᠮᠠ᠋ ᠠᠨᠤ ᠪᠤᠰᠤ ᠱᠠᠪᠢᠨᠠᠷ ᠲᠤᠷ ᠡᠶᠢᠨ᠃ ᠪᠢᠳᠡ ᠪᠡᠷ ᠲᠡᠭᠦᠨ ᠯᠦᠭᠡ ᠦᠬᠦᠯᠴᠡᠬᠦ ᠶᠢᠨ ᠲᠤᠯᠠ ᠣᠳᠤᠯᠴᠠᠶᠠ᠂ ᠬᠡᠮᠡᠨ ᠥᠭᠦᠯᠡᠪᠡᠢ᠃ 17ᠲᠡᠨᠳᠡᠴᠡ ᠢᠢᠰᠦᠰ ᠢᠨᠦ ᠥᠭᠡᠳᠡ ᠪᠣᠯᠤᠭᠠᠳ᠂ ᠲᠡᠭᠦᠨ ᠦ ᠪᠤᠯᠠᠰᠢᠨ ᠳᠤᠷ ᠳᠥᠷᠪᠡᠨ ᠬᠣᠨᠣᠭ᠋ᠠ ᠬᠡᠪᠲᠡᠭᠰᠡᠨ ᠢ ᠣᠯᠪᠠᠢ᠃ 18ᠪᠢᠲ᠋ᠠ᠋ ᠨᠢᠶᠠ ᠠᠨᠤ ᠶᠢᠷᠤᠰᠠᠯᠢᠮ ᠠᠴᠠ ᠠᠷᠪᠠᠨ ᠲᠠᠪᠤᠨ ᠳᠠᠭᠤᠷᠢᠰᠬᠠᠯ ᠤᠨ ᠲᠥᠰᠦᠷ ᠦᠨ ᠲᠡᠳᠦᠢ ᠡᠴᠡ ᠬᠣᠯᠠ ᠪᠤᠰᠤ ᠪᠥᠭᠡᠳ᠃ 19ᠣᠯᠠᠨ ᠶᠦᠳᠠᠲᠠᠨ ᠢᠨᠦ ᠮᠠᠷᠲ᠋ᠠ᠋ ᠬᠢᠭᠡᠳ ᠮᠠᠷᠢᠶ᠎ᠠ ᠶᠢ ᠲᠡᠳᠡᠨ ᠦ ᠠᠬ᠎ᠠ ᠶᠢᠨ ᠤᠴᠢᠷ᠎ᠠ ᠠᠮᠤᠷᠠᠭᠤᠯᠬᠤ ᠲᠤᠯᠠ ᠢᠷᠡᠯᠴᠡᠭᠰᠡᠨ ᠪᠥᠯᠦᠭᠡ᠃ 20ᠲᠡᠶᠢᠨ ᠪᠥᠭᠡᠳ ᠮᠠᠷᠲ᠋ᠠ᠋ ᠠᠨᠤ ᠢᠢᠰᠦᠰ ᠦᠨ ᠥᠭᠡᠳᠡ ᠪᠣᠯᠤᠭᠰᠠᠨ ᠢ ᠰᠣᠨᠣᠰᠤᠭᠠᠳ ᠲᠡᠭᠦᠨ ᠢ ᠤᠭᠲᠤᠷ᠎ᠠ ᠣᠳᠪᠠᠢ᠃ ᠬᠠᠷᠢᠨ ᠮᠠᠷᠢᠶ᠎ᠠ ᠠᠨᠤ ᠭᠡᠷ ᠲᠡᠭᠡᠨ ᠪᠠᠶᠢᠪᠠᠢ᠃ 21ᠲᠡᠶᠢᠨ ᠬᠦ ᠮᠠᠷᠲ᠋ᠠ᠋ ᠠᠨᠤ ᠢᠢᠰᠦᠰ ᠲᠦᠷ ᠠᠶᠢᠯᠠᠳᠬᠠᠷᠤᠨ᠃ ᠡᠵᠡᠨ ᠡ᠂ ᠬᠡᠷᠪᠡ ᠴᠢ ᠪᠡᠷ ᠡᠨᠳᠡ ᠠᠭᠰᠠᠨ ᠪᠣᠯᠪᠠᠰᠤ᠂ ᠮᠢᠨᠦ ᠠᠬ᠎ᠠ ᠠᠨᠤ ᠦᠯᠦ ᠦᠬᠦᠬᠦ ᠪᠥᠯᠦᠭᠡ᠃ 22ᠵᠦᠭᠡᠷ ᠡᠳᠦᠭᠡ ᠴᠤ ᠪᠤᠷᠬᠠᠨ ᠠᠴᠠ ᠴᠢᠨᠦ ᠶᠠᠭᠤᠨ ᠡᠷᠢᠬᠦᠢ ᠶᠢ ᠪᠤᠷᠬᠠᠨ ᠠᠨᠤ ᠴᠢᠮᠠᠳᠤᠷ ᠥᠭᠬᠦ ᠪᠤᠢ ᠬᠡᠮᠡᠨ ᠪᠢ ᠪᠡᠷ ᠮᠡᠳᠡᠮᠦᠢ᠃ 23ᠢᠢᠰᠦᠰ ᠢᠨᠦ ᠲᠡᠭᠦᠨ ᠳᠦᠷ ᠵᠠᠷᠯᠢᠭ ᠪᠣᠯᠤᠷᠤᠨ᠃ ᠴᠢᠨᠦ ᠠᠬ᠎ᠠ ᠠᠨᠤ ᠠᠮᠢᠳᠤᠷᠠᠬᠤ ᠪᠤᠢ᠃ 24ᠮᠠᠷᠲ᠋ᠠ᠋ ᠠᠶᠢᠯᠠᠳᠬᠠᠷᠤᠨ᠃ ᠠᠮᠢᠳᠤᠷᠠᠯ ᠤᠨ ᠴᠠᠭ ᠲᠤᠷ ᠬᠡᠮᠡᠪᠡᠰᠦ᠂ ᠡᠴᠦᠰᠳᠡᠬᠢ ᠡᠳᠦᠷ᠎ᠡ ᠲᠡᠷᠡ ᠢᠨᠦ ᠠᠮᠢᠳᠤᠷᠠᠬᠤ ᠪᠤᠢ᠃ ᠬᠡᠮᠡᠨ ᠪᠢ ᠪᠡᠷ ᠮᠡᠳᠡᠮᠦᠢ᠃ 25ᠢᠢᠰᠦᠰ ᠢᠨᠦ ᠲᠡᠭᠦᠨ ᠳᠦᠷ ᠵᠠᠷᠯᠢᠭ ᠪᠣᠯᠤᠷᠤᠨ᠃ ᠪᠢ ᠪᠡᠷ ᠠᠮᠢᠳᠤᠷᠠᠭᠤᠯᠤᠭᠴᠢ ᠬᠢᠭᠡᠳ ᠠᠮᠢᠨ ᠮᠥᠨ ᠪᠤᠢ᠃ ᠨᠠᠳᠤᠷ ᠢᠲᠡᠭᠡᠭᠴᠢ ᠢᠨᠦ ᠦᠬᠦᠪᠡᠴᠦ ᠠᠮᠢᠳᠤ ᠪᠣᠯᠬᠤ ᠪᠤᠢ᠃ 26ᠪᠠᠰᠠ ᠠᠯᠢ ᠬᠡᠨ ᠠᠮᠢᠳᠤ ᠠᠵᠤ ᠨᠠᠳᠤᠷ ᠢᠲᠡᠭᠡᠭᠴᠢ ᠢᠨᠦ ᠮᠥᠩᠬᠡᠳᠡ ᠦᠯᠦ ᠦᠬᠦᠬᠦ ᠪᠤᠢ᠃ ᠡᠭᠦᠨ ᠢ ᠴᠢ ᠪᠡᠷ ᠢᠲᠡᠭᠡᠮᠦᠶᠦ᠃ 27ᠬᠡᠮᠡᠨ ᠵᠠᠷᠯᠢᠭ ᠪᠣᠯᠤᠭᠰᠠᠨ ᠳᠤᠷ (ᠮᠠᠷᠲ᠋ᠠ᠋) ᠠᠨᠤ ᠲᠡᠭᠦᠨ ᠳᠦᠷ ᠡᠶᠢᠨ᠃ ᠠᠶ᠎ᠠ ᠡᠵᠡᠨ ᠡ᠂ ᠴᠢ ᠪᠡᠷ ᠬᠡᠷᠢᠰᠲ᠋ᠣᠰ ᠪᠣᠯᠤᠨ ᠪᠤᠷᠬᠠᠨ ᠤ ᠶᠢᠷᠲᠢᠨᠴᠦ ᠳᠦᠷ ᠥᠭᠡᠳᠡ ᠪᠣᠯᠬᠤᠢ ᠬᠥᠪᠡᠭᠦᠨ ᠮᠥᠨ ᠬᠡᠮᠡᠨ ᠪᠢ ᠪᠡᠷ ᠢᠲᠡᠭᠡᠮᠦᠢ᠃ 28ᠬᠡᠮᠡᠨ ᠠᠶᠢᠯᠠᠳᠬᠠᠭᠠᠳ ᠣᠳᠴᠤ᠂ ᠮᠠᠷᠢᠶ᠎ᠠ ᠳᠡᠭᠦᠦ ᠪᠡᠨ ᠨᠢᠭᠤᠴᠠ ᠪᠠᠷ ᠳᠠᠭᠤᠳᠠᠨ ᠡᠶᠢᠨ᠃ ᠪᠠᠭᠰᠢ ᠠᠨᠤ ᠥᠭᠡᠳᠡ ᠪᠣᠯᠤᠭᠠᠳ ᠴᠢᠮᠠᠶᠢ ᠳᠠᠭᠤᠳᠠᠪᠠᠢ᠃ 29ᠬᠡᠮᠡᠭᠰᠡᠨ ᠢ ᠮᠠᠷᠢᠶ᠎ᠠ ᠠᠨᠤ ᠰᠣᠨᠣᠰᠤᠭᠠᠳ᠂ ᠦᠳᠲᠡᠷ ᠪᠣᠰᠴᠤ (ᠢᠢᠰᠦᠰ) ᠲᠦᠷ ᠣᠳᠪᠠᠢ᠃ 30ᠲᠡᠷᠡ ᠢᠨᠦ ᠮᠠᠷᠲ᠋ᠠ᠋ ᠶᠢᠨ ᠤᠭᠲᠤᠭᠰᠠᠨ ᠭᠠᠵᠠᠷ᠎ᠠ ᠪᠠᠶᠢᠵᠤ ᠬᠣᠲᠠᠨ ᠳᠤᠷ ᠣᠷᠣᠭ᠎ᠠ ᠡᠳᠦᠢ ᠪᠥᠯᠦᠭᠡ᠃ 31ᠲᠡᠨᠳᠡ ᠭᠡᠷ ᠦᠨ ᠳᠣᠲᠣᠷ᠎ᠠ (ᠮᠠᠷᠢᠶ᠎ᠠ) ᠶᠢ ᠠᠮᠤᠷᠠᠭᠤᠯᠵᠤ ᠪᠠᠶᠢᠭᠰᠠᠨ ᠶᠦᠳᠠᠲᠠᠨ ᠢᠨᠦ ᠮᠠᠷᠢᠶ᠎ᠠ ᠶᠢᠨ ᠦᠳᠲᠡᠷ ᠪᠣᠰᠴᠤ ᠭᠠᠷᠤᠭᠰᠠᠨ ᠢ ᠦᠵᠡᠭᠡᠳ ᠲᠡᠭᠦᠨ ᠢ ᠳᠠᠭᠠᠨ ᠡᠶᠢᠨ᠃ ᠲᠡᠷᠡ ᠢᠨᠦ ᠪᠤᠯᠠᠰᠢᠨ ᠳᠤᠷ ᠤᠶᠢᠯᠠᠷᠠ ᠣᠳᠪᠠᠢ᠃ ᠬᠡᠮᠡᠨ ᠥᠭᠦᠯᠡᠯᠴᠡᠪᠡᠢ᠃ 32ᠲᠡᠶᠢᠨ ᠪᠥᠭᠡᠳ ᠮᠠᠷᠢᠶ᠎ᠠ ᠠᠨᠤ ᠢᠢᠰᠦᠰ ᠦᠨ ᠬᠠᠮᠢᠭ᠎ᠠ ᠪᠦᠬᠦᠢ ᠲᠡᠨᠳᠡ ᠬᠦᠷᠦᠭᠡᠳ᠂ ᠲᠡᠭᠦᠨ ᠢ ᠦᠵᠡᠨ ᠲᠡᠭᠦᠨ ᠦ ᠥᠯᠮᠡᠢ ᠳᠦᠷ ᠬᠥᠰᠡᠷ᠎ᠡ ᠤᠨᠠᠨ ᠲᠡᠭᠦᠨ ᠳᠦᠷ ᠡᠶᠢᠨ᠃ ᠡᠵᠡᠨ ᠡ᠂ ᠬᠡᠷᠪᠡ ᠴᠢ ᠪᠡᠷ ᠡᠨᠳᠡ ᠠᠭᠰᠠᠨ ᠪᠣᠯᠪᠠᠰᠤ᠂ ᠮᠢᠨᠦ ᠠᠬ᠎ᠠ ᠦᠯᠦ ᠦᠬᠦᠬᠦ ᠪᠥᠯᠦᠭᠡ᠃ 33ᠬᠡᠮᠡᠨ ᠠᠶᠢᠯᠠᠳᠬᠠᠭᠰᠠᠨ ᠳᠤᠷ ᠢᠢᠰᠦᠰ ᠢᠨᠦ ᠲᠡᠭᠦᠨ ᠦ ᠬᠢᠭᠡᠳ ᠲᠡᠭᠦᠨ ᠯᠦᠭᠡ ᠢᠷᠡᠯᠴᠡᠭᠰᠡᠨ ᠶᠦᠳᠠᠲᠠᠨ ᠤ ᠤᠶᠢᠯᠠᠭᠰᠠᠨ ᠢ ᠦᠵᠡᠭᠡᠳ᠂ ᠰᠡᠳᠬᠢᠯ ᠳᠡᠭᠡᠨ ᠮᠠᠰᠢᠳᠠ ᠵᠣᠪᠠᠨᠢᠨ ᠭᠠᠰᠢᠭᠤᠳᠠᠨ ᠵᠠᠷᠯᠢᠭ ᠪᠣᠯᠤᠷᠤᠨ᠃ 34ᠲᠠ ᠪᠡᠷ ᠲᠡᠭᠦᠨ ᠢ ᠬᠠᠮᠢᠭ᠎ᠠ ᠲᠠᠯᠪᠢᠪᠤᠤ᠃ ᠲᠡᠳᠡ ᠢᠨᠦ ᠠᠶᠢᠯᠠᠳᠬᠠᠷᠤᠨ᠃ ᠡᠵᠡᠨ ᠡ᠂ ᠥᠭᠡᠳᠡ ᠪᠣᠯᠵᠤ ᠦᠵᠡᠨ᠂ ᠰᠣᠶᠤᠷᠬ᠎ᠠ᠃ 35ᠬᠡᠮᠡᠨ ᠠᠶᠢᠯᠠᠳᠬᠠᠭᠰᠠᠨ ᠳᠤᠷ ᠢᠢᠰᠦᠰ ᠢᠨᠦ ᠤᠶᠢᠯᠠᠪᠠᠢ᠃ 36ᠲᠡᠶᠢᠮᠦ ᠶᠢᠨ ᠲᠤᠯᠠ ᠶᠦᠳᠠᠲᠠᠨ ᠢᠨᠦ ᠡᠶᠢᠨ᠃ ᠲᠡᠷᠡ ᠢᠨᠦ ᠲᠡᠭᠦᠨ ᠢ ᠭᠡᠷ ᠢᠨᠠᠭᠯᠠᠭᠰᠠᠨ ᠢ ᠦᠵᠡᠭᠲᠦᠨ ᠬᠡᠮᠡᠨ ᠥᠭᠦᠯᠡᠪᠡᠢ᠃ 37ᠪᠠᠰᠠ ᠲᠡᠳᠡᠨ ᠡᠴᠡ ᠵᠠᠷᠢᠮ ᠤᠳ ᠠᠨᠤ ᠡᠶᠢᠨ᠃ ᠡᠨᠡ ᠰᠣᠬᠣᠷ ᠨᠤᠭᠤᠳ ᠤᠨ ᠨᠢᠳᠦᠳ ᠢ ᠨᠡᠭᠡᠭᠴᠢ ᠢᠨᠦ ᠲᠡᠷᠡ ᠬᠦ ᠬᠦᠮᠦᠨ ᠦ ᠦᠯᠦ ᠦᠬᠦᠬᠦᠢ ᠢ [ ᠶᠢ] ᠪᠣᠯᠭᠠᠨ ᠡᠰᠡ ᠴᠢᠳᠠᠭᠰᠠᠨ ᠪᠤᠶᠤ᠃ ᠬᠡᠮᠡᠯᠦᠭᠡ᠃ 38ᠲᠡᠨᠳᠡᠴᠡ ᠢᠢᠰᠦᠰ ᠢᠨᠦ ᠰᠡᠳᠬᠢᠯ ᠳᠡᠭᠡᠨ ᠳ᠋ᠠᠬᠢᠨ ᠵᠣᠪᠠᠨᠢᠨ ᠪᠤᠯᠠᠰᠢᠨ ᠳᠤᠷ ᠥᠭᠡᠳᠡ ᠪᠣᠯᠪᠠᠢ᠃ ᠲᠡᠷᠡ (ᠪᠤᠯᠠᠰᠢᠨ) ᠠᠨᠤ ᠴᠢᠯᠠᠭᠤᠨ ᠢᠶᠠᠷ ᠪᠥᠭᠯᠡᠭᠰᠡᠨ ᠬᠥᠨᠳᠦᠢ ᠪᠥᠯᠦᠭᠡ᠃ 39ᠢᠢᠰᠦᠰ ᠢᠨᠦ ᠡᠶᠢᠨ᠃ ᠴᠢᠯᠠᠭᠤᠨ ᠢ ᠠᠪᠤᠭᠲᠤᠨ᠃ ᠬᠡᠮᠡᠨ ᠵᠠᠷᠯᠢᠭ ᠪᠣᠯᠤᠭᠰᠠᠨ᠋ᠠ ᠦᠬᠦᠭᠰᠡᠨ ᠦ ᠮᠠᠷᠲ᠋ᠠ᠋ ᠳᠡᠭᠦᠦ ᠢᠨᠦ ᠲᠡᠭᠦᠨ ᠳᠦᠷ ᠠᠶᠢᠯᠠᠳᠬᠠᠷᠤᠨ᠃ ᠡᠵᠡᠨ ᠡ᠂ ᠲᠡᠷᠡ ᠢᠨᠦ ᠡᠳᠦᠭᠡ ᠦᠨᠦᠷ ᠲᠦ ᠪᠣᠯᠪᠠᠢ ᠵᠠ ᠬᠡᠮᠡᠪᠡᠰᠦ᠂ ᠳᠥᠷᠪᠡᠳᠦᠭᠡᠷ ᠡᠳᠦᠷ ᠪᠣᠯᠪᠠᠢ᠃ 40ᠢᠢᠰᠦᠰ ᠢᠨᠦ ᠲᠡᠭᠦᠨ ᠳᠦᠷ ᠵᠠᠷᠯᠢᠭ ᠪᠣᠯᠤᠷᠤᠨ᠃ ᠬᠡᠷᠪᠡ ᠴᠢ ᠪᠡᠷ ᠢᠲᠡᠭᠡᠬᠦ ᠪᠥᠭᠡᠰᠦ ᠡᠯ᠎ᠡ ᠪᠤᠷᠬᠠᠨ ᠤ ᠴᠣᠭ ᠵᠢᠪᠬᠤᠯᠠᠩ ᠢ ᠦᠵᠡᠬᠦ ᠪᠣᠯᠤᠶᠤ᠃ ᠬᠡᠮᠡᠨ ᠪᠢ ᠪᠡᠷ ᠴᠢᠮᠠᠳᠤᠷ ᠥᠭᠦᠯᠡᠭᠰᠡᠨ ᠪᠢᠰᠢᠶᠦ᠃ 41ᠲᠡᠨᠳᠡ ᠲᠡᠳᠡᠨ ᠦ ᠴᠢᠯᠠᠭᠤᠨ ᠢ ᠠᠪᠤᠭᠰᠠᠨ ᠳᠤᠷ ᠢᠢᠰᠦᠰ ᠢᠨᠦ ᠨᠢᠳᠦᠨ ᠢᠶᠡᠷ ᠢᠶᠡᠨ ᠣᠭᠲᠠᠷᠭᠤᠢ ᠶᠢᠨ ᠲᠡᠰᠢ ᠰᠢᠷᠲᠡᠨ ᠡᠶᠢᠨ᠃ ᠡᠴᠢᠭᠡ ᠡ᠂ ᠪᠢ ᠪᠡᠷ ᠴᠢᠮᠠᠶᠢ ᠮᠠᠭᠲᠠᠮᠤᠢ᠃ ᠲᠡᠷᠡ ᠶᠠᠭᠤᠨ ᠤ ᠲᠤᠯᠠ ᠬᠡᠮᠡᠪᠡᠰᠦ᠂ ᠴᠢ ᠪᠡᠷ ᠨᠠᠮᠠᠶᠢ ᠰᠣᠨᠣᠰᠤᠭᠰᠠᠨ ᠪᠤᠢ᠃ 42ᠴᠢ ᠪᠡᠷ ᠨᠠᠮᠠᠶᠢ ᠦᠷᠭᠦᠯᠵᠢᠳᠡ ᠰᠣᠨᠣᠰᠤᠳᠠᠭ ᠬᠡᠮᠡᠨ ᠪᠢ ᠪᠡᠷ ᠮᠡᠳᠡᠮᠦᠢ᠃ ᠵᠦᠭᠡᠷ ᠡᠨᠳᠡ ᠣᠶᠢᠷ᠎ᠠ ᠠᠭᠴᠢ ᠤᠯᠤᠰ ᠤᠨ ᠲᠤᠯᠠᠳᠠ ᠪᠢ ᠪᠡᠷ ᠥᠭᠦᠯᠡᠮᠦᠢ ᠬᠡᠮᠡᠪᠡᠰᠦ᠂ ᠲᠡᠳᠡ ᠢᠨᠦ ᠴᠢᠨᠦ ᠨᠠᠮᠠᠶᠢ ᠢᠯᠡᠭᠡᠭᠰᠡᠨ ᠢ ᠢᠲᠡᠭᠡᠬᠦ ᠪᠣᠯᠲᠤᠭᠠᠢ᠃ 43ᠬᠡᠮᠡᠨ ᠵᠠᠷᠯᠢᠭ ᠪᠣᠯᠤᠭᠠᠳ᠂ ᠲᠡᠷᠡ ᠢᠨᠦ ᠴᠢᠩ᠋ᠭ᠎ᠠ ᠳᠠᠭᠤᠨ ᠢᠶᠠᠷ ᠳᠠᠭᠤᠳᠠᠨ ᠡᠶᠢᠨ᠃ ᠯᠠᠵᠠᠷ ᠠ᠋᠂ ᠭᠠᠷᠲᠤᠭᠠᠢ᠃ 44ᠬᠡᠮᠡᠨ ᠵᠠᠷᠯᠢᠭ ᠪᠣᠯᠤᠭᠰᠠᠨ ᠳᠤᠷ ᠦᠬᠦᠭᠰᠡᠨ ᠢᠨᠦ ᠭᠠᠷᠪᠠᠢ᠃ ᠲᠡᠭᠦᠨ ᠦ ᠭᠠᠷ ᠬᠢᠭᠡᠳ ᠬᠥᠯ ᠢᠨᠦ ᠪᠥᠰ ᠢᠶᠡᠷ ᠣᠷᠢᠶᠠᠭᠳᠠᠭᠰᠠᠨ ᠪᠥᠭᠡᠳ᠂ ᠨᠢᠭᠤᠷ ᠠᠨᠤ ᠠᠷᠴᠢᠭᠤᠯ ᠢᠶᠠᠷ ᠪᠦᠷᠬᠦᠭᠡᠭᠳᠡᠭᠰᠡᠨ ᠪᠥᠯᠦᠭᠡ᠃ ᠢᠢᠰᠦᠰ ᠢᠨᠦ ᠲᠡᠳᠡᠨ ᠳᠦᠷ ᠡᠶᠢᠨ᠃ ᠲᠡᠭᠦᠨ ᠢ ᠲᠠᠶᠢᠯᠤᠭᠠᠳ ᠲᠠᠯᠪᠢᠭᠲᠤᠨ᠃ ᠬᠡᠮᠡᠨ ᠵᠠᠷᠯᠢᠭ ᠪᠣᠯᠪᠠᠢ ᠅ 45ᠲᠡᠨᠳᠡ ᠮᠠᠷᠢᠶ᠎ᠠ ᠳᠤᠷ ᠢᠷᠡᠭᠰᠡᠨ ᠶᠦᠳᠠᠲᠠᠨ ᠡᠴᠡ ᠣᠯᠠᠨ ᠠᠨᠤ ᠢᠢᠰᠦᠰ ᠦᠨ ᠦᠢᠯᠡᠳᠦᠭᠰᠡᠨ ᠢ ᠦᠵᠡᠭᠡᠳ᠂ ᠲᠡᠭᠦᠨ ᠳᠦᠷ ᠢᠲᠡᠭᠡᠪᠡᠢ᠃ 46ᠬᠠᠷᠢᠨ ᠲᠡᠳᠡᠨ ᠡᠴᠡ ᠵᠠᠷᠢᠮ ᠤᠳ ᠠᠨᠤ ᠹᠠᠷᠢᠰᠢ ᠨᠠᠷ ᠲᠤᠷ ᠣᠳᠤᠭᠠᠳ ᠢᠢᠰᠦᠰ ᠦᠨ ᠦᠢᠯᠡᠳᠦᠭᠰᠡᠨ ᠢ ᠮᠡᠳᠡᠭᠦᠯᠪᠡᠢ᠃ 47ᠲᠡᠶᠢᠮᠦ ᠶᠢᠨ ᠲᠤᠯᠠ ᠲᠡᠷᠢᠭᠦᠨ ᠯᠠᠮᠠᠨᠠᠷ ᠬᠢᠭᠡᠳ ᠹᠠᠷᠢᠰᠢ ᠨᠠᠷ ᠠᠨᠤ ᠴᠢᠭᠤᠯᠤᠭᠠᠳ ᠥᠭᠦᠯᠡᠯᠳᠦᠷᠦᠨ᠃ ᠪᠢᠳᠡ ᠪᠡᠷ ᠶᠠᠭᠤᠨ ᠢ ᠦᠢᠯᠡᠳᠦᠮᠦᠶᠦ ᠬᠡᠮᠡᠪᠡᠰᠦ᠂ ᠡᠨᠡ ᠬᠦᠮᠦᠨ ᠢᠨᠦ ᠣᠯᠠᠨ ᠭᠠᠶᠢᠬᠠᠮᠰᠢᠭ ᠤᠳ ᠢ ᠦᠢᠯᠡᠳᠦᠮᠦᠢ᠃ 48ᠬᠡᠷᠪᠡ ᠪᠢᠳᠡ ᠲᠡᠭᠦᠨ ᠢ ᠡᠨᠡ ᠮᠡᠲᠦ ᠪᠡᠷ ᠪᠠᠶᠢᠯᠭᠠᠪᠠᠰᠤ᠂ ᠤᠯᠤᠰ ᠪᠦᠬᠦᠨ ᠢᠨᠦ ᠲᠡᠭᠦᠨ ᠳᠦᠷ ᠢᠲᠡᠭᠡᠬᠦ ᠪᠥᠭᠡᠳ᠂ ᠷᠣᠮᠠ ᠶᠢᠨ ᠤᠯᠤᠰ ᠠᠨᠤ ᠢᠷᠡᠭᠡᠳ᠂ ᠪᠢᠳᠡᠨ ᠦ ᠣᠷᠣᠨ ᠬᠢᠭᠡᠳ ᠤᠯᠤᠰ ᠢ ᠪᠤᠯᠢᠶᠠᠨ ᠠᠪᠬᠤ ᠪᠤᠢ ᠵᠠ᠃ 49ᠬᠡᠮᠡᠯᠳᠦᠬᠦᠶᠡ ᠲᠡᠳᠡᠨ ᠡᠴᠡ ᠲᠡᠷᠡ ᠬᠦ ᠵᠢᠯ᠎ᠡ ᠲᠡᠷᠢᠭᠦᠨ ᠯᠠᠮᠠ ᠪᠣᠯᠤᠭᠰᠠᠨ ᠺᠠᠶᠠᠹᠠᠰ ᠨᠢᠭᠡᠨ ᠢᠨᠦ ᠥᠭᠦᠯᠡᠷᠦᠨ᠃ ᠲᠠ ᠪᠡᠷ ᠶᠠᠭᠤᠨ ᠤ ᠴᠤ ᠡᠰᠡ ᠮᠡᠳᠡᠨ᠃ 50ᠪᠦᠬᠦᠯᠢ ᠤᠯᠤᠰ ᠤᠨ ᠦᠯᠦ ᠡᠪᠳᠡᠷᠡᠬᠦ ᠶᠢᠨ ᠲᠤᠯᠠ ᠤᠯᠤᠰ ᠤᠨ ᠣᠷᠣᠨᠳᠤ ᠨᠢᠭᠡᠨ ᠬᠦᠮᠦᠨ ᠦ ᠦᠬᠦᠬᠦᠢ ᠢᠨᠦ ᠬᠡᠷᠡᠭᠲᠦ ᠬᠡᠮᠡᠨ ᠡᠰᠡ ᠰᠠᠨᠠᠭᠠᠴᠢᠯᠠᠮᠤᠢ᠃ 51ᠬᠡᠮᠡᠨ ᠥᠭᠦᠯᠡᠬᠦᠢ ᠳᠡᠭᠡᠨ ᠥᠪᠡᠷ ᠦᠨ ᠪᠡᠶ᠎ᠡ ᠡᠴᠡ ᠡᠭᠦᠨ ᠢ ᠥᠭᠦᠯᠡᠭᠰᠡᠨ ᠪᠤᠰᠤ᠃ ᠬᠠᠷᠢᠨ ᠲᠡᠷᠡ ᠢᠨᠦ ᠲᠡᠷᠡ ᠬᠦ ᠵᠢᠯ᠎ᠡ ᠲᠡᠷᠢᠭᠦᠨ ᠯᠠᠮᠠ ᠪᠣᠯᠤᠭᠠᠳ᠂ ᠢᠢᠰᠦᠰ ᠢᠨᠦ ᠤᠯᠤᠰ ᠤᠨ ᠣᠷᠣᠨᠳᠤ ᠦᠬᠦᠭᠡᠳ᠂ ᠢᠮᠠᠭᠲᠠ ᠲᠡᠷᠡ ᠬᠦ ᠤᠯᠤᠰ ᠪᠠᠶᠢᠲᠤᠭᠠᠢ᠃ 52ᠬᠠᠷᠢᠨ ᠪᠤᠷᠬᠠᠨ ᠤ ᠲᠠᠷᠬᠠᠭᠠᠭᠳᠠᠭᠰᠠᠨ ᠦᠷᠡᠰ ᠢ ᠭᠠᠭᠴᠠ ᠪᠤᠲᠠ ᠪᠣᠯᠭᠠᠨ ᠴᠤᠭᠯᠠᠭᠤᠯᠬᠤ ᠪᠤᠢ᠃ ᠬᠡᠮᠡᠨ ᠡᠰᠢ ᠦᠵᠡᠭᠦᠯᠪᠡᠢ᠃ 53ᠲᠡᠷᠡ ᠴᠠᠭ ᠠᠴᠠ ᠠᠪᠤᠨ ᠲᠡᠳᠡ ᠢᠨᠦ ᠲᠡᠭᠦᠨ ᠢ ᠶᠠᠮᠪᠠᠷ ᠠᠷᠭ᠎ᠠ ᠪᠠᠷ ᠠᠯᠠᠬᠤᠢ ᠶᠢ ᠵᠥᠪᠯᠡᠯᠳᠦᠪᠡᠢ᠃ 54ᠲᠡᠶᠢᠮᠦ ᠶᠢᠨ ᠲᠤᠯᠠ ᠲᠡᠭᠦᠨ ᠡᠴᠡ ᠬᠣᠶᠢᠨᠠ ᠢᠢᠰᠦᠰ ᠢᠨᠦ ᠶᠦᠳᠠᠲᠠᠨ ᠤ ᠳᠤᠮᠳᠠ ᠢᠯᠡᠷᠬᠡᠢ ᠪᠡᠷ ᠡᠰᠡ ᠶᠠᠪᠤᠨ᠂ ᠡᠵᠡᠨ ᠦᠭᠡᠢ ᠣᠷᠣᠨ ᠤ ᠰᠢᠳᠠᠷ ᠠᠭᠴᠢ ᠢᠹᠷᠠᠶᠢᠮ ᠬᠡᠮᠡᠭᠴᠢ ᠪᠠᠯᠭᠠᠰᠤᠨ ᠳᠤᠷ ᠥᠭᠡᠳᠡ ᠪᠣᠯᠤᠭᠠᠳ᠂ ᠲᠡᠨᠳᠡ ᠱᠠᠪᠢᠨᠠᠷ ᠯᠤᠭ᠎ᠠ ᠪᠠᠨ ᠬᠠᠮᠲᠤ ᠪᠠᠶᠢᠵᠤᠬᠤᠢ ᠅ 55ᠲᠡᠶᠢᠨ ᠬᠦ ᠶᠦᠳᠠᠲᠠᠨ ᠤ ᠹᠠᠰᠬᠠ (ᠬᠡᠮᠡᠬᠦ) ᠨᠠᠶᠢᠷ ᠠᠨᠤ ᠣᠢᠷ᠎ᠠ ᠪᠥᠯᠦᠭᠡ᠃ ᠣᠯᠠᠨ ᠤᠯᠤᠰ ᠠᠨᠤ ᠹᠠᠰᠬᠠ ᠠᠴᠠ ᠤᠷᠢᠳᠠ ᠪᠡᠶ᠎ᠡ ᠪᠡᠨ ᠠᠷᠢᠭᠤᠳᠬᠠᠬᠤ ᠶᠢᠨ ᠲᠤᠯᠠ ᠬᠣᠲᠠᠳ ᠠᠴᠠ ᠶᠢᠷᠤᠰᠠᠯᠢᠮ ᠳᠤᠷ ᠣᠳᠴᠤ᠃ 56ᠢᠢᠰᠦᠰ ᠢ ᠪᠡᠳᠡᠷᠢᠨ ᠰᠦᠮ᠎ᠡ ᠶᠢᠨ ᠳᠣᠲᠣᠷ᠎ᠠ ᠪᠠᠶᠢᠵᠤ᠂ ᠥᠪᠡᠷ ᠵᠠᠭᠤᠷ᠎ᠠ ᠪᠠᠨ ᠡᠶᠢᠨ᠃ ᠲᠠ ᠪᠡᠷ ᠶᠠᠭᠤᠨ ᠢ ᠰᠡᠳᠬᠢᠮᠦᠶᠦ᠃ ᠲᠡᠷᠡ ᠢᠨᠦ ᠨᠠᠶᠢᠷ ᠲᠤᠷ ᠥᠭᠡᠳᠡ ᠪᠣᠯᠬᠤ ᠪᠤᠰᠤ ᠪᠤᠶᠤ᠂ ᠬᠡᠮᠡᠨ ᠥᠭᠦᠯᠡᠯᠳᠦᠪᠡᠢ ᠅ 57ᠲᠡᠶᠢᠨ ᠪᠥᠭᠡᠳ ᠲᠡᠷᠢᠭᠦᠨ ᠯᠠᠮᠠᠨᠠᠷ ᠬᠢᠭᠡᠳ ᠹᠠᠷᠢᠰᠢ ᠨᠠᠷ ᠠᠨᠤ᠂ ᠬᠡᠷᠪᠡ ᠠᠯᠢ ᠬᠡᠨ ᠲᠡᠭᠦᠨ ᠦ ᠬᠠᠮᠢᠭ᠎ᠠ ᠠᠬᠤᠢ ᠶᠢ ᠮᠡᠳᠡᠪᠡᠰᠦ ᠮᠡᠳᠡᠭᠦᠯᠬᠦ ᠪᠣᠯᠲᠤᠭᠠᠢ᠃ ᠬᠡᠮᠡᠨ ᠲᠡᠭᠦᠨ ᠢ ᠪᠠᠷᠢᠬᠤ ᠶᠢᠨ ᠲᠤᠯᠠ ᠵᠠᠬᠢᠭᠰᠠᠨ ᠪᠥᠯᠦᠭᠡ ᠅
Currently Selected:
ᠢᠣᠸᠠᠨ 11: MB1840
Highlight
Share
Copy
Want to have your highlights saved across all your devices? Sign up or sign in
Digital edition of the Mongolian translation published in 1840 (the Old Testament) and 1846 (the New Testament) by Edward Stallybrass and William Swan. Created by Bayarjargal Garamtseren and Simon Wong. Digital edition © United Bible Societies, 2020.

: