ᠢᠣᠸᠠᠨ 15
15
ᠠᠷᠪᠠᠨ ᠲᠠᠪᠤᠳᠤᠭᠠᠷ ᠪᠦᠯᠦᠭ ᠅
1ᠪᠢ ᠪᠡᠷ ᠦᠨᠡᠨ ᠦᠵᠦᠮ ᠦᠨ ᠡᠰᠢ ᠪᠤᠢ ᠪᠥᠭᠡᠳ᠂ ᠮᠢᠨᠦ ᠡᠴᠢᠭᠡ ᠢᠨᠦ ᠲᠠᠷᠢᠶᠠᠴᠢ ᠪᠣᠯᠠᠢ᠃ 2ᠨᠠᠳᠤᠷ ᠠᠬᠤᠢ ᠠᠯᠢᠪᠠ ᠦᠷ᠎ᠡ ᠦᠭᠡᠢ ᠭᠡᠰᠢᠭᠦᠨ ᠢ ᠲᠡᠷᠡ ᠠᠪᠴᠤ ᠣᠭᠤᠷᠤᠨ᠂ ᠠᠯᠢᠪᠠ ᠦᠷ᠎ᠡ ᠲᠦ ᠭᠡᠰᠢᠭᠦᠨ ᠢ ᠦᠯᠡᠮᠵᠦ ᠦᠷ᠎ᠡ ᠲᠦ ᠪᠣᠯᠭᠠᠬᠤ ᠶᠢᠨ ᠲᠤᠯᠠ ᠵᠠᠰᠠᠵᠤ ᠢᠷᠢᠯᠭᠠᠮᠤᠢ [ᠠᠷᠢᠯᠭᠠᠮᠤᠢ]᠃ 3ᠮᠢᠨᠦ ᠲᠠᠨ ᠳᠤᠷ ᠥᠭᠦᠯᠡᠭᠰᠡᠨ ᠦᠭᠡ ᠪᠡᠢ [ ᠪᠡᠷ] ᠲᠠ ᠡᠳᠦᠭᠡ ᠠᠷᠢᠭᠤᠨ ᠪᠣᠯᠪᠠᠢ᠃ 4ᠮᠢᠨᠦ ᠳᠣᠲᠣᠷ᠎ᠠ ᠣᠷᠣᠰᠢᠨ ᠪᠠᠶᠢᠭᠲᠤᠨ᠃ ᠪᠢ ᠴᠤ ᠲᠠᠨ ᠤ ᠳᠣᠲᠣᠷ᠎ᠠ (ᠣᠷᠣᠰᠢᠨ ᠪᠠᠶᠢᠰᠤ)᠃ ᠭᠡᠰᠢᠭᠦᠦ ᠢᠨᠦ ᠦᠵᠦᠮ ᠦᠨ ᠡᠰᠢ ᠶᠢᠨ ᠳᠣᠲᠣᠷ᠎ᠠ ᠡᠰᠡ ᠪᠠᠶᠢᠪᠠᠰᠤ᠂ ᠥᠪᠡᠷ ᠦᠨ ᠪᠡᠶ᠎ᠡ ᠡᠴᠡ ᠦᠷ᠎ᠡ ᠶᠢ ᠡᠭᠦᠰᠬᠡᠵᠦ ᠦᠯᠦ ᠴᠢᠳᠠᠬᠤ ᠮᠡᠲᠦ᠂ ᠲᠡᠭᠦᠨᠴᠢᠯᠡᠨ ᠲᠠ ᠪᠡᠷ ᠮᠢᠨᠦ ᠳᠣᠲᠣᠷ᠎ᠠ ᠦᠯᠦ ᠪᠠᠶᠢᠬᠤ ᠪᠥᠭᠡᠰᠦ ᠡᠯ᠎ᠡ᠂ (ᠦᠷ᠎ᠡ ᠶᠢ ᠡᠭᠦᠰᠬᠡᠵᠦ ᠦᠯᠦ ᠴᠢᠳᠠᠬᠤ ᠪᠤᠢ)᠃ 5ᠪᠢ ᠪᠡᠷ ᠦᠵᠦᠮ ᠦᠨ ᠡᠰᠢ ᠪᠤᠢ ᠪᠥᠭᠡᠳ᠂ ᠲᠠ ᠪᠡᠷ ᠭᠡᠰᠢᠭᠦᠳ ᠪᠣᠯᠠᠢ᠃ ᠠᠯᠢ ᠬᠡᠨ ᠮᠢᠨᠦ ᠳᠣᠲᠣᠷ᠎ᠠ ᠪᠠᠶᠢᠬᠤ ᠪᠥᠭᠡᠳ᠂ ᠪᠢ ᠴᠤ ᠲᠡᠭᠦᠨ ᠦ ᠳᠣᠲᠣᠷ᠎ᠠ ᠪᠠᠶᠢᠬᠤ ᠪᠥᠭᠡᠰᠦ ᠡᠯ᠎ᠡ᠂ ᠲᠡᠷᠡ ᠢᠨᠦ ᠶᠡᠬᠡ ᠦᠷ᠎ᠡ ᠶᠢ ᠡᠭᠦᠰᠬᠡᠬᠦ ᠬᠡᠮᠡᠪᠡᠰᠦ᠂ ᠲᠠ ᠪᠡᠷ ᠨᠠᠳᠠ ᠦᠭᠡᠢ ᠪᠡᠷ ᠶᠠᠭᠤᠨ ᠢ ᠴᠤ ᠦᠢᠯᠡᠳᠴᠦ ᠡᠰᠡ ᠴᠢᠳᠠᠮᠤᠢ᠃ 6ᠬᠡᠷᠪᠡ ᠠᠯᠢ ᠬᠡᠨ ᠮᠢᠨᠦ ᠳᠣᠲᠣᠷ᠎ᠠ ᠦᠯᠦ ᠪᠠᠶᠢᠬᠤ ᠪᠥᠭᠡᠰᠦ ᠡᠯ᠎ᠡ᠂ ᠲᠡᠷᠡ ᠢᠨᠦ ᠬᠤᠪᠠᠬᠠᠶᠢᠷᠠᠵᠤ᠂ ᠭᠡᠰᠢᠭᠦᠦ ᠮᠡᠲᠦ ᠬᠠᠶᠠᠭᠳᠠᠨ ᠭᠠᠷᠭᠠᠭᠳᠠᠮᠤᠢ᠃ ᠲᠡᠷᠡ ᠮᠡᠲᠦᠰ ᠢᠨᠦ ᠬᠤᠷᠢᠶᠠᠭᠳᠠᠨ᠂ ᠭᠠᠯ ᠳᠤᠷ ᠬᠠᠶᠠᠭᠳᠠᠭᠠᠳ ᠲᠦᠯᠡᠭᠳᠡᠮᠦᠢ᠃ 7ᠬᠡᠷᠪᠡ ᠲᠠ ᠪᠡᠷ ᠮᠢᠨᠦ ᠳᠣᠲᠣᠷ᠎ᠠ ᠪᠠᠶᠢᠬᠤ ᠪᠥᠭᠡᠳ᠂ ᠮᠢᠨᠦ ᠦᠭᠡᠰ ᠴᠤ ᠲᠠᠨᠤ ᠳᠣᠲᠣᠷ᠎ᠠ ᠪᠠᠶᠢᠬᠤ ᠪᠥᠭᠡᠰᠦ ᠡᠯ᠎ᠡ᠂ ᠲᠠᠨᠤ ᠶᠠᠭᠤᠨ ᠳᠤᠷᠠᠰᠢᠭᠰᠠᠨ ᠢᠶᠠᠨ ᠡᠷᠢᠭᠦᠯᠡ ᠲᠠᠨ ᠳᠤᠷ ᠥᠭᠳᠡᠬᠦ ᠪᠣᠯᠤᠶᠤ᠃ 8ᠲᠠᠨᠤ ᠣᠯᠠᠨ ᠦᠷ᠎ᠡ ᠶᠢ ᠡᠭᠦᠰᠬᠡᠬᠦᠢ ᠪᠡᠷ ᠮᠢᠨᠦ ᠡᠴᠢᠭᠡ ᠢᠨᠦ ᠬᠦᠨᠳᠦᠯᠡᠭᠳᠡᠬᠦ ᠪᠤᠢ᠃ ᠡᠭᠦᠨ ᠢᠶᠡᠷ ᠴᠤ ᠲᠠ ᠪᠡᠷ ᠮᠢᠨᠦ ᠱᠠᠪᠢᠨᠠᠷ ᠪᠣᠯᠬᠤ ᠮᠥᠨ᠃ 9ᠡᠴᠢᠭᠡ ᠶᠢᠨ ᠨᠠᠮᠠᠶᠢ ᠢᠨᠠᠭᠯᠠᠭᠰᠠᠨ ᠮᠡᠲᠦ᠂ ᠲᠡᠭᠦᠨᠴᠢᠯᠡᠨ ᠪᠢ ᠪᠡᠷ ᠲᠠᠨ ᠢ ᠢᠨᠠᠭᠯᠠᠪᠠᠢ᠃ ᠮᠢᠨᠦ ᠢᠨᠠᠭᠯᠠᠯ ᠳᠤᠷ ᠪᠠᠶᠢᠭᠲᠤᠨ᠃ 10ᠪᠢ ᠪᠡᠷ ᠥᠪᠡᠷ ᠦᠨ ᠡᠴᠢᠭᠡ ᠶᠢᠨ ᠵᠠᠬᠢᠶ᠎ᠠ ᠨᠤᠭᠤᠳ ᠢ ᠰᠠᠬᠢᠭᠠᠳ᠂ ᠲᠡᠭᠦᠨ ᠦ ᠢᠨᠠᠭᠯᠠᠯ ᠳᠤᠷ ᠪᠠᠶᠢᠳᠠᠭ ᠮᠡᠲᠦ᠂ ᠲᠡᠭᠦᠨᠴᠢᠯᠡᠨ ᠲᠠ ᠪᠡᠷ ᠮᠢᠨᠦ ᠵᠠᠬᠢᠶ᠎ᠠ ᠨᠤᠭᠤᠳ ᠢ ᠰᠠᠬᠢᠬᠤ ᠪᠥᠭᠡᠰᠦ ᠡᠯ᠎ᠡ᠂ ᠲᠠ ᠴᠤ ᠮᠢᠨᠦ ᠢᠨᠠᠭᠯᠠᠯ ᠳᠤᠷ ᠪᠠᠶᠢᠬᠤ ᠪᠤᠢ᠃ 11ᠲᠠᠨᠤ ᠳᠣᠲᠣᠷ᠎ᠠ ᠮᠢᠨᠦ ᠪᠠᠶᠠᠰᠬᠤᠯᠠᠩ ᠪᠠᠶᠢᠬᠤ ᠪᠥᠭᠡᠳ᠂ ᠲᠠᠨᠤ ᠪᠠᠶᠠᠰᠬᠤᠯᠠᠩ ᠴᠤ ᠲᠦᠭᠡᠮᠡᠯ ᠪᠣᠯᠬᠤ ᠪᠣᠯᠲᠤᠭᠠᠢ ᠬᠡᠮᠡᠨ ᠪᠢ ᠪᠡᠷ ᠲᠠᠨ ᠳᠤᠷ ᠡᠭᠦᠨ ᠢ ᠥᠭᠦᠯᠡᠭᠰᠡᠨ ᠪᠤᠢ᠃ 12ᠮᠢᠨᠦ ᠵᠠᠬᠢᠶ᠎ᠠ ᠬᠡᠮᠡᠪᠡᠰᠦ ᠡᠶᠢᠨ᠃ ᠮᠢᠨᠦ ᠲᠠᠨ ᠢ ᠢᠨᠠᠭᠯᠠᠭᠰᠠᠨ ᠮᠡᠲᠦ ᠲᠠ ᠴᠤ ᠨᠢᠭᠡᠨ ᠨᠢᠭᠡᠨ ᠢᠶᠡᠨ ᠢᠨᠠᠭᠯᠠᠯᠴᠠᠭᠲᠤᠨ᠃ 13ᠢᠨᠠᠭ ᠤᠳ ᠤᠨ ᠲᠤᠯᠠᠳᠠ ᠥᠪᠡᠷ ᠦᠨ ᠠᠮᠢᠨ ᠢ ᠥᠭᠬᠦ ᠡᠴᠡ᠂ ᠬᠡᠨ ᠳᠦᠷ ᠴᠤ ᠦᠯᠡᠮᠵᠢ ᠢᠨᠠᠭᠯᠠᠯ ᠦᠭᠡᠢ ᠪᠤᠢ᠃ 14ᠬᠡᠷᠪᠡ ᠲᠠ ᠪᠡᠷ ᠮᠢᠨᠦ ᠲᠠᠨ ᠳᠤᠷ ᠬᠠᠮᠤᠭ ᠵᠠᠬᠢᠬᠤᠢ ᠶᠢ ᠪᠦᠲᠦᠭᠡᠬᠦ ᠪᠥᠭᠡᠰᠦ᠂ ᠲᠠ ᠪᠡᠷ ᠮᠢᠨᠦ ᠢᠨᠠᠭ ᠤᠳ ᠮᠥᠨ᠃ 15ᠡᠭᠦᠨᠴᠡ ᠠᠪᠤᠨ ᠪᠢ ᠪᠡᠷ ᠲᠠᠨ ᠢ ᠪᠣᠭᠣᠯ ᠤᠳ ᠬᠡᠮᠡᠨ ᠦᠯᠦ ᠨᠡᠷᠡᠶᠢᠳᠬᠦ ᠬᠡᠮᠡᠪᠡᠰᠦ᠂ ᠪᠣᠭᠣᠯ ᠠᠨᠤ ᠡᠵᠡᠨ ᠶᠦᠭᠡᠨ ᠶᠠᠭᠤᠨ ᠦᠢᠯᠡᠳᠬᠦᠢ ᠶᠢ ᠡᠰᠡ ᠮᠡᠳᠡᠳᠡᠭ᠃ ᠬᠠᠷᠢᠨ ᠪᠢ ᠪᠡᠷ ᠲᠠᠨ ᠢ ᠢᠨᠠᠭ ᠤᠳ ᠬᠡᠮᠡᠨ ᠨᠡᠷᠡᠶᠢᠳᠦᠮᠦᠢ ᠬᠡᠮᠡᠪᠡᠰᠦ᠂ ᠪᠢ ᠪᠡᠷ ᠥᠪᠡᠷ ᠦᠨ ᠡᠴᠢᠭᠡ ᠡᠴᠡ ᠠᠯᠢᠪᠠ ᠰᠣᠨᠣᠰᠤᠭᠰᠠᠨ ᠢᠶᠠᠨ ᠲᠠᠨ ᠳᠤᠷ ᠮᠡᠳᠡᠭᠦᠯᠪᠡᠢ᠃ 16ᠲᠠ ᠪᠡᠷ ᠨᠠᠮᠠᠶᠢ ᠰᠣᠩᠭᠣᠭᠰᠠᠨ ᠪᠤᠰᠤ᠃ ᠬᠠᠷᠢᠨ ᠪᠢ ᠪᠡᠷ ᠲᠠᠨ ᠢ ᠰᠣᠩᠭᠣᠭᠠᠳ᠂ ᠲᠠ ᠪᠡᠷ ᠦᠷ᠎ᠡ ᠶᠢ ᠡᠭᠦᠰᠬᠡᠨ ᠣᠳᠬᠤ ᠪᠥᠭᠡᠳ᠂ ᠲᠠᠨᠤ ᠦᠷ᠎ᠡ ᠴᠤ ᠪᠠᠶᠢᠬᠤ ᠪᠣᠯᠲᠤᠭᠠᠢ ᠬᠡᠮᠡᠨ ᠲᠠᠨ ᠢ ᠲᠣᠭᠲᠠᠭᠠᠨ ᠢᠯᠡᠭᠡᠭᠰᠡᠨ ᠪᠤᠢ᠃ ᠲᠡᠶᠢᠨ ᠬᠦ ᠲᠠ ᠪᠡᠷ ᠮᠢᠨᠦ ᠨᠡᠷ᠎ᠡ ᠪᠡᠷ ᠡᠴᠢᠭᠡ ᠡᠴᠡ ᠶᠠᠭᠤᠨ ᠢ ᠴᠤ ᠡᠷᠢᠬᠦ ᠪᠥᠭᠡᠰᠦ᠂ ᠲᠡᠷᠡ ᠢᠨᠦ ᠲᠠᠨ ᠳᠤᠷ ᠥᠭᠭᠦᠨ ᠰᠣᠶᠤᠷᠬᠠᠬᠤ ᠪᠤᠢ᠃ 17ᠲᠠᠨ ᠳᠤᠷ ᠮᠢᠨᠦ ᠵᠠᠬᠢᠭᠰᠠᠨ ᠬᠡᠮᠡᠪᠡᠰᠦ᠂ ᠨᠢᠭᠡᠨ ᠨᠢᠭᠡᠨ ᠢᠶᠡᠨ ᠢᠨᠠᠭᠯᠠᠯᠴᠠᠭᠲᠤᠨ᠃ 18ᠬᠡᠷᠪᠡ ᠶᠢᠷᠲᠢᠨᠴᠦ ᠢᠨᠦ ᠲᠠᠨ ᠢ ᠥᠰᠢᠶᠡᠯᠡᠬᠦ ᠪᠥᠭᠡᠰᠦ ᠡᠯ᠎ᠡ᠂ ᠲᠠᠨ ᠠᠴᠠ ᠤᠷᠢᠳᠠ ᠨᠠᠮᠠᠶᠢ ᠥᠰᠢᠶᠡᠯᠡᠭᠰᠡᠨ ᠢ ᠲᠠ ᠪᠡᠷ ᠮᠡᠳᠡᠮᠦᠢ᠃ 19ᠬᠡᠷᠪᠡ ᠲᠠ ᠪᠡᠷ ᠶᠢᠷᠲᠢᠨᠴᠦ ᠶᠢᠨ ᠠᠭᠰᠠᠨ ᠪᠣᠯᠪᠠᠰᠤ᠂ ᠶᠢᠷᠲᠢᠨᠴᠦ ᠢᠨᠦ ᠥᠪᠡᠷ ᠦᠨ (ᠬᠤᠪᠢ ᠲᠠᠨ) ᠢ ᠢᠨᠠᠭᠯᠠᠬᠤ ᠪᠥᠯᠦᠭᠡ᠃ ᠵᠦᠭᠡᠷ ᠲᠠ ᠪᠡᠷ ᠶᠢᠷᠲᠢᠨᠴᠦ ᠶᠢᠨ ᠪᠤᠰᠤ᠃ ᠬᠠᠷᠢᠨ ᠪᠢ ᠪᠡᠷ ᠲᠠᠨ ᠢ ᠶᠢᠷᠲᠢᠨᠴᠦ ᠶᠢᠨ ᠳᠣᠲᠣᠷ᠎ᠠ ᠠᠴᠠ ᠰᠣᠩᠭᠣᠭᠰᠠᠨ ᠪᠤᠢ᠃ ᠡᠭᠦᠨ ᠦ ᠲᠤᠯᠠ ᠶᠢᠷᠲᠢᠨᠴᠦ ᠢᠨᠦ ᠲᠠᠨ ᠢ ᠥᠰᠢᠶᠡᠯᠡᠮᠦᠢ᠃ 20ᠪᠣᠭᠣᠯ ᠠᠨᠤ ᠥᠪᠡᠷ ᠦᠨ ᠡᠵᠡᠨ ᠡᠴᠡ ᠳᠡᠭᠡᠷ᠎ᠡ ᠪᠤᠰᠤ ᠪᠤᠢ᠂ ᠬᠡᠮᠡᠨ ᠮᠢᠨᠦ ᠲᠠᠨ ᠳᠤᠷ ᠥᠭᠦᠯᠡᠭᠰᠡᠨ ᠦᠭᠡ ᠶᠢ ᠰᠠᠨᠠᠭᠲᠤᠨ᠃ ᠬᠡᠷᠪᠡ ᠲᠡᠳᠡ ᠢᠨᠦ ᠨᠠᠮᠠᠶᠢ ᠴᠥᠬᠡᠭᠡᠭᠰᠡᠨ ᠪᠣᠯᠪᠠᠰᠤ᠂ ᠲᠠᠨ ᠢ ᠴᠤ ᠴᠥᠬᠡᠭᠡᠬᠦ ᠪᠣᠯᠤᠶᠤ᠃ ᠬᠡᠷᠪᠡ ᠲᠡᠳᠡ ᠢᠨᠦ ᠮᠢᠨᠦ ᠦᠭᠡ ᠶᠢ ᠰᠠᠬᠢᠭᠰᠠᠨ ᠤ ᠪᠣᠯᠪᠠᠰᠤ᠂ ᠲᠠᠨ ᠤ (ᠦᠭᠡ ᠶᠢ) ᠴᠤ ᠰᠠᠬᠢᠬᠤ ᠪᠣᠯᠤᠶᠤ᠃ 21ᠵᠦᠭᠡᠷ ᠲᠡᠳᠡ ᠢᠨᠦ ᠨᠠᠮᠠᠶᠢ ᠢᠯᠡᠭᠡᠭᠰᠡᠨ ᠢ ᠡᠰᠡ ᠲᠠᠨᠢᠭᠰᠠᠨ ᠤ ᠲᠤᠯᠠᠳᠠ ᠡᠳᠡ ᠬᠠᠮᠤᠭ ᠤᠭᠤᠳ [ᠨᠤᠭᠤᠳ] ᠢ ᠮᠢᠨᠦ ᠨᠡᠷ᠎ᠡ ᠶᠢᠨ ᠰᠢᠯᠲᠠᠭᠠᠪᠠᠷ ᠲᠠᠨ ᠳᠤᠷ ᠦᠢᠯᠡᠳᠬᠦ ᠪᠤᠢ᠃ 22ᠬᠡᠷᠪᠡ ᠪᠢ ᠪᠡᠷ ᠲᠡᠳᠡᠨ ᠳᠦᠷ ᠢᠷᠭᠡᠳ [ᠢᠷᠡᠭᠡᠳ] ᠥᠭᠦᠯᠡᠭᠰᠡᠨ ᠪᠤᠰᠤ ᠪᠣᠯᠪᠠᠰᠤ᠂ ᠲᠡᠳᠡ ᠢᠨᠦ ᠬᠢᠯᠢᠨᠴᠡ ᠦᠭᠡᠢ ᠠᠬᠤ ᠪᠥᠯᠦᠭᠡ᠃ ᠵᠦᠭᠡᠷ ᠡᠳᠦᠭᠡ ᠲᠡᠳᠡᠨ ᠳᠦᠷ ᠬᠢᠯᠢᠨᠴᠡ ᠶᠢᠨ ᠲᠤᠯᠠ ᠪᠤᠷᠬᠦᠭᠦᠯ [ᠪᠦᠷᠬᠦᠭᠦᠯ] ᠦᠭᠡᠢ ᠪᠤᠢ᠃ 23ᠨᠠᠮᠠᠶᠢ ᠥᠰᠢᠶᠡᠯᠡᠭᠴᠢ ᠢᠨᠦ ᠮᠢᠨᠦ ᠡᠴᠢᠭᠡ ᠶᠢ ᠴᠤ ᠥᠰᠢᠶᠡᠯᠡᠮᠦᠢ᠃ 24ᠬᠡᠷᠪᠡ ᠪᠢ ᠪᠡᠷ ᠪᠤᠰᠤᠳ ᠤᠨ ᠡᠰᠡ ᠦᠢᠯᠡᠳᠦᠭᠰᠡᠨ ᠦᠢᠯᠡᠰ ᠢ ᠲᠡᠳᠡᠨ ᠦ ᠳᠣᠲᠣᠷ᠎ᠠ ᠦᠢᠯᠡᠳᠦᠭᠰᠡᠨ ᠪᠤᠰᠤ ᠪᠣᠯᠪᠠᠰᠤ᠂ ᠲᠡᠳᠡᠨ ᠳᠦᠷ ᠬᠢᠯᠢᠨᠴᠡ ᠦᠭᠡᠢ ᠠᠬᠤ ᠪᠥᠯᠦᠭᠡ᠃ ᠵᠦᠭᠡᠷ ᠡᠳᠦᠭᠡ ᠲᠡᠳᠡ ᠢᠨᠦ ᠦᠵᠡᠭᠡᠳ᠂ ᠨᠠᠮᠠᠶᠢ ᠬᠢᠭᠡᠳ ᠮᠢᠨᠦ ᠡᠴᠢᠭᠡ ᠶᠢ ᠴᠤ ᠥᠰᠢᠶᠡᠯᠡᠭᠰᠡᠨ ᠪᠤᠢ᠃ 25ᠵᠦᠭᠡᠷ ᠲᠡᠳᠡ ᠢᠨᠦ ᠰᠢᠯᠲᠠᠭ᠎ᠠ ᠦᠭᠡᠢ ᠪᠡᠷ ᠨᠠᠮᠠᠶᠢ ᠥᠰᠢᠶᠡᠯᠡᠪᠡᠢ᠂ ᠬᠡᠮᠡᠨ ᠲᠡᠳᠡᠨ ᠦ ᠲᠣᠭᠲᠠᠭᠠᠯ ᠤᠨ ᠳᠣᠲᠣᠷ᠎ᠠ ᠪᠢᠴᠢᠭᠳᠡᠭᠰᠡᠨ ᠦ ᠪᠦᠲᠦᠬᠦ ᠶᠢᠨ ᠲᠤᠯᠠ (ᠲᠡᠳᠡ ᠢᠨᠦ ᠡᠨᠡ ᠮᠡᠲᠦ ᠪᠡᠷ ᠦᠢᠯᠡᠳᠪᠡᠢ)᠃ 26ᠲᠡᠶᠢᠨ ᠪᠣᠯᠪᠠᠴᠤ ᠡᠴᠢᠭᠡ ᠡᠴᠡ ᠮᠢᠨᠦ ᠲᠠᠨ ᠳᠤᠷ ᠢᠯᠡᠭᠡᠬᠦ ᠠᠮᠤᠷᠠᠭᠤᠯᠤᠭᠴᠢ ᠬᠡᠮᠡᠪᠡᠰᠦ᠂ ᠡᠴᠢᠭᠡ ᠡᠴᠡ ᠭᠠᠷᠬᠤᠢ ᠦᠨᠡᠨ ᠦ ᠲᠣᠳᠤᠳᠬᠠᠯ ᠠᠨᠤ ᠢᠷᠡᠬᠦᠢ ᠳᠡᠭᠡᠨ ᠮᠢᠨᠦ ᠤᠴᠢᠷ᠎ᠠ ᠭᠡᠷᠡᠴᠢᠯᠡᠬᠦ ᠪᠤᠢ᠃ 27ᠪᠠᠰᠠ ᠲᠠ ᠴᠤ ᠡᠬᠢᠨ ᠡᠴᠡ ᠢᠨᠠᠷᠤ ᠨᠠᠳᠠᠯᠤᠭᠠ ᠪᠠᠶᠢᠯᠴᠠᠭᠰᠠᠨ ᠤ ᠲᠤᠯᠠ ᠭᠡᠷᠡᠴᠢᠯᠡᠬᠦ ᠪᠤᠢ ᠅
Currently Selected:
ᠢᠣᠸᠠᠨ 15: MB1840
Highlight
Share
Copy
Want to have your highlights saved across all your devices? Sign up or sign in
Digital edition of the Mongolian translation published in 1840 (the Old Testament) and 1846 (the New Testament) by Edward Stallybrass and William Swan. Created by Bayarjargal Garamtseren and Simon Wong. Digital edition © United Bible Societies, 2020.

: