ᠢᠣᠸᠠᠨ 17
17
ᠠᠷᠪᠠᠨ ᠳᠣᠯᠣᠳᠤᠭᠠᠷ ᠪᠦᠯᠦᠭ ᠅
1ᠲᠡᠶᠢᠨ ᠬᠦ ᠢᠢᠰᠦᠰ ᠢᠨᠦ ᠡᠨᠡ ᠮᠡᠲᠦ ᠵᠠᠷᠯᠢᠭ ᠪᠣᠯᠤᠭᠠᠳ᠂ ᠨᠢᠳᠦᠨ ᠢᠶᠡᠷ ᠢᠶᠡᠨ ᠣᠭᠲᠠᠷᠭᠤᠢ ᠶᠢᠨ ᠲᠡᠰᠢ ᠰᠢᠷᠲᠡᠨ ᠡᠶᠢᠨ ᠵᠠᠯᠪᠠᠷᠢᠪᠠᠢ᠃ ᠡᠴᠢᠭᠡ ᠡ᠂ ᠴᠠᠭ ᠠᠨᠤ ᠢᠷᠡᠪᠡᠢ᠃ ᠴᠢᠨᠦ ᠬᠥᠪᠡᠭᠦᠨ ᠦ ᠴᠢᠮᠠᠶᠢ ᠠᠯᠳᠠᠷᠰᠢᠭᠤᠯᠬᠤ ᠶᠢᠨ ᠲᠤᠯᠠ ᠬᠥᠪᠡᠭᠦᠨ ᠢᠶᠡᠨ ᠠᠯᠳᠠᠷᠰᠢᠭᠤᠯᠤᠨ ᠰᠣᠶᠤᠷᠬ᠎ᠠ᠃ 2ᠡᠨᠡ ᠮᠡᠲᠦ ᠪᠡᠷ ᠴᠢᠨᠦ ᠲᠡᠭᠦᠨ ᠳᠦᠷ ᠬᠠᠮᠤᠭ ᠥᠭᠭᠦᠭᠰᠡᠳ ᠲᠦᠷ ᠲᠡᠷᠡ ᠴᠤ ᠮᠥᠩᠬᠡ ᠠᠮᠢᠨ ᠢ ᠥᠭᠬᠦ ᠪᠣᠯᠲᠤᠭᠠᠢ᠂ ᠬᠡᠮᠡᠨ ᠴᠢ ᠪᠡᠷ ᠬᠠᠮᠤᠭ ᠠᠮᠢᠲᠠᠨ ᠤ ᠳᠡᠭᠡᠷ᠎ᠡ ᠲᠡᠭᠦᠨ ᠳᠦᠷ ᠡᠷᠬᠡ ᠶᠢ ᠥᠭᠭᠦᠭᠰᠡᠨ ᠪᠤᠢ᠃ 3ᠮᠥᠩᠬᠡ ᠠᠮᠢ ᠠᠨᠤ ᠶᠠᠭᠤᠨ ᠪᠤᠢ ᠬᠡᠮᠡᠪᠡᠰᠦ᠂ ᠴᠢᠮᠠᠶᠢ ᠣᠨᠴᠠ ᠦᠨᠡᠨ ᠪᠤᠷᠬᠠᠨ ᠬᠢᠭᠡᠳ ᠴᠢᠨᠦ ᠢᠯᠡᠭᠡᠭᠰᠡᠨ ᠢᠢᠰᠦᠰ ᠬᠡᠷᠢᠰᠲ᠋ᠣᠰ ᠢ ᠮᠡᠳᠡᠬᠦᠢ ᠢᠨᠦ ᠪᠣᠯᠠᠢ᠃ 4ᠪᠢ ᠪᠡᠷ ᠴᠢᠮᠠᠶᠢ ᠡᠨᠡ ᠶᠢᠷᠲᠢᠨᠴᠦ ᠳᠦᠷ ᠠᠯᠳᠠᠷᠰᠢᠭᠤᠯᠤᠨ᠂ ᠴᠢᠨᠦ ᠨᠠᠳᠤᠷ ᠳᠠᠭᠠᠭᠠᠯᠭᠠᠭᠰᠠᠨ ᠦᠢᠯᠡ ᠶᠢ ᠪᠦᠲᠦᠭᠡᠭᠰᠡᠨ ᠪᠤᠢ᠃ 5ᠲᠡᠶᠢᠨ ᠬᠦ ᠡᠴᠢᠭᠡ ᠡ᠂ ᠶᠢᠷᠲᠢᠨᠴᠦ ᠶᠢᠨ ᠪᠣᠯᠤᠭᠰᠠᠨ ᠠᠴᠠ ᠤᠷᠢᠳᠠ ᠮᠢᠨᠦ ᠴᠢᠮᠠᠯᠤᠭ᠎ᠠ ᠡᠳ᠋ᠯᠡᠭᠰᠡᠨ ᠴᠣᠭ ᠵᠢᠪᠬᠤᠯᠠᠩ ᠢᠶᠠᠷ ᠨᠠᠮᠠᠶᠢ ᠥᠪᠡᠷ ᠦᠨ ᠭᠡᠭᠡᠭᠡᠨ ᠦ ᠡᠮᠦᠨ᠎ᠡ ᠴᠣᠭ ᠵᠢᠪᠬᠤᠯᠠᠩ ᠲᠤ ᠪᠣᠯᠭᠠᠨ ᠰᠣᠶᠤᠷᠬ᠎ᠠ᠃ 6ᠡᠨᠡ ᠶᠢᠷᠲᠢᠨᠴᠦ ᠡᠴᠡ ᠴᠢᠨᠦ ᠨᠠᠳᠤᠷ ᠥᠭᠭᠦᠭᠰᠡᠨ ᠬᠦᠮᠦᠨ ᠨᠦᠭᠦᠳ ᠲᠦᠷ ᠪᠢ ᠪᠡᠷ ᠴᠢᠨᠦ ᠨᠡᠷ᠎ᠡ ᠶᠢ ᠢᠯᠡᠳᠬᠡᠭᠰᠡᠨ ᠪᠤᠢ᠃ ᠲᠡᠳᠡ ᠢᠨᠦ ᠴᠢᠨᠦ ᠠᠭᠰᠠᠨ ᠪᠥᠭᠡᠳ᠂ ᠴᠢ ᠪᠡᠷ ᠲᠡᠳᠡᠨ ᠢ ᠨᠠᠳᠤᠷ ᠥᠭᠪᠡᠢ᠃ ᠪᠠᠰᠠ ᠲᠡᠳᠡ ᠢᠨᠦ ᠴᠢᠨᠦ ᠵᠠᠷᠯᠢᠭ ᠢ ᠰᠠᠬᠢᠭᠰᠠᠨ ᠪᠤᠢ᠃ 7ᠴᠢᠨᠦ ᠨᠠᠳᠤᠷ ᠠᠯᠢ ᠶᠠᠭᠤᠨ ᠥᠭᠭᠦᠭᠰᠡᠨ ᠢᠨᠦ ᠴᠢᠮᠠᠴᠠ ᠪᠤᠢ ᠬᠡᠮᠡᠨ ᠲᠡᠳᠡ ᠢᠨᠦ ᠡᠳᠦᠭᠡ ᠮᠡᠳᠡᠮᠦᠢ᠃ 8ᠲᠡᠷᠡ ᠶᠠᠭᠤᠨ ᠬᠡᠮᠡᠪᠡᠰᠦ᠂ ᠴᠢᠨᠦ ᠨᠠᠳᠤᠷ ᠥᠭᠭᠦᠭᠰᠡᠨ ᠵᠠᠷᠯᠢᠭ ᠤᠳ ᠢ ᠪᠢ ᠪᠡᠷ ᠲᠡᠳᠡᠨ ᠳᠦᠷ ᠥᠭᠭᠦᠭᠰᠡᠨ ᠪᠥᠭᠡᠳ᠂ ᠲᠡᠳᠡ ᠢᠨᠦ ᠲᠡᠳᠡᠨ ᠢ ᠠᠪᠤᠭᠠᠳ᠂ ᠮᠢᠨᠦ ᠴᠢᠮᠠᠴᠠ ᠦᠨᠡᠬᠡᠷ ᠭᠠᠷᠤᠭᠰᠠᠨ ᠢ ᠮᠡᠳᠡᠭᠡᠳ᠂ ᠴᠢᠨᠦ ᠨᠠᠮᠠᠶᠢ ᠢᠯᠡᠭᠡᠭᠰᠡᠨ ᠢ ᠢᠲᠡᠭᠡᠭᠰᠡᠨ ᠪᠤᠢ᠃ 9ᠪᠢ ᠪᠡᠷ ᠲᠡᠳᠡᠨ ᠦ ᠲᠤᠯᠠ ᠵᠠᠯᠪᠠᠷᠢᠮᠤᠢ᠃ ᠪᠢ ᠪᠡᠷ ᠶᠢᠷᠲᠢᠨᠴᠦ ᠶᠢᠨ ᠲᠤᠯᠠ ᠪᠤᠰᠤ᠂ ᠬᠠᠷᠢᠨ ᠴᠢᠨᠦ ᠨᠠᠳᠤᠷ ᠠᠯᠢ ᠥᠭᠭᠦᠭᠰᠡᠳ ᠦᠨ ᠲᠤᠯᠠ ᠵᠠᠯᠪᠠᠷᠢᠮᠤᠢ᠃ ᠲᠡᠷᠡ ᠶᠠᠭᠤᠨ ᠤ ᠲᠤᠯᠠ ᠬᠡᠮᠡᠪᠡᠰᠦ᠂ ᠲᠡᠳᠡ ᠢᠨᠦ ᠴᠢᠨᠦ ᠪᠤᠢ᠃ 10ᠪᠠᠰᠠ ᠮᠢᠨᠦ ᠬᠠᠮᠤᠭ ᠠᠨᠤ ᠴᠢᠨᠦ ᠮᠥᠨ᠃ ᠴᠢᠨᠦ ᠴᠤ ᠮᠢᠨᠦ ᠪᠤᠢ ᠪᠥᠭᠡᠳ᠂ ᠪᠢ ᠪᠡᠷ ᠲᠡᠳᠡᠨ ᠢᠶᠡᠷ ᠠᠯᠳᠠᠷᠰᠢᠭᠤᠯᠤᠭᠳᠠᠮᠤᠢ᠃ 11ᠪᠢ ᠪᠡᠷ ᠡᠳᠦᠭᠡ ᠴᠠᠭ ᠠᠴᠠ ᠠᠪᠤᠨ ᠶᠢᠷᠲᠢᠨᠴᠦ ᠳᠦᠷ ᠦᠯᠦ ᠪᠠᠶᠢᠬᠤ᠃ ᠬᠠᠷᠢᠨ ᠡᠳᠡ ᠢᠨᠦ ᠶᠢᠷᠲᠢᠨᠴᠦ ᠳᠦᠷ ᠪᠠᠶᠢᠬᠤ᠃ ᠲᠡᠶᠢᠨ ᠬᠦ ᠪᠢ ᠪᠡᠷ ᠴᠢᠮᠠᠳᠤᠷ ᠢᠷᠡᠮᠦᠢ᠃ ᠠᠷᠢᠭᠤᠨ ᠡᠴᠢᠭᠡ ᠡ᠂ ᠴᠢᠨᠦ ᠨᠠᠳᠤᠷ ᠥᠭᠭᠦᠭᠰᠡᠳ ᠦᠨ ᠪᠢᠳᠡ ᠮᠡᠲᠦ ᠭᠠᠭᠴᠠ ᠪᠣᠯᠬᠤ ᠶᠢᠨ ᠲᠤᠯᠠ ᠲᠡᠳᠡᠨ ᠢ ᠥᠪᠡᠷ ᠦᠨ ᠨᠡᠷ᠎ᠡ ᠪᠡᠷ ᠰᠠᠬᠢᠨ ᠰᠣᠶᠤᠷᠬ᠎ᠠ᠃ 12ᠪᠢ ᠪᠡᠷ ᠲᠡᠳᠡᠨ ᠯᠦᠭᠡ ᠶᠢᠷᠲᠢᠨᠴᠦ ᠳᠦᠷ ᠪᠠᠶᠢᠭᠰᠠᠨ ᠳᠠᠭᠠᠨ ᠲᠡᠳᠡᠨ ᠢ ᠴᠢᠨᠦ ᠨᠡᠷ᠎ᠡ ᠪᠡᠷ ᠰᠠᠬᠢᠪᠠᠢ᠃ ᠪᠢ ᠪᠡᠷ ᠴᠢᠨᠦ ᠨᠠᠳᠤᠷ ᠥᠭᠭᠦᠭᠰᠡᠳ ᠢ ᠭᠠᠮᠨᠠᠭᠰᠠᠨ ᠪᠥᠭᠡᠳ᠂ ᠪᠢᠴᠢᠭᠳᠡᠭᠰᠡᠨ ᠦ ᠪᠦᠲᠦᠬᠦ ᠶᠢᠨ ᠲᠤᠯᠠ ᠡᠪᠳᠡᠷᠡᠯ ᠦᠨ ᠬᠥᠪᠡᠭᠦᠨ ᠡᠴᠡ ᠭᠠᠳᠠᠨ᠎ᠠ ᠲᠡᠳᠡᠨ ᠦ ᠨᠢᠭᠡᠨ ᠴᠤ ᠡᠰᠡ ᠭᠡᠭᠡᠭᠳᠡᠪᠡᠢ᠃ 13ᠡᠳᠦᠭᠡ ᠪᠢ ᠪᠡᠷ ᠴᠢᠮᠠᠳᠤᠷ ᠢᠷᠡᠮᠦᠢ᠃ ᠲᠡᠶᠢᠨ ᠪᠥᠭᠡᠳ ᠮᠢᠨᠦ ᠪᠠᠶᠠᠰᠬᠤᠯᠠᠩ ᠠᠨᠤ ᠲᠡᠳᠡᠨ ᠳᠦᠷ ᠲᠡᠭᠦᠰ ᠪᠣᠯᠬᠤ ᠪᠣᠯᠲᠤᠭᠠᠢ ᠬᠡᠮᠡᠨ ᠪᠢ ᠪᠡᠷ ᠡᠳᠡ (ᠦᠭᠡᠰ) ᠢ ᠶᠢᠷᠲᠢᠨᠴᠦ ᠳᠦᠷ ᠥᠭᠦᠯᠡᠮᠦᠢ 14ᠪᠢ ᠪᠡᠷ ᠲᠡᠳᠡᠨ ᠳᠦᠷ ᠴᠢᠨᠦ ᠵᠠᠷᠯᠢᠭ ᠢ ᠥᠭᠭᠦᠭᠰᠡᠨ ᠪᠤᠢ᠃ ᠲᠡᠶᠢᠨ ᠪᠥᠭᠡᠳ ᠶᠢᠷᠲᠢᠨᠴᠦ ᠢᠨᠦ ᠲᠡᠳᠡᠨ ᠢ ᠥᠰᠢᠶᠡᠯᠡᠭᠰᠡᠨ ᠪᠤᠢ᠃ ᠲᠡᠷᠡ ᠶᠠᠭᠤᠨ ᠤ ᠲᠤᠯᠠ ᠬᠡᠮᠡᠪᠡᠰᠦ᠂ ᠪᠢ ᠪᠡᠷ ᠶᠢᠷᠲᠢᠨᠴᠦ ᠶᠢᠨ ᠪᠤᠰᠤ ᠮᠡᠲᠦ᠂ ᠲᠡᠭᠦᠨᠴᠢᠯᠡᠨ ᠲᠡᠳᠡ ᠴᠤ ᠶᠢᠷᠲᠢᠨᠴᠦ ᠶᠢᠨ ᠪᠤᠰᠤ ᠪᠣᠯᠠᠢ᠃ 15ᠪᠢ ᠪᠡᠷ ᠲᠡᠳᠡᠨ ᠢ ᠶᠢᠷᠲᠢᠨᠴᠦ ᠡᠴᠡ ᠠᠪᠤᠨ ᠰᠣᠶᠤᠷᠬ᠎ᠠ ᠬᠡᠮᠡᠨ ᠡᠰᠡ ᠵᠠᠯᠪᠠᠷᠢᠨ᠂ ᠲᠡᠳᠡᠨ ᠢ ᠮᠠᠭᠤ ᠠᠴᠠ ᠰᠠᠬᠢᠨ ᠰᠣᠶᠤᠷᠬ᠎ᠠ ᠬᠡᠮᠡᠨ ᠵᠠᠯᠪᠠᠷᠢᠮᠤᠢ᠃ 16ᠪᠢ ᠪᠡᠷ ᠶᠢᠷᠲᠢᠨᠴᠦ ᠶᠢᠨ ᠪᠤᠰᠤ ᠮᠡᠲᠦ ᠲᠡᠳᠡ ᠴᠤ ᠶᠢᠷᠲᠢᠨᠴᠦ ᠶᠢᠨ ᠪᠤᠰᠤ ᠪᠣᠯᠠᠢ᠃ 17ᠴᠢᠨᠦ ᠦᠨᠡᠨ ᠢᠶᠡᠷ ᠲᠡᠳᠡᠨ ᠢ ᠠᠷᠢᠯᠭᠠᠨ ᠰᠣᠶᠤᠷᠬ᠎ᠠ᠃ ᠴᠢᠨᠦ ᠵᠠᠷᠯᠢᠭ ᠠᠨᠤ ᠦᠨᠡᠨ ᠮᠥᠨ ᠪᠣᠯᠠᠢ᠃ 18ᠴᠢ ᠪᠡᠷ ᠨᠠᠮᠠᠶᠢ ᠶᠢᠷᠲᠢᠨᠴᠦ ᠳᠦᠷ ᠢᠯᠡᠭᠡᠭᠰᠡᠨ ᠮᠡᠲᠦ᠂ ᠲᠡᠭᠦᠨᠴᠢᠯᠡᠨ ᠪᠢ ᠪᠡᠷ ᠲᠡᠳᠡᠨ ᠢ ᠶᠢᠷᠲᠢᠨᠴᠦ ᠳᠦᠷ ᠢᠯᠡᠭᠡᠪᠡᠢ᠃ 19ᠲᠡᠳᠡ ᠢᠨᠦ ᠦᠨᠡᠨ ᠢᠶᠡᠷ ᠠᠷᠢᠯᠭᠠᠭᠳᠠᠬᠤ ᠪᠣᠯᠲᠤᠭᠠᠢ ᠬᠡᠮᠡᠨ ᠪᠢ ᠪᠡᠷ ᠥᠪᠡᠷ ᠦᠨ ᠪᠡᠶ᠎ᠡ ᠶᠢ ᠠᠷᠢᠯᠭᠠᠮᠤᠢ᠃ 20ᠵᠢᠴᠢ ᠪᠢ ᠪᠡᠷ ᠢᠮᠠᠭᠲᠠ ᠡᠳᠡᠨ ᠦ ᠤᠴᠢᠷ᠎ᠠ ᠪᠤᠰᠤ᠂ ᠬᠠᠷᠢᠨ ᠲᠡᠳᠡᠨ ᠦ ᠦᠭᠡ ᠪᠡᠷ ᠨᠠᠳᠤᠷ ᠬᠠᠮᠤᠭ ᠢᠲᠡᠭᠡᠬᠦ ᠨᠤᠭᠤᠳ ᠤᠨ ᠤᠴᠢᠷ᠎ᠠ ᠵᠠᠯᠪᠠᠷᠢᠮᠤᠢ᠃ 21ᠲᠡᠳᠡ ᠪᠦᠭᠦᠳᠡᠭᠡᠷ ᠭᠠᠭᠴᠠ ᠪᠣᠯᠬᠤ ᠪᠣᠯᠲᠤᠭᠠᠢ᠃ ᠡᠴᠢᠭᠡ ᠡ᠂ ᠴᠢ ᠪᠡᠷ ᠮᠢᠨᠦ ᠳᠣᠲᠣᠷ᠎ᠠ ᠪᠤᠢ ᠪᠥᠭᠡᠳ᠂ ᠪᠢ ᠴᠤ ᠴᠢᠨᠦ ᠳᠣᠲᠣᠷ᠎ᠠ ᠪᠤᠢ ᠮᠡᠲᠦ᠂ ᠲᠡᠭᠦᠨᠴᠢᠯᠡᠨ ᠶᠢᠷᠲᠢᠨᠴᠦ ᠢᠨᠦ ᠴᠢᠨᠦ ᠨᠠᠮᠠᠶᠢ ᠢᠯᠡᠭᠡᠭᠰᠡᠨ ᠢ ᠢᠲᠡᠭᠡᠬᠦ ᠪᠣᠯᠲᠤᠭᠠᠢ ᠬᠡᠮᠡᠨ ᠲᠡᠳᠡ ᠴᠤ ᠪᠢᠳᠡᠨ ᠦ ᠳᠣᠲᠣᠷ᠎ᠠ ᠭᠠᠭᠴᠠ ᠠᠬᠤ ᠪᠣᠯᠲᠤᠭᠠᠢ᠃ 22ᠵᠢᠴᠢ ᠪᠢᠳᠡᠨ ᠦ ᠳᠣᠲᠣᠷ᠎ᠠ ᠲᠡᠳᠡᠨ ᠦ ᠭᠠᠭᠴᠠ ᠪᠣᠯᠬᠤ ᠶᠢᠨ ᠲᠤᠯᠠ ᠴᠢᠨᠦ ᠨᠠᠳᠤᠷ ᠥᠭᠭᠦᠭᠰᠡᠨ ᠴᠣᠭ ᠵᠢᠪᠬᠤᠯᠠᠩ ᠢ ᠪᠢ ᠪᠡᠷ ᠲᠡᠳᠡᠨ ᠳᠦᠷ ᠥᠭᠭᠦᠭᠰᠡᠨ ᠪᠤᠢ᠃ 23ᠲᠡᠶᠢᠨ ᠪᠡᠷ ᠲᠡᠳᠡ ᠢᠨᠦ ᠭᠠᠭᠴᠠ ᠪᠣᠯᠵᠤ ᠲᠡᠭᠦᠰ ᠪᠣᠯᠬᠤ ᠪᠥᠭᠡᠳ᠂ ᠶᠢᠷᠲᠢᠨᠴᠦ ᠴᠤ ᠴᠢᠨᠦ ᠨᠠᠮᠠᠶᠢ ᠢᠯᠡᠭᠡᠭᠡᠳ᠂ ᠨᠠᠮᠠᠶᠢ ᠢᠨᠠᠭᠯᠠᠭᠰᠠᠨ ᠮᠡᠲᠦ ᠲᠡᠳᠡᠨ ᠢ ᠴᠤ ᠢᠨᠠᠭᠯᠠᠭᠰᠠᠨ ᠢ ᠮᠡᠳᠡᠬᠦ ᠪᠣᠯᠲᠤᠭᠠᠢ ᠬᠡᠮᠡᠨ᠂ ᠪᠢ ᠪᠡᠷ ᠲᠡᠳᠡᠨ ᠦ ᠳᠣᠲᠣᠷ᠎ᠠ ᠠᠬᠤ ᠪᠥᠭᠡᠳ᠂ ᠴᠢ ᠪᠡᠷ ᠮᠢᠨᠦ ᠳᠣᠲᠣᠷ᠎ᠠ ᠠᠬᠤ ᠪᠤᠢ᠃ 24ᠡᠴᠢᠭᠡ ᠡ᠂ ᠴᠢᠨᠦ ᠨᠠᠳᠤᠷ ᠥᠭᠭᠦᠭᠰᠡᠳ ᠢᠨᠦ ᠴᠢᠨᠦ ᠨᠠᠳᠤᠷ ᠥᠭᠭᠦᠭᠰᠡᠨ ᠴᠣᠭ ᠵᠢᠪᠬᠤᠯᠠᠩ ᠢ ᠦᠵᠡᠬᠦ ᠶᠢᠨ ᠲᠤᠯᠠ ᠮᠢᠨᠦ ᠬᠠᠮᠢᠭ᠎ᠠ ᠪᠦᠬᠦᠢ ᠲᠡᠨᠳᠡ ᠨᠠᠳᠠᠯᠤᠭᠠ ᠠᠬᠤ ᠪᠣᠯᠲᠤᠭᠠᠢ ᠬᠡᠮᠡᠨ ᠪᠢ ᠪᠡᠷ ᠬᠦᠰᠡᠮᠦᠢ᠃ ᠲᠡᠷᠡ ᠶᠠᠭᠤᠨ ᠤ ᠲᠤᠯᠠ ᠬᠡᠮᠡᠪᠡᠰᠦ᠂ ᠶᠢᠷᠲᠢᠨᠴᠦ ᠶᠢᠨ ᠪᠦᠲᠦᠭᠡᠭᠳᠡᠭᠰᠡᠨ ᠡᠴᠡ ᠤᠷᠢᠳᠠ ᠴᠢ ᠪᠡᠷ ᠨᠠᠮᠠᠶᠢ ᠢᠨᠠᠭᠯᠠᠭᠰᠠᠨ ᠪᠥᠯᠦᠭᠡ᠃ 25ᠵᠥᠪ ᠲᠦ ᠡᠴᠢᠭᠡ ᠡ᠂ ᠶᠢᠷᠲᠢᠨᠴᠦ ᠢᠨᠦ ᠴᠢᠮᠠᠶᠢ ᠡᠰᠡ ᠮᠡᠳᠡᠭᠰᠡᠨ ᠪᠣᠯᠪᠠᠴᠤ᠂ ᠪᠢ ᠪᠡᠷ ᠴᠢᠮᠠᠶᠢ ᠮᠡᠳᠡᠮᠦᠢ᠃ ᠡᠳᠡ ᠴᠤ ᠴᠢᠨᠦ ᠨᠠᠮᠠᠶᠢ ᠢᠯᠡᠭᠡᠭᠰᠡᠨ ᠢ ᠮᠡᠳᠡᠭᠰᠡᠨ ᠪᠤᠢ᠃ 26ᠵᠢᠴᠢ ᠪᠢ ᠪᠡᠷ ᠲᠡᠳᠡᠨ ᠳᠦᠷ ᠴᠢᠨᠦ ᠨᠡᠷ᠎ᠡ ᠶᠢ ᠮᠡᠳᠡᠭᠦᠯᠦᠭᠡᠳ᠂ ᠪᠠᠰᠠ ᠮᠡᠳᠡᠭᠦᠯᠬᠦ ᠪᠣᠯᠤᠶᠤ᠃ ᠲᠡᠶᠢᠨ ᠬᠦ ᠴᠢᠨᠦ ᠨᠠᠮᠠᠶᠢ ᠢᠨᠠᠭᠯᠠᠭᠰᠠᠨ ᠢᠨᠠᠭᠯᠠᠯ ᠠᠨᠤ ᠲᠡᠳᠡᠨ ᠦ ᠳᠣᠲᠣᠷ᠎ᠠ ᠣᠷᠣᠰᠢᠬᠤ ᠪᠥᠭᠡᠳ᠂ ᠪᠢ ᠴᠤ ᠲᠡᠳᠡᠨ ᠦ ᠳᠣᠲᠣᠷ᠎ᠠ ᠣᠷᠣᠰᠢᠬᠤ ᠪᠣᠯᠲᠤᠭᠠᠢ ᠅
Currently Selected:
ᠢᠣᠸᠠᠨ 17: MB1840
Highlight
Share
Copy
Want to have your highlights saved across all your devices? Sign up or sign in
Digital edition of the Mongolian translation published in 1840 (the Old Testament) and 1846 (the New Testament) by Edward Stallybrass and William Swan. Created by Bayarjargal Garamtseren and Simon Wong. Digital edition © United Bible Societies, 2020.

: