ᠢᠣᠸᠠᠨ 20
20
ᠬᠣᠷᠢᠳᠤᠭᠠᠷ ᠪᠦᠯᠦᠭ ᠅
1ᠲᠡᠶᠢᠨ ᠪᠥᠭᠡᠳ ᠳᠣᠯᠣᠭᠠᠨ ᠬᠣᠨᠣᠭ ᠤᠨ ᠨᠢᠭᠡᠳᠦᠭᠡᠷ ᠡᠳᠦᠷ᠎ᠡ ᠦᠷ ᠴᠠᠶᠢᠭᠠ ᠡᠳᠦᠢ ᠡᠷᠲᠡ ᠴᠠᠭ ᠲᠤᠷ ᠮᠠᠷᠢᠶ᠎ᠠ ᠮᠠᠭᠳᠠᠯᠢᠨᠠ ᠠᠨᠤ ᠪᠤᠯᠠᠰᠢᠨ ᠳᠤᠷ ᠣᠳᠤᠭᠠᠳ᠂ ᠪᠤᠯᠠᠰᠢᠨ ᠠᠴᠠ ᠠᠪᠲᠠᠭᠰᠠᠨ ᠴᠢᠯᠠᠭᠤᠨ ᠢ ᠦᠵᠡᠪᠡᠢ᠃ 2ᠲᠡᠶᠢᠨ ᠪᠥᠭᠡᠳ ᠲᠡᠷᠡ ᠢᠨᠦ ᠰᠢᠢᠮᠣᠨ ᠹᠢᠲ᠋ᠢᠷ ᠬᠢᠭᠡᠳ ᠢᠢᠰᠦᠰ ᠦᠨ ᠢᠨᠠᠭᠯᠠᠭᠰᠠᠨ ᠥᠪᠡᠷ᠎ᠡ ᠨᠢᠭᠡᠨ ᠱᠠᠪᠢ ᠳᠤᠷ ᠭᠦᠶᠦᠵᠦ ᠬᠦᠷᠦᠭᠡᠳ ᠡᠶᠢᠨ᠃ ᠡᠵᠡᠨ ᠢᠨᠦ ᠪᠤᠯᠠᠰᠢᠨ ᠠᠴᠠ ᠠᠪᠲᠠᠭᠠᠳ᠂ ᠬᠠᠮᠢᠭ᠎ᠠ ᠲᠠᠯᠪᠢᠭᠳᠠᠭᠰᠠᠨ ᠢ ᠪᠢᠳᠡ ᠪᠡᠷ ᠡᠰᠡ ᠮᠡᠳᠡᠮᠦᠢ᠃ 3ᠬᠡᠮᠡᠨ ᠥᠭᠦᠯᠡᠭᠰᠡᠨ ᠳᠦᠷ ᠹᠢᠲ᠋ᠢᠷ ᠬᠢᠭᠡᠳ ᠲᠡᠷᠡ ᠪᠤᠰᠤ ᠱᠠᠪᠢ ᠠᠨᠤ ᠭᠠᠷᠤᠭᠠᠳ᠂ ᠪᠤᠯᠠᠰᠢᠨ ᠳᠤᠷ ᠣᠳᠪᠠᠢ᠃ 4ᠡᠳᠡ ᠬᠣᠶᠠᠷ ᠠᠨᠤ ᠬᠠᠮᠲᠤ ᠭᠦᠶᠦᠭᠡᠳ᠂ ᠲᠡᠷᠡ ᠪᠤᠰᠤ ᠱᠠᠪᠢ ᠠᠨᠤ ᠹᠢᠲ᠋ᠢᠷ ᠠᠴᠠ ᠲᠦᠷᠭᠡᠨ ᠢᠶᠡᠷ ᠭᠦᠶᠦᠵᠦ ᠤᠷᠢᠳᠠ ᠪᠤᠯᠠᠰᠢᠨ ᠳᠤᠷ ᠬᠦᠷᠦᠭᠡᠳ᠃ 5ᠲᠡᠨᠳᠡ ᠪᠥᠬᠦᠶᠢᠵᠦ ᠪᠥᠰ ᠢ ᠦᠵᠡᠪᠡᠴᠦ ᠡᠰᠡ ᠣᠷᠣᠪᠠᠢ᠃ 6ᠲᠡᠶᠢᠨ ᠬᠦ ᠰᠢᠢᠮᠣᠨ ᠹᠢᠲ᠋ᠢᠷ ᠠᠨᠤ ᠲᠡᠭᠦᠨ ᠢ ᠳᠠᠭᠠᠵᠤ ᠬᠦᠷᠦᠭᠡᠳ᠂ ᠪᠤᠯᠠᠰᠢᠨ ᠤ ᠳᠣᠲᠣᠷ᠎ᠠ ᠣᠷᠣᠭᠠᠳ ᠪᠥᠰ ᠢ ᠦᠵᠡᠵᠦ᠃ 7ᠪᠠᠰᠠ ᠢᠢᠰᠦᠰ ᠦᠨ ᠲᠡᠷᠢᠭᠦᠨ ᠳᠦᠷ ᠠᠭᠰᠠᠨ ᠠᠷᠴᠢᠭᠤᠯ ᠢ ᠪᠥᠰ ᠯᠦᠭᠡ ᠬᠠᠮᠲᠤ ᠪᠠᠷ ᠬᠡᠪᠲᠡᠭᠰᠡᠨ ᠪᠤᠰᠤ᠂ ᠬᠠᠷᠢᠨ ᠲᠤᠰᠠᠭᠠᠷ ᠵᠦᠭ ᠲᠦᠷ ᠣᠷᠢᠶᠠᠭᠳᠠᠭᠰᠠᠭᠠᠷ ᠦᠵᠡᠪᠡᠢ᠃ 8ᠲᠡᠨᠳᠡ ᠤᠷᠢᠳᠠᠭᠠᠷ ᠪᠤᠯᠠᠰᠢᠨ ᠳᠤᠷ ᠬᠦᠷᠦᠭᠰᠡᠨ ᠥᠪᠡᠷ᠎ᠡ ᠱᠠᠪᠢ ᠠᠨᠤ ᠣᠷᠣᠵᠤ ᠦᠵᠡᠭᠡᠳ᠂ ᠢᠲᠡᠭᠡᠪᠡᠢ᠃ 9ᠲᠡᠷᠡ ᠶᠠᠭᠤᠨ ᠤ ᠲᠤᠯᠠ ᠬᠡᠮᠡᠪᠡᠰᠦ᠂ ᠢᠢᠰᠦᠰ ᠦᠨ ᠦᠬᠦᠯ ᠡᠴᠡ ᠠᠮᠢᠳᠤᠷᠠᠬᠤ ᠶᠣᠰᠤᠲᠤ ᠠᠬᠤᠢ ᠶᠢ ᠲᠡᠳᠡ ᠢᠨᠦ (ᠨᠣᠮ ᠤᠨ ᠳᠣᠲᠣᠷ᠎ᠠ) ᠪᠢᠴᠢᠭᠳᠡᠭᠰᠡᠨ ᠢ ᠣᠨᠤᠭ᠎ᠠ ᠡᠳᠦᠢ ᠪᠥᠯᠦᠭᠡ᠃ 10ᠲᠡᠶᠢᠨ ᠪᠥᠭᠡᠳ ᠲᠡᠳᠡ ᠱᠠᠪᠢᠨᠠᠷ ᠠᠨᠤ ᠭᠡᠷ ᠲᠡᠭᠡᠨ ᠬᠠᠷᠢᠪᠠᠢ᠃ 11ᠵᠦᠭᠡᠷ ᠮᠠᠷᠢᠶ᠎ᠠ ᠠᠨᠤ ᠪᠤᠯᠠᠰᠢᠨ ᠤ ᠭᠠᠳᠠᠨ᠎ᠠ ᠤᠶᠢᠯᠠᠵᠤ ᠪᠠᠶᠢᠯᠤᠭ᠎ᠠ᠃ ᠲᠡᠶᠢᠨ ᠬᠦ ᠤᠶᠢᠯᠠᠵᠤ ᠠᠲᠠᠯ᠎ᠠ ᠪᠤᠯᠠᠰᠢᠨ ᠤ ᠳᠣᠲᠣᠷ᠎ᠠ ᠬᠠᠷᠠᠬᠤᠶ᠎ᠠ ᠪᠥᠬᠦᠶᠢᠭᠡᠳ᠃ 12ᠲᠡᠨᠳᠡ ᠴᠠᠭᠠᠨ ᠬᠤᠪᠴᠠᠰᠤ ᠲᠤ ᠬᠣᠶᠠᠷ ᠠᠩᠭᠢᠯ ᠤᠨ ᠰᠠᠭᠤᠭᠰᠠᠨ ᠢ ᠦᠵᠡᠪᠡᠢ᠃ ᠢᠢᠰᠦᠰ ᠦᠨ ᠬᠡᠭᠦᠷ ᠦᠨ ᠬᠠᠮᠢᠭ᠎ᠠ ᠬᠡᠪᠲᠡᠭᠰᠡᠨ ᠲᠡᠨᠳᠡ ᠲᠡᠳᠡᠨ ᠦ ᠨᠢᠭᠡᠨ ᠢᠨᠦ ᠲᠡᠷᠢᠭᠦᠨ ᠦ ᠵᠦᠭ ᠲᠦᠷ ᠬᠢᠭᠡᠳ ᠨᠥᠭᠦᠭᠡ ᠢᠨᠦ ᠬᠥᠯ ᠦᠨ ᠦᠵᠦᠬᠦᠷᠡ ᠰᠠᠭ᠋ᠪᠠᠢ [ᠰᠠᠭᠤᠪᠠᠢ]᠃ 13ᠲᠡᠳᠡ ᠢᠨᠦ ᠮᠠᠷᠢᠶ᠎ᠠ ᠳᠤᠷ ᠥᠭᠦᠯᠡᠷᠦᠨ᠃ ᠡᠮ᠎ᠡ ᠡ᠂ ᠴᠢ ᠪᠡᠷ ᠶᠠᠭᠤᠨ ᠤ ᠲᠤᠯᠠ ᠤᠶᠢᠯᠠᠮᠤᠶᠤ᠃ ᠬᠡᠮᠡᠭᠰᠡᠨ ᠳᠦᠷ ᠮᠠᠷᠢᠶ᠎ᠠ ᠠᠨᠤ ᠲᠡᠳᠡᠨ ᠳᠦᠷ ᠡᠶᠢᠨ᠃ ᠮᠢᠨᠦ ᠡᠵᠡᠨ ᠦ ᠬᠡᠭᠦᠷ ᠢᠨᠦ ᠪᠤᠯᠠᠰᠢᠨ ᠠᠴᠠ ᠭᠠᠷᠭᠠᠭᠳᠠᠭᠠᠳ᠂ ᠬᠠᠮᠢᠭ᠎ᠠ ᠲᠠᠯᠪᠢᠭᠳᠠᠭᠰᠠᠨ ᠢ ᠪᠢ ᠪᠡᠷ ᠡᠰᠡ ᠮᠡᠳᠡᠮᠦᠢ᠃ 14ᠬᠡᠮᠡᠨ ᠥᠭᠦᠯᠡᠭᠡᠳ ᠬᠡᠲᠦᠷᠭᠡ ᠪᠡᠨ ᠡᠷᠭᠢᠨ ᠢᠢᠰᠦᠰ ᠦᠨ ᠲᠡᠨᠳᠡ ᠵᠣᠭᠰᠤᠬᠤᠢ ᠶᠢ ᠦᠵᠡᠪᠡᠢ᠃ ᠬᠠᠷᠢᠨ ᠢᠢᠰᠦᠰ ᠮᠥᠨ ᠠᠭᠰᠠᠨ ᠢ ᠡᠰᠡ ᠮᠡᠳᠡᠪᠡᠢ᠃ 15ᠢᠢᠰᠦᠰ ᠢᠨᠦ ᠲᠡᠭᠦᠨ ᠳᠦᠷ ᠡᠶᠢᠨ᠃ ᠡᠮ᠎ᠡ ᠡ᠂ ᠴᠢ ᠪᠡᠷ ᠶᠠᠭᠤᠨ ᠤ ᠲᠤᠯᠠ ᠤᠶᠢᠯᠠᠮᠤᠶᠤ᠃ ᠴᠢ ᠪᠡᠷ ᠬᠡᠨ ᠢ ᠪᠡᠳᠡᠷᠢᠮᠦᠶᠦ᠃ ᠬᠡᠮᠡᠨ ᠵᠠᠷᠯᠢᠭ ᠪᠣᠯᠤᠭᠰᠠᠨ ᠳᠤᠷ ᠲᠡᠷᠡ ᠢᠨᠦ (ᠢᠢᠰᠦᠰ) ᠢ ᠬᠦᠷᠢᠶᠡᠯᠡᠩ ᠦᠨ ᠡᠵᠡᠨ ᠪᠣᠯᠭᠠᠨ ᠡᠶᠢᠨ᠃ ᠨᠣᠶᠠᠨ ᠡ᠂ ᠬᠡᠷᠪᠡ ᠴᠢ ᠪᠡᠷ ᠲᠡᠭᠦᠨ ᠢ ᠠᠪᠤᠭᠰᠠᠨ ᠪᠣᠯᠪᠠᠰᠤ᠂ ᠬᠠᠮᠢᠭ᠎ᠠ ᠲᠠᠯᠪᠢᠭᠰᠠᠨ ᠢᠶᠠᠨ ᠨᠠᠳᠤᠷ ᠮᠡᠳᠡᠭᠦᠯᠦᠨ ᠬᠠᠶᠢᠷᠠᠯᠠ᠂ ᠲᠡᠶᠢᠨ ᠬᠦ ᠪᠢ ᠪᠡᠷ ᠲᠡᠭᠦᠨ ᠢ ᠠᠪᠠᠭᠠᠴᠢᠰᠤ᠃ 16ᠬᠡᠮᠡᠭᠰᠡᠨ ᠳᠦᠷ ᠢᠢᠰᠦᠰ ᠢᠨᠦ ᠲᠡᠭᠦᠨ ᠳᠦᠷ ᠡᠶᠢᠨ᠃ ᠮᠠᠷᠢᠶ᠎ᠠ᠃ ᠬᠡᠮᠡᠨ ᠵᠠᠷᠯᠢᠭ ᠪᠣᠯᠤᠭᠰᠠᠨ ᠳᠤᠷ ᠲᠡᠷᠡ ᠢᠨᠦ ᠲᠡᠭᠦᠨ ᠳᠦᠷ ᠡᠷᠭᠢᠵᠦ ᠡᠶᠢᠨ᠃ ᠷᠠᠪᠪᠣᠨᠢ ᠬᠡᠮᠡᠨ ᠠᠶᠢᠯᠠᠳᠬᠠᠪᠠᠢ᠃ ᠡᠨᠡ ᠬᠡᠮᠡᠪᠡᠰᠦ᠂ ᠪᠠᠭᠰᠢ ᠬᠡᠮᠡᠨ ᠤᠳᠬ᠎ᠠ ᠲᠤ ᠨᠡᠷ᠎ᠡ ᠪᠣᠯᠠᠢ᠃ 17ᠢᠢᠰᠦᠰ ᠢᠨᠦ ᠲᠡᠭᠦᠨ ᠳᠦᠷ ᠵᠠᠷᠯᠢᠭ ᠪᠣᠯᠤᠷᠤᠨ᠃ ᠮᠢᠨᠦ ᠪᠡᠶ᠎ᠡ ᠳᠦᠷ ᠭᠠᠷ ᠢᠶᠠᠨ ᠪᠦᠦ ᠬᠦᠷᠭᠡᠲᠦᠭᠡᠢ᠃ ᠲᠡᠷᠡ ᠶᠠᠭᠤᠨ ᠤ ᠲᠤᠯᠠ ᠬᠡᠮᠡᠪᠡᠰᠦ᠂ ᠪᠢ ᠪᠡᠷ ᠮᠢᠨᠦ ᠡᠴᠢᠭᠡ ᠳᠦᠷ ᠥᠭᠡᠳᠡ ᠪᠣᠯᠤᠭ᠎ᠠ ᠡᠳᠦᠢ᠃ ᠬᠠᠷᠢᠨ ᠴᠢ ᠪᠡᠷ ᠮᠢᠨᠦ ᠳᠡᠭᠦᠦ ᠨᠡᠷ ᠲᠦᠷ ᠣᠳᠤᠭᠠᠳ ᠲᠡᠳᠡᠨ ᠳᠦᠷ ᠡᠶᠢᠨ᠃ ᠪᠢ ᠪᠡᠷ ᠮᠢᠨᠦ ᠡᠴᠢᠭᠡ ᠳᠦᠷ ᠬᠢᠭᠡᠳ ᠲᠠᠨᠤ ᠡᠴᠢᠭᠡ ᠳᠦᠷ᠂ ᠮᠢᠨᠦ ᠪᠤᠷᠬᠠᠨ ᠳᠤᠷ ᠬᠢᠭᠡᠳ ᠲᠠᠨᠤ ᠪᠤᠷᠬᠠᠨ ᠳᠤᠷ ᠥᠭᠡᠳᠡ ᠪᠣᠯᠤᠮᠤᠢ᠃ ᠬᠡᠮᠡᠨ ᠮᠢᠨᠦ ᠥᠭᠦᠯᠡᠭᠰᠡᠨ ᠢ ᠮᠡᠳᠡᠭᠦᠯᠦᠨ ᠦᠢᠯᠡᠳ᠃ 18ᠬᠡᠮᠡᠨ ᠵᠠᠷᠯᠢᠭ ᠪᠣᠯᠤᠭᠰᠠᠨ ᠳᠤᠷ ᠮᠠᠷᠢᠶ᠎ᠠ ᠮᠠᠭᠳᠠᠯᠢᠨᠠ ᠠᠨᠤ ᠱᠠᠪᠢᠨᠠᠷ ᠲᠤᠷ ᠣᠳᠤᠭᠠᠳ᠂ ᠪᠢ ᠪᠡᠷ ᠡᠵᠡᠨ ᠢ ᠦᠵᠡᠪᠡᠢ᠃ ᠲᠡᠷᠡ ᠢᠨᠦ ᠡᠨᠡ ᠮᠡᠲᠦ ᠪᠡᠷ ᠨᠠᠳᠤᠷ ᠵᠠᠷᠯᠢᠭ ᠪᠣᠯᠤᠭᠰᠠᠨ ᠪᠤᠢ᠃ ᠬᠡᠮᠡᠨ ᠥᠭᠦᠯᠡᠪᠡᠢ᠃ 19ᠲᠡᠷᠡ ᠬᠦ ᠡᠳᠦᠷ ᠬᠡᠮᠡᠪᠡᠰᠦ᠂ ᠳᠣᠯᠣᠭᠠᠨ ᠡᠳᠦᠷ ᠦᠨ ᠲᠡᠷᠢᠭᠦᠨ ᠡᠳᠦᠷ ᠦᠨ ᠦᠳᠡᠰᠢᠨ ᠳᠦᠷ ᠱᠠᠪᠢᠨᠠᠷ ᠤᠨ ᠴᠢᠭᠤᠯᠤᠨ ᠶᠦᠳᠠᠲᠠᠨ ᠠᠴᠠ ᠠᠶᠤᠵᠤ ᠬᠠᠭᠠᠭᠳᠠᠭᠰᠠᠨ ᠡᠭᠦᠳᠡ ᠲᠡᠢ ᠪᠡᠷ ᠪᠠᠶᠢᠭᠰᠠᠨ ᠴᠠᠭ ᠲᠤᠷ ᠢᠢᠰᠦᠰ ᠢᠨᠦ ᠢᠷᠡᠭᠡᠳ ᠲᠡᠳᠡᠨ ᠦ ᠳᠤᠮᠳᠠ ᠪᠠᠶᠢᠵᠤ ᠡᠶᠢᠨ᠃ ᠲᠠᠨ ᠳᠤᠷ ᠠᠮᠤᠭᠤᠯᠠᠩ ᠪᠣᠯᠬᠤ ᠪᠣᠯᠲᠤᠭᠠᠢ᠃ 20ᠬᠡᠮᠡᠨ ᠵᠠᠷᠯᠢᠭ ᠪᠣᠯᠤᠭᠠᠳ ᠲᠡᠳᠡᠨ ᠳᠦᠷ ᠭᠠᠷ ᠬᠢᠭᠡᠳ ᠬᠠᠪᠢᠷᠭ᠎ᠠ ᠪᠠᠨ ᠦᠵᠡᠭᠦᠯᠪᠡᠢ᠃ ᠲᠡᠶᠢᠨ ᠬᠦ ᠱᠠᠪᠢᠨᠠᠷ ᠠᠨᠤ ᠡᠵᠡᠨ ᠢ ᠦᠵᠡᠭᠡᠳ ᠮᠠᠰᠢᠳᠠ ᠪᠠᠶᠠᠰᠪᠠᠢ᠃ 21ᠲᠡᠶᠢᠨ ᠪᠥᠭᠡᠳ ᠢᠢᠰᠦᠰ ᠢᠨᠦ ᠲᠡᠳᠡᠨ ᠳᠦᠷ ᠳ᠋ᠠᠬᠢᠨ ᠡᠶᠢᠨ ᠵᠠᠷᠯᠢᠭ ᠪᠣᠯᠤᠷᠤᠨ᠃ ᠲᠠᠨ ᠳᠤᠷ ᠠᠮᠤᠭᠤᠯᠠᠩ ᠪᠣᠯᠬᠤ ᠪᠣᠯᠲᠤᠭᠠᠢ᠃ ᠡᠴᠢᠭᠡ ᠢᠨᠦ ᠨᠠᠮᠠᠶᠢ ᠢᠯᠡᠭᠡᠭᠰᠡᠨ ᠮᠡᠲᠦ᠂ ᠲᠡᠭᠦᠨᠴᠢᠯᠡᠨ ᠪᠢ ᠪᠡᠷ ᠲᠠᠨ ᠢ ᠢᠯᠡᠭᠡᠮᠦᠢ᠃ 22ᠬᠡᠮᠡᠨ ᠵᠠᠷᠯᠢᠭ ᠪᠣᠯᠤᠭᠠᠳ ᠲᠡᠳᠡᠨ ᠦ ᠳᠡᠭᠡᠷ᠎ᠡ ᠦᠯᠢᠶᠡᠵᠦ ᠪᠠᠰᠠ ᠡᠶᠢᠨ᠃ ᠠᠷᠢᠭᠤᠨ ᠲᠣᠳᠤᠳᠬᠠᠯ ᠢ ᠠᠪᠤᠭᠲᠤᠨ᠃ ᠲᠠ ᠪᠡᠷ ᠠᠯᠢ ᠬᠡᠨ ᠦ ᠬᠢᠯᠢᠨᠴᠡᠰ ᠢ ᠬᠡᠯᠲᠦᠷᠢᠭᠦᠯᠬᠦ ᠪᠥᠭᠡᠰᠦ᠂ ᠲᠡᠳᠡ ᠢᠨᠦ ᠬᠡᠯᠲᠦᠷᠢᠭᠦᠯᠦᠭᠳᠡᠬᠦ ᠪᠣᠯᠤᠶᠤ᠃ 23ᠲᠠ ᠪᠡᠷ ᠠᠯᠢ ᠬᠡᠨ ᠦ ᠬᠢᠯᠢᠨᠴᠡᠰ ᠢ ᠪᠠᠶᠢᠯᠭᠠᠬᠤ ᠪᠥᠭᠡᠰᠦ᠂ ᠲᠡᠳᠡ ᠢᠨᠦ ᠪᠠᠶᠢᠯᠭᠠᠭᠳᠠᠬᠤ ᠪᠣᠯᠤᠶᠤ᠃ ᠬᠡᠮᠡᠨ ᠵᠠᠷᠯᠢᠭ ᠪᠣᠯᠪᠠᠢ ᠅ 24ᠠᠷᠪᠠᠨ ᠬᠣᠶᠠᠷ (ᠱᠠᠪᠢᠨᠠᠷ) ᠠᠴᠠ ᠨᠢᠭᠡ ᠪᠣᠯᠤᠭᠰᠠᠨ ᠲᠾᠣᠮᠠ᠋ ᠬᠡᠮᠡᠭᠴᠢ ᠳ᠋ᠢᠳᠢᠮ ᠠᠨᠤ ᠢᠢᠰᠦᠰ ᠦᠨ ᠢᠷᠡᠭᠰᠡᠨ ᠴᠠᠭ ᠲᠤᠷ ᠲᠡᠳᠡᠨ ᠯᠦᠭᠡ ᠦᠭᠡᠢ ᠪᠥᠯᠦᠭᠡ᠃ 25ᠲᠡᠶᠢᠮᠦ ᠶᠢᠨ ᠲᠤᠯᠠ ᠪᠤᠰᠤ ᠱᠠᠪᠢᠨᠠᠷ ᠠᠨᠤ ᠲᠡᠭᠦᠨ ᠳᠦᠷ ᠡᠶᠢᠨ᠃ ᠪᠢᠳᠡ ᠪᠡᠷ ᠡᠵᠡᠨ ᠢ ᠦᠵᠡᠭᠰᠡᠨ ᠪᠤᠢ᠃ ᠬᠡᠮᠡᠨ ᠥᠭᠦᠯᠡᠭᠰᠡᠨ ᠳᠦᠷ ᠥᠭᠦᠯᠡᠷᠦᠨ᠃ ᠬᠡᠷᠪᠡ ᠪᠢ ᠪᠡᠷ ᠲᠡᠭᠦᠨ ᠦ ᠮᠤᠲᠤᠷ ᠲᠤᠷ ᠬᠠᠳᠠᠭᠠᠰᠤᠳ ᠤᠨ ᠨᠦᠬᠡᠨ ᠢ ᠦᠯᠦ ᠦᠵᠡᠨ᠂ ᠲᠡᠳᠡ ᠬᠠᠳᠠᠭᠠᠰᠤᠨ ᠤᠨ ᠨᠦᠬᠡᠨ ᠳᠦᠷ ᠬᠤᠷᠤᠭᠤᠨ ᠢᠶᠠᠨ ᠦᠯᠦ ᠲᠠᠯᠪᠢᠨ᠂ ᠭᠠᠷ ᠢᠶᠠᠨ ᠲᠡᠭᠦᠨ ᠦ ᠬᠠᠪᠢᠷᠭᠠᠨ ᠤ ᠨᠦᠬᠡᠨ ᠳᠦᠷ ᠦᠯᠦ ᠲᠠᠯᠪᠢᠬᠤ ᠪᠥᠭᠡᠰᠦ ᠡᠯ᠎ᠡ᠂ ᠪᠢ ᠪᠡᠷ ᠦᠯᠦ ᠢᠲᠡᠭᠡᠬᠦ ᠪᠣᠯᠤᠶᠤ᠃ ᠬᠡᠮᠡᠯᠦᠭᠡ ᠅ 26ᠲᠡᠨᠳᠡᠴᠡ ᠳᠣᠯᠣᠭᠠᠨ ᠬᠣᠨᠣᠭ ᠤᠨ ᠥᠩᠭᠡᠷᠡᠭᠰᠡᠨ ᠦ ᠬᠣᠶᠢᠨᠠ᠂ ᠱᠠᠪᠢᠨᠠᠷ ᠠᠨᠤ ᠳ᠋ᠠᠬᠢᠨ ᠭᠡᠷ ᠲᠡᠭᠡᠨ ᠠᠭᠰᠠᠨ ᠪᠥᠭᠡᠳ᠂ ᠲᠾᠣᠮᠠ᠋ ᠴᠤ ᠲᠡᠳᠡᠨ ᠯᠦᠭᠡ ᠪᠥᠯᠦᠭᠡ᠃ ᠲᠡᠶᠢᠨ ᠪᠥᠭᠡᠳ ᠡᠭᠦᠳᠡᠨ ᠦ ᠬᠠᠭᠠᠯᠭ᠎ᠠ ᠲᠤ ᠪᠠᠷ ᠠᠭᠰᠠᠨ ᠳᠤᠷ ᠢᠢᠰᠦᠰ ᠢᠨᠦ ᠢᠷᠡᠭᠡᠳ᠂ ᠲᠡᠳᠡᠨ ᠦ ᠳᠤᠮᠳᠠ ᠪᠠᠶᠢᠵᠤ ᠡᠶᠢᠨ᠃ ᠲᠠᠨ ᠳᠤᠷ ᠠᠮᠤᠭᠤᠯᠠᠩ ᠪᠣᠯᠬᠤ ᠪᠣᠯᠲᠤᠭᠠᠢ᠃ 27ᠬᠡᠮᠡᠨ ᠵᠠᠷᠯᠢᠭ ᠪᠣᠯᠤᠭᠠᠳ᠂ ᠪᠠᠰᠠ ᠲᠾᠣᠮᠠ᠋ ᠳᠤᠷ ᠡᠶᠢᠨ᠃ ᠬᠤᠷᠤᠭᠤᠨ ᠢᠶᠠᠨ ᠢᠨᠠᠭᠰᠢ ᠥᠭᠴᠦ ᠮᠢᠨᠦ ᠭᠠᠷ ᠢ ᠦᠵᠡᠨ᠂ ᠭᠠᠷ ᠢᠶᠠᠨ ᠴᠤ ᠮᠢᠨᠦ ᠬᠠᠪᠢᠷᠭᠠᠨ ᠳᠤᠷ ᠲᠠᠯᠪᠢᠨ ᠦᠢᠯᠡᠳ᠃ ᠲᠡᠶᠢᠨ ᠬᠦ ᠰᠡᠵᠢᠭ ᠢᠶᠡᠨ ᠣᠭᠤᠷᠤᠨ ᠢᠲᠡᠭᠡᠯ ᠳᠦᠷ ᠣᠷᠣᠲᠤᠭᠠᠢ᠃ 28ᠬᠡᠮᠡᠨ ᠵᠠᠷᠯᠢᠭ ᠪᠣᠯᠤᠭᠰᠠᠨ ᠳᠤᠷ ᠲᠾᠣᠮᠠ᠋ ᠠᠨᠤ ᠡᠶᠢᠨ᠃ ᠮᠢᠨᠦ ᠡᠵᠡᠨ ᠬᠢᠭᠡᠳ ᠮᠢᠨᠦ ᠪᠤᠷᠬᠠᠨ ᠮᠥᠨ᠃ 29ᠬᠡᠮᠡᠨ ᠠᠶᠢᠯᠠᠳᠬᠠᠭᠰᠠᠨ ᠳᠤᠷ ᠢᠢᠰᠦᠰ ᠢᠨᠦ ᠲᠡᠭᠦᠨ ᠳᠦᠷ ᠡᠶᠢᠨ᠃ ᠲᠾᠣᠮᠠ᠋ ᠡ᠂ ᠴᠢ ᠪᠡᠷ ᠨᠠᠮᠠᠶᠢ ᠦᠵᠡᠭᠰᠡᠨ ᠦ ᠲᠤᠯᠠ ᠢᠲᠡᠭᠡᠮᠦᠢ᠃ ᠠᠯᠢ ᠬᠡᠨ ᠡᠰᠡ ᠦᠵᠡᠪᠡᠴᠦ ᠢᠲᠡᠭᠡᠭᠴᠢ ᠢᠨᠦ ᠠᠮᠤᠭᠤᠯᠠᠩ ᠪᠣᠯᠠᠢ᠃ ᠬᠡᠮᠡᠨ ᠵᠠᠷᠯᠢᠭ ᠪᠣᠯᠪᠠᠢ ᠅ 30ᠪᠠᠰᠠ ᠡᠨᠡ ᠬᠦ ᠨᠣᠮ ᠤᠨ ᠳᠣᠲᠣᠷ᠎ᠠ ᠡᠰᠡ ᠪᠢᠴᠢᠭᠳᠡᠭᠰᠡᠨ ᠪᠤᠰᠤ ᠣᠯᠠᠨ ᠭᠠᠶᠢᠬᠠᠮᠰᠢᠭ ᠤᠳ ᠢ ᠢᠢᠰᠦᠰ ᠢᠨᠦ ᠥᠪᠡᠷ ᠦᠨ ᠱᠠᠪᠢᠨᠠᠷ ᠤᠨ ᠡᠮᠦᠨ᠎ᠡ ᠦᠢᠯᠡᠳᠪᠡᠢ᠃ 31ᠬᠠᠷᠢᠨ ᠢᠢᠰᠦᠰ ᠢᠨᠦ ᠬᠡᠷᠢᠰᠲ᠋ᠣᠰ ᠪᠣᠯᠤᠨ ᠪᠤᠷᠬᠠᠨ ᠤ ᠬᠥᠪᠡᠭᠦᠨ ᠮᠥᠨ᠂ ᠬᠡᠮᠡᠨ ᠲᠠ ᠪᠡᠷ ᠢᠲᠡᠭᠡᠵᠦ᠂ ᠢᠲᠡᠭᠡᠭᠰᠡᠨ ᠢᠶᠡᠷ ᠢᠶᠡᠨ ᠲᠡᠭᠦᠨ ᠦ ᠨᠡᠷ᠎ᠡ ᠪᠡᠷ ᠠᠮᠢᠨ ᠳᠤᠷ ᠣᠷᠣᠰᠢᠬᠤ ᠪᠣᠯᠲᠤᠭᠠᠢ ᠬᠡᠮᠡᠨ ᠡᠳᠡ ᠪᠢᠴᠢᠭᠳᠡᠭᠰᠡᠨ ᠪᠤᠢ ᠅
Currently Selected:
ᠢᠣᠸᠠᠨ 20: MB1840
Highlight
Share
Copy
Want to have your highlights saved across all your devices? Sign up or sign in
Digital edition of the Mongolian translation published in 1840 (the Old Testament) and 1846 (the New Testament) by Edward Stallybrass and William Swan. Created by Bayarjargal Garamtseren and Simon Wong. Digital edition © United Bible Societies, 2020.

: