ᠢᠣᠸᠠᠨ 6
6
ᠵᠢᠷᠭᠤᠳᠤᠭᠠᠷ ᠪᠦᠯᠦᠭ ᠅
1ᠡᠭᠦᠨᠴᠡ ᠬᠣᠶᠢᠨᠠ ᠢᠢᠰᠦᠰ ᠢᠨᠦ ᠺᠠᠯᠢᠯᠢᠶ᠎ᠠ ᠶᠢᠨ ᠳᠠᠯᠠᠢ ᠶᠢ ᠭᠡᠲᠦᠯᠪᠡᠢ᠃ ᠲᠡᠷᠡ ᠬᠡᠮᠡᠪᠡᠰᠦ ᠲᠢᠪᠢᠷᠢᠶᠠᠰ ᠤᠨ ᠳᠠᠯᠠᠢ ᠮᠥᠨ᠃ 2ᠲᠡᠨᠳᠡ ᠮᠠᠰᠢ ᠣᠯᠠᠨ ᠤᠯᠤᠰ ᠠᠨᠤ ᠲᠡᠭᠦᠨ ᠦ ᠡᠪᠡᠳᠴᠢᠲᠡᠨ ᠳᠦᠷ ᠭᠠᠶᠢᠬᠠᠮᠰᠢᠭ ᠤᠳ ᠢ ᠦᠢᠯᠡᠳᠦᠭᠰᠡᠨ ᠢ ᠦᠵᠡᠭᠰᠡᠨ ᠦ ᠲᠤᠯᠠᠳᠠ ᠲᠡᠭᠦᠨ ᠢ ᠳᠠᠭᠠᠯᠴᠠᠪᠠᠢ᠃ 3ᠲᠡᠶᠢᠨ ᠬᠦ ᠢᠢᠰᠦᠰ ᠢᠨᠦ ᠨᠢᠭᠡᠨ ᠠᠭᠤᠯᠠᠨ ᠤ ᠳᠡᠭᠡᠷ᠎ᠡ ᠥᠭᠡᠳᠡ ᠪᠣᠯᠤᠭᠠᠳ ᠲᠡᠨᠳᠡ ᠥᠪᠡᠷ ᠦᠨ ᠱᠠᠪᠢᠨᠠᠷ ᠯᠤᠭ᠎ᠠ ᠰᠠᠭᠤᠪᠠᠢ᠃ 4ᠲᠡᠷᠡ ᠴᠠᠭ ᠲᠤᠷ ᠶᠦᠳᠠᠲᠠᠨ ᠤ ᠹᠠᠰᠬᠠ ᠨᠠᠶᠢᠷ ᠠᠨᠤ ᠰᠢᠳᠠᠷ ᠪᠣᠯᠪᠠᠢ᠃ 5ᠢᠢᠰᠦᠰ ᠢᠨᠦ ᠨᠢᠳᠦᠨ ᠢᠶᠡᠷ ᠰᠢᠷᠲᠡᠨ᠂ ᠮᠠᠰᠢ ᠣᠯᠠᠨ ᠤᠯᠤᠰ ᠤᠨ ᠲᠡᠭᠦᠨ ᠳᠦᠷ ᠢᠷᠡᠭᠰᠡᠨ ᠢ ᠦᠵᠡᠭᠡᠳ᠂ ᠹᠢᠯᠢᠪ ᠲᠦᠷ ᠵᠠᠷᠯᠢᠭ ᠪᠣᠯᠤᠷᠤᠨ᠃ ᠡᠳᠡᠨ ᠢ ᠢᠳᠡᠭᠦᠯᠬᠦᠢ ᠪᠣᠭᠤᠷᠰᠤᠭ ᠢ ᠪᠢᠳᠡ ᠪᠡᠷ ᠬᠠᠮᠢᠭ᠎ᠠ ᠠᠴᠠ ᠠᠪᠬᠤ ᠪᠤᠶᠤ᠃ 6ᠬᠡᠮᠡᠨ ᠲᠡᠭᠦᠨ ᠢ ᠰᠢᠨᠵᠢᠯᠡᠨ ᠵᠠᠷᠯᠢᠭ ᠪᠣᠯᠪᠠᠢ᠃ ᠬᠠᠷᠢᠨ ᠲᠡᠷᠡ ᠢᠨᠦ ᠶᠠᠭᠤᠨ ᠦᠢᠯᠡᠳᠬᠦ ᠪᠡᠨ ᠮᠡᠳᠡᠪᠡᠢ᠃ 7ᠹᠢᠯᠢᠪ ᠠᠨᠤ ᠲᠡᠭᠦᠨ ᠳᠦᠷ ᠬᠠᠷᠢᠭᠤ ᠠᠶᠢᠯᠠᠳᠬᠠᠷᠤᠨ᠃ ᠬᠣᠶᠠᠷ ᠵᠠᠭᠤᠨ ᠴᠢᠩᠯᠡ ᠶᠢᠨ ᠲᠡᠳᠦᠢ ᠪᠣᠭᠤᠷᠰᠤᠭ ᠠᠨᠤ ᠲᠤᠰᠪᠦᠷᠢ ᠶᠢᠨ ᠥᠴᠦᠬᠡᠨ ᠢᠶᠡᠷ ᠬᠦᠷᠲᠡᠬᠦ ᠶᠢᠨ ᠲᠤᠯᠠ ᠳᠤᠲᠠᠬᠤ ᠪᠤᠢ ᠵᠠ᠃ 8ᠲᠡᠭᠦᠨ ᠦ ᠱᠠᠪᠢᠨᠠᠷ ᠠᠴᠠ ᠨᠢᠭᠡᠨ ᠬᠡᠮᠡᠪᠡᠰᠦ᠂ ᠰᠢᠢᠮᠣᠨ ᠹᠢᠲ᠋ᠢᠷ ᠦᠨ ᠠᠨᠳᠠᠷᠢ ᠳᠡᠭᠦᠦ ᠢᠨᠦ ᠠᠶᠢᠯᠠᠳᠬᠠᠷᠤᠨ᠃ 9ᠡᠨᠳᠡ ᠲᠠᠪᠤᠨ ᠠᠷᠪᠠᠢ ᠪᠣᠭᠤᠷᠰᠤᠭ ᠬᠢᠭᠡᠳ ᠬᠣᠶᠠᠷ ᠵᠢᠭᠠᠰᠤ ᠲᠤ ᠨᠢᠭᠡᠨ ᠬᠥᠪᠡᠭᠦᠨ ᠪᠤᠢ᠃ ᠵᠦᠭᠡᠷ ᠲᠡᠷᠡ ᠮᠡᠲᠦ ᠣᠯᠠᠨ ᠤ ᠲᠤᠯᠠ ᠡᠳᠡ ᠢᠨᠦ ᠶᠠᠭᠤᠨ ᠪᠤᠶᠤ᠃ 10ᠢᠢᠰᠦᠰ ᠢᠨᠦ ᠵᠠᠷᠯᠢᠭ ᠪᠣᠯᠤᠷᠤᠨ᠃ ᠡᠳᠡ ᠬᠦᠮᠦᠨ ᠨᠦᠭᠦᠳ ᠢ ᠰᠠᠭᠤᠯᠭᠠᠭᠲᠤᠨ᠃ ᠬᠡᠮᠡᠨ ᠵᠠᠷᠯᠢᠭ ᠪᠣᠯᠪᠠᠢ᠃ ᠲᠡᠨᠳᠡ ᠶᠡᠬᠡ ᠨᠣᠭᠣᠨ ᠪᠥᠯᠦᠭᠡ᠃ ᠲᠡᠨᠳᠡ ᠲᠠᠪᠤᠨ ᠮᠢᠩᠭᠠᠨ ᠤ ᠲᠡᠳᠦᠢ ᠡᠷᠡᠰ ᠢᠨᠦ ᠰᠠᠭᠤᠪᠠᠢ᠃ 11ᠲᠡᠶᠢᠨ ᠪᠥᠭᠡᠳ ᠢᠢᠰᠦᠰ ᠢᠨᠦ ᠪᠣᠭᠤᠷᠰᠤᠭ ᠢ ᠠᠪᠤᠭᠠᠳ᠂ ᠮᠠᠭᠲᠠᠭᠠᠯ ᠢ ᠡᠷᠭᠦᠭᠰᠡᠨ ᠢ ᠬᠣᠶᠢᠨᠠ ᠱᠠᠪᠢᠨᠠᠷ ᠲᠠᠭᠠᠨ ᠥᠭᠪᠡᠢ᠃ ᠱᠠᠪᠢᠨᠠᠷ ᠴᠤ ᠰᠠᠭᠤᠭᠰᠠᠳ ᠲᠤᠷ (ᠥᠭᠪᠡᠢ)᠃ ᠪᠠᠰᠠ ᠲᠡᠷᠡ ᠢᠨᠦ ᠲᠡᠷᠡ ᠮᠡᠲᠦ ᠪᠡᠷ ᠲᠡᠳᠡᠨ ᠦ ᠳᠤᠷᠠᠰᠢᠭᠰᠠᠨ ᠢᠶᠠᠷ ᠵᠢᠭᠠᠰᠤᠨ ᠠᠴᠠ ᠲᠡᠳᠡᠨ ᠳᠦᠷ ᠥᠭᠪᠡᠢ᠃ 12ᠲᠡᠳᠡᠨ ᠦ ᠴᠠᠳᠤᠭᠰᠠᠨ ᠤ ᠬᠣᠶᠢᠨᠠ (ᠢᠢᠰᠦᠰ ᠢᠨᠦ) ᠱᠠᠪᠢᠨᠠᠷ ᠲᠠᠭᠠᠨ ᠵᠠᠷᠯᠢᠭ ᠪᠣᠯᠤᠷᠤᠨ᠃ ᠶᠠᠭᠤᠨ ᠴᠤ ᠦᠯᠦ ᠬᠣᠮᠰᠠᠳᠬᠤ ᠶᠢᠨ ᠲᠤᠯᠠ ᠦᠯᠡᠳᠡᠭᠰᠡᠨ ᠦᠢᠷᠡᠮᠡᠭ ᠢ ᠬᠤᠷᠢᠶᠠᠭᠲᠤᠨ᠃ 13ᠬᠡᠮᠡᠨ ᠵᠠᠷᠯᠢᠭ ᠪᠣᠯᠤᠭᠰᠠᠨ ᠢᠶᠠᠷ ᠲᠡᠳᠡ ᠢᠨᠦ ᠬᠤᠷᠢᠶᠠᠭᠠᠳ᠂ ᠲᠠᠪᠤᠨ ᠠᠷᠪᠠᠢ ᠪᠣᠭᠤᠷᠰᠤᠭ ᠠᠴᠠ ᠢᠳᠡᠭᠰᠡᠨ ᠤᠯᠤᠰ ᠤᠨ ᠦᠯᠡᠭᠡᠭᠰᠡᠨ ᠦᠢᠷᠡᠮᠡᠭ ᠢᠶᠡᠷ ᠠᠷᠪᠠᠨ ᠬᠣᠶᠠᠷ ᠰᠡᠪᠦᠭ ᠰᠠᠪᠠ ᠶᠢ ᠳᠦᠭᠦᠷᠭᠡᠪᠡᠢ᠃ 14ᠲᠡᠶᠢᠨ ᠪᠥᠭᠡᠲᠡᠯ᠎ᠡ ᠡᠳᠡ ᠬᠦᠮᠦᠨ ᠨᠦᠭᠦᠳ ᠢᠨᠦ ᠢᠢᠰᠦᠰ ᠦᠨ ᠦᠢᠯᠡᠳᠦᠭᠰᠡᠨ ᠭᠠᠶᠢᠬᠠᠮᠰᠢᠭ ᠢ ᠦᠵᠡᠭᠡᠳ᠂ ᠦᠨᠡᠬᠡᠷ ᠡᠨᠡ ᠢᠨᠦ ᠶᠢᠷᠲᠢᠨᠴᠦ ᠳᠦᠷ ᠢᠷᠡᠬᠦ ᠹᠣᠷᠣᠹᠢᠳ ᠮᠥᠨ᠂ ᠬᠡᠮᠡᠨ ᠥᠭᠦᠯᠡᠯᠳᠦᠪᠡᠢ᠃ 15ᠲᠡᠶᠢᠨ ᠪᠥᠭᠡᠳ ᠲᠡᠳᠡᠨ ᠦ ᠢᠷᠡᠵᠦ ᠲᠡᠭᠦᠨ ᠢ ᠬᠠᠭᠠᠨ ᠪᠣᠯᠭᠠᠬᠤᠶ᠎ᠠ ᠲᠤᠭᠤᠷᠪᠢᠭᠰᠠᠨ ᠢ ᠢᠢᠰᠦᠰ ᠢᠨᠦ ᠮᠡᠳᠡᠵᠦ ᠠᠶᠢᠯᠠᠳᠤᠭᠠᠳ᠂ ᠠᠭᠤᠯᠠᠨ ᠤ ᠳᠡᠭᠡᠷ᠎ᠡ ᠭᠠᠭᠴᠠᠭᠠᠷ ᠳ᠋ᠠᠬᠢᠨ ᠬᠣᠯᠠᠳᠠᠨ ᠥᠭᠡᠳᠡ ᠪᠣᠯᠪᠠᠢ ᠅ 16ᠲᠡᠶᠢᠨ ᠪᠥᠭᠡᠳ ᠦᠳᠡᠰᠢ ᠪᠣᠯᠤᠭᠰᠠᠨ ᠳᠤᠷ ᠲᠡᠭᠦᠨ ᠦ ᠱᠠᠪᠢᠨᠠᠷ ᠠᠨᠤ ᠳᠠᠯᠠᠢ ᠶᠢᠨ ᠲᠡᠰᠢ ᠪᠠᠭᠤᠭᠠᠳ᠃ 17ᠨᠢᠭᠡᠨ ᠣᠩᠭᠤᠴᠠ ᠳᠤᠷ ᠣᠷᠣᠭᠠᠳ ᠺᠠᠹᠢᠷᠨᠠ᠋ ᠦᠮ ᠤᠨ ᠡᠲᠡᠭᠡᠳᠡ ᠭᠡᠲᠦᠯᠪᠡᠢ᠃ ᠲᠡᠷᠡ ᠵᠠᠭᠤᠷ᠎ᠠ ᠬᠠᠷᠠᠩᠭᠤᠢ ᠪᠣᠯᠤᠭᠰᠠᠨ ᠪᠥᠭᠡᠳ᠂ ᠢᠢᠰᠦᠰ ᠢᠨᠦ ᠲᠡᠳᠡᠨ ᠳᠦᠷ ᠡᠰᠡ ᠢᠷᠡᠭᠰᠡᠨ ᠪᠥᠯᠦᠭᠡ᠃ 18ᠲᠡᠶᠢᠨ ᠬᠦ ᠰᠠᠯᠬᠢᠨ ᠶᠡᠬᠡᠳᠡ ᠰᠠᠯᠬᠢᠯᠠᠬᠤᠢ ᠳᠤᠷ ᠳᠠᠯᠠᠢ ᠠᠨᠤ ᠮᠠᠰᠢ ᠳᠠᠪᠠᠯᠭ᠎ᠠ ᠲᠤ ᠪᠣᠯᠪᠠᠢ᠃ 19ᠲᠡᠳᠡ (ᠱᠠᠪᠢᠨᠠᠷ) ᠠᠨᠤ ᠬᠣᠷᠢᠨ ᠲᠠᠪᠤᠨ ᠡᠰᠡᠪᠡᠰᠦ ᠭᠤᠴᠢᠨ ᠲᠥᠰᠦᠷ ᠭᠠᠵᠠᠷ ᠤᠨ ᠲᠡᠳᠦᠢ ᠰᠡᠯᠪᠢᠳᠡᠭᠡᠳ᠂ ᠢᠢᠰᠦᠰ ᠦᠨ ᠤᠰᠤᠨ ᠤ ᠳᠡᠭᠡᠷ᠎ᠡ ᠶᠠᠪᠤᠭᠠᠨ ᠢᠶᠠᠷ ᠶᠠᠪᠤᠵᠤ᠂ ᠣᠩᠭᠤᠴᠠ ᠳᠤᠷ ᠰᠢᠳᠠᠷᠳᠠᠬᠤᠢ ᠶᠢ ᠦᠵᠡᠭᠡᠳ ᠠᠶᠤᠪᠠᠢ᠃ 20ᠲᠡᠷᠡ ᠢᠨᠦ ᠲᠡᠳᠡᠨ ᠳᠦᠷ ᠵᠠᠷᠯᠢᠭ ᠪᠣᠯᠤᠷᠤᠨ᠃ ᠡᠨᠡ ᠪᠢ ᠪᠤᠢ᠃ ᠪᠦᠦ ᠠᠶᠤᠭᠲᠤᠨ᠃ 21ᠲᠡᠶᠢᠨ ᠪᠥᠭᠡᠳ ᠲᠡᠳᠡ ᠢᠨᠦ ᠲᠡᠭᠦᠨ ᠢ ᠣᠩᠭᠤᠴᠠ ᠳᠤᠷ ᠳᠤᠷ᠎ᠠ ᠲᠤ ᠪᠠᠷ ᠣᠷᠣᠭᠤᠯᠪᠠᠢ᠃ ᠣᠩᠭᠤᠴᠠ ᠠᠨᠤ ᠭᠡᠨᠡᠳᠲᠡ ᠲᠡᠳᠡᠨ ᠦ ᠵᠣᠷᠢᠭᠰᠠᠨ ᠭᠠᠵᠠᠷ ᠲᠤᠷ ᠬᠦᠷᠪᠡᠢ᠃ 22ᠲᠡᠭᠦᠨ ᠦ ᠮᠠᠨᠠᠭᠠᠷ ᠳᠠᠯᠠᠢ ᠶᠢᠨ ᠬᠥᠪᠡᠭᠡᠨ ᠳᠦᠷ ᠠᠭᠰᠠᠨ ᠤᠯᠤᠰ ᠠᠨᠤ ᠲᠡᠭᠦᠨ ᠦ ᠱᠠᠪᠢᠨᠠᠷ ᠤᠨ ᠣᠷᠣᠭᠰᠠᠨ ᠣᠩᠭᠤᠴᠠ ᠠᠴᠠ ᠪᠤᠰᠤ ᠣᠩᠭᠤᠴᠠ ᠲᠡᠨᠳᠡ ᠦᠭᠡᠢ ᠠᠭᠰᠠᠨ ᠪᠥᠭᠡᠳ᠂ ᠢᠢᠰᠦᠰ ᠦᠨ ᠲᠡᠭᠦᠨ ᠦ ᠱᠠᠪᠢᠨᠠᠷ ᠯᠤᠭ᠎ᠠ ᠡᠰᠡ ᠣᠳᠤᠭᠰᠠᠨ ᠪᠠ᠂ ᠱᠠᠪᠢᠨᠠᠷ ᠤᠨ ᠲᠤᠰᠠᠭᠠᠷ ᠣᠳᠤᠭᠰᠠᠨ ᠢ ᠮᠡᠳᠡᠪᠡᠢ᠃ 23ᠵᠦᠭᠡᠷ ᠪᠤᠰᠤ ᠣᠩᠭᠤᠴᠠᠰ ᠠᠨᠤ ᠡᠵᠡᠨ ᠦ ᠮᠠᠭᠲᠠᠭᠰᠠᠨ ᠤ ᠬᠣᠶᠢᠨᠠ ᠲᠡᠳᠡᠨ ᠦ ᠪᠣᠭᠤᠷᠰᠤᠭ ᠢ ᠢᠳᠡᠭᠰᠡᠨ ᠭᠠᠵᠠᠷ ᠤᠨ ᠣᠶᠢᠷ᠎ᠠ ᠲᠢᠪᠢᠷᠢᠶᠠᠰ ᠠᠴᠠ ᠢᠷᠡᠭᠰᠡᠨ ᠪᠥᠯᠦᠭᠡ᠃ 24ᠲᠡᠶᠢᠨ ᠠᠬᠤᠶ᠎ᠠ ᠤᠯᠤᠰ ᠠᠨᠤ ᠢᠢᠰᠦᠰ ᠬᠢᠭᠡᠳ ᠲᠡᠭᠦᠨ ᠦ ᠱᠠᠪᠢᠨᠠᠷ ᠤᠨ ᠲᠡᠨᠳᠡ ᠡᠰᠡ ᠠᠭᠰᠠᠨ ᠢ ᠦᠵᠡᠭᠡᠳ᠂ ᠣᠩᠭᠤᠴᠠᠰ ᠲᠤᠷ ᠣᠷᠣᠵᠤ ᠢᠢᠰᠦᠰ ᠢ ᠪᠡᠳᠡᠷᠢᠨ ᠺᠠᠹᠢᠷᠨᠠ᠋ ᠦᠮ ᠳᠤᠷ ᠬᠦᠷᠦᠭᠡᠳ᠃ 25ᠲᠡᠭᠦᠨ ᠢ ᠳᠠᠯᠠᠢ ᠶᠢᠨ ᠴᠢᠨᠠᠳᠤ ᠡᠲᠡᠭᠡᠳᠡ ᠣᠯᠤᠭᠠᠳ ᠲᠡᠭᠦᠨ ᠳᠦᠷ ᠠᠶᠢᠯᠠᠳᠬᠠᠷᠤᠨ᠃ ᠪᠠᠭᠰᠢ ᠡ᠂ ᠴᠢ ᠪᠡᠷ ᠬᠡᠵᠢᠶ᠎ᠡ ᠡᠨᠳᠡ ᠢᠷᠡᠪᠦᠦ᠃ 26ᠢᠢᠰᠦᠰ ᠢᠨᠦ ᠲᠡᠳᠡᠨ ᠳᠦᠷ ᠬᠠᠷᠢᠭᠤ ᠵᠠᠷᠯᠢᠭ ᠪᠣᠯᠤᠷᠤᠨ᠃ ᠮᠢᠨᠦ ᠲᠠᠨ ᠳᠤᠷ ᠮᠠᠭᠠᠳᠯᠠᠨ ᠥᠭᠦᠯᠡᠬᠦᠢ ᠢᠨᠦ᠂ ᠲᠠ ᠪᠡᠷ ᠭᠠᠶᠢᠬᠠᠮᠰᠢᠭ ᠤᠳ ᠢ ᠦᠵᠡᠭᠰᠡᠨ ᠦ ᠲᠤᠯᠠ ᠪᠤᠰᠤ᠂ ᠬᠠᠷᠢᠨ ᠪᠣᠭᠤᠷᠰᠤᠭ ᠠᠴᠠ ᠢᠳᠡᠭᠡᠳ ᠴᠠᠳᠤᠭᠰᠠᠨ ᠤ ᠲᠤᠯᠠ ᠨᠠᠮᠠᠶᠢ ᠪᠡᠳᠡᠷᠢᠮᠦᠢ᠃ 27ᠲᠠ ᠪᠡᠷ ᠪᠠᠷᠠᠭᠳᠠᠬᠤᠢ ᠲᠡᠵᠢᠭᠡᠯ ᠦᠨ ᠲᠤᠯᠠ ᠪᠤᠰᠤ᠂ ᠬᠠᠷᠢᠨ ᠬᠦᠮᠦᠨ ᠲᠥᠷᠥᠯᠬᠢᠲᠦ ᠶᠢᠨ ᠲᠠᠨ ᠳᠤᠷ ᠥᠭᠬᠦᠢ ᠪᠠ ᠮᠥᠩᠬᠡ ᠠᠮᠢᠨ ᠳᠤᠷ ᠪᠠᠶᠢᠬᠤᠢ ᠲᠡᠵᠢᠭᠡᠯ ᠦᠨ ᠲᠤᠯᠠ ᠰᠢᠮᠳᠠᠭᠲᠤᠨ᠃ ᠲᠡᠷᠡ ᠶᠠᠭᠤᠨ ᠤ ᠲᠤᠯᠠ ᠬᠡᠮᠡᠪᠡᠰᠦ᠂ ᠲᠡᠭᠦᠨ ᠢ ᠡᠴᠢᠭᠡ ᠪᠤᠷᠬᠠᠨ ᠠᠨᠤ ᠲᠠᠮᠠᠭᠠᠯᠠᠨ ᠲᠣᠭᠲᠠᠭᠠᠭᠰᠠᠨ ᠪᠤᠢ᠃ 28ᠲᠡᠶᠢᠨ ᠪᠥᠭᠡᠳ ᠲᠡᠳᠡ ᠢᠨᠦ ᠲᠡᠭᠦᠨ ᠳᠦᠷ ᠠᠶᠢᠯᠠᠳᠬᠠᠷᠤᠨ᠃ ᠪᠢᠳᠡ ᠪᠡᠷ ᠪᠤᠷᠬᠠᠨ ᠤ ᠦᠢᠯᠡ ᠶᠢ ᠪᠦᠲᠦᠭᠡᠬᠦ ᠶᠢᠨ ᠲᠤᠯᠠ ᠶᠠᠭᠤᠨ ᠢ ᠦᠢᠯᠡᠳᠬᠦ ᠪᠤᠶᠤ᠃ 29ᠢᠢᠰᠦᠰ ᠢᠨᠦ ᠲᠡᠳᠡᠨ ᠳᠦᠷ ᠬᠠᠷᠢᠭᠤ ᠵᠠᠷᠯᠢᠭ ᠪᠣᠯᠤᠷᠤᠨ᠃ ᠪᠤᠷᠬᠠᠨ ᠤ ᠦᠢᠯᠡ ᠬᠡᠮᠡᠪᠡᠰᠦ᠂ ᠲᠡᠭᠦᠨ ᠦ ᠢᠯᠡᠭᠡᠭᠰᠡᠨ ᠳᠦᠷ ᠢᠲᠡᠭᠡᠬᠦᠢ ᠢᠨᠦ ᠮᠥᠨ ᠪᠣᠯᠠᠢ᠃ 30ᠲᠡᠳᠡ ᠢᠨᠦ ᠲᠡᠭᠦᠨ ᠳᠦᠷ ᠠᠶᠢᠯᠠᠳᠬᠠᠷᠤᠨ᠃ ᠲᠡᠶᠢᠨ ᠪᠥᠭᠡᠳ ᠪᠢᠳᠡᠨ ᠦ ᠦᠵᠡᠭᠡᠳ ᠴᠢᠮᠠᠳᠤᠷ ᠢᠲᠡᠭᠡᠬᠦ ᠶᠢᠨ ᠲᠤᠯᠠ ᠴᠢ ᠪᠡᠷ ᠶᠠᠮᠪᠠᠷ ᠪᠡᠯᠭᠡ ᠶᠢ ᠦᠢᠯᠡᠳᠦᠮᠦᠶᠦ᠃ ᠴᠢ ᠪᠡᠷ ᠶᠠᠭᠤᠨ ᠢ ᠪᠦᠲᠦᠭᠡᠮᠦᠶᠦ᠃ 31ᠪᠢᠳᠡᠨ ᠦ ᠣᠪᠤᠭ ᠡᠴᠢᠭᠡᠨᠠᠷ ᠢᠨᠦ ᠭᠣᠪᠢ ᠳᠤᠷ ᠮᠠ ᠨᠠ᠋ ᠶᠢ ᠢᠳᠡᠪᠡᠢ ᠬᠡᠮᠡᠪᠡᠰᠦ᠂ ᠪᠢᠴᠢᠭᠳᠡᠭᠰᠡᠨ ᠢᠨᠦ ᠡᠶᠢᠨ᠃ ᠲᠡᠷᠡ ᠢᠨᠦ ᠲᠡᠳᠡᠨ ᠳᠦᠷ ᠣᠭᠲᠠᠷᠭᠤᠢ ᠠᠴᠠ ᠪᠣᠭᠤᠷᠰᠤᠭ ᠢ ᠢᠳᠡᠬᠦᠶ᠎ᠡ ᠥᠭᠪᠡᠢ᠃ 32ᠢᠢᠰᠦᠰ ᠢᠨᠦ ᠲᠡᠳᠡᠨ ᠳᠦᠷ ᠵᠠᠷᠯᠢᠭ ᠪᠣᠯᠤᠷᠤᠨ᠃ ᠮᠢᠨᠦ ᠲᠠᠨ ᠳᠤᠷ ᠮᠠᠭᠠᠳᠯᠠᠨ ᠥᠭᠦᠯᠡᠬᠦᠢ ᠢᠨᠦ᠂ ᠣᠭᠲᠠᠷᠭᠤᠢ ᠠᠴᠠ ᠪᠣᠭᠤᠷᠰᠤᠭ ᠢ ᠮᠣᠰᠢ ᠠᠨᠤ ᠲᠠᠨ ᠳᠤᠷ ᠡᠰᠡ ᠥᠭᠪᠡᠢ᠃ ᠬᠠᠷᠢᠨ ᠮᠢᠨᠦ ᠡᠴᠢᠭᠡ ᠢᠨᠦ ᠣᠭᠲᠠᠷᠭᠤᠢ ᠠᠴᠠ ᠦᠨᠡᠨ ᠪᠣᠭᠤᠷᠰᠤᠭ ᠢ ᠲᠠᠨ ᠳᠤᠷ ᠥᠭᠭᠦᠮᠦᠢ᠃ 33ᠲᠡᠷᠡ ᠶᠠᠭᠤᠨ ᠤ ᠲᠤᠯᠠ ᠬᠡᠮᠡᠪᠡᠰᠦ᠂ ᠣᠭᠲᠠᠷᠭᠤᠢ ᠠᠴᠠ ᠪᠠᠭᠤᠵᠤ ᠶᠢᠷᠲᠢᠨᠴᠦ ᠳᠦᠷ ᠠᠮᠢᠨ ᠢ ᠥᠭᠭᠦᠭᠴᠢ ᠢᠨᠦ ᠪᠤᠷᠬᠠᠨ ᠤ ᠪᠣᠭᠤᠷᠰᠤᠭ ᠮᠥᠨ ᠪᠣᠯᠠᠢ᠃ 34ᠲᠡᠳᠡ ᠢᠨᠦ ᠲᠡᠭᠦᠨ ᠳᠦᠷ ᠠᠶᠢᠯᠠᠳᠬᠠᠷᠤᠨ᠃ ᠡᠵᠡᠨ ᠡ᠂ ᠲᠡᠷᠡ ᠬᠦ ᠪᠣᠭᠤᠷᠰᠤᠭ ᠢ ᠪᠢᠳᠡᠨ ᠳᠦᠷ ᠦᠷᠭᠦᠯᠵᠢᠳᠡ ᠥᠭᠭᠦᠨ ᠰᠣᠶᠤᠷᠬ᠎ᠠ᠃ 35ᠬᠡᠮᠡᠭᠰᠡᠨ ᠳᠦᠷ ᠢᠢᠰᠦᠰ ᠢᠨᠦ ᠲᠡᠳᠡᠨ ᠳᠦᠷ ᠵᠠᠷᠯᠢᠭ ᠪᠣᠯᠤᠷᠤᠨ᠃ ᠪᠢ ᠪᠡᠷ ᠠᠮᠢᠨ ᠤ ᠪᠣᠭᠤᠷᠰᠤᠭ ᠮᠥᠨ᠃ ᠨᠠᠳᠤᠷ ᠢᠷᠡᠭᠴᠢ ᠢᠨᠦ ᠦᠷᠭᠦᠯᠵᠢᠳᠡ ᠦᠯᠦ ᠥᠯᠥᠰᠬᠦ ᠪᠥᠭᠡᠳ᠂ ᠨᠠᠳᠤᠷ ᠢᠲᠡᠭᠡᠭᠴᠢ ᠢᠨᠦ ᠦᠷᠭᠦᠯᠵᠢᠳᠡ ᠦᠯᠦ ᠤᠮᠳᠠᠭᠠᠰᠬᠤ ᠪᠣᠯᠤᠶᠤ᠃ 36ᠵᠦᠭᠡᠷ ᠲᠠ ᠪᠡᠷ ᠨᠠᠮᠠᠶᠢ ᠦᠵᠡᠭᠰᠡᠨ ᠪᠣᠯᠪᠠᠴᠤ ᠨᠠᠳᠤᠷ ᠡᠰᠡ ᠢᠲᠡᠭᠡᠪᠡᠢ᠂ ᠬᠡᠮᠡᠨ ᠪᠢ ᠪᠡᠷ ᠲᠠᠨ ᠳᠤᠷ ᠥᠭᠦᠯᠡᠭᠰᠡᠨ ᠪᠤᠢ᠃ 37ᠡᠴᠢᠭᠡ ᠶᠢᠨ ᠨᠠᠳᠤᠷ ᠥᠭᠭᠦᠭᠰᠡᠨ ᠪᠦᠭᠦᠳᠡᠭᠡᠷ ᠨᠠᠳᠤᠷ ᠢᠷᠡᠬᠦ ᠪᠥᠭᠡᠳ᠂ ᠨᠠᠳᠤᠷ ᠢᠷᠡᠭᠴᠢ ᠶᠢ ᠪᠢ ᠪᠡᠷ ᠦᠯᠦ ᠭᠠᠷᠭᠠᠬᠤ ᠪᠤᠢ᠃ 38ᠲᠡᠷᠡ ᠶᠠᠭᠤᠨ ᠤ ᠲᠤᠯᠠ ᠬᠡᠮᠡᠪᠡᠰᠦ᠂ ᠪᠢ ᠪᠡᠷ ᠥᠪᠡᠷ ᠦᠨ ᠲᠠᠭᠠᠯᠠᠯ ᠢ ᠦᠯᠦ ᠪᠦᠲᠦᠭᠡᠨ᠂ ᠨᠠᠮᠠᠶᠢ ᠢᠯᠡᠭᠡᠭᠰᠡᠨ ᠦ ᠲᠠᠭᠠᠯᠠᠯ ᠢ ᠪᠦᠲᠦᠭᠡᠬᠦ ᠶᠢᠨ ᠲᠤᠯᠠ ᠣᠭᠲᠠᠷᠭᠤᠢ ᠠᠴᠠ ᠪᠠᠭᠤᠭᠰᠠᠨ ᠪᠤᠢ᠃ 39ᠨᠠᠮᠠᠶᠢ ᠢᠯᠡᠭᠡᠭᠰᠡᠨ ᠦ ᠲᠠᠭᠠᠯᠠᠯ ᠬᠡᠮᠡᠪᠡᠰᠦ᠂ ᠲᠡᠭᠦᠨ ᠦ ᠨᠠᠳᠤᠷ ᠬᠠᠮᠤᠭ ᠥᠭᠭᠦᠭᠰᠡᠨ ᠡᠴᠡ ᠮᠢᠨᠦ ᠶᠠᠭᠤᠬᠠᠨ ᠢ ᠦᠯᠦ ᠭᠡᠭᠡᠵᠦ᠂ ᠡᠰᠦᠰᠳᠡᠬᠢ [ᠡᠴᠦᠰᠳᠡᠬᠢ] ᠡᠳᠦᠷ᠎ᠡ ᠠᠮᠢᠳᠤᠷᠠᠭᠤᠯᠬᠤᠢ ᠠᠨᠤ ᠮᠥᠨ ᠪᠣᠯᠠᠢ᠃ 40ᠨᠠᠮᠠᠶᠢ ᠢᠯᠡᠭᠡᠭᠰᠡᠨ ᠦ ᠲᠠᠭᠠᠯᠠᠯ ᠬᠡᠮᠡᠪᠡᠰᠦ᠂ ᠬᠥᠪᠡᠭᠦᠨ ᠢ ᠦᠵᠡᠨ ᠲᠡᠭᠦᠨ ᠳᠦᠷ ᠢᠲᠡᠭᠡᠭᠴᠢ ᠲᠤᠰᠪᠦᠷᠢ ᠶᠢᠨ ᠮᠥᠩᠬᠡ ᠠᠮᠢᠨ ᠢ ᠣᠯᠬᠤᠢ ᠠᠨᠤ ᠲᠡᠷᠡ ᠮᠥᠨ ᠪᠣᠯᠠᠢ᠃ ᠪᠢ ᠴᠤ ᠡᠴᠦᠰᠳᠡᠬᠢ ᠡᠳᠦᠷ᠎ᠡ ᠲᠡᠭᠦᠨ ᠢ ᠠᠮᠢᠳᠤᠷᠠᠭᠤᠯᠬᠤ ᠪᠣᠯᠤᠶᠤ᠃ 41ᠬᠡᠮᠡᠨ ᠵᠠᠷᠯᠢᠭ ᠪᠣᠯᠤᠭᠰᠠᠨ᠋ᠠ ᠶᠦᠳᠠᠲᠠᠨ ᠢᠨᠦ ᠪᠢ ᠪᠡᠷ ᠣᠭᠲᠠᠷᠭᠤᠢ ᠠᠴᠠ ᠪᠠᠭᠤᠭᠰᠠᠨ ᠪᠣᠭᠤᠷᠰᠤᠭ ᠮᠥᠨ᠂ ᠬᠡᠮᠡᠨ ᠲᠡᠭᠦᠨ ᠦ ᠵᠠᠷᠯᠢᠭ ᠪᠣᠯᠤᠭᠰᠠᠨ ᠤ ᠲᠤᠯᠠ ᠮᠠᠭᠤᠯᠠᠵᠤ ᠥᠭᠦᠯᠡᠯᠳᠦᠷᠦᠨ᠃ 42ᠡᠨᠡ ᠢᠨᠦ ᠢᠢᠰᠦᠰ ᠪᠣᠯᠤᠨ ᠶᠣᠰᠢᠪ ᠤᠨ ᠬᠥᠪᠡᠭᠦᠨ ᠪᠢᠰᠢᠶᠦ᠃ ᠪᠢᠳᠡ ᠪᠡᠷ ᠲᠡᠭᠦᠨ ᠦ ᠡᠴᠢᠭᠡ ᠬᠢᠭᠡᠳ ᠡᠬᠡ ᠶᠢ ᠲᠠᠨᠢᠳᠠᠭ ᠪᠢᠰᠢᠶᠦ᠃ ᠪᠢ ᠪᠡᠷ ᠣᠭᠲᠠᠷᠭᠤᠢ ᠠᠴᠠ ᠪᠠᠭᠤᠪᠠᠢ᠂ ᠬᠡᠮᠡᠨ ᠲᠡᠷᠡ ᠢᠨᠦ ᠶᠠᠬᠢᠨ ᠥᠭᠦᠯᠡᠮᠦᠶᠦ᠃ 43ᠢᠢᠰᠦᠰ ᠢᠨᠦ ᠲᠡᠳᠡᠨ ᠳᠦᠷ ᠬᠠᠷᠢᠭᠤ ᠵᠠᠷᠯᠢᠭ ᠪᠣᠯᠤᠷᠤᠨ᠃ ᠥᠪᠡᠷ ᠵᠠᠭᠤᠷ᠎ᠠ ᠪᠠᠨ ᠪᠦᠦ ᠮᠠᠭᠤᠯᠠᠨ ᠥᠭᠦᠯᠡᠯᠳᠦᠭᠲᠦᠨ᠃ 44ᠨᠠᠮᠠᠶᠢ ᠢᠯᠡᠭᠡᠭᠰᠡᠨ ᠡᠴᠢᠭᠡ ᠢᠨᠦ ᠦᠯᠦ ᠲᠠᠲᠠᠬᠤ ᠪᠥᠭᠡᠰᠦ ᠬᠦᠮᠦᠨ ᠴᠤ ᠨᠠᠳᠤᠷ ᠢᠷᠡᠵᠦ ᠦᠯᠦ ᠴᠢᠳᠠᠬᠤ᠃ ᠪᠢ ᠪᠡᠷ ᠲᠡᠭᠦᠨ ᠢ ᠡᠴᠦᠰᠳᠡᠬᠢ ᠡᠳᠦᠷ᠎ᠡ ᠠᠮᠢᠳᠤᠷᠠᠭᠤᠯᠬᠤ ᠪᠤᠢ᠃ 45ᠲᠡᠳᠡ ᠪᠦᠭᠦᠳᠡᠭᠡᠷ ᠪᠤᠷᠬᠠᠨ ᠠᠴᠠ ᠰᠤᠷᠬᠤ ᠪᠣᠯᠤᠶᠤ ᠬᠡᠮᠡᠨ ᠹᠣᠷᠣᠹᠢᠳ ᠨᠠᠷ ᠤᠨ (ᠨᠣᠮ ᠤᠨ) ᠳᠣᠲᠣᠷ᠎ᠠ ᠪᠢᠴᠢᠭᠳᠡᠭᠰᠡᠨ ᠪᠤᠢ᠃ ᠲᠡᠶᠢᠨ ᠪᠡᠷ ᠠᠯᠢ ᠬᠡᠨ ᠡᠴᠢᠭᠡ ᠡᠴᠡ ᠰᠣᠨᠣᠰᠴᠤ ᠰᠤᠷᠤᠭᠰᠠᠨ ᠠᠨᠤ ᠨᠠᠳᠤᠷ ᠢᠷᠡᠮᠦᠢ᠃ 46ᠪᠤᠷᠬᠠᠨ ᠠᠴᠠ ᠢᠷᠡᠭᠰᠡᠨ ᠡᠴᠡ ᠪᠤᠰᠤ ᠬᠡᠨ ᠴᠤ ᠡᠴᠢᠭᠡ ᠶᠢ ᠡᠰᠡ ᠦᠵᠡᠭᠰᠡᠨ ᠪᠤᠢ᠃ ᠲᠡᠷᠡ ᠢᠨᠦ ᠡᠴᠢᠭᠡ ᠶᠢ ᠦᠵᠡᠭᠰᠡᠨ ᠮᠥᠨ᠃ 47ᠮᠢᠨᠦ ᠲᠠᠨ ᠳᠤᠷ ᠮᠠᠭᠠᠳᠯᠠᠨ ᠥᠭᠦᠯᠡᠬᠦᠢ ᠢᠨᠦ᠂ ᠨᠠᠳᠤᠷ ᠢᠲᠡᠭᠡᠭᠴᠢ ᠳᠦᠷ ᠮᠥᠩᠬᠡ ᠠᠮᠢᠨ ᠪᠤᠢ᠃ 48ᠪᠢ ᠪᠡᠷ ᠠᠮᠢᠨ ᠤ ᠪᠣᠭᠤᠷᠰᠤᠭ ᠮᠥᠨ᠃ 49ᠲᠠᠨᠤ ᠡᠴᠢᠭᠡᠨᠠᠷ ᠢᠨᠦ ᠭᠣᠪᠢ ᠳᠤᠷ ᠮᠠ ᠨᠠ᠋ ᠶᠢ ᠢᠳᠡᠭᠡᠳ ᠦᠬᠦᠪᠡᠢ᠃ 50ᠡᠨᠡ ᠢᠨᠦ ᠣᠭᠲᠠᠷᠭᠤᠢ ᠠᠴᠠ ᠪᠠᠭᠤᠭᠰᠠᠨ ᠪᠣᠭᠤᠷᠰᠤᠭ ᠮᠥᠨ᠃ ᠠᠯᠢ ᠬᠡᠨ ᠲᠡᠭᠦᠨ ᠡᠴᠡ ᠢᠳᠡᠭᠴᠢ ᠢᠨᠦ ᠦᠯᠦ ᠦᠬᠦᠬᠦ ᠪᠤᠢ᠃ 51ᠪᠢ ᠪᠡᠷ ᠣᠭᠲᠠᠷᠭᠤᠢ ᠠᠴᠠ ᠪᠠᠭᠤᠭᠰᠠᠨ ᠠᠮᠢᠳᠤ ᠪᠣᠭᠤᠷᠰᠤᠭ ᠮᠥᠨ᠃ ᠠᠯᠢ ᠬᠡᠨ ᠡᠨᠡ ᠬᠦ ᠪᠣᠭᠤᠷᠰᠤᠭ ᠠᠴᠠ ᠢᠳᠡᠪᠡᠰᠦ ᠲᠡᠷᠡ ᠢᠨᠦ ᠮᠥᠩᠬᠡᠳᠡ ᠠᠮᠢᠳᠤ ᠪᠠᠶᠢᠬᠤ ᠪᠤᠢ᠃ ᠮᠢᠨᠦ ᠥᠭᠬᠦ ᠪᠣᠭᠤᠷᠰᠤᠭ ᠬᠡᠮᠡᠪᠡᠰᠦ ᠮᠢᠨᠦ ᠮᠢᠬ᠎ᠠ ᠮᠥᠨ᠃ ᠲᠡᠭᠦᠨ ᠢ ᠪᠢ ᠪᠡᠷ ᠶᠢᠷᠲᠢᠨᠴᠦ ᠶᠢᠨ ᠠᠮᠢᠨ ᠤ ᠲᠤᠯᠠ ᠥᠭᠰᠦ᠃ 52ᠬᠡᠮᠡᠨ ᠵᠠᠷᠯᠢᠭ ᠪᠣᠯᠤᠭᠰᠠᠨ ᠳᠤᠷ ᠶᠦᠳᠠᠲᠠᠨ ᠢᠨᠦ ᠥᠪᠡᠷ ᠵᠠᠭᠤᠷ᠎ᠠ ᠪᠠᠨ ᠪᠤᠯᠢᠶᠠᠯᠳᠤᠨ ᠥᠭᠦᠯᠡᠯᠳᠦᠷᠦᠨ᠃ ᠡᠨᠡ ᠢᠨᠦ ᠥᠪᠡᠷ ᠦᠨ ᠮᠢᠬᠠᠨ ᠢ ᠶᠠᠬᠢᠨ ᠪᠢᠳᠡᠨ ᠳᠦᠷ ᠥᠭᠭᠦᠨ ᠢᠳᠡᠭᠦᠯᠵᠦ ᠴᠢᠳᠠᠬᠤ ᠪᠤᠶᠤ᠃ 53ᠢᠢᠰᠦᠰ ᠢᠨᠦ ᠲᠡᠳᠡᠨ ᠳᠦᠷ ᠵᠠᠷᠯᠢᠭ ᠪᠣᠯᠤᠷᠤᠨ᠃ ᠮᠢᠨᠦ ᠲᠠᠨ ᠳᠤᠷ ᠮᠠᠭᠠᠳᠯᠠᠨ ᠥᠭᠦᠯᠡᠬᠦᠢ ᠢᠨᠦ᠂ ᠬᠡᠷᠪᠡ ᠲᠠ ᠪᠡᠷ ᠬᠦᠮᠦᠨ ᠲᠥᠷᠥᠯᠬᠢᠲᠦ ᠶᠢᠨ ᠮᠢᠬᠠᠨ ᠢ ᠦᠯᠦ ᠢᠳᠡᠨ ᠲᠡᠭᠦᠨ ᠦ ᠴᠢᠰᠤᠨ ᠢ ᠦᠯᠦ ᠤᠭᠤᠬᠤ ᠪᠥᠭᠡᠰᠦ ᠡᠯ᠎ᠡ᠂ ᠲᠠᠨ ᠳᠤᠷ ᠠᠮᠢᠨ ᠦᠭᠡᠢ ᠪᠣᠯᠠᠢ᠃ 54ᠮᠢᠨᠦ ᠮᠢᠬᠠᠨ ᠢ ᠢᠳᠡᠭᠴᠢ ᠬᠢᠭᠡᠳ ᠮᠢᠨᠦ ᠴᠢᠰᠤᠨ ᠢ ᠤᠭᠤᠭᠴᠢ ᠳᠤᠷ ᠮᠥᠩᠬᠡ ᠠᠮᠢᠨ ᠪᠤᠢ ᠪᠥᠭᠡᠳ᠂ ᠪᠢ ᠪᠡᠷ ᠲᠡᠭᠦᠨ ᠢ ᠡᠴᠦᠰᠳᠡᠬᠢ ᠡᠳᠦᠷ᠎ᠡ ᠠᠮᠢᠳᠤᠷᠠᠭᠤᠯᠰᠤ᠃ 55ᠲᠡᠷᠡ ᠶᠠᠭᠤᠨ ᠤ ᠲᠤᠯᠠ ᠬᠡᠮᠡᠪᠡᠰᠦ᠂ ᠮᠢᠨᠦ ᠮᠢᠬ᠎ᠠ ᠠᠨᠤ ᠮᠠᠭᠠᠳ ᠲᠡᠵᠢᠭᠡᠯ ᠪᠤᠢ ᠪᠥᠭᠡᠳ᠂ ᠮᠢᠨᠦ ᠴᠢᠰᠤ ᠢᠨᠦ ᠮᠠᠭᠠᠳ ᠤᠮᠳᠠᠭᠠᠨ ᠪᠣᠯᠠᠢ᠃ 56ᠮᠢᠨᠦ ᠮᠢᠬᠠᠨ ᠢ ᠢᠳᠡᠭᠴᠢ ᠬᠢᠭᠡᠳ ᠮᠢᠨᠦ ᠴᠢᠰᠤᠨ ᠢ ᠤᠭᠤᠭᠴᠢ ᠠᠨᠤ ᠮᠢᠨᠦ ᠳᠣᠲᠣᠷ᠎ᠠ ᠪᠠᠶᠢᠮᠤᠢ᠃ ᠪᠢ ᠴᠤ ᠲᠡᠭᠦᠨ ᠦ ᠳᠣᠲᠣᠷ᠎ᠠ ᠪᠠᠶᠢᠮᠤᠢ᠃ 57ᠠᠮᠢᠳᠤ ᠡᠴᠢᠭᠡ ᠢᠨᠦ ᠨᠠᠮᠠᠶᠢ ᠢᠯᠡᠭᠡᠭᠰᠡᠨ ᠪᠥᠭᠡᠳ᠂ ᠪᠢ ᠴᠤ ᠡᠴᠢᠭᠡ ᠪᠡᠷ ᠠᠮᠢᠳᠤ ᠪᠤᠢ ᠮᠡᠲᠦ᠂ ᠲᠡᠭᠦᠨᠴᠢᠯᠡᠨ ᠨᠠᠮᠠᠶᠢ ᠢᠳᠡᠭᠴᠢ ᠲᠡᠷᠡ ᠢᠨᠦ ᠨᠠᠳᠠ ᠪᠠᠷ ᠠᠮᠢᠳᠤ ᠪᠠᠶᠢᠬᠤ ᠪᠣᠯᠤᠶᠤ᠃ 58ᠣᠭᠲᠠᠷᠭᠤᠢ ᠠᠴᠠ ᠪᠠᠭᠤᠭᠰᠠᠨ ᠪᠣᠭᠤᠷᠰᠤᠭ ᠠᠨᠤ ᠡᠨᠡ ᠮᠥᠨ᠃ ᠲᠠᠨᠤ ᠡᠴᠢᠭᠡᠨᠠᠷ ᠤᠨ ᠢᠳᠡᠭᠰᠡᠨ ᠮᠠ ᠨᠠ᠋ ᠯᠤᠭ᠎ᠠ ᠠᠳᠠᠯᠢ ᠪᠤᠰᠤ᠃ ᠲᠡᠳᠡ ᠢᠨᠦ ᠦᠬᠦᠪᠡᠢ᠃ (ᠬᠠᠷᠢᠨ) ᠡᠨᠡ ᠬᠦ ᠪᠣᠭᠤᠷᠰᠤᠭ ᠢ ᠢᠳᠡᠭᠴᠢ ᠢᠨᠦ ᠮᠥᠩᠬᠡᠳᠡ ᠠᠮᠢᠳᠤ ᠪᠠᠶᠢᠬᠤ ᠪᠣᠯᠤᠶᠤ᠃ 59ᠬᠡᠮᠡᠨ ᠲᠡᠷᠡ ᠢᠨᠦ ᠺᠠᠹᠢᠷᠨᠠ᠋ ᠦᠮ ᠤᠨ ᠨᠢᠭᠡᠨ ᠬᠤᠷᠠᠯ ᠤᠨ ᠳᠣᠲᠣᠷ᠎ᠠ ᠰᠤᠷᠭᠠᠵᠤ ᠵᠠᠷᠯᠢᠭ ᠪᠣᠯᠪᠠᠢ᠃ 60ᠲᠡᠭᠦᠨ ᠦ ᠱᠠᠪᠢᠨᠠᠷ ᠠᠴᠠ ᠣᠯᠠᠨ ᠠᠨᠤ ᠰᠣᠨᠣᠰᠤᠭᠠᠳ ᠥᠭᠦᠯᠡᠷᠦᠨ᠃ ᠡᠨᠡ ᠢᠨᠦ ᠬᠠᠲᠠᠭᠤ ᠵᠠᠷᠯᠢᠭ ᠪᠤᠢ᠃ ᠲᠡᠭᠦᠨ ᠢ ᠬᠡᠨ ᠰᠣᠨᠣᠰᠴᠤ ᠴᠢᠳᠠᠬᠤ ᠪᠤᠶᠤ᠃ 61ᠢᠢᠰᠦᠰ ᠢᠨᠦ ᠱᠠᠪᠢᠨᠠᠷ ᠤᠨ ᠡᠭᠦᠨ ᠦ ᠤᠴᠢᠷ᠎ᠠ ᠮᠠᠭᠤᠯᠠᠨ ᠥᠭᠦᠯᠡᠯᠳᠦᠭᠰᠡᠨ ᠢ ᠭᠡᠭᠡᠭᠡᠨ ᠳᠡᠭᠡᠨ ᠠᠶᠢᠯᠠᠳᠴᠤ᠂ ᠲᠡᠳᠡᠨ ᠳᠦᠷ ᠵᠠᠷᠯᠢᠭ ᠪᠣᠯᠤᠷᠤᠨ᠃ ᠲᠠ ᠪᠡᠷ ᠡᠭᠦᠨ ᠳᠦᠷ ᠰᠡᠵᠢᠭ ᠢ ᠲᠥᠷᠥᠭᠦᠯᠦᠮᠦᠶᠦ᠃ 62ᠬᠡᠷᠪᠡ ᠲᠠ ᠪᠡᠷ ᠬᠦᠮᠦᠨ ᠲᠥᠷᠥᠯᠬᠢᠲᠦ ᠶᠢᠨ ᠤᠷᠢᠳᠠ ᠠᠭᠰᠠᠨ ᠵᠦᠭ ᠲᠡᠭᠡᠨ ᠳᠡᠭᠳᠡᠨ ᠥᠭᠡᠳᠡ ᠪᠣᠯᠬᠤᠢ ᠶᠢ ᠦᠵᠡᠬᠦ ᠪᠥᠭᠡᠰᠦ ᠶᠠᠮᠪᠠᠷ ᠪᠤᠶᠤ᠃ 63(ᠠᠷᠢᠭᠤᠨ) ᠲᠣᠳᠤᠳᠬᠠᠯ ᠠᠨᠤ ᠠᠮᠢᠳᠤᠷᠠᠭᠤᠯᠤᠭᠴᠢ ᠪᠣᠯᠠᠢ᠃ ᠮᠢᠬ᠎ᠠ ᠠᠨᠤ ᠲᠤᠰᠠ ᠦᠭᠡᠢ᠃ ᠮᠢᠨᠦ ᠲᠠᠨ ᠳᠤᠷ ᠥᠭᠦᠯᠡᠭᠰᠡᠨ ᠦᠭᠡᠰ ᠢᠨᠦ ᠲᠣᠳᠤᠳᠬᠠᠯ ᠬᠢᠭᠡᠳ ᠠᠮᠢᠨ ᠪᠣᠯᠠᠢ᠃ 64ᠵᠦᠭᠡᠷ ᠲᠠᠨ ᠠᠴᠠ ᠵᠠᠷᠢᠮ ᠤᠳ ᠠᠨᠤ ᠡᠰᠡ ᠢᠲᠡᠭᠡᠮᠦᠢ᠃ ᠬᠡᠮᠡᠨ ᠢᠢᠰᠦᠰ ᠢᠨᠦ ᠵᠠᠷᠯᠢᠭ ᠪᠣᠯᠵᠤ᠂ ᠬᠡᠨ ᠢᠲᠡᠭᠡᠯ ᠦᠭᠡᠢ ᠠᠭᠰᠠᠨ ᠬᠢᠭᠡᠳ ᠬᠡᠨ ᠲᠡᠭᠦᠨ ᠢ ᠪᠠᠷᠢᠭᠤᠯᠵᠤ ᠥᠭᠬᠦᠢ ᠶᠢ ᠡᠬᠢᠨ ᠡᠴᠡ ᠮᠡᠳᠡᠵᠦ ᠠᠶᠢᠯᠠᠳᠪᠠᠢ᠃ 65ᠵᠢᠴᠢ ᠵᠠᠷᠯᠢᠭ ᠪᠣᠯᠤᠷᠤᠨ᠃ ᠲᠡᠶᠢᠮᠦ ᠶᠢᠨ ᠲᠤᠯᠠ ᠮᠢᠨᠦ ᠡᠴᠢᠭᠡ ᠡᠴᠡ ᠡᠰᠡ ᠥᠭᠳᠡᠪᠡᠰᠦ ᠬᠡᠨ ᠴᠤ ᠨᠠᠳᠤᠷ ᠢᠷᠡᠵᠦ ᠡᠰᠡ ᠴᠢᠳᠠᠮᠤᠢ᠂ ᠬᠡᠮᠡᠨ ᠪᠢ ᠪᠡᠷ ᠲᠠᠨ ᠳᠤᠷ ᠥᠭᠦᠯᠡᠪᠡᠢ᠃ ᠬᠡᠮᠡᠨ ᠵᠠᠷᠯᠢᠭ ᠪᠣᠯᠪᠠᠢ᠃ 66ᠲᠡᠷᠡ ᠬᠦ ᠴᠠᠭ ᠠᠴᠠ ᠠᠪᠤᠨ ᠲᠡᠭᠦᠨ ᠦ ᠱᠠᠪᠢᠨᠠᠷ ᠠᠴᠠ ᠣᠯᠠᠨ ᠠᠨᠤ ᠬᠠᠷᠢᠨ ᠣᠳᠴᠤ ᠲᠡᠭᠦᠨ ᠢ ᠳᠠᠭᠠᠬᠤ ᠪᠠᠨ ᠪᠣᠯᠢᠪᠠᠢ᠃ 67ᠲᠡᠶᠢᠮᠦ ᠶᠢᠨ ᠲᠤᠯᠠ ᠢᠢᠰᠦᠰ ᠢᠨᠦ ᠠᠷᠪᠠᠨ ᠬᠣᠶᠠᠷ (ᠱᠠᠪᠢ) ᠲᠤᠷ ᠵᠠᠷᠯᠢᠭ ᠪᠣᠯᠤᠷᠤᠨ᠃ ᠪᠠᠰᠠ ᠲᠠ ᠪᠡᠷ ᠪᠤᠴᠠᠬᠤᠶᠠ ᠳᠤᠷᠠᠰᠢᠮᠤᠶᠤ᠃ 68ᠰᠢᠢᠮᠣᠨ ᠹᠢᠲ᠋ᠢᠷ ᠠᠨᠤ ᠬᠠᠷᠢᠭᠤ ᠠᠶᠢᠯᠠᠳᠬᠠᠷᠤᠨ᠃ ᠡᠵᠡᠨ ᠡ᠃ ᠪᠢᠳᠡ ᠪᠡᠷ ᠬᠡᠨ ᠳᠦᠷ ᠣᠳᠬᠤ ᠪᠤᠶᠤ᠃ ᠴᠢᠮᠠᠳᠤᠷ ᠮᠥᠩᠬᠡ ᠠᠮᠢᠨ ᠤ ᠵᠠᠷᠯᠢᠭ ᠪᠣᠯᠠᠢ᠃ 69ᠴᠢ ᠪᠡᠷ ᠮᠢᠰᠢᠶᠠ ᠪᠣᠯᠤᠨ ᠠᠮᠢᠳᠤ ᠪᠤᠷᠬᠠᠨ ᠤ ᠬᠥᠪᠡᠭᠦᠨ ᠮᠥᠨ ᠬᠡᠮᠡᠨ ᠪᠢᠳᠡ ᠪᠡᠷ ᠢᠲᠡᠭᠡᠵᠦ ᠮᠡᠳᠡᠮᠦᠢ᠃ 70ᠢᠢᠰᠦᠰ ᠢᠨᠦ ᠲᠡᠳᠡᠨ ᠳᠦᠷ ᠬᠠᠷᠢᠭᠤ ᠵᠠᠷᠯᠢᠭ ᠪᠣᠯᠤᠷᠤᠨ᠃ ᠪᠢ ᠪᠡᠷ ᠲᠠ ᠠᠷᠪᠠᠨ ᠬᠣᠶᠠᠷ ᠢ ᠰᠣᠩᠭᠣᠭᠰᠠᠨ ᠪᠢᠰᠢᠶᠦ᠃ ᠬᠠᠷᠢᠨ ᠲᠠᠨ ᠠᠴᠠ ᠨᠢᠭᠡᠨ ᠢᠨᠦ ᠴᠢᠳᠬᠦᠷ ᠪᠤᠢ᠃ 71ᠡᠨᠡ ᠬᠡᠮᠡᠪᠡᠰᠦ ᠰᠢᠢᠮᠣᠨ ᠤ ᠶᠦᠳᠠ᠋ ᠢᠰᠺᠠᠷᠢᠶᠣᠳ ᠬᠥᠪᠡᠭᠦᠨ ᠦ ᠤᠴᠢᠷ᠎ᠠ ᠵᠠᠷᠯᠢᠭ ᠪᠣᠯᠪᠠᠢ᠃ ᠲᠡᠷᠡ ᠶᠠᠭᠤᠨ ᠤ ᠲᠤᠯᠠ ᠬᠡᠮᠡᠪᠡᠰᠦ᠂ ᠲᠡᠷᠡ ᠢᠨᠦ ᠠᠷᠪᠠᠨ ᠬᠣᠶᠠᠷ ᠠᠴᠠ ᠨᠢᠭᠡᠨ ᠪᠣᠯᠤᠭᠠᠳ ᠲᠡᠭᠦᠨ ᠢ ᠪᠠᠷᠢᠭᠤᠯᠤᠭᠴᠢ ᠪᠣᠯᠬᠤ ᠪᠥᠯᠦᠭᠡ ᠅
Currently Selected:
ᠢᠣᠸᠠᠨ 6: MB1840
Highlight
Share
Copy
Want to have your highlights saved across all your devices? Sign up or sign in
Digital edition of the Mongolian translation published in 1840 (the Old Testament) and 1846 (the New Testament) by Edward Stallybrass and William Swan. Created by Bayarjargal Garamtseren and Simon Wong. Digital edition © United Bible Societies, 2020.