ᠢᠣᠸᠠᠨ 7
7
ᠳᠣᠯᠣᠳᠤᠭᠠᠷ ᠪᠦᠯᠦᠭ ᠅
1ᠲᠡᠨᠳᠡᠴᠡ ᠢᠢᠰᠦᠰ ᠢᠨᠦ ᠺᠠᠯᠢᠯᠢᠶ᠎ᠠ ᠶᠢᠨ ᠳᠣᠲᠣᠷ᠎ᠠ ᠥᠭᠡᠳᠡ ᠪᠣᠯᠵᠤ ᠶᠠᠪᠤᠯᠤᠭ᠎ᠠ᠃ ᠲᠡᠷᠡ ᠶᠠᠭᠤᠨ ᠤ ᠲᠤᠯᠠ ᠬᠡᠮᠡᠪᠡᠰᠦ᠂ ᠶᠦᠳᠠᠲᠠᠨ ᠤ ᠲᠡᠭᠦᠨ ᠢ ᠠᠯᠠᠬᠤᠶ᠎ᠠ ᠲᠤᠭᠤᠷᠪᠢᠭᠰᠠᠨ ᠤ ᠲᠤᠯᠠ ᠲᠡᠷᠡ ᠢᠨᠦ ᠶᠦᠳᠢᠶᠠ ᠶᠢᠨ ᠳᠣᠲᠣᠷ᠎ᠠ ᠥᠭᠡᠳᠡ ᠪᠣᠯᠬᠤᠶ᠎ᠠ ᠡᠰᠡ ᠲᠠᠭᠠᠯᠠᠪᠠᠢ᠃ 2ᠲᠡᠨᠳᠡ ᠶᠦᠳᠠᠲᠠᠨ ᠤ ᠴᠠᠴᠠᠷ ᠭᠡᠷ ᠦᠨ ᠨᠠᠶᠢᠷ ᠠᠨᠤ ᠰᠢᠳᠠᠷ ᠠᠭᠰᠠᠨ ᠪᠥᠭᠡᠳ᠂ 3ᠲᠡᠭᠦᠨ ᠦ ᠳᠡᠭᠦᠦᠨᠠᠷ ᠢᠨᠦ ᠲᠡᠭᠦᠨ ᠳᠦᠷ ᠠᠶᠢᠯᠠᠳᠬᠠᠷᠤᠨ᠃ ᠡᠨᠳᠡᠴᠡ ᠭᠠᠷᠤᠨ ᠴᠢᠨᠦ ᠱᠠᠪᠢᠨᠠᠷ ᠤᠨ ᠴᠢᠨᠦ ᠦᠢᠯᠡᠳᠦᠳᠡᠭ ᠦᠢᠯᠡᠰ ᠢ ᠦᠵᠡᠬᠦ ᠶᠢᠨ ᠲᠤᠯᠠ ᠶᠦᠳᠢᠶᠠ ᠳᠤᠷ ᠣᠳᠲᠤᠭᠠᠢ᠃ 4ᠲᠡᠷᠡ ᠶᠠᠭᠤᠨ ᠤ ᠲᠤᠯᠠ ᠬᠡᠮᠡᠪᠡᠰᠦ᠂ ᠠᠯᠢ ᠬᠡᠨ ᠢᠯᠡ ᠪᠡᠷ ᠮᠡᠳᠡᠭᠳᠡᠬᠦᠶᠡ ᠳᠤᠷᠠᠰᠢᠭᠴᠢ ᠠᠨᠤ ᠨᠢᠭᠤᠴᠠ ᠪᠠᠷ ᠡᠰᠡ ᠦᠢᠯᠡᠳᠦᠳᠡᠭ᠃ ᠴᠢ ᠪᠡᠷ ᠡᠨᠡ ᠮᠡᠲᠦᠰ ᠢ ᠦᠢᠯᠡᠳᠪᠡᠰᠦ᠂ ᠪᠡᠶ᠎ᠡ ᠪᠡᠨ ᠤᠯᠤᠰ ᠲᠤᠷ ᠦᠵᠡᠭᠦᠯᠦᠨ ᠦᠢᠯᠡᠳ᠃ ᠬᠡᠮᠡᠯᠦᠭᠡ᠃ 5ᠲᠡᠭᠦᠨ ᠦ ᠳᠡᠭᠦᠦᠨᠠᠷ ᠬᠡᠮᠡᠪᠡᠰᠦ ᠲᠡᠭᠦᠨ ᠳᠦᠷ ᠡᠰᠡ ᠢᠲᠡᠭᠡᠪᠡᠢ᠃ 6ᠢᠢᠰᠦᠰ ᠢᠨᠦ ᠲᠡᠳᠡᠨ ᠳᠦᠷ ᠵᠠᠷᠯᠢᠭ ᠪᠣᠯᠤᠷᠤᠨ᠃ ᠮᠢᠨᠦ ᠴᠠᠭ ᠠᠨᠤ ᠢᠷᠡᠭᠡ ᠡᠳᠦᠢ᠃ ᠬᠠᠷᠢᠨ ᠲᠠᠨᠤ ᠴᠠᠭ ᠦᠷᠭᠦᠯᠵᠢᠳᠡ ᠪᠡᠯᠡᠨ ᠠᠮᠤᠢ᠃ 7ᠶᠢᠷᠲᠢᠨᠴᠦ ᠢᠨᠦ ᠲᠠᠨ ᠢ ᠥᠰᠢᠶᠡᠯᠡᠵᠦ ᠡᠰᠡ ᠴᠢᠳᠠᠮᠤᠢ᠃ ᠬᠠᠷᠢᠨ ᠨᠠᠮᠠᠶᠢ ᠥᠰᠢᠶᠡᠯᠡᠮᠦᠢ᠃ ᠲᠡᠷᠡ ᠶᠠᠭᠤᠨ ᠤ ᠲᠤᠯᠠ ᠬᠡᠮᠡᠪᠡᠰᠦ᠂ ᠲᠡᠭᠦᠨ ᠦ ᠦᠢᠯᠡᠰ ᠮᠠᠭᠤ ᠠᠮᠤᠢ᠂ ᠬᠡᠮᠡᠨ ᠪᠢ ᠪᠡᠷ ᠲᠡᠭᠦᠨ ᠦ ᠲᠤᠰ ᠭᠡᠷᠡᠴᠢᠯᠡᠮᠦᠢ᠃ 8ᠲᠠ ᠪᠡᠷ ᠡᠨᠡ ᠬᠦ ᠨᠠᠶᠢᠷ ᠲᠤᠷ ᠣᠳᠤᠭᠲᠤᠨ᠃ ᠮᠢᠨᠦ ᠲᠡᠨᠳᠡ ᠣᠳᠬᠤᠢ ᠠᠨᠤ ᠪᠣᠯᠤᠭ᠎ᠠ ᠡᠳᠦᠢ᠃ ᠲᠡᠷᠡ ᠶᠠᠭᠤᠨ ᠤ ᠲᠤᠯᠠ ᠬᠡᠮᠡᠪᠡᠰᠦ᠂ ᠮᠢᠨᠦ ᠴᠠᠭ ᠠᠨᠤ ᠢᠷᠡᠭᠡ ᠡᠳᠦᠢ᠃ 9ᠬᠡᠮᠡᠨ ᠵᠠᠷᠯᠢᠭ ᠪᠣᠯᠤᠭᠠᠳ ᠲᠡᠷᠡ ᠢᠨᠦ ᠺᠠᠯᠢᠯᠢᠶ᠎ᠠ ᠳᠤᠷ ᠪᠠᠶᠢᠯᠤᠭ᠎ᠠ᠃ 10ᠵᠦᠭᠡᠷ ᠲᠡᠭᠦᠨ ᠦ ᠳᠡᠭᠦᠦᠨᠠᠷ ᠦᠨ ᠣᠳᠤᠭᠰᠠᠨ ᠤ ᠬᠣᠶᠢᠨᠠ ᠲᠡᠷᠡ ᠴᠤ ᠲᠡᠷᠡ ᠬᠦ ᠨᠠᠶᠢᠷ ᠲᠤᠷ ᠢᠯᠡᠳᠡ ᠪᠤᠰᠤ ᠬᠠᠷᠢᠨ ᠨᠢᠭᠤᠴᠠ ᠪᠠᠷ ᠥᠭᠡᠳᠡ ᠪᠣᠯᠪᠠᠢ ᠅ 11ᠲᠡᠨᠳᠡ ᠶᠦᠳᠠᠲᠠᠨ ᠢᠨᠦ ᠲᠡᠭᠦᠨ ᠢ ᠨᠠᠶᠢᠷ ᠲᠤᠷ ᠪᠡᠳᠡᠷᠢᠨ᠂ ᠲᠡᠷᠡ ᠢᠨᠦ ᠬᠠᠮᠢᠭ᠎ᠠ ᠪᠤᠢ᠂ ᠬᠡᠮᠡᠨ ᠥᠭᠦᠯᠡᠯᠳᠦᠪᠡᠢ᠃ 12ᠪᠠᠰᠠ ᠤᠯᠤᠰ ᠠᠨᠤ ᠥᠪᠡᠷ ᠵᠠᠭᠤᠷ᠎ᠠ ᠲᠡᠭᠦᠨ ᠦ ᠤᠴᠢᠷ᠎ᠠ ᠶᠡᠬᠡᠳᠡ ᠰᠢᠪᠡᠨᠡᠯᠴᠡᠪᠡᠢ ᠬᠡᠮᠡᠪᠡᠰᠦ᠂ ᠵᠠᠷᠠᠮ [ᠵᠠᠷᠢᠮ] ᠤᠳ ᠠᠨᠤ ᠲᠡᠷᠡ ᠢᠨᠦ ᠰᠠᠶᠢᠨ ᠪᠤᠢ ᠬᠡᠮᠡᠨ᠃ ᠪᠤᠰᠤᠳ ᠠᠨᠤ ᠲᠡᠶᠢᠨ ᠪᠤᠰᠤ᠃ ᠲᠡᠷᠡ ᠢᠨᠦ ᠤᠯᠤᠰ ᠢ ᠤᠨᠲᠠᠭᠠᠳᠠᠭᠤᠯᠳᠠᠭ᠃ ᠬᠡᠮᠡᠨ ᠥᠭᠦᠯᠡᠯᠳᠦᠪᠡᠢ᠃ 13ᠵᠦᠭᠡᠷ ᠶᠦᠳᠠᠲᠠᠨ ᠠᠴᠠ ᠠᠶᠤᠭᠰᠠᠨ ᠤ ᠲᠤᠯᠠᠳᠠ ᠬᠡᠨ ᠴᠤ ᠲᠡᠭᠦᠨ ᠦ ᠤᠴᠢᠷ᠎ᠠ ᠢᠯᠡ ᠪᠡᠷ ᠡᠰᠡ ᠥᠭᠦᠯᠡᠪᠡᠢ ᠅ 14ᠲᠡᠷᠡ ᠨᠠᠶᠢᠷ ᠤᠨ ᠳᠤᠮᠳᠠᠬᠢ ᠴᠠᠭ ᠲᠤᠷ ᠢᠢᠰᠦᠰ ᠢᠨᠦ ᠰᠦᠮ᠎ᠡ ᠶᠢᠨ ᠳᠣᠲᠣᠷ᠎ᠠ ᠣᠷᠣᠭᠠᠳ ᠰᠤᠷᠭᠠᠪᠠᠢ᠃ 15ᠲᠡᠨᠳᠡ ᠶᠦᠳᠠᠲᠠᠨ ᠢᠨᠦ ᠭᠠᠶᠢᠬᠠᠨ ᠡᠶᠢᠨ᠃ ᠡᠨᠡ ᠢᠨᠦ ᠨᠣᠮ ᠢ ᠡᠰᠡ ᠰᠤᠷᠤᠭᠠᠳ ᠶᠠᠬᠢᠨ ᠮᠡᠳᠡᠮᠦᠶᠦ᠃ 16ᠬᠡᠮᠡᠨ ᠥᠭᠦᠯᠡᠯᠳᠦᠭᠰᠡᠨ ᠳᠦᠷ ᠢᠢᠰᠦᠰ ᠢᠨᠦ ᠲᠡᠳᠡᠨ ᠳᠦᠷ ᠬᠠᠷᠢᠭᠤ ᠵᠠᠷᠯᠢᠭ ᠪᠣᠯᠤᠷᠤᠨ᠃ ᠮᠢᠨᠦ ᠰᠤᠷᠭᠠᠯ ᠠᠨᠤ ᠮᠢᠨᠦ ᠪᠤᠰᠤ᠃ ᠬᠠᠷᠢᠨ ᠨᠠᠮᠠᠶᠢ ᠢᠯᠡᠭᠡᠭᠰᠡᠨ ᠲᠡᠭᠦᠨ ᠦ ᠪᠣᠯᠠᠢ᠃ 17ᠠᠯᠢ ᠬᠡᠨ ᠲᠡᠭᠦᠨ ᠦ ᠲᠠᠭᠠᠯᠠᠯ ᠢ ᠪᠦᠲᠦᠭᠡᠬᠦᠶ᠎ᠡ ᠳᠤᠷᠠᠰᠢᠪᠠᠰᠤ᠂ ᠲᠡᠷᠡ ᠢᠨᠦ ᠡᠨᠡ ᠰᠤᠷᠭᠠᠯ ᠪᠤᠷᠬᠠᠨ ᠠᠴᠠ (ᠭᠠᠷᠪᠤᠤ)᠃ ᠡᠰᠡᠪᠡᠰᠦ ᠪᠢ ᠥᠪᠡᠷ ᠦᠨ ᠪᠡᠶ᠎ᠡ ᠡᠴᠡ ᠥᠭᠦᠯᠡᠮᠦᠶᠦ᠃ ᠬᠡᠮᠡᠨ ᠮᠡᠳᠡᠬᠦ ᠪᠤᠢ᠃ 18ᠥᠪᠡᠷ ᠦᠨ ᠪᠡᠶ᠎ᠡ ᠡᠴᠡ ᠥᠭᠦᠯᠡᠭᠴᠢ ᠢᠨᠦ ᠥᠪᠡᠷ ᠦᠨ ᠠᠯᠳᠠᠷᠰᠢᠯ ᠢ ᠡᠷᠢᠮᠦᠢ᠃ ᠬᠠᠷᠢᠨ ᠬᠡᠨ ᠢᠯᠡᠭᠡᠭᠰᠡᠨ ᠲᠡᠭᠦᠨ ᠦ ᠴᠣᠭ ᠵᠢᠪᠬᠤᠯᠠᠩ ᠢ ᠡᠷᠢᠭ᠍ᠴᠢ ᠢᠨᠦ ᠦᠨᠡᠨ ᠪᠤᠢ ᠪᠥᠭᠡᠳ᠂ ᠲᠡᠭᠦᠨ ᠦ ᠳᠣᠲᠣᠷ᠎ᠠ ᠪᠤᠷᠤᠭᠤ ᠦᠭᠡᠢ ᠪᠣᠯᠠᠢ᠃ 19ᠮᠣᠰᠢ ᠠᠨᠤ ᠲᠠᠨ ᠳᠤᠷ ᠲᠣᠭᠲᠠᠭᠠᠯ ᠢ ᠥᠭᠭᠦᠭᠰᠡᠨ ᠪᠢᠰᠢᠶᠦ᠃ ᠬᠠᠷᠢᠨ ᠲᠠᠨ ᠠᠴᠠ ᠨᠢᠭᠡᠨ ᠴᠤ ᠲᠣᠭᠲᠠᠭᠠᠯ ᠢ ᠡᠰᠡ ᠪᠦᠲᠦᠭᠡᠳᠡᠭ᠃ ᠲᠠ ᠪᠡᠷ ᠨᠠᠮᠠᠶᠢ ᠠᠯᠠᠬᠤᠶ᠎ᠠ ᠶᠠᠭᠤᠨ ᠤ ᠲᠤᠯᠠ ᠡᠷᠢᠮᠦᠶᠦ᠃ 20ᠬᠡᠮᠡᠨ ᠵᠠᠷᠯᠢᠭ ᠪᠣᠯᠤᠭᠰᠠᠨ ᠳᠤᠷ ᠤᠯᠤᠰ ᠠᠨᠤ ᠬᠠᠷᠢᠭᠤ ᠡᠶᠢᠨ᠃ ᠴᠢ ᠪᠡᠷ ᠴᠢᠳᠬᠦᠷ ᠲᠦ ᠪᠣᠯᠪᠠᠢ᠃ ᠬᠡᠨ ᠴᠢᠮᠠᠶᠢ ᠠᠯᠠᠬᠤᠶ᠎ᠠ ᠡᠷᠢᠮᠦᠶᠦ᠃ 21ᠬᠡᠮᠡᠭᠰᠡᠨ ᠳᠦᠷ ᠢᠢᠰᠦᠰ ᠢᠨᠦ ᠲᠡᠳᠡᠨ ᠳᠦᠷ ᠬᠠᠷᠢᠭᠤ ᠵᠠᠷᠯᠢᠭ ᠪᠣᠯᠤᠷᠤᠨ᠃ ᠮᠢᠨᠦ ᠨᠢᠭᠡᠨ ᠦᠢᠯᠡ ᠶᠢ ᠪᠦᠲᠦᠭᠡᠭᠰᠡᠨ ᠦ ᠤᠴᠢᠷ᠎ᠠ ᠲᠠ ᠪᠦᠭᠦᠳᠡᠭᠡᠷ ᠭᠠᠶᠢᠬᠠᠮᠤᠢ᠃ 22ᠮᠣᠰᠢ ᠠᠨᠤ ᠲᠠᠨ ᠳᠤᠷ ᠬᠡᠷᠴᠢᠬᠦ ᠶᠢᠨ ᠶᠣᠰᠤᠨ ᠢ ᠥᠭᠪᠡᠢ᠃ ᠡᠨᠡ ᠢᠨᠦ ᠮᠣᠰᠢ ᠠᠴᠠ ᠪᠤᠰᠤ᠃ ᠬᠠᠷᠢᠨ ᠣᠪᠤᠭ ᠡᠴᠢᠭᠡᠨᠠᠷ ᠠᠴᠠ ᠪᠣᠯᠤᠭᠰᠠᠨ ᠪᠤᠢ᠃ ᠲᠡᠶᠢᠨ ᠬᠦ ᠲᠠ ᠪᠡᠷ ᠰᠠᠪᠠᠳ ᠡᠳᠦᠷ᠎ᠡ ᠬᠦᠮᠦᠨ ᠢ ᠬᠡᠷᠴᠢᠮᠦᠢ᠃ 23ᠬᠡᠷᠪᠡ ᠮᠣᠰᠢ ᠶᠢᠨ ᠲᠣᠭᠲᠠᠭᠠᠯ ᠤᠨ ᠦᠯᠦ ᠲᠠᠰᠤᠯᠳᠠᠬᠤ ᠶᠢᠨ ᠲᠤᠯᠠ ᠬᠦᠮᠦᠨ ᠢᠨᠦ ᠰᠠᠪᠠᠳ ᠡᠳᠦᠷ᠎ᠡ ᠬᠡᠷᠴᠢᠯᠭᠡᠨ ᠢ ᠬᠦᠷᠲᠡᠪᠡᠰᠦ᠂ ᠮᠢᠨᠦ ᠰᠠᠪᠠᠳ ᠡᠳᠦᠷ᠎ᠡ ᠬᠦᠮᠦᠨ ᠢ ᠣᠭᠠᠭᠠᠲᠠ ᠡᠷᠡᠭᠦᠯ ᠪᠣᠯᠭᠠᠭᠰᠠᠨ ᠤ ᠲᠤᠯᠠ ᠲᠠ ᠪᠡᠷ ᠮᠢᠨᠦ ᠲᠤᠰ ᠬᠢᠯᠢᠩᠯᠡᠮᠦᠶᠦ᠃ 24ᠭᠠᠳᠠᠭᠠᠳᠤ ᠪᠠᠶᠢᠳᠠᠯ ᠢᠶᠠᠷ ᠦᠯᠦ ᠰᠢᠭᠦᠵᠦ᠂ ᠵᠥᠪ ᠲᠦ ᠰᠢᠭᠦᠪᠦᠷᠢᠨ ᠢᠶᠡᠷ ᠰᠢᠭᠦᠭᠲᠦᠨ᠃ 25ᠬᠡᠮᠡᠨ ᠵᠠᠷᠯᠢᠭ ᠪᠣᠯᠤᠭᠰᠠᠨ᠋ᠠ ᠶᠢᠷᠤᠰᠠᠯᠢᠮᠲᠠᠨ ᠠᠴᠠ ᠵᠠᠷᠢᠮ ᠤᠳ ᠠᠨᠤ ᠥᠭᠦᠯᠡᠯᠳᠦᠷᠦᠨ᠃ ᠡᠨᠡ ᠢᠨᠦ ᠲᠡᠳᠡᠨ ᠦ ᠠᠯᠠᠬᠤᠶ᠎ᠠ ᠡᠷᠢᠭᠰᠡᠨ ᠬᠦᠮᠦᠨ ᠪᠢᠰᠢᠶᠦ᠃ 26ᠬᠠᠷᠢᠨ ᠮᠡᠨᠡ᠂ ᠲᠡᠷᠡ ᠢᠨᠦ ᠵᠣᠷᠢᠮᠠᠭᠠᠢ ᠪᠠᠷ ᠥᠭᠦᠯᠡᠪᠡᠴᠦ᠂ ᠲᠡᠳᠡ ᠢᠨᠦ ᠲᠡᠭᠦᠨ ᠳᠦᠷ ᠶᠠᠭᠤᠨ ᠢ ᠴᠤ ᠡᠰᠡ ᠥᠭᠦᠯᠡᠮᠦᠢ᠃ ᠡᠨᠡ ᠢᠨᠦ ᠬᠡᠷᠢᠰᠲ᠋ᠣᠰ ᠮᠥᠨ᠂ ᠬᠡᠮᠡᠨ ᠲᠡᠷᠢᠭᠦᠯᠡᠭᠴᠢᠳ ᠢᠨᠦ ᠦᠨᠡᠬᠡᠷ ᠮᠡᠳᠡᠮᠦᠶᠦ᠃ 27ᠵᠦᠭᠡᠷ ᠡᠭᠦᠨ ᠦ ᠬᠠᠮᠢᠭ᠎ᠠ ᠠᠴᠠ ᠠᠬᠤᠢ ᠶᠢ ᠪᠢᠳᠡ ᠪᠡᠷ ᠮᠡᠳᠡᠮᠦᠢ᠃ ᠬᠠᠷᠢᠨ ᠬᠡᠷᠢᠰᠲ᠋ᠣᠰ ᠤᠨ ᠢᠷᠡᠬᠦᠢ ᠳᠦᠷ ᠲᠡᠭᠦᠨ ᠦ ᠬᠠᠮᠢᠭ᠎ᠠ ᠠᠴᠠ ᠠᠬᠤᠢ ᠶᠢ ᠬᠡᠨ ᠴᠤ ᠦᠯᠦ ᠮᠡᠳᠡᠬᠦ ᠪᠤᠢ᠂ ᠬᠡᠮᠡᠯᠳᠦᠪᠡᠢ ᠅ 28ᠲᠡᠷᠡ ᠴᠠᠭ ᠲᠤᠷ ᠢᠢᠰᠦᠰ ᠢᠨᠦ ᠰᠦᠮ᠎ᠡ ᠶᠢᠨ ᠳᠣᠲᠣᠷ᠎ᠠ ᠰᠤᠷᠭᠠᠵᠤ ᠳᠠᠭᠤᠳᠠᠨ ᠵᠠᠷᠯᠢᠭ ᠪᠣᠯᠤᠷᠤᠨ᠃ ᠲᠠ ᠪᠡᠷ ᠨᠠᠮᠠᠶᠢ ᠲᠠᠨᠢᠨ᠂ ᠮᠢᠨᠦ ᠬᠠᠮᠢᠭ᠎ᠠ ᠠᠴᠠ ᠠᠬᠤᠢ ᠶᠢ ᠮᠡᠳᠡᠮᠦᠢ᠃ ᠲᠡᠶᠢᠨ ᠪᠣᠯᠪᠠᠴᠤ ᠪᠢ ᠪᠡᠷ ᠥᠪᠡᠷ ᠦᠨ ᠪᠡᠶ᠎ᠡ ᠡᠴᠡ ᠢᠷᠡᠭᠰᠡᠨ ᠪᠤᠰᠤ᠃ ᠬᠠᠷᠢᠨ ᠨᠠᠮᠠᠶᠢ ᠢᠯᠡᠭᠡᠭᠰᠡᠨ ᠢᠨᠦ ᠦᠨᠡᠨ ᠪᠤᠢ᠃ ᠲᠡᠭᠦᠨ ᠢ ᠲᠠ ᠪᠡᠷ ᠡᠰᠡ ᠲᠠᠨᠢᠮᠤᠢ᠃ 29ᠪᠢ ᠪᠡᠷ ᠲᠡᠭᠦᠨ ᠢ ᠲᠠᠨᠢᠮᠤᠢ᠃ ᠲᠡᠷᠡ ᠶᠠᠭᠤᠨ ᠤ ᠲᠤᠯᠠ ᠬᠡᠮᠡᠪᠡᠰᠦ᠂ ᠪᠢ ᠪᠡᠷ ᠲᠡᠭᠦᠨ ᠡᠴᠡ ᠪᠤᠢ ᠪᠥᠭᠡᠳ᠂ ᠲᠡᠷᠡ ᠢᠨᠦ ᠨᠠᠮᠠᠶᠢ ᠢᠯᠡᠭᠡᠭᠰᠡᠨ ᠪᠤᠢ᠃ 30ᠬᠡᠮᠡᠨ ᠵᠠᠷᠯᠢᠭ ᠪᠣᠯᠤᠭᠰᠠᠨ ᠳᠤᠷ ᠲᠡᠳᠡ ᠢᠨᠦ ᠲᠡᠭᠦᠨ ᠢ ᠪᠠᠷᠢᠬᠤᠶ᠎ᠠ ᠲᠤᠭᠤᠷᠪᠢᠭᠰᠠᠨ ᠪᠣᠯᠪᠠᠴᠤ᠂ ᠬᠡᠨ ᠴᠤ ᠲᠡᠭᠦᠨ ᠳᠦᠷ ᠭᠠᠷ ᠢᠶᠠᠨ ᠡᠰᠡ ᠬᠦᠷᠭᠡᠪᠡᠢ᠃ ᠲᠡᠷᠡ ᠶᠠᠭᠤᠨ ᠤ ᠲᠤᠯᠠ ᠬᠡᠮᠡᠪᠡᠰᠦ᠂ ᠲᠡᠭᠦᠨ ᠦ ᠴᠠᠭ ᠠᠨᠤ ᠢᠷᠡᠭᠡ ᠡᠳᠦᠢ ᠪᠥᠯᠦᠭᠡ᠃ 31ᠲᠡᠶᠢᠨ ᠪᠥᠭᠡᠳ ᠤᠯᠤᠰ ᠠᠴᠠ ᠣᠯᠠᠨ ᠠᠨᠤ ᠲᠡᠭᠦᠨ ᠳᠦᠷ ᠢᠲᠡᠭᠡᠨ ᠥᠭᠦᠯᠡᠯᠳᠦᠷᠦᠨ᠃ ᠬᠡᠷᠢᠰᠲ᠋ᠣᠰ ᠠᠨᠤ ᠢᠷᠡᠬᠦᠢ ᠳᠡᠭᠡᠨ ᠡᠨᠡ ᠬᠦᠮᠦᠨ ᠦ ᠦᠢᠯᠡᠳᠦᠭᠰᠡᠨ ᠭᠠᠶᠢᠬᠠᠮᠰᠢᠭ ᠤᠳ ᠠᠴᠠ ᠦᠯᠡᠮᠵᠢ ᠦᠢᠯᠡᠳᠬᠦ ᠪᠤᠶᠤ᠃ 32ᠬᠡᠮᠡᠨ ᠤᠯᠤᠰ ᠤᠨ ᠲᠡᠭᠦᠨ ᠦ ᠤᠴᠢᠷ᠎ᠠ ᠲᠡᠷᠡ ᠮᠡᠲᠦᠰ ᠢ ᠰᠡᠵᠢᠭᠯᠡᠨ ᠥᠭᠦᠯᠡᠯᠳᠦᠭᠰᠡᠨ ᠢ ᠹᠠᠷᠢᠰᠢ ᠨᠠᠷ ᠠᠨᠤ ᠰᠣᠨᠣᠰᠪᠠᠢ᠃ ᠲᠡᠶᠢᠨ ᠬᠦ ᠹᠠᠷᠢᠰᠢ ᠨᠠᠷ ᠬᠢᠭᠡᠳ ᠲᠡᠷᠢᠭᠦᠨ ᠯᠠᠮᠠᠨᠠᠷ ᠠᠨᠤ ᠲᠡᠭᠦᠨ ᠢ ᠪᠠᠷᠢᠬᠤ ᠶᠢᠨ ᠲᠤᠯᠠ ᠵᠠᠷᠤᠴᠠᠨᠠᠷ ᠢ ᠢᠯᠡᠭᠡᠪᠡᠢ᠃ 33ᠲᠡᠶᠢᠨ ᠪᠥᠭᠡᠲᠡᠯ᠎ᠡ ᠢᠢᠰᠦᠰ ᠢᠨᠦ ᠵᠠᠷᠯᠢᠭ ᠪᠣᠯᠤᠷᠤᠨ᠃ ᠪᠢ ᠪᠡᠷ ᠥᠴᠦᠬᠡᠨ ᠴᠠᠭ᠋ᠠ ᠲᠠᠨᠤ ᠳᠣᠲᠣᠷ᠎ᠠ ᠪᠠᠶᠢᠭᠠᠳ᠂ ᠨᠠᠮᠠᠶᠢ ᠢᠯᠡᠭᠡᠭᠰᠡᠨ ᠳᠦᠷ ᠬᠠᠷᠢᠵᠤ ᠣᠳᠤᠮᠤᠢ᠃ 34ᠲᠠ ᠪᠡᠷ ᠨᠠᠮᠠᠶᠢ ᠪᠡᠳᠡᠷᠢᠬᠦ ᠪᠣᠯᠪᠠᠴᠤ᠂ ᠦᠯᠦ ᠣᠯᠬᠤ ᠪᠤᠢ᠃ ᠵᠢᠴᠢ ᠮᠢᠨᠦ ᠬᠠᠮᠢᠭ᠎ᠠ ᠪᠣᠯᠬᠤᠢ ᠲᠡᠨᠳᠡ ᠲᠠ ᠪᠡᠷ ᠬᠦᠷᠴᠦ ᠦᠯᠦ ᠴᠢᠳᠠᠬᠤ ᠪᠤᠢ᠃ 35ᠬᠡᠮᠡᠨ ᠵᠠᠷᠯᠢᠭ ᠪᠣᠯᠤᠭᠰᠠᠨ ᠳᠤᠷ ᠶᠦᠳᠠᠲᠠᠨ ᠢᠨᠦ ᠥᠪᠡᠷ ᠵᠠᠭᠤᠷ᠎ᠠ ᠪᠠᠨ ᠥᠭᠦᠯᠡᠯᠳᠦᠷᠦᠨ᠃ ᠲᠡᠷᠡ ᠢᠨᠦ ᠪᠢᠳᠡᠨ ᠳᠦᠷ ᠦᠯᠦ ᠣᠯᠳᠤᠬᠤ ᠶᠠᠮᠪᠠᠷ ᠵᠦᠭ ᠲᠦᠷ ᠣᠳᠬᠤ ᠪᠤᠶᠤ᠃ ᠲᠡᠷᠡ ᠢᠨᠦ ᠭᠡᠷᠢᠶᠡᠭ ᠲᠡᠨ ᠦ (ᠳᠤᠮᠳᠠ) ᠲᠠᠷᠬᠠᠭᠠᠭᠳᠠᠭᠰᠠᠳ ᠲᠤᠷ ᠣᠳᠤᠭᠠᠳ᠂ ᠭᠡᠷᠢᠶᠡᠭ ᠲᠡᠨ ᠢ ᠰᠤᠷᠭᠠᠬᠤ ᠪᠤᠶᠤ᠃ 36ᠲᠠ ᠪᠡᠷ ᠨᠠᠮᠠᠶᠢ ᠪᠡᠳᠡᠷᠢᠬᠦ ᠪᠣᠯᠪᠠᠴᠤ ᠦᠯᠦ ᠣᠯᠬᠤ ᠪᠤᠢ᠃ ᠵᠢᠴᠢ ᠮᠢᠨᠦ ᠬᠠᠮᠢᠭ᠎ᠠ ᠪᠣᠯᠬᠤᠢ ᠲᠡᠨᠳᠡ ᠲᠠ ᠪᠡᠷ ᠬᠦᠷᠴᠦ ᠦᠯᠦ ᠴᠢᠳᠠᠬᠤ᠂ ᠬᠡᠮᠡᠨ ᠲᠡᠭᠦᠨ ᠦ ᠥᠭᠦᠯᠡᠭᠰᠡᠨ ᠢᠨᠦ ᠶᠠᠭᠤᠨ ᠪᠤᠶᠤ᠃ ᠬᠡᠮᠡᠯᠳᠦᠪᠡᠢ ᠅ 37ᠨᠠᠶᠢᠷ ᠤᠨ ᠡᠴᠦᠰᠳᠡᠬᠢ ᠡᠳᠦᠷ ᠪᠣᠯᠤᠭᠰᠠᠨ ᠶᠡᠬᠡ ᠡᠳᠦᠷ᠎ᠡ ᠢᠢᠰᠦᠰ ᠢᠨᠦ ᠲᠡᠨᠳᠡ ᠪᠠᠶᠢᠵᠤ ᠳᠠᠭᠤᠳᠠᠨ ᠵᠠᠷᠯᠢᠭ ᠪᠣᠯᠤᠷᠤᠨ᠃ ᠬᠡᠷᠪᠡ ᠠᠯᠢ ᠬᠡᠨ ᠤᠮᠳᠠᠭᠠᠰᠤᠪᠠᠰᠤ᠂ ᠨᠠᠳᠤᠷ ᠢᠷᠡᠭᠡᠳ ᠤᠭᠤᠬᠤ ᠪᠣᠯᠲᠤᠭᠠᠢ᠃ 38ᠠᠯᠢ ᠬᠡᠨ ᠨᠠᠳᠤᠷ ᠢᠲᠡᠭᠡᠪᠡᠰᠦ᠂ (ᠨᠣᠮ ᠤᠨ ᠳᠣᠲᠣᠷ᠎ᠠ) ᠪᠢᠴᠢᠭᠳᠡᠭᠰᠡᠨ ᠮᠡᠲᠦ ᠲᠡᠭᠦᠨ ᠦ ᠪᠡᠶ᠎ᠡ ᠡᠴᠡ ᠠᠮᠢᠳᠤ ᠤᠰᠤᠨ ᠤ ᠭᠣᠣᠯ ᠤᠳ ᠠᠨᠤ ᠤᠷᠤᠰᠬᠤ ᠪᠣᠯᠤᠶᠤ᠃ 39ᠡᠭᠦᠨ ᠢ ᠲᠡᠷᠡ ᠢᠨᠦ ᠲᠣᠳᠤᠳᠬᠠᠯ ᠤᠨ ᠤᠴᠢᠷ᠎ᠠ ᠵᠠᠷᠯᠢᠭ ᠪᠣᠯᠪᠠᠢ᠃ ᠲᠡᠷᠡ ᠲᠣᠳᠤᠳᠬᠠᠯ ᠢ ᠲᠡᠭᠦᠨ ᠳᠦᠷ ᠢᠲᠡᠭᠡᠭᠴᠢᠳ ᠢᠨᠦ ᠬᠦᠷᠲᠡᠬᠦ ᠪᠥᠯᠦᠭᠡ᠃ ᠬᠠᠷᠢᠨ ᠢᠢᠰᠦᠰ ᠦᠨ ᠴᠣᠭ ᠵᠢᠪᠬᠤᠯᠠᠩ ᠲᠤ ᠪᠣᠯᠤᠭ᠎ᠠ ᠡᠳᠦᠢ ᠶᠢᠨ ᠲᠤᠯᠠ᠂ ᠲᠣᠳᠤᠳᠬᠠᠯ ᠠᠨᠤ ᠥᠭᠳᠡᠭᠡ ᠡᠳᠦᠢ ᠪᠥᠯᠦᠭᠡ᠃ 40ᠤᠯᠤᠰ ᠠᠴᠠ ᠣᠯᠠᠨ ᠠᠨᠤ ᠵᠠᠷᠯᠢᠭ ᠪᠣᠯᠤᠭᠰᠠᠨ ᠢ ᠰᠣᠨᠣᠰᠤᠭᠠᠳ ᠥᠭᠦᠯᠡᠷᠦᠨ᠃ ᠦᠨᠡᠬᠡᠷ ᠡᠨᠡ ᠢᠨᠦ ᠹᠣᠷᠣᠹᠢᠳ ᠮᠥᠨ᠃ 41ᠵᠠᠷᠢᠮ ᠤᠳ ᠠᠨᠤ ᠬᠡᠷᠢᠰᠲ᠋ᠣᠰ ᠪᠣᠯᠠᠢ᠃ ᠪᠤᠰᠤᠳ ᠠᠨᠤ ᠡᠶᠢᠨ᠃ ᠬᠡᠷᠢᠰᠲ᠋ᠣᠰ ᠠᠨᠤ ᠺᠠᠯᠢᠯᠢᠶ᠎ᠠ ᠠᠴᠠ ᠭᠠᠷᠬᠤ ᠪᠤᠶᠤ᠃ 42ᠬᠡᠷᠢᠰᠲ᠋ᠣᠰ ᠠᠨᠤ ᠳ᠋ᠠᠸᠢᠳ᠋ ᠤᠨ ᠲᠥᠷᠥᠯ ᠡᠴᠡ ᠪᠣᠯᠤᠭᠠᠳ ᠳ᠋ᠠᠸᠢᠳ᠋ ᠤᠨ ᠰᠠᠭᠤᠭᠰᠠᠨ ᠹᠢᠳᠯᠢᠾᠢᠮ ᠬᠣᠲᠠᠨ ᠠᠴᠠ ᠭᠠᠷᠬᠤ ᠪᠤᠢ᠃ ᠬᠡᠮᠡᠨ ᠪᠢᠴᠢᠭᠳᠡᠭᠰᠡᠨ ᠪᠢᠰᠢᠶᠦ᠃ ᠬᠡᠮᠡᠯᠳᠦᠪᠡᠢ᠃ 43ᠲᠡᠶᠢᠮᠦ ᠶᠢᠨ ᠲᠤᠯᠠ ᠤᠯᠤᠰ ᠠᠨᠤ ᠲᠡᠭᠦᠨ ᠦ ᠤᠴᠢᠷ᠎ᠠ ᠪᠤᠯᠢᠶᠠᠯᠳᠤᠪᠠᠢ᠃ 44ᠲᠡᠳᠡᠨ ᠡᠴᠡ ᠵᠠᠷᠢᠮ ᠤᠳ ᠠᠨᠤ ᠲᠡᠭᠦᠨ ᠢ ᠪᠠᠷᠢᠬᠤᠶ᠎ᠠ ᠳᠤᠷᠠᠰᠢᠪᠠᠢ᠃ ᠵᠦᠭᠡᠷ ᠬᠡᠨ ᠴᠤ ᠲᠡᠭᠦᠨ ᠳᠦᠷ ᠭᠠᠷ ᠢᠶᠠᠨ ᠡᠰᠡ ᠬᠦᠷᠭᠡᠪᠡᠢ ᠅ 45ᠲᠡᠨᠳᠡᠴᠡ ᠵᠠᠷᠤᠴᠠᠨᠠᠷ ᠤᠨ ᠲᠡᠷᠢᠭᠦᠨ ᠯᠠᠮᠠᠨᠠᠷ ᠬᠢᠭᠡᠳ ᠹᠠᠷᠢᠰᠢ ᠨᠠᠷ ᠲᠤᠷ ᠪᠤᠴᠠᠭᠰᠠᠨ ᠳᠤᠷ ᠲᠡᠳᠡ ᠢᠨᠦ ᠲᠡᠳᠡᠨ ᠳᠦᠷ ᠡᠶᠢᠨ᠃ ᠲᠠ ᠪᠡᠷ ᠲᠡᠭᠦᠨ ᠢ ᠶᠠᠭᠤᠨ ᠤ ᠲᠤᠯᠠ ᠡᠰᠡ ᠠᠴᠠᠷᠠᠪᠤᠤ᠃ 46ᠬᠡᠮᠡᠭᠰᠡᠨ ᠳᠦᠷ ᠵᠠᠷᠤᠴᠠᠨᠠᠷ ᠠᠨᠤ ᠬᠠᠷᠢᠭᠤ ᠥᠭᠦᠯᠡᠷᠦᠨ᠃ ᠡᠨᠡ ᠬᠦᠮᠦᠨ ᠦ ᠥᠭᠦᠯᠡᠭᠰᠡᠨ ᠮᠡᠲᠦ ᠪᠡᠷ ᠬᠡᠨ ᠴᠤ ᠪᠤᠰᠤ ᠬᠦᠮᠦᠨ ᠢᠨᠦ ᠡᠳᠦᠭᠡ ᠪᠣᠯᠲᠠᠯ᠎ᠠ ᠥᠭᠦᠯᠡᠭᠡ ᠡᠳᠦᠢ᠃ 47ᠬᠡᠮᠡᠭᠰᠡᠨ ᠳᠦᠷ ᠪᠠᠷᠢᠰᠢ [ᠹᠠᠷᠢᠰᠢ] ᠨᠠᠷ ᠠᠨᠤ ᠲᠡᠳᠡᠨ ᠳᠦᠷ ᠬᠠᠷᠢᠭᠤ ᠥᠭᠦᠯᠡᠷᠦᠨ᠃ ᠪᠠᠰᠠ ᠲᠠ ᠪᠡᠷ ᠤᠨᠳᠠᠭᠠᠳᠠᠭᠤᠯᠠᠭᠳᠠᠪᠤᠤ᠃ 48ᠤᠯᠤᠰ ᠢ ᠲᠡᠷᠢᠭᠦᠯᠡᠭᠴᠢᠳ ᠡᠰᠡᠪᠡᠰᠦ ᠹᠠᠷᠢᠰᠢ ᠨᠠᠷ ᠠᠴᠠ ᠨᠢᠭᠡᠨ ᠴᠤ ᠲᠡᠭᠦᠨ ᠳᠦᠷ ᠢᠲᠡᠭᠡᠭᠰᠡᠨ ᠪᠤᠶᠤ᠃ 49ᠵᠦᠭᠡᠷ ᠲᠣᠭᠲᠠᠭᠠᠯ ᠢ ᠡᠰᠡ ᠮᠡᠳᠡᠭᠴᠢ ᠡᠨᠡ ᠬᠦ ᠤᠯᠤᠰ ᠠᠨᠤ ᠬᠠᠷᠢᠶᠠᠯ ᠲᠤ ᠪᠤᠢ᠃ 50ᠬᠡᠮᠡᠭᠰᠡᠨ᠋ᠡ ᠢᠢᠰᠦᠰ ᠲᠦᠷ ᠰᠥᠨᠢ ᠪᠡᠷ ᠢᠷᠡᠭᠰᠡᠨ ᠨᠢᠺᠣᠳᠢᠮ ᠠᠨᠤ ᠲᠡᠳᠡᠨ ᠡᠴᠡ ᠨᠢᠭᠡᠨ ᠠᠭᠠᠳ ᠲᠡᠳᠡᠨ ᠳᠦᠷ ᠡᠶᠢᠨ᠃ 51ᠪᠢᠳᠡᠨ ᠦ ᠲᠣᠭᠲᠠᠭᠠᠯ ᠠᠨᠤ ᠠᠯᠢ ᠬᠡᠨ ᠢ ᠰᠣᠨᠣᠰᠬᠤᠢ ᠬᠢᠭᠡᠳ ᠲᠡᠭᠦᠨ ᠦ ᠶᠠᠭᠤᠨ ᠦᠢᠯᠡᠳᠬᠦᠢ ᠶᠢ ᠮᠡᠳᠡᠬᠦ ᠡᠴᠡ ᠤᠷᠢᠳᠠ ᠲᠡᠭᠦᠨ ᠢ ᠰᠢᠭᠢᠳᠬᠡᠬᠦ ᠪᠤᠶᠤ᠃ 52ᠬᠡᠮᠡᠭᠰᠡᠨ ᠳᠦᠷ ᠲᠡᠳᠡ ᠢᠨᠦ ᠲᠡᠭᠦᠨ ᠳᠦᠷ ᠬᠠᠷᠢᠭᠤ ᠡᠶᠢᠨ᠃ ᠪᠠᠰᠠ ᠴᠢ ᠪᠡᠷ ᠺᠠᠯᠢᠯᠢᠶ᠎ᠠ ᠠᠴᠠ ᠪᠤᠶᠤ᠃ ᠺᠠᠯᠢᠯᠢᠶ᠎ᠠ ᠠᠴᠠ ᠹᠣᠷᠣᠹᠢᠳ ᠡᠰᠡ ᠭᠠᠷᠤᠳᠠᠭ ᠬᠡᠮᠡᠨ ᠪᠡᠳᠡᠷᠢᠨ ᠮᠡᠳᠡᠲᠦᠭᠡᠢ᠃ 53ᠬᠡᠮᠡᠨ ᠥᠭᠦᠯᠡᠭᠰᠡᠨ ᠳᠦᠷ ᠲᠤᠰᠪᠦᠷᠢ ᠠᠨᠤ ᠥᠪᠡᠷ ᠦᠨ ᠭᠡᠷ ᠲᠦᠷ ᠬᠠᠷᠢᠵᠤ ᠣᠳᠪᠠᠢ ᠅
Currently Selected:
ᠢᠣᠸᠠᠨ 7: MB1840
Highlight
Share
Copy
Want to have your highlights saved across all your devices? Sign up or sign in
Digital edition of the Mongolian translation published in 1840 (the Old Testament) and 1846 (the New Testament) by Edward Stallybrass and William Swan. Created by Bayarjargal Garamtseren and Simon Wong. Digital edition © United Bible Societies, 2020.