ᠯᠦᠺᠡ 15
15
ᠠᠷᠪᠠᠨ ᠲᠠᠪᠤᠳᠤᠭᠠᠷ ᠪᠦᠯᠦᠭ ᠅
1᠂ ᠲᠡᠷᠡ ᠴᠠᠭ ᠲᠤᠷ ᠬᠠᠮᠤᠭ ᠠᠪᠤᠯᠭᠠᠴᠢᠨᠠᠷ ᠬᠢᠭᠡᠳ ᠬᠢᠯᠢᠨᠴᠡᠲᠡᠨ ᠢᠨᠦ ᠲᠡᠭᠦᠨ ᠢ ᠰᠣᠨᠣᠰᠬᠤ ᠶᠢᠨ ᠲᠤᠯᠠ ᠲᠡᠭᠦᠨ ᠦ ᠳᠡᠷᠭᠡᠳᠡ ᠢᠷᠡᠪᠡᠢ᠃ 2᠂ ᠲᠡᠨᠳᠡ ᠹᠠᠷᠢᠰᠢ ᠨᠠᠷ ᠬᠢᠭᠡᠳ ᠨᠣᠮ ᠵᠢᠭᠠᠭᠴᠢᠨᠠᠷ ᠠᠨᠤ ᠮᠠᠭᠤᠯᠠᠨ ᠡᠶᠢᠨ᠃ ᠡᠨᠡ ᠢᠨᠦ ᠬᠢᠯᠢᠨᠴᠡᠲᠡᠨ ᠢ ᠲᠠᠭᠠᠯᠠᠵᠤ ᠠᠪᠤᠨ᠂ ᠲᠡᠳᠡᠨ ᠯᠦᠭᠡ ᠬᠠᠮᠲᠤ ᠢᠳᠡᠯᠴᠡᠳᠡᠭ᠃ 3᠂ ᠬᠡᠮᠡᠨ ᠥᠭᠦᠯᠡᠭᠰᠡᠨ ᠳᠦᠷ ᠲᠡᠷᠡ ᠢᠨᠦ ᠲᠡᠳᠡᠨ ᠳᠦᠷ ᠦᠯᠢᠭᠡᠷ ᠢᠶᠡᠷ ᠵᠠᠷᠯᠢᠭ ᠪᠣᠯᠤᠷᠤᠨ᠃ 4᠂ ᠲᠠᠨ ᠠᠴᠠ ᠬᠡᠨ ᠪᠡᠷ ᠵᠠᠭᠤᠨ ᠬᠣᠨᠢ ᠲᠤ ᠪᠣᠯᠤᠭᠠᠳ᠂ ᠲᠡᠳᠡᠨ ᠡᠴᠡ ᠨᠢᠭᠡᠨ ᠢ ᠭᠡᠭᠡᠪᠡᠰᠦ᠂ ᠶᠡᠷᠡᠨ ᠶᠢᠰᠦᠨ (ᠬᠣᠨᠢᠨ) ᠢ ᠬᠡᠭᠡᠷ᠎ᠡ ᠳᠦᠷ ᠣᠷᠬᠢᠭᠠᠳ᠂ ᠲᠡᠷᠡ ᠬᠦ ᠭᠡᠭᠡᠭᠳᠡᠭᠰᠡᠨ ᠬᠣᠨᠢᠨ ᠢ ᠣᠯᠲᠠᠯ᠎ᠠ ᠦᠯᠦ ᠪᠡᠳᠡᠷᠢᠬᠦ ᠪᠤᠶᠤ᠃ 5᠂ ᠲᠡᠷᠡ ᠢᠨᠦ ᠣᠯᠬᠤᠢ ᠳᠠᠭᠠᠨ ᠮᠠᠰᠢᠳᠠ ᠪᠠᠶᠠᠰᠤᠨ᠂ ᠲᠡᠭᠦᠨ ᠢ ᠮᠥᠷᠦᠨ ᠦ ᠳᠡᠭᠡᠷ᠎ᠡ ᠪᠡᠨ ᠦᠭᠦᠷᠦᠭᠡᠳ᠃ 6᠂ ᠭᠡᠷ ᠲᠡᠭᠡᠨ ᠬᠦᠷᠦᠭᠡᠳ ᠢᠨᠠᠭ ᠨᠥᠬᠥᠰ ᠬᠢᠭᠡᠳ ᠠᠶᠢᠯ ᠤᠳ ᠢᠶᠠᠨ ᠴᠤᠭᠯᠠᠭᠤᠯᠤᠭᠠᠳ ᠲᠡᠳᠡᠨ ᠳᠦᠷ ᠡᠶᠢᠨ᠃ ᠨᠠᠳᠠᠯᠤᠭᠠ ᠪᠠᠶᠠᠰᠤᠯᠴᠠᠭᠲᠤᠨ᠃ ᠪᠢ ᠪᠡᠷ ᠭᠡᠭᠡᠭᠳᠡᠭᠰᠡᠨ ᠬᠣᠨᠢᠨ ᠢᠶᠠᠨ ᠣᠯᠪᠠᠢ᠃ ᠬᠡᠮᠡᠨ ᠥᠭᠦᠯᠡᠬᠦ ᠪᠣᠯᠤᠶᠤ᠃ 7᠂ ᠮᠢᠨᠦ ᠲᠠᠨ ᠳᠤᠷ ᠥᠭᠦᠯᠡᠬᠦᠢ ᠢᠨᠦ᠂ ᠲᠡᠭᠦᠨᠴᠢᠯᠡᠨ ᠭᠡᠮᠰᠢᠬᠦᠢ ᠳᠦᠷ ᠬᠡᠷᠡᠭᠯᠡᠯ ᠦᠭᠡᠢ ᠶᠡᠷᠡᠨ ᠶᠢᠰᠦᠨ ᠵᠥᠪ ᠲᠡᠨ ᠡᠴᠡ ᠭᠠᠭᠴᠠᠬᠠᠨ ᠭᠡᠮᠰᠢᠭᠰᠡᠨ ᠬᠢᠯᠢᠨᠴᠡ ᠲᠦ ᠶᠢᠨ ᠤᠴᠢᠷ᠎ᠠ ᠣᠭᠲᠠᠷᠭᠤᠢ ᠳᠤᠷ ᠦᠯᠡᠮᠵᠢ ᠪᠠᠶᠠᠰᠬᠤᠯᠠᠩ ᠪᠤᠢ᠃ 8᠂ ᠵᠢᠴᠢ ᠬᠡᠨ ᠡᠮ᠎ᠡ ᠬᠦᠮᠦᠨ ᠢᠨᠦ ᠠᠷᠪᠠᠨ ᠮᠥᠩᠭᠦ ᠲᠦ ᠪᠣᠯᠤᠭᠠᠳ᠂ ᠲᠡᠳᠡᠨ ᠡᠴᠡ ᠨᠢᠭᠡᠨ ᠢ ᠭᠡᠭᠡᠪᠡᠰᠦ ᠡᠯ᠎ᠡ᠂ ᠵᠤᠯᠠ ᠶᠢ ᠰᠢᠲᠠᠭᠠᠭᠠᠳ ᠭᠡᠷ ᠢᠶᠡᠨ ᠬᠠᠮᠤᠵᠤ᠂ ᠣᠯᠲᠠᠯ᠎ᠠ ᠦᠯᠦ ᠪᠡᠳᠡᠷᠢᠬᠦ ᠪᠤᠶᠤ᠃ 9᠂ ᠲᠡᠷᠡ ᠢᠨᠦ ᠣᠯᠬᠤᠢ ᠳᠠᠭᠠᠨ ᠢᠨᠠᠭ ᠨᠥᠬᠥᠰ ᠬᠢᠭᠡᠳ ᠠᠶᠢᠯ ᠤᠳ ᠢᠶᠠᠨ ᠴᠤᠭᠯᠠᠭᠤᠯᠤᠭᠠᠳ ᠲᠡᠳᠡᠨ ᠳᠦᠷ ᠡᠶᠢᠨ᠃ ᠨᠠᠳᠠᠯᠤᠭᠠ ᠪᠠᠶᠠᠰᠤᠯᠴᠠᠭᠲᠤᠨ᠃ ᠪᠢ ᠪᠡᠷ ᠭᠡᠭᠡᠭᠳᠡᠭᠰᠡᠨ ᠮᠥᠩᠭᠦᠨ ᠢᠶᠡᠨ ᠣᠯᠪᠠᠢ᠃ ᠬᠡᠮᠡᠨ ᠥᠭᠦᠯᠡᠬᠦ ᠪᠣᠯᠤᠶᠤ᠃ 10᠂ ᠲᠡᠷᠡ ᠮᠡᠲᠦ ᠪᠡᠷ ᠭᠠᠭᠴᠠᠬᠠᠨ ᠭᠡᠮᠰᠢᠭᠰᠡᠨ ᠬᠢᠯᠢᠨᠴᠡᠲᠦ ᠶᠢᠨ ᠤᠴᠢᠷ᠎ᠠ ᠪᠤᠷᠬᠠᠨ ᠤ ᠠᠩᠭᠢᠯ ᠤᠳ ᠤᠨ ᠡᠮᠦᠨ᠎ᠡ ᠪᠠᠶᠠᠰᠬᠤᠯᠠᠩ ᠪᠤᠢ᠃ ᠬᠡᠮᠡᠨ ᠪᠢ ᠪᠡᠷ ᠲᠠᠨ ᠳᠤᠷ ᠥᠭᠦᠯᠡᠮᠦᠢ ᠅ 11᠂ ᠪᠠᠰᠠ ᠲᠡᠷᠡ ᠢᠨᠦ ᠡᠶᠢᠨ ᠵᠠᠷᠯᠢᠭ ᠪᠣᠯᠤᠷᠤᠨ᠃ ᠨᠢᠭᠡ ᠬᠦᠮᠦᠨ ᠳᠦᠷ ᠬᠣᠶᠠᠷ ᠬᠥᠪᠡᠭᠦᠨ ᠪᠥᠯᠦᠭᠡ᠃ 12᠂ ᠲᠡᠳᠡᠨ ᠡᠴᠡ ᠪᠠᠭ᠎ᠠ ᠬᠥᠪᠡᠭᠦᠨ ᠢᠨᠦ ᠡᠴᠢᠭᠡ ᠳᠡᠭᠡᠨ ᠡᠶᠢᠨ᠃ ᠡᠴᠢᠭᠡ ᠡ᠂ ᠡᠳ᠋ ᠠᠭᠤᠷᠰᠤᠨ ᠠᠴᠠ (ᠮᠢᠨᠦ) ᠠᠪᠬᠤᠢ ᠬᠤᠪᠢ ᠶᠢ ᠨᠠᠳᠤᠷ ᠥᠭ᠃ ᠬᠡᠮᠡᠭᠰᠡᠨ ᠳᠦᠷ ᠲᠡᠷᠡ ᠢᠨᠦ ᠲᠡᠳᠡᠨ ᠳᠦᠷ ᠡᠳ᠋ ᠠᠭᠤᠷᠰᠤᠨ ᠢᠶᠠᠨ ᠬᠤᠪᠢᠶᠠᠨ ᠥᠭᠪᠡᠢ᠃ 13᠂ ᠲᠡᠨᠳᠡᠴᠡ ᠣᠯᠠᠨ ᠡᠳᠦᠷ ᠦᠳ ᠢ ᠥᠩᠭᠡᠷᠡᠭᠦᠯᠦᠯ ᠦᠭᠡᠭᠦᠶ᠎ᠡ ᠪᠠᠭ᠎ᠠ ᠬᠥᠪᠡᠭᠦᠨ ᠢᠨᠦ ᠬᠠᠮᠤᠭ ᠢᠶᠠᠨ ᠬᠤᠷᠢᠶᠠᠨ ᠠᠪᠤᠭᠠᠳ᠂ ᠬᠣᠯᠠ ᠭᠠᠵᠠᠷ ᠲᠤᠷ ᠣᠳᠴᠤ ᠲᠡᠨᠳᠡ ᠰᠠᠮᠠᠭᠤ ᠪᠠᠷ ᠶᠠᠪᠤᠨ᠂ ᠠᠭᠰᠠᠨ ᠢᠶᠠᠨ ᠳᠠᠭᠤᠰᠲᠠᠯ᠎ᠠ ᠡᠳ᠋ᠯᠡᠪᠡᠢ᠃ 14᠂ ᠲᠡᠶᠢᠨ ᠪᠥᠭᠡᠳ ᠬᠠᠮᠤᠭ ᠤᠨ ᠪᠠᠷᠠᠭᠳᠠᠭᠰᠠᠨ ᠤ ᠬᠣᠶᠢᠨᠠ ᠲᠡᠷᠡ ᠬᠦ ᠭᠠᠵᠠᠷ ᠲᠤᠷ ᠶᠡᠬᠡ ᠵᠤᠳ ᠪᠣᠯᠪᠠᠢ᠃ ᠲᠡᠷᠡ ᠴᠤ ᠶᠠᠳᠠᠭᠤᠷᠠᠬᠤᠢ ᠳᠤᠷ ᠬᠦᠷᠦᠭᠡᠳ᠃ 15᠂ ᠲᠡᠷᠡ ᠬᠦ ᠭᠠᠵᠠᠷ ᠲᠤᠷ ᠨᠢᠭᠡᠨ ᠰᠠᠭᠤᠭᠴᠢ ᠬᠦᠮᠦᠨ ᠳᠦᠷ ᠣᠳᠤᠭᠠᠳ ᠲᠡᠭᠦᠨ ᠯᠦᠭᠡ ᠨᠥᠬᠥᠴᠡᠪᠡᠢ᠃ ᠲᠡᠷᠡ (ᠬᠦᠮᠦᠨ) ᠢᠨᠦ ᠲᠡᠭᠦᠨ ᠢ ᠭᠠᠬᠠᠢ ᠨᠤᠭᠤᠳ ᠢ ᠰᠠᠬᠢᠬᠤ ᠶᠢᠨ ᠲᠤᠯᠠ ᠲᠠᠷᠢᠶᠠᠯᠠᠩ ᠳᠠᠭᠠᠨ ᠢᠯᠡᠭᠡᠪᠡᠢ᠃ 16᠂ ᠲᠡᠶᠢᠨ ᠬᠦ ᠲᠡᠷᠡ ᠢᠨᠦ ᠭᠠᠬᠠᠢ ᠨᠤᠭᠤᠳ ᠤᠨ ᠢᠳᠡᠳᠡᠭ ᠬᠠᠯᠢᠰᠤᠨ ᠠᠴᠠ ᠬᠡᠪᠡᠯᠢᠨ ᠢᠶᠡᠨ ᠴᠠᠳᠬᠠᠨ ᠳᠦᠭᠦᠷᠭᠡᠬᠦᠢ ᠶᠢ ᠬᠦᠰᠡᠪᠡᠢ᠃ ᠬᠠᠷᠢᠨ ᠬᠡᠨ ᠴᠤ ᠲᠡᠭᠦᠨ ᠳᠦᠷ ᠶᠠᠭᠤᠨ ᠢ ᠴᠤ ᠡᠰᠡ ᠥᠭᠪᠡᠢ᠃ 17᠂ ᠲᠡᠶᠢᠨ ᠪᠥᠭᠡᠲᠡᠯ᠎ᠡ ᠲᠡᠷᠡ ᠢᠨᠦ ᠰᠡᠳᠬᠢᠯ ᠢᠶᠡᠨ ᠤᠷᠪᠠᠭᠤᠯᠤᠨ ᠡᠶᠢᠨ ᠥᠭᠦᠯᠡᠷᠦᠨ᠃ ᠮᠢᠨᠦ ᠡᠴᠢᠭᠡ ᠳᠦᠷ ᠱᠠᠩ ᠢᠶᠠᠷ ᠣᠯᠠᠨ ᠬᠥᠳᠦᠯᠦᠭᠴᠢᠳ ᠢᠨᠦ ᠴᠠᠳᠬᠠᠬᠠᠤᠢ ᠠᠴᠠ ᠢᠯᠡᠭᠦᠦ ᠢᠳᠡᠭᠡᠨ ᠢᠶᠡᠨ ᠬᠦᠷᠲᠡᠳᠡᠭ ᠠᠲᠠᠯ᠎ᠠ᠃ ᠪᠢ ᠪᠡᠷ ᠥᠯᠥᠰᠴᠦ ᠦᠬᠦᠬᠦᠢ ᠳᠦᠷ ᠣᠶᠢᠷᠠᠲᠠᠪᠠᠢ᠃ 18᠂ ᠪᠢ ᠪᠡᠷ ᠪᠣᠰᠤᠭᠠᠳ ᠡᠴᠢᠭᠡ ᠳᠡᠭᠡᠨ ᠣᠳᠴᠤ ᠲᠡᠭᠦᠨ ᠳᠦᠷ ᠡᠶᠢᠨ ᠥᠭᠦᠯᠡᠰᠦ᠃ ᠡᠴᠢᠭᠡ ᠡ᠂ ᠪᠢ ᠪᠡᠷ ᠣᠭᠲᠠᠷᠭᠤᠢ ᠶᠢᠨ ᠲᠤᠰ ᠬᠢᠭᠡᠳ ᠴᠢᠨᠦ ᠡᠮᠦᠨ᠎ᠡ ᠨᠢᠭᠦᠯ ᠢ ᠦᠢᠯᠡᠳᠪᠡᠢ᠃ 19᠂ ᠪᠢ ᠪᠡᠷ ᠡᠭᠦᠨ ᠡᠴᠡ ᠠᠪᠤᠨ ᠴᠢᠨᠦ ᠬᠥᠪᠡᠭᠦᠨ ᠬᠡᠮᠡᠨ ᠨᠡᠷᠡᠯᠡᠭᠳᠡᠬᠦᠶᠡ ᠲᠡᠩᠰᠡᠭᠦᠷᠢ ᠦᠭᠡᠢ ᠠᠮᠤᠢ᠃ ᠨᠠᠮᠠᠶᠢ ᠥᠪᠡᠷ ᠦᠨ ᠱᠠᠩ ᠢᠶᠠᠷ ᠬᠥᠳᠦᠯᠦᠭᠴᠢᠳ ᠦᠨ ᠲᠣᠭᠠᠨ᠋ᠠ ᠣᠷᠣᠭᠤᠯᠤᠨ ᠰᠣᠶᠤᠷᠬ᠎ᠠ᠃ 20᠂ ᠬᠡᠮᠡᠨ ᠰᠡᠳᠬᠢᠭᠡᠳ᠂ ᠪᠣᠰᠴᠤ ᠡᠴᠢᠭᠡ ᠳᠡᠭᠡᠨ ᠣᠳᠪᠠᠢ᠃ ᠲᠡᠭᠦᠨ ᠦ ᠬᠣᠯᠠ ᠠᠬᠤᠶ᠎ᠠ ᠲᠡᠭᠦᠨ ᠦ ᠡᠴᠢᠭᠡ ᠢᠨᠦ ᠲᠡᠭᠦᠨ ᠢ ᠦᠵᠡᠭᠡᠳ᠂ ᠡᠨᠡᠷᠢᠵᠦ ᠭᠦᠶᠦᠨ᠂ ᠬᠦᠵᠦᠭᠦᠪᠡᠷ ᠲᠡᠪᠡᠷᠢᠨ ᠲᠠᠭᠠᠯᠠᠪᠠᠢ᠃ 21᠂ ᠬᠥᠪᠡᠭᠦᠨ ᠢᠨᠦ ᠲᠡᠭᠦᠨ ᠳᠦᠷ ᠥᠭᠦᠯᠡᠷᠦᠨ᠃ ᠡᠴᠢᠭᠡ ᠡ᠂ ᠪᠢ ᠪᠡᠷ ᠣᠭᠲᠠᠷᠭᠤᠢ ᠶᠢᠨ ᠲᠤᠰ ᠬᠢᠭᠡᠳ ᠴᠢᠨᠦ ᠡᠮᠦᠨ᠎ᠡ ᠨᠢᠭᠦᠯ ᠢ ᠦᠢᠯᠡᠳᠪᠡᠢ᠃ ᠪᠢ ᠪᠡᠷ ᠡᠭᠦᠨ ᠡᠴᠡ ᠠᠪᠤᠨ ᠴᠢᠨᠦ ᠬᠥᠪᠡᠭᠦᠨ ᠬᠡᠮᠡᠨ ᠨᠡᠷᠡᠯᠡᠭᠳᠡᠬᠦᠶᠡ ᠲᠡᠩᠰᠡᠭᠦᠷᠢ ᠦᠭᠡᠢ ᠠᠮᠤᠢ᠃ 22᠂ ᠬᠡᠮᠡᠨ ᠥᠭᠦᠯᠡᠭᠰᠡᠨ ᠳᠦᠷ ᠡᠴᠢᠭᠡ ᠢᠨᠦ ᠪᠣᠭᠣᠯ ᠤᠳ ᠲᠠᠭᠠᠨ ᠥᠭᠦᠯᠡᠷᠦᠨ᠃ ᠦᠯᠡᠮᠵᠢ ᠰᠠᠶᠢᠨ ᠳᠡᠪᠢᠯ ᠢ ᠠᠴᠠᠷᠠᠭᠠᠳ ᠲᠡᠭᠦᠨ ᠳᠦᠷ ᠡᠮᠦᠰᠬᠡᠭᠡᠳ᠂ ᠭᠠᠷ ᠲᠤᠷ ᠴᠤ ᠪᠢᠯᠢᠴᠡᠭ ᠢ ᠵᠡᠭᠦᠯᠭᠡᠨ᠂ ᠬᠥᠯ ᠳᠦᠷ ᠭᠤᠲᠤᠯ ᠢ ᠡᠮᠦᠰᠬᠡᠭᠲᠦᠨ᠃ 23᠂ ᠵᠢᠴᠢ ᠰᠢᠬᠠᠮᠠᠯ ᠲᠤᠭᠤᠯ ᠢ ᠠᠴᠠᠷᠠᠨ ᠠᠯᠠᠭᠲᠤᠨ᠃ ᠲᠡᠶᠢᠨ ᠪᠡᠷ ᠪᠢᠳᠡ ᠢᠳᠡᠨ ᠵᠢᠷᠭᠠᠯᠳᠤᠶ᠎ᠠ᠃ 24᠂ ᠲᠡᠷᠡ ᠶᠠᠭᠤᠨ ᠤ ᠲᠤᠯᠠ ᠬᠡᠮᠡᠪᠡᠰᠦ᠂ ᠡᠨᠡ ᠬᠦ ᠬᠥᠪᠡᠭᠦᠨ ᠮᠢᠨᠦ ᠦᠬᠦᠭᠰᠡᠨ ᠪᠣᠯᠤᠭᠠᠳ ᠳ᠋ᠠᠬᠢᠨ ᠠᠮᠢᠳᠤᠷᠠᠪᠠᠢ᠃ ᠭᠡᠭᠡᠭᠳᠡᠭᠰᠡᠨ ᠪᠣᠯᠤᠭᠠᠳ ᠣᠯᠳᠤᠪᠠᠢ᠃ ᠬᠡᠮᠡᠭᠰᠡᠨ ᠳᠦᠷ ᠲᠡᠳᠡ ᠢᠨᠦ ᠵᠢᠷᠭᠠᠯᠳᠤᠨ ᠠᠪᠠᠢ᠃ 25᠂ ᠲᠡᠷᠡ ᠴᠠᠭ ᠲᠤᠷ ᠲᠡᠭᠦᠨ ᠦ ᠶᠡᠬᠡ ᠬᠥᠪᠡᠭᠦᠨ ᠢᠨᠦ ᠲᠠᠷᠢᠶᠠᠯᠠᠩ ᠳᠤᠷ ᠠᠭᠠᠳ᠂ ᠪᠤᠴᠠᠵᠤ ᠭᠡᠷ ᠲᠡᠭᠡᠨ ᠰᠢᠳᠠᠷᠳᠠᠬᠤᠶᠠ᠂ ᠬᠥᠭᠵᠢᠮ ᠬᠢᠭᠡᠳ ᠪᠦᠵᠢᠭᠯᠡᠬᠦᠢ ᠶᠢᠨ ᠴᠢᠮᠡᠭᠡᠨ ᠢ ᠰᠣᠨᠣᠰᠪᠠᠢ᠃ 26᠂ ᠲᠡᠶᠢᠨ ᠬᠦ ᠲᠡᠷᠡ ᠢᠨᠦ ᠪᠣᠭᠣᠯ ᠤᠳ ᠠᠴᠠ ᠨᠢᠭᠡᠨ ᠢ ᠳᠠᠭᠤᠳᠠᠭᠠᠳ ᠡᠭᠦᠨ ᠦ ᠶᠠᠭᠤᠨ ᠠᠬᠤᠢ ᠶᠢ ᠠᠰᠠᠭᠤᠪᠠᠢ᠃ 27᠂ ᠲᠡᠷᠡ ᠢᠨᠦ ᠲᠡᠭᠦᠨ ᠳᠦᠷ ᠥᠭᠦᠯᠡᠷᠦᠨ᠃ ᠴᠢᠨᠦ ᠳᠡᠭᠦᠦ ᠢᠨᠦ ᠢᠷᠡᠪᠡᠢ᠃ ᠲᠡᠶᠢᠨ ᠬᠦ ᠴᠢᠨᠦ ᠡᠴᠢᠭᠡ ᠢᠨᠦ ᠲᠡᠭᠦᠨ ᠦ ᠡᠷᠡᠭᠦᠯ ᠢᠶᠡᠷ ᠢᠷᠡᠭᠰᠡᠨ ᠦ ᠲᠤᠯᠠᠳᠠ ᠰᠢᠬᠠᠮᠠᠯ ᠲᠤᠭᠤᠯ ᠢ ᠠᠯᠠᠭᠤᠯᠤᠭᠰᠠᠨ ᠪᠤᠢ᠃ 28᠂ ᠬᠡᠮᠡᠭᠰᠡᠨ ᠳᠦᠷ ᠲᠡᠷᠡ ᠢᠨᠦ ᠬᠢᠯᠢᠩᠯᠡᠭᠡᠳ᠂ ᠣᠷᠣᠬᠤᠶ᠎ᠠ ᠡᠰᠡ ᠳᠤᠷᠠᠰᠢᠪᠠᠢ᠃ ᠲᠡᠶᠢᠮᠦ ᠶᠢᠨ ᠲᠤᠯᠠ ᠲᠡᠭᠦᠨ ᠦ ᠡᠴᠢᠭᠡ ᠢᠨᠦ ᠭᠠᠷᠤᠭᠠᠳ ᠲᠡᠭᠦᠨ ᠢ (ᠭᠡᠷ ᠲᠦᠷ ᠣᠷᠣᠲᠤᠭᠠᠢ ᠬᠡᠮᠡᠨ) ᠭᠤᠶᠤᠪᠠᠢ᠃ 29᠂ ᠬᠠᠷᠢᠨ ᠲᠡᠷᠡ ᠢᠨᠦ ᠡᠴᠢᠭᠡ ᠳᠡᠭᠡᠨ ᠬᠠᠷᠢᠭᠤ ᠥᠭᠦᠯᠡᠷᠦᠨ᠃ ᠪᠢ ᠪᠡᠷ ᠬᠡᠳᠦᠨ ᠵᠢᠯ᠎ᠡ ᠴᠢᠮᠠᠳᠤᠷ ᠦᠢᠯᠡᠴᠢᠯᠡᠨ᠂ ᠴᠢᠨᠦ ᠵᠠᠬᠢᠶᠠᠨ ᠢ ᠬᠡᠵᠢᠶ᠎ᠡ ᠴᠤ ᠡᠰᠡ ᠲᠠᠰᠤᠯᠤᠭᠰᠠᠨ ᠪᠤᠢ᠃ ᠲᠡᠶᠢᠨ ᠪᠣᠯᠪᠠᠴᠤ ᠴᠢ ᠪᠡᠷ ᠮᠢᠨᠦ ᠢᠨᠠᠭ ᠨᠥᠬᠥᠰ ᠢᠶᠡᠨ ᠤᠷᠢᠭᠠᠳ ᠲᠡᠳᠡᠨ ᠯᠦᠭᠡ ᠵᠢᠷᠭᠠᠯᠳᠤᠬᠤ ᠶᠢᠨ ᠲᠤᠯᠠ ᠨᠢᠭᠡᠨ ᠢᠰᠢᠭᠡᠨ ᠢ ᠴᠤ ᠡᠰᠡ ᠥᠭᠭᠦᠯᠦᠭᠡ᠃ 30᠂ ᠵᠦᠭᠡᠷ ᠴᠢᠨᠦ ᠡᠳ᠋ ᠠᠭᠤᠷᠰᠤᠨ ᠢ ᠰᠠᠳᠤᠷ ᠡᠮᠡᠰ ᠲᠦᠷ ᠥᠭᠴᠦ ᠪᠠᠷᠠᠭᠰᠠᠨ ᠡᠨᠡ ᠬᠦ ᠴᠢᠨᠦ ᠬᠥᠪᠡᠭᠦᠨ ᠦ ᠢᠷᠡᠮᠡᠭᠴᠡ᠂ ᠴᠢ ᠪᠡᠷ ᠲᠡᠭᠦᠨ ᠦ ᠲᠤᠯᠠ ᠰᠢᠬᠠᠮᠠᠯ ᠲᠤᠭᠤᠯ ᠢ ᠠᠯᠠᠭᠤᠯᠤᠭᠰᠠᠨ ᠪᠤᠢ᠃ 31᠂ ᠬᠡᠮᠡᠭᠰᠡᠨ ᠳᠦᠷ ᠲᠡᠷᠡ ᠢᠨᠦ ᠲᠡᠭᠦᠨ ᠳᠦᠷ ᠥᠭᠦᠯᠡᠷᠦᠨ᠃ ᠬᠥᠪᠡᠭᠦᠨ ᠡ᠂ ᠴᠢ ᠪᠡᠷ ᠦᠷᠭᠦᠯᠵᠢᠳᠡ ᠨᠠᠳᠠᠯᠤᠭᠠ ᠪᠠᠶᠢᠯᠴᠠᠭᠰᠠᠨ ᠪᠥᠭᠡᠳ᠂ ᠮᠢᠨᠦ ᠬᠠᠮᠤᠭ ᠪᠤᠢ ᠨᠤᠭᠤᠳ ᠠᠨᠤ ᠴᠢᠨᠦ ᠴᠤ ᠪᠣᠯᠠᠢ᠃ 32᠂ ᠵᠦᠭᠡᠷ ᠪᠢᠳᠡᠨ ᠦ ᠪᠠᠶᠠᠰᠤᠯᠴᠠᠨ ᠵᠢᠷᠭᠠᠯᠳᠤᠬᠤᠢ ᠠᠨᠤ ᠵᠥᠪ᠃ ᠲᠡᠷᠡ ᠶᠠᠭᠤᠨ ᠤ ᠲᠤᠯᠠ ᠬᠡᠮᠡᠪᠡᠰᠦ᠂ ᠡᠨᠡ ᠬᠦ ᠴᠢᠨᠦ ᠳᠡᠭᠦᠦ ᠢᠨᠦ ᠦᠬᠦᠭᠰᠡᠨ ᠪᠣᠯᠤᠭᠠᠳ ᠠᠮᠢᠳᠤᠷᠠᠨ᠂ ᠭᠡᠭᠡᠭᠳᠡᠭᠰᠡᠨ ᠪᠣᠯᠤᠭᠠᠳ ᠣᠯᠳᠤᠪᠠᠢ᠃ ᠬᠡᠮᠡᠯᠦᠭᠡ ᠅
Currently Selected:
ᠯᠦᠺᠡ 15: MB1840
Highlight
Share
Copy
Want to have your highlights saved across all your devices? Sign up or sign in
Digital edition of the Mongolian translation published in 1840 (the Old Testament) and 1846 (the New Testament) by Edward Stallybrass and William Swan. Created by Bayarjargal Garamtseren and Simon Wong. Digital edition © United Bible Societies, 2020.

: