ᠯᠦᠺᠡ 19
19
ᠠᠷᠪᠠᠨ ᠶᠢᠰᠦᠳᠦᠭᠡᠷ ᠪᠦᠯᠦᠭ ᠅
1᠂ ᠲᠡᠨᠳᠡᠴᠡ (ᠢᠢᠰᠦᠰ) ᠦᠨ ᠶᠢᠷᠢᠺᠣ ᠳᠤᠷ ᠣᠷᠣᠭᠠᠳ ᠠᠯᠤᠰᠳᠠᠨ ᠠᠬᠤᠶ᠎ᠠ᠃ 2᠂ ᠠᠪᠤᠯᠭᠠᠴᠢᠨᠠᠷ ᠤᠨ ᠲᠡᠷᠢᠭᠦᠯᠡᠭᠴᠢ ᠵᠡᠭᠬᠢ ᠬᠡᠮᠡᠭᠴᠢ ᠨᠡᠷ᠎ᠡ ᠲᠦ ᠪᠠᠶᠠᠨ ᠬᠦᠮᠦᠨ ᠢᠨᠦ ᠢᠢᠰᠦᠰ ᠦᠨ ᠶᠠᠮᠪᠠᠷ ᠠᠬᠤᠢ ᠶᠢ ᠦᠵᠡᠬᠦᠶ᠎ᠡ ᠬᠦᠰᠡᠪᠡᠢ᠃ 3᠂ ᠵᠦᠭᠡᠷ ᠲᠡᠷᠡ ᠢᠨᠦ ᠨᠠᠪᠲᠠᠷ ᠪᠡᠶ᠎ᠡ ᠲᠦ ᠪᠣᠯᠤᠭᠠᠳ ᠤᠯᠤᠰ ᠤᠨ ᠣᠯᠠᠨ ᠤ ᠲᠤᠯᠠ ᠡᠰᠡ ᠴᠢᠳᠠᠪᠠᠢ᠃ 4᠂ ᠲᠡᠶᠢᠨ ᠬᠦ ᠲᠡᠷᠡ ᠢᠨᠦ ᠤᠷᠢᠳᠠ ᠭᠦᠶᠦᠭᠡᠳ ᠲᠡᠭᠦᠨ ᠢ ᠦᠵᠡᠬᠦ ᠶᠢᠨ ᠲᠤᠯᠠ ᠨᠢᠭᠡᠨ ᠪᠤᠷᠤᠸᠮ ᠤᠨ ᠮᠣᠳᠤᠨ ᠳᠤᠷ ᠠᠪᠢᠷᠠᠪᠠᠢ᠃ ᠲᠡᠷᠡ ᠶᠠᠭᠤᠨ ᠤ ᠲᠤᠯᠠ ᠬᠡᠮᠡᠪᠡᠰᠦ᠂ ᠢᠢᠰᠦᠰ ᠢᠨᠦ ᠲᠡᠭᠦᠪᠡᠷ ᠠᠯᠤᠰᠳᠠᠨ ᠥᠭᠡᠳᠡ ᠪᠣᠯᠤᠯᠤᠭ᠎ᠠ᠃ 5᠂ ᠲᠡᠶᠢᠨ ᠪᠦᠬᠦᠶᠡ ᠢᠢᠰᠦᠰ ᠢᠨᠦ ᠲᠡᠷᠡ ᠭᠠᠵᠠᠷ᠎ᠠ ᠬᠦᠷᠦᠭᠡᠳ᠂ ᠳᠡᠭᠡᠭᠰᠢ ᠪᠡᠨ ᠰᠢᠷᠲᠡᠨ ᠲᠡᠭᠦᠨ ᠢ ᠦᠵᠡᠵᠦ ᠡᠶᠢᠨ ᠵᠠᠷᠯᠢᠭ ᠪᠣᠯᠤᠷᠤᠨ᠃ ᠵᠡᠭᠬᠢ ᠡ᠂ ᠦᠳᠲᠦᠷ ᠪᠠᠭᠤᠲᠤᠭᠠᠢ᠃ ᠲᠡᠷᠡ ᠶᠠᠭᠤᠨ ᠤ ᠲᠤᠯᠠ ᠬᠡᠮᠡᠪᠡᠰᠦ᠂ ᠪᠢ ᠪᠡᠷ ᠡᠳᠦᠭᠡ ᠡᠳᠦᠷ᠎ᠡ ᠴᠢᠨᠦ ᠭᠡᠷ ᠲᠦᠷ ᠪᠠᠶᠢᠬᠤ ᠬᠡᠷᠡᠭ ᠲᠦ ᠪᠣᠯᠠᠢ᠃ 6᠂ ᠬᠡᠮᠡᠨ ᠵᠠᠷᠯᠢᠭ ᠪᠣᠯᠤᠭᠰᠠᠨ ᠳᠤᠷ ᠲᠡᠷᠡ ᠢᠨᠦ ᠶᠠᠭᠠᠷᠠᠨ ᠪᠠᠭᠤᠭᠠᠳ ᠲᠡᠭᠦᠨ ᠢ ᠪᠠᠶᠠᠰᠬᠤᠯᠠᠩ ᠲᠤ ᠪᠠᠷ ᠬᠦᠨᠳᠦᠯᠡᠪᠡᠢ᠃ 7᠂ ᠲᠡᠶᠢᠨ ᠪᠥᠭᠡᠳ ᠡᠭᠦᠨ ᠢ ᠬᠠᠮᠤᠭ ᠦᠵᠡᠭᠰᠡᠳ ᠢᠨᠦ ᠳᠤᠷ᠎ᠠ ᠦᠭᠡᠢ ᠪᠣᠯᠤᠨ ᠡᠶᠢᠨ᠃ ᠲᠡᠷᠡ ᠢᠨᠦ ᠬᠢᠯᠢᠨᠴᠡ ᠲᠦ ᠬᠦᠮᠨ ᠦ [ᠬᠦᠮᠦᠨ ᠦ] ᠭᠡᠷ ᠲᠦᠷ ᠵᠣᠴᠢᠨ ᠪᠣᠯᠤᠨ ᠣᠳᠤᠭᠰᠠᠨ ᠪᠤᠢ᠃ ᠬᠡᠮᠡᠯᠳᠦᠯᠦᠭᠡ ᠅ 8᠂ ᠵᠡᠭᠬᠢ ᠠᠨᠤ ᠪᠣᠰᠤᠭᠠᠳ ᠡᠵᠡᠨ ᠳᠦᠷ ᠠᠶᠢᠯᠠᠳᠬᠠᠷᠤᠨ᠃ ᠡᠵᠡᠨ ᠡ᠂ ᠮᠡᠨᠡ᠂ ᠪᠢ ᠪᠡᠷ ᠡᠳ᠋ ᠠᠭᠤᠷᠰᠤᠨ ᠶᠤᠭᠠᠨ ᠬᠠᠭᠠᠰ ᠬᠤᠪᠢ ᠶᠢ ᠦᠭᠡᠭᠦᠦ ᠶᠠᠳᠠᠭᠤ ᠨᠤᠭᠤᠳ ᠲᠤᠷ ᠥᠭᠭᠦᠮᠦᠢ᠃ ᠵᠢᠴᠢ ᠬᠡᠷᠪᠡ ᠪᠢ ᠪᠡᠷ ᠠᠯᠢ ᠬᠡᠨ ᠢ ᠬᠣᠪᠯᠠᠨ ᠬᠣᠣᠷᠠᠯᠠᠭᠰᠠᠨ ᠪᠣᠯᠪᠠᠰᠤ᠂ ᠲᠡᠭᠦᠨ ᠳᠦᠷ ᠳᠥᠷᠪᠡᠨ ᠳᠠᠪᠬᠤᠷ ᠢᠶᠠᠷ ᠬᠠᠷᠢᠭᠤᠯᠤᠨ ᠥᠭᠭᠦᠮᠦᠢ᠃ 9᠂ ᠬᠡᠮᠡᠨ ᠠᠶᠢᠯᠠᠳᠬᠠᠭᠰᠠᠨ ᠳᠤᠷ ᠢᠢᠰᠦᠰ ᠢᠨᠦ ᠲᠡᠭᠦᠨ ᠳᠦᠷ ᠵᠠᠷᠯᠢᠭ ᠪᠣᠯᠤᠷᠤᠨ᠃ ᠡᠳᠦᠭᠡ ᠡᠳᠦᠷ᠎ᠡ ᠲᠣᠨᠢᠯᠭᠠᠯ ᠠᠨᠤ ᠡᠨᠡ ᠬᠦ ᠭᠡᠷ ᠲᠦᠷ ᠬᠦᠷᠪᠡᠢ᠃ ᠲᠡᠷᠡ ᠶᠠᠭᠤᠨ ᠤ ᠲᠤᠯᠠ ᠬᠡᠮᠡᠪᠡᠰᠦ᠂ ᠲᠡᠷᠡ ᠢᠨᠦ ᠠᠪᠷᠠᠾᠠᠮ ᠤᠨ ᠬᠥᠪᠡᠭᠦᠨ ᠮᠥᠨ ᠪᠤᠢ᠃ 10᠂ ᠬᠦᠮᠦᠨ ᠲᠥᠷᠥᠯᠬᠢᠲᠦ ᠬᠡᠮᠡᠪᠡᠰᠦ ᠭᠡᠭᠡᠭᠳᠡᠷᠡᠭᠰᠡᠨ ᠢ ᠪᠡᠳᠡᠷᠢᠨ ᠲᠣᠨᠢᠯᠭᠠᠬᠤ ᠶᠢᠨ ᠲᠤᠯᠠ ᠢᠷᠡᠭᠰᠡᠨ ᠪᠣᠯᠠᠢ᠃ ᠬᠡᠮᠡᠨ ᠵᠠᠷᠯᠢᠭ ᠪᠣᠯᠪᠠᠢ ᠅ 11᠂ ᠲᠡᠶᠢᠨ ᠬᠦ ᠲᠡᠳᠡᠨ ᠦ ᠡᠨᠡ ᠮᠡᠲᠦᠰ ᠢ ᠰᠣᠨᠣᠰᠤᠨ ᠠᠲᠠᠯ᠎ᠠ᠂ ᠶᠢᠷᠤᠰᠠᠯᠢᠮ ᠤᠨ ᠣᠶᠢᠷ᠎ᠠ ᠪᠣᠯᠤᠭᠰᠠᠨ ᠤ ᠲᠤᠯᠠ ᠬᠢᠭᠡᠳ᠂ ᠪᠤᠷᠬᠠᠨ ᠤ ᠡᠵᠡᠯᠡᠭᠦᠷᠢ ᠢᠨᠦ ᠤᠳᠠᠯ ᠦᠭᠡᠭᠦᠶ᠎ᠡ ᠦᠵᠡᠭᠳᠡᠬᠦ ᠪᠤᠢ ᠵᠠ᠂ ᠬᠡᠮᠡᠨ ᠲᠡᠳᠡᠨ ᠦ ᠰᠡᠳᠬᠢᠭᠰᠡᠨ ᠦ ᠲᠤᠯᠠ᠂ ᠲᠡᠷᠡ ᠢᠨᠦ ᠪᠠᠰᠠ ᠦᠯᠢᠭᠡᠷ ᠶᠢᠡᠷ ᠵᠠᠷᠯᠢᠭ ᠪᠣᠯᠤᠷᠤᠨ᠃ 12᠂ ᠨᠢᠭᠡ ᠥᠨᠳᠦᠷ ᠢᠵᠠᠭᠤᠷ ᠲᠤ ᠬᠦᠮᠦᠨ ᠢᠨᠦ ᠡᠵᠡᠯᠡᠭᠦᠷᠢᠨ ᠢ ᠪᠡᠶ᠎ᠡ ᠳᠡᠭᠡᠨ ᠬᠦᠷᠲᠡᠭᠡᠳ ᠪᠤᠴᠠᠰᠤᠭᠠᠢ᠂ ᠬᠡᠮᠡᠨ ᠬᠣᠯᠠ ᠵᠦᠭ ᠲᠦᠷ ᠠᠶᠠᠯᠠᠨ ᠣᠳᠬᠤ ᠪᠣᠯᠤᠭᠠᠳ᠃ 13᠂ ᠪᠣᠭᠣᠯ ᠤᠳ ᠡᠴᠡᠭᠡᠨ ᠠᠷᠪᠠᠨ ᠢ ᠳᠠᠭᠤᠳᠠᠭᠠᠳ ᠲᠡᠳᠡᠨ ᠳᠦᠷ ᠠᠷᠪᠠᠨ ᠴᠢᠩᠨᠡᠭᠦᠷ ᠮᠥᠩᠭᠦᠨ ᠢ ᠥᠭᠭᠦᠭᠡᠳ ᠡᠶᠢᠨ ᠵᠠᠬᠢᠷᠤᠨ᠃ ᠮᠢᠨᠦ ᠢᠷᠡᠲᠡᠯ᠎ᠡ ᠠᠰᠢᠭ ᠢ ᠣᠯᠤᠨ ᠦᠢᠯᠡᠳᠦᠭᠲᠦᠨ᠂ ᠬᠡᠮᠡᠯᠦᠭᠡ᠃ 14᠂ ᠵᠦᠭᠡᠷ ᠲᠡᠭᠦᠨ ᠦ ᠬᠠᠷᠢᠶ᠎ᠠ ᠲᠠᠨ ᠠᠨᠤ ᠲᠡᠭᠦᠨ ᠢ ᠥᠰᠢᠶᠡᠯᠡᠭᠡᠳ᠂ ᠬᠣᠶᠢᠨᠠ ᠠᠴᠠ ᠡᠯᠴᠢᠰ ᠢ ᠢᠯᠡᠭᠡᠵᠦ ᠡᠶᠢᠨ᠃ ᠪᠢᠳᠡᠨ ᠦ ᠳᠡᠭᠡᠷ᠎ᠡ ᠡᠭᠦᠨ ᠦ ᠡᠵᠡᠯᠡᠬᠦᠢ ᠶᠢ ᠪᠢᠳᠡ ᠪᠡᠷ ᠡᠰᠡ ᠳᠤᠷᠠᠰᠢᠮᠤᠢ᠃ ᠬᠡᠮᠡᠨ ᠥᠭᠦᠯᠡᠯᠳᠦᠵᠦᠬᠦᠢ ᠅ 15᠂ ᠲᠡᠶᠢᠨ ᠪᠥᠭᠡᠳ ᠲᠡᠷᠡ ᠢᠨᠦ ᠡᠵᠡᠯᠡᠭᠦᠷᠢᠨ ᠢ ᠬᠦᠷᠲᠡᠭᠡᠳ᠂ ᠪᠤᠴᠠᠵᠤ ᠢᠷᠡᠬᠦᠢ ᠳᠦᠷ᠂ ᠮᠥᠩᠭᠦᠨ ᠢ ᠠᠪᠤᠭᠰᠠᠨ ᠪᠣᠭᠣᠯ ᠤᠳ ᠤᠨ ᠲᠤᠰᠪᠦᠷᠢ ᠶᠢᠨ ᠬᠡᠳᠦᠨ ᠴᠢᠨᠡᠭᠡᠨ ᠠᠰᠢᠭ ᠣᠯᠤᠭᠰᠠᠨ ᠢ ᠮᠡᠳᠡᠬᠦ ᠶᠢᠨ ᠲᠤᠯᠠ ᠲᠡᠳᠡᠨ ᠢ ᠢᠷᠡᠭᠦᠯᠪᠡᠢ᠃ 16᠂ ᠲᠡᠶᠢᠨ ᠪᠥᠭᠡᠳ ᠨᠢᠭᠡᠳᠦᠭᠡᠷ ᠢᠨᠦ ᠢᠷᠡᠭᠡᠳ ᠡᠶᠢᠨ᠃ ᠡᠵᠡᠨ ᠡ᠂ ᠴᠢᠨᠦ ᠴᠢᠩᠭ᠍ᠨᠡᠭᠦᠷ [ᠴᠢᠩᠨᠡᠭᠦᠷ] ᠮᠥᠩᠭᠦᠨ ᠢᠨᠦ ᠠᠷᠪᠠᠨ ᠴᠢᠩᠭ᠍ᠨᠡᠭᠦᠷ [ᠴᠢᠩᠨᠡᠭᠦᠷ] ᠣᠯᠵᠠᠯᠠᠨ ᠪᠣᠯᠭᠠᠪᠠᠢ᠃ 17᠂ ᠬᠡᠮᠡᠭᠰᠡᠨ ᠳᠦᠷ ᠲᠡᠷᠡ ᠢᠨᠦ ᠲᠡᠭᠦᠨ ᠳᠦᠷ ᠵᠠᠷᠯᠢᠭ ᠪᠣᠯᠤᠷᠤᠨ᠃ ᠰᠠᠶᠢᠨ ᠪᠣᠭᠣᠯ ᠠ᠋᠂ ᠮᠠᠰᠢ ᠰᠠᠶᠢᠨ᠃ ᠴᠢ ᠪᠡᠷ ᠥᠴᠦᠬᠡᠨ ᠦ ᠳᠡᠭᠡᠷ᠎ᠡ ᠢᠲᠡᠭᠡᠯ ᠲᠦ ᠪᠣᠯᠤᠭᠰᠠᠨ ᠤ ᠲᠤᠯᠠ ᠠᠷᠪᠠᠨ ᠪᠠᠯᠭᠠᠰᠤᠨ ᠤ ᠳᠡᠭᠡᠷ᠎ᠡ ᠡᠷᠬᠡᠰᠢᠨ ᠤᠢᠯᠡᠳ᠃ 18᠂ ᠵᠢᠴᠢ ᠬᠣᠶᠠᠳᠤᠭᠠᠷ ᠠᠨᠤ ᠢᠷᠡᠭᠡᠳ ᠡᠶᠢᠨ᠃ ᠡᠵᠡᠨ ᠡ᠂ ᠴᠢᠨᠦ ᠨᠢᠭᠡᠨ ᠴᠢᠩᠨᠡᠭᠦᠷ ᠮᠥᠩᠭᠦᠨ ᠢᠨᠦ ᠲᠠᠪᠤᠨ ᠴᠢᠩᠨᠡᠭᠦᠷ ᠢ ᠣᠯᠵᠠᠯᠠᠨ ᠪᠣᠯᠭᠠᠪᠠᠢ᠃ 19᠂ ᠬᠡᠮᠡᠭᠰᠡᠨ ᠳᠦᠷ ᠲᠡᠷᠡ ᠢᠨᠦ ᠲᠡᠭᠦᠨ ᠳᠦᠷ ᠵᠠᠷᠯᠢᠭ ᠪᠣᠯᠤᠷᠤᠨ᠃ ᠵᠢᠴᠢ ᠴᠢ ᠪᠡᠷ ᠲᠠᠪᠤᠨ ᠪᠠᠯᠭᠠᠰᠤᠨ ᠤ ᠳᠡᠭᠡᠷ᠎ᠡ ᠡᠷᠬᠡᠰᠢᠨ ᠦᠢᠯᠡᠳ᠃ 20᠂ ᠵᠢᠴᠢ ᠪᠤᠰᠤ ᠨᠢᠭᠡᠨ ᠢᠨᠦ ᠢᠷᠡᠭᠡᠳ ᠡᠶᠢᠨ᠃ ᠡᠵᠡᠨ ᠡ᠂ ᠴᠢᠨᠦ ᠴᠢᠩᠨᠡᠭᠦᠷ ᠮᠥᠩᠭᠦᠨ ᠢᠨᠦ ᠡᠨᠡ ᠪᠤᠢ᠃ ᠪᠢ ᠪᠡᠷ ᠴᠢᠮᠠᠴᠠ ᠠᠶᠤᠭᠰᠠᠨ ᠤ ᠲᠤᠯᠠ ᠡᠭᠦᠨ ᠢ ᠨᠢᠭᠡ ᠪᠦᠰ ᠠᠷᠴᠢᠭᠤᠯ ᠳᠤᠷ ᠣᠷᠢᠶᠠᠭᠠᠳ ᠬᠠᠳᠠᠭᠠᠯᠠᠪᠠᠢ᠃ 21᠂ ᠲᠡᠷᠡ ᠶᠠᠭᠤᠨ ᠤ ᠲᠤᠯᠠ ᠬᠡᠮᠡᠪᠡᠰᠦ᠂ ᠴᠢ ᠪᠡᠷ ᠬᠠᠲᠠᠭᠤ ᠬᠦᠮᠦᠨ᠃ ᠴᠢ ᠪᠡᠷ ᠡᠰᠡ ᠥᠭᠭᠦᠭᠰᠡᠨ ᠢ ᠬᠡᠷᠡᠭᠯᠡᠨ᠂ ᠡᠰᠡ ᠲᠠᠷᠢᠭᠰᠠᠨ ᠢ ᠬᠠᠳᠤᠳᠠᠭ᠃ 22᠂ ᠬᠡᠮᠡᠭᠰᠡᠨ ᠳᠦᠷ ᠡᠵᠡᠨ ᠢᠨᠦ ᠲᠡᠭᠦᠨ ᠳᠦᠷ ᠵᠠᠷᠯᠢᠭ ᠪᠣᠯᠤᠷᠤᠨ᠃ ᠮᠠᠭᠤ ᠪᠣᠭᠣᠯ ᠠ᠋᠂ ᠪᠢ ᠪᠡᠷ ᠴᠢᠨᠦ ᠥᠪᠡᠷ ᠦᠨ ᠥᠭᠦᠯᠡᠭᠰᠡᠨ ᠦᠭᠡᠰ ᠢᠶᠡᠷ ᠴᠢᠮᠠᠶᠢ ᠪᠤᠷᠤᠭᠤ ᠲᠤ ᠪᠣᠯᠭᠠᠬᠤ ᠪᠤᠢ ᠬᠡᠮᠡᠪᠡᠰᠦ᠂ ᠪᠢ ᠪᠡᠷ ᠬᠠᠲᠠᠭᠤ ᠬᠦᠮᠦᠨ ᠠᠭᠠᠳ᠂ ᠡᠰᠡ ᠥᠭᠭᠦᠭᠰᠡᠨ ᠢ ᠬᠡᠷᠡᠭᠯᠡᠨ᠂ ᠡᠰᠡ ᠲᠠᠷᠢᠭᠰᠠᠨ ᠢ ᠬᠠᠳᠤᠳᠠᠭ᠃ ᠬᠡᠮᠡᠨ ᠴᠢ ᠪᠡᠷ ᠮᠡᠳᠡᠪᠡᠢ᠃ 23᠂ ᠲᠡᠶᠢᠨ ᠪᠥᠭᠡᠲᠡᠯ᠎ᠡ ᠴᠢ ᠪᠡᠷ ᠮᠢᠨᠦ ᠮᠥᠩᠭᠦᠨ ᠢ ᠭᠤᠪᠢᠭᠤᠯᠬᠤ ᠶᠢᠨ ᠲᠤᠯᠠ ᠬᠤᠳᠠᠯᠳᠤᠭᠠᠨ ᠳᠤᠷ ᠶᠠᠭᠤᠨ ᠤ ᠲᠤᠯᠠ ᠡᠰᠡ ᠥᠭᠪᠡᠦ᠃ ᠲᠡᠶᠢᠨ ᠬᠦ ᠪᠢ ᠪᠡᠷ ᠢᠷᠡᠬᠦᠢ ᠳᠡᠭᠡᠨ ᠲᠡᠭᠦᠨ ᠢ ᠥᠰᠬᠡᠪᠦᠷᠢ ᠲᠦ ᠪᠡᠷ ᠠᠪᠬᠤ ᠪᠥᠯᠦᠭᠡ᠃ 24᠂ ᠬᠡᠮᠡᠭᠡᠳ ᠪᠠᠰᠠ ᠲᠡᠭᠦᠨ ᠦ ᠳᠡᠷᠭᠡᠳᠡ ᠠᠭᠴᠢᠳ ᠲᠤᠷ ᠡᠶᠢᠨ᠃ ᠲᠡᠭᠦᠨ ᠡᠴᠡ ᠲᠡᠷᠡ ᠬᠦ ᠴᠢᠩᠨᠡᠭᠦᠷ ᠮᠥᠩᠭᠦᠨ ᠢ ᠠᠪᠤᠭᠠᠳ᠂ ᠠᠷᠪᠠᠨ ᠴᠢᠩᠨᠡᠭᠦᠷ ᠲᠦ ᠪᠣᠯᠤᠭᠰᠠᠨ (ᠬᠦᠮᠦᠨ) ᠳᠦᠷ ᠥᠭᠭᠦᠭᠲᠦᠨ᠃ 25᠂ ᠲᠡᠳᠡ ᠢᠨᠦ ᠥᠭᠦᠯᠡᠷᠦᠨ᠃ ᠡᠵᠡᠨ ᠡ᠂ ᠡᠭᠦᠨ ᠳᠦᠷ ᠠᠷᠪᠠᠨ ᠴᠢᠩᠭ᠍ᠨᠡᠭᠦᠷ [ᠴᠢᠩᠨᠡᠭᠦᠷ] (ᠮᠥᠩᠭᠦᠨ) ᠪᠤᠢ᠃ 26᠂ ᠲᠡᠷᠡ ᠢᠨᠦ ᠬᠠᠷᠢᠭᠤ ᠥᠭᠦᠯᠡᠷᠦᠨ᠃ ᠮᠢᠨᠦ ᠲᠠᠨ ᠳᠤᠷ ᠥᠭᠦᠯᠡᠬᠦᠢ ᠢᠨᠦ ᠠᠯᠢ ᠬᠡᠨ ᠳᠦᠷ ᠪᠤᠢ ᠪᠣᠯᠪᠠᠰᠤ᠂ ᠲᠡᠭᠦᠨ ᠳᠦᠷ ᠥᠭᠳᠡᠬᠦ ᠪᠣᠯᠤᠶᠤ᠃ ᠠᠯᠢ ᠬᠡᠨ ᠳᠦᠷ ᠦᠭᠡᠢ ᠪᠣᠯᠪᠠᠰᠤ᠂ ᠲᠡᠭᠦᠨ ᠳᠦᠷ ᠶᠠᠭᠤᠨ ᠪᠤᠢ ᠠᠭᠰᠠᠨ ᠠᠨᠤ ᠲᠡᠭᠦᠨ ᠡᠴᠡ ᠠᠪᠲᠠᠬᠤ ᠪᠣᠯᠤᠶᠤ᠃ 27᠂ ᠵᠦᠭᠡᠷ ᠨᠠᠮᠠᠶᠢ ᠥᠪᠡᠷ ᠦᠨ ᠬᠠᠭᠠᠨ ᠪᠣᠯᠭᠠᠬᠤᠶ᠎ᠠ ᠡᠰᠡ ᠳᠤᠷᠠᠰᠢᠭᠰᠠᠨ ᠮᠢᠨᠦ ᠡᠳᠡ ᠳᠠᠶᠢᠰᠤᠳ ᠢ ᠡᠨᠳᠡ ᠠᠴᠠᠷᠠᠭᠠᠳ᠂ ᠮᠢᠨᠦ ᠡᠮᠦᠨ᠎ᠡ ᠦᠬᠦᠭᠦᠯᠦᠭᠲᠦᠨ ᠅ 28᠂ ᠬᠡᠮᠡᠨ ᠵᠠᠷᠯᠢᠭ ᠪᠣᠯᠤᠭᠰᠠᠨ ᠤ ᠬᠣᠶᠢᠨᠠ ᠢᠢᠰᠦᠰ ᠢᠨᠦ ᠶᠢᠷᠤᠰᠠᠯᠢᠮ ᠤᠨ ᠵᠦᠭ ᠲᠦᠷ ᠥᠭᠡᠳᠡ ᠪᠣᠯᠤᠨ ᠪᠤᠰᠤᠳ ᠤᠨ ᠤᠷᠢᠳᠠ ᠶᠠᠪᠤᠪᠠᠢ᠃ 29᠂ ᠲᠡᠳᠡᠨ ᠦ ᠪᠢᠳᠹᠠᠺᠢ ᠬᠢᠭᠡᠳ ᠪᠢᠲ᠋ᠠᠨᠢᠶᠠ ᠳᠤᠷ ᠰᠢᠳᠠᠷᠳᠠᠨ᠂ ᠲᠣᠰᠤᠲᠤ ᠠᠭᠤᠯᠠᠨ ᠤ ᠣᠶᠢᠷ᠍ᠠ ᠬᠦᠷᠦᠭᠰᠡᠨ ᠳᠦᠷ᠂ ᠲᠡᠷᠡ ᠢᠨᠦ ᠱᠠᠪᠢᠨᠠᠷ ᠠᠴᠠᠭᠠᠨ ᠬᠣᠶᠠᠷ ᠢ ᠢᠯᠡᠭᠡᠨ ᠲᠡᠳᠡᠨ ᠳᠦᠷ ᠡᠶᠢᠨ᠃ 30᠂ ᠡᠨᠳᠡ ᠲᠤᠰ ᠪᠣᠯᠤᠭᠰᠠᠨ ᠬᠣᠲᠠᠨ ᠳᠤᠷ ᠣᠳᠤᠭᠲᠤᠨ᠃ ᠲᠡᠨᠳᠡ ᠲᠠ ᠣᠷᠣᠭᠠᠳ ᠰᠠᠴᠠ ᠡᠯᠵᠢᠭᠡᠨ ᠦ ᠨᠢᠭᠡᠨ ᠤᠶᠠᠭ᠎ᠠ ᠲᠤ ᠡᠮᠨᠡᠭ ᠳᠠᠭᠠᠭᠠᠨ ᠢ ᠣᠯᠬᠤ ᠪᠣᠯᠤᠶᠤ᠃ ᠲᠡᠭᠦᠨ ᠢ ᠲᠠᠶᠢᠯᠤᠭᠠᠳ ᠠᠴᠠᠷᠠᠭᠲᠤᠨ᠃ 31᠂ ᠬᠡᠷᠪᠡ ᠠᠯᠢ ᠬᠡᠨ ᠲᠠ ᠪᠡᠷ (ᠳᠠᠭᠠᠭᠠᠨ) ᠢ ᠶᠠᠭᠤᠨ ᠤ ᠲᠤᠯᠠ ᠲᠠᠶᠢᠯᠤᠮᠤᠶᠤ᠂ ᠬᠡᠮᠡᠨ ᠠᠰᠠᠭᠤᠬᠤ ᠪᠥᠭᠡᠰᠦ᠂ ᠡᠨᠡ ᠢᠨᠦ ᠡᠵᠡᠨ ᠳᠦᠷ ᠬᠡᠷᠡᠭ ᠲᠦ ᠪᠤᠢ ᠬᠡᠮᠡᠨ ᠥᠭᠦᠯᠡᠭᠲᠦᠨ᠃ 32᠂ ᠲᠡᠶᠢᠨ ᠬᠡᠮᠡᠨ ᠢᠯᠡᠭᠡᠭᠳᠡᠭᠰᠡᠳ ᠢᠨᠦ ᠣᠳᠤᠭᠠᠳ ᠵᠠᠷᠯᠢᠭ ᠪᠣᠯᠤᠭᠰᠠᠨ ᠢᠶᠠᠷ ᠣᠯᠪᠠᠢ᠃ 33᠂ ᠲᠡᠶᠢᠨ ᠪᠥᠭᠡᠳ ᠲᠡᠳᠡᠨ ᠦ ᠳᠠᠭᠠᠭᠠᠨ ᠢ ᠲᠠᠶᠢᠯᠤᠨ ᠠᠭᠰᠠᠨ ᠳᠤᠷ ᠲᠡᠭᠦᠨ ᠦ ᠡᠵᠡᠳ ᠢᠨᠦ ᠲᠡᠳᠡᠨ ᠳᠦᠷ ᠥᠭᠦᠯᠡᠷᠦᠨ᠃ ᠲᠠ ᠪᠡᠷ ᠳᠠᠭᠠᠭᠠᠨ ᠢ ᠶᠠᠭᠤᠨ ᠤ ᠲᠤᠯᠠ ᠲᠠᠶᠢᠯᠤᠮᠤᠶᠤ᠃ 34᠂ ᠬᠡᠮᠡᠨ ᠥᠭᠦᠯᠡᠭᠰᠡᠨ ᠳᠦᠷ ᠡᠨᠡ ᠢᠨᠦ ᠡᠵᠡᠨ ᠳᠦᠷ ᠬᠡᠷᠡᠭᠲᠦ ᠪᠤᠢ᠂ ᠬᠡᠮᠡᠨ ᠲᠡᠳᠡ ᠥᠭᠦᠯᠡᠪᠡᠢ᠃ 35᠂ ᠲᠡᠳᠡ ᠢᠨᠦ ᠲᠡᠭᠦᠨ ᠢ ᠢᠢᠰᠦᠰ ᠲᠦᠷ ᠠᠴᠠᠷᠠᠭᠠᠳ ᠬᠤᠪᠴᠠᠳ ᠢᠶᠠᠷ ᠢᠶᠠᠨ ᠲᠣᠬᠤᠮ ᠬᠢᠵᠦ᠂ ᠳᠠᠭᠠᠭᠠᠨ ᠤ ᠳᠡᠭᠡᠷ᠎ᠡ ᠲᠣᠬᠤᠭᠠᠳ ᠢᠢᠰᠦᠰ ᠢ ᠤᠨᠤᠭᠤᠯᠪᠠᠢ᠃ 36᠂ ᠲᠡᠭᠦᠨ ᠦ ᠥᠭᠡᠳᠡ ᠪᠣᠯᠤᠨ ᠠᠬᠤᠶ᠎ᠠ ᠲᠡᠳᠡ ᠢᠨᠦ ᠲᠡᠭᠦᠨ ᠦ ᠵᠠᠮ ᠤᠨ ᠳᠡᠭᠡᠷ᠎ᠡ ᠬᠤᠪᠴᠠᠳ ᠢᠶᠠᠨ ᠳᠡᠪᠢᠰᠦᠨ ᠦᠢᠯᠡᠳᠪᠡᠢ᠃ 37᠂ ᠲᠡᠨᠳᠡᠴᠡ ᠲᠡᠭᠦᠨ ᠦ ᠣᠶᠢᠷ᠎ᠠ ᠬᠦᠷᠦᠭᠡᠳ ᠲᠣᠰᠤ ᠲᠤ ᠠᠭᠤᠯᠠᠨ ᠠᠴᠠ ᠪᠠᠭᠤᠨ ᠠᠬᠤᠶ᠎ᠠ᠂ ᠱᠠᠪᠢᠨᠠᠷ ᠤᠨ ᠪᠦᠬᠦᠯᠢ ᠴᠢᠭᠤᠯᠭᠠᠨ ᠠᠨᠤ ᠦᠵᠡᠭᠰᠡᠨ ᠬᠠᠮᠤᠭ ᠭᠠᠶᠢᠬᠠᠮᠰᠢᠭ ᠤᠳ ᠤᠨ ᠲᠤᠯᠠᠳᠠ ᠴᠢᠩ᠍ᠭᠠ ᠳᠠᠭᠤᠨ ᠢᠶᠠᠷ ᠡᠬᠢᠯᠡᠵᠦ ᠮᠠᠭᠲᠠᠨ ᠡᠶᠢᠨ᠃ 38᠂ ᠡᠵᠡᠨ ᠦ ᠨᠡᠷ᠎ᠡ ᠪᠡᠷ ᠢᠷᠡᠭᠴᠢ ᠬᠠᠭᠠᠨ ᠠᠨᠤ ᠮᠠᠭᠲᠠᠭᠳᠠᠬᠤ ᠪᠣᠯᠲᠤᠭᠠᠢ᠃ ᠣᠭᠲᠠᠷᠭᠤᠢ ᠳᠤᠷ ᠠᠮᠤᠭᠤᠯᠠᠩ ᠬᠢᠭᠡᠳ ᠳᠡᠭᠡᠳᠦ ᠣᠷᠣᠨ᠋ᠠ ᠴᠣᠭ ᠵᠢᠪᠬᠤᠯᠠᠩ (ᠪᠣᠯᠬᠤ ᠪᠣᠯᠲᠤᠭᠠᠢ)᠃ 39᠂ ᠬᠡᠮᠡᠨ ᠥᠭᠦᠯᠡᠯᠳᠦᠭᠰᠡᠨ ᠳᠦᠷ ᠣᠯᠠᠨ ᠤᠯᠤᠰ ᠤᠨ ᠳᠣᠲᠣᠷ᠎ᠠ ᠠᠭᠰᠠᠨ ᠹᠠᠷᠢᠰᠢ ᠨᠠᠷ ᠠᠴᠠ ᠵᠠᠷᠢᠮ ᠤᠳ ᠠᠨᠤ ᠲᠡᠭᠦᠨ ᠳᠦᠷ ᠥᠭᠦᠯᠡᠷᠦᠨ᠃ ᠪᠠᠭᠰᠢ ᠠ᠋᠂ ᠱᠠᠪᠢᠨᠠᠷ ᠢᠶᠠᠨ ᠬᠣᠷᠢᠲᠤᠭᠠᠢ᠃ 40᠂ ᠬᠡᠮᠡᠨ ᠠᠶᠢᠯᠠᠳᠬᠠᠭᠰᠠᠨ ᠳᠤᠷ ᠲᠡᠷᠡ ᠢᠨᠦ ᠲᠡᠳᠡᠨ ᠳᠦᠷ ᠬᠠᠷᠢᠭᠤ ᠵᠠᠷᠯᠢᠭ ᠪᠣᠯᠤᠷᠤᠨ᠃ ᠬᠡᠷᠪᠡ ᠲᠡᠳᠡ ᠢᠨᠦ ᠳᠠᠭᠤᠨ ᠦᠭᠡᠢ ᠪᠠᠶᠢᠪᠠᠰᠤ ᠴᠢᠯᠠᠭᠤᠳ ᠠᠨᠤ ᠴᠤᠤᠭᠢᠬᠤ ᠪᠥᠯᠦᠭᠡ᠂ ᠬᠡᠮᠡᠨ ᠪᠢ ᠪᠡᠷ ᠲᠠᠨ ᠳᠤᠷ ᠥᠭᠦᠯᠡᠮᠦᠢ ᠅ 41᠂ ᠲᠡᠶᠢᠨ ᠬᠦ ᠲᠡᠷᠡ ᠢᠨᠦ ᠣᠶᠢᠷ᠎ᠠ ᠬᠦᠷᠴᠦ ᠪᠠᠯᠭᠠᠰᠤᠨ ᠢ ᠦᠵᠡᠭᠡᠳ ᠲᠡᠭᠦᠨ ᠦ ᠤᠴᠢᠷ᠎ᠠ ᠤᠶᠢᠯᠠᠨ ᠡᠶᠢᠨ᠃ 42᠂ ᠠᠶ᠎ᠠ᠂ ᠬᠡᠷᠪᠡ ᠴᠢ ᠪᠡᠷ ᠡᠨᠡ ᠬᠦ ᠥᠪᠡᠷ ᠦᠨ ᠡᠳᠦᠷ᠍ᠡ ᠪᠣᠯᠪᠠᠴᠤ ᠥᠪᠡᠷ ᠲᠦᠷ ᠶᠠᠭᠤᠨ ᠰᠠᠶᠢᠨ ᠠᠮᠤᠷ ᠢ ᠣᠨᠤᠨ ᠮᠡᠳᠡᠭᠰᠡᠨ ᠪᠣᠯᠪᠠᠰᠤ᠂ ᠶᠠᠮᠪᠠᠷ ᠰᠠᠶᠢᠨ ᠠᠬᠤ ᠪᠥᠯᠦᠭᠡ᠃ ᠵᠦᠭᠡᠷ ᠡᠳᠦᠭᠡ ᠲᠡᠳᠡ ᠢᠨᠦ ᠴᠢᠨᠦ ᠨᠢᠳᠦᠨ ᠡᠴᠡ ᠳᠠᠯᠳᠠᠯᠠᠭᠳᠠᠭᠰᠠᠨ ᠪᠤᠢ᠃ 43᠂ ᠪᠠᠰᠠ ᠡᠨᠡ ᠮᠡᠲᠦ ᠴᠠᠭ ᠠᠨᠤ ᠴᠢᠮᠠᠳᠤᠷ ᠢᠷᠡᠬᠦ ᠬᠡᠮᠡᠪᠡᠰᠦ᠂ ᠴᠢᠨᠦ ᠳᠠᠶᠢᠰᠤᠳ ᠠᠨᠤ ᠴᠢᠨᠦ ᠲᠣᠭᠤᠷᠢᠨ᠋ᠠ ᠰᠢᠪᠡᠭᠡᠨ ᠢ ᠡᠭᠦᠳᠦᠨ᠂ ᠴᠢᠮᠠᠶᠢ ᠬᠦᠷᠢᠶᠡᠯᠡᠨ᠂ ᠬᠠᠮᠢᠭ᠎ᠠ ᠠᠴᠠ ᠴᠤ ᠴᠢᠮᠠᠶᠢ ᠬᠠᠭᠠᠵᠤ᠂ 44᠂ ᠴᠢᠮᠠᠶᠢ ᠬᠢᠭᠡᠳ ᠴᠢᠮᠠᠳᠤᠷ ᠠᠭᠴᠢ ᠬᠡᠦᠬᠡᠳ ᠢ ᠡᠪᠳᠡᠷᠡᠭᠦᠯᠦᠨ᠂ ᠴᠢᠮᠠᠳᠤᠷ ᠨᠢᠭᠡ ᠴᠢᠯᠠᠭᠤᠨ ᠢ ᠪᠤᠰᠤ ᠴᠢᠯᠠᠭᠤᠨ ᠤ ᠳᠡᠭᠡᠷ᠎ᠡ ᠦᠯᠦ ᠦᠯᠡᠭᠡᠬᠦ ᠪᠤᠢ᠃ ᠲᠡᠷᠡ ᠶᠠᠭᠤᠨ ᠤ ᠲᠤᠯᠠ ᠬᠡᠮᠡᠪᠡᠰᠤ᠂ ᠴᠢ ᠪᠡᠷ ᠴᠢᠮᠠᠳᠤᠷ ᠵᠠᠯᠠᠷᠠᠭᠰᠠᠨ ᠴᠠᠭ ᠢ ᠡᠰᠡ ᠮᠡᠳᠡᠭᠰᠡᠨ ᠪᠤᠢ᠂ ᠬᠡᠮᠡᠨ ᠵᠠᠷᠯᠢᠭ ᠪᠣᠯᠪᠠᠢ ᠅ 45᠂ ᠲᠡᠨᠳᠡᠴᠡ ᠲᠡᠷᠡ ᠢᠨᠦ ᠰᠦᠮ᠎ᠡ ᠳᠦᠷ ᠣᠷᠣᠵᠤ ᠲᠡᠨᠳᠡ ᠠᠭᠰᠠᠨ ᠬᠤᠳᠠᠯᠳᠤᠭᠴᠢᠳ ᠬᠢᠭᠡᠳ ᠬᠤᠳᠠᠯᠳᠤᠵᠤ ᠠᠪᠤᠭᠴᠢᠳ ᠢ ᠭᠠᠳᠠᠭᠰᠠᠢ ᠬᠥᠭᠡᠵᠦ᠂ 46᠂ ᠲᠡᠳᠡᠨ ᠳᠦᠷ ᠡᠶᠢᠨ ᠵᠠᠷᠯᠢᠭ ᠪᠣᠯᠤᠷᠤᠨ᠃ ᠨᠣᠮ ᠤᠨ ᠳᠣᠲᠣᠷ᠎ᠠ ᠪᠢᠴᠢᠭᠳᠡᠭᠰᠡᠨ ᠢᠨᠦ ᠡᠶᠢᠨ᠃ ᠮᠢᠨᠦ ᠭᠡᠷ ᠢᠨᠦ ᠵᠠᠯᠪᠠᠷᠢᠯ ᠤᠨ ᠭᠡᠷ ᠮᠥᠨ᠃ ᠬᠠᠷᠢᠨ ᠲᠠ ᠪᠡᠷ ᠲᠡᠭᠦᠨ ᠢ ᠳᠡᠭᠡᠷᠮᠡᠴᠢᠨ ᠦ ᠴᠤᠭᠯᠠᠬᠤᠢ ᠠᠭᠤᠢ ᠪᠣᠯᠭᠠᠨ ᠦᠢᠯᠡᠳᠪᠡᠢ᠃ ᠬᠡᠮᠡᠨ ᠵᠠᠷᠯᠢᠭ ᠪᠣᠯᠪᠠᠢ ᠅ 47᠂ ᠲᠡᠶᠢᠨ ᠪᠥᠭᠡᠳ ᠲᠡᠷᠡ ᠢᠨᠦ ᠡᠳᠦᠷ ᠪᠦᠷᠢ ᠳᠡ ᠰᠦᠮ᠎ᠡ ᠶᠢᠨ ᠳᠣᠲᠣᠷ᠎ᠠ ᠰᠤᠷᠭᠠᠨ ᠠᠪᠠᠢ᠃ ᠵᠦᠭᠡᠷ ᠲᠡᠷᠢᠭᠦᠨ ᠯᠠᠮᠠᠨᠠᠷ ᠬᠢᠭᠡᠳ ᠨᠣᠮ ᠵᠢᠭᠠᠭᠴᠢᠨᠠᠷ ᠪᠠ ᠤᠯᠤᠰ ᠤᠨ ᠲᠡᠷᠢᠭᠦᠯᠡᠭᠴᠢᠳ ᠢᠨᠦ ᠲᠡᠭᠦᠨ ᠢ ᠠᠯᠠᠬᠤᠢ ᠶᠢ ᠪᠡᠳᠡᠷᠢᠪᠡᠢ᠃ 48ᠲᠡᠶᠢᠨ ᠪᠣᠯᠪᠠᠴᠤ ᠶᠠᠭᠤᠨ ᠦᠢᠯᠡᠳᠬᠦᠢ ᠠᠷᠭ᠎ᠠ ᠶᠢ ᠣᠯᠵᠤ ᠡᠰᠡ ᠴᠢᠳᠠᠪᠠᠢ᠃ ᠲᠡᠷᠡ ᠶᠠᠭᠤᠨ ᠤ ᠲᠤᠯᠠ ᠬᠡᠮᠡᠪᠡᠰᠦ᠂ ᠤᠯᠤᠰ ᠠᠨᠤ ᠮᠠᠰᠢ ᠠᠵᠢᠭᠯᠠᠯ ᠲᠤ ᠪᠠᠷ ᠲᠡᠭᠦᠨ ᠢ ᠰᠣᠨᠣᠰᠤᠯᠤᠭᠠ ᠅
Currently Selected:
ᠯᠦᠺᠡ 19: MB1840
Highlight
Share
Copy
Want to have your highlights saved across all your devices? Sign up or sign in
Digital edition of the Mongolian translation published in 1840 (the Old Testament) and 1846 (the New Testament) by Edward Stallybrass and William Swan. Created by Bayarjargal Garamtseren and Simon Wong. Digital edition © United Bible Societies, 2020.