ᠯᠦᠺᠡ 20
20
ᠬᠣᠷᠢᠳᠤᠭᠠᠷ ᠪᠦᠯᠦᠭ ᠅
1᠂ ᠲᠡᠨᠳᠡᠴᠡ ᠲᠡᠷᠡ ᠡᠳᠦᠷ ᠦᠳ ᠦᠨ ᠨᠢᠭᠡᠨ ᠡᠳᠦᠷ᠎ᠡ ᠲᠡᠭᠦᠨ ᠦ ᠰᠦᠮ᠎ᠡ ᠶᠢᠨ ᠳᠣᠲᠣᠷ᠎ᠠ ᠤᠯᠤᠰ ᠢ ᠰᠤᠷᠭᠠᠨ᠂ ᠰᠠᠶᠢᠨ ᠰᠣᠨᠣᠰᠬᠠᠯ ᠢ ᠳᠡᠯᠭᠡᠷᠡᠭᠦᠯᠦᠨ ᠠᠬᠤᠶ᠎ᠠ᠂ ᠲᠡᠷᠢᠭᠦᠨ ᠯᠠᠮᠠᠨᠠᠷ ᠬᠢᠭᠡᠳ ᠨᠣᠮ ᠵᠢᠭᠠᠭᠴᠢᠨᠠᠷ ᠪᠠ ᠥᠲᠦᠭᠦᠰ ᠤᠯᠤᠰ ᠠᠨᠤ ᠢᠷᠡᠭᠡᠳ ᠲᠡᠭᠦᠨ ᠳᠦᠷ ᠠᠶᠢᠯᠠᠳᠬᠠᠷᠤᠨ᠃ 2᠂ ᠴᠢ ᠪᠡᠷ ᠶᠠᠮᠪᠠᠷ ᠡᠷᠬᠡ ᠪᠡᠷ ᠡᠭᠦᠨ ᠢ ᠠᠶᠢᠯᠠᠳᠤᠮᠤᠶᠤ᠃ ᠬᠡᠨ ᠢᠨᠦ ᠴᠢᠮᠠᠳᠤᠷ ᠡᠨᠡ ᠬᠦ ᠡᠷᠬᠡ ᠶᠢ ᠥᠭᠪᠡᠦ᠂ ᠬᠡᠮᠡᠨ ᠪᠢᠳᠡᠨ ᠳᠦᠷ ᠥᠭᠦᠯᠡᠨ ᠦᠢᠯᠡᠳ᠃ 3᠂ ᠬᠡᠮᠡᠭᠰᠡᠨ ᠳᠦᠷ ᠲᠡᠷᠡ ᠢᠨᠦ ᠬᠠᠷᠢᠭᠤ ᠵᠠᠷᠯᠢᠭ ᠪᠣᠯᠤᠷᠤᠨ᠂ ᠪᠢ ᠪᠡᠷ ᠲᠠᠨ ᠠᠴᠠ ᠨᠢᠭᠡᠨ ᠦᠭᠡ ᠶᠢ ᠠᠰᠠᠭᠤᠰᠤ᠃ ᠨᠠᠳᠤᠷ ᠬᠠᠷᠢᠭᠤ ᠥᠭᠦᠯᠡᠭᠲᠦᠨ ᠬᠡᠮᠡᠪᠡᠰᠦ᠃ 4᠂ ᠢᠣᠸᠠᠨ ᠤ ᠪᠠᠹᠲ᠋ᠢᠰᠮᠠ ᠠᠨᠤ ᠣᠭᠲᠠᠷᠭᠤᠢ ᠡᠴᠡ᠂ ᠡᠰᠡᠪᠡᠰᠦ ᠬᠦᠮᠦᠨ ᠨᠦᠭᠦᠳ ᠡᠴᠡ ᠭᠠᠷᠪᠠᠤ᠃ 5᠂ ᠬᠡᠮᠡᠨ ᠵᠠᠷᠯᠢᠭ ᠪᠣᠯᠤᠭᠰᠠᠨ ᠳᠤᠷ ᠲᠡᠳᠡ ᠢᠨᠦ ᠥᠪᠡᠷ ᠵᠠᠭᠤᠷ᠎ᠠ ᠪᠠᠨ ᠵᠥᠪᠯᠡᠯᠳᠦᠨ ᠥᠭᠦᠯᠡᠯᠳᠦᠷᠦᠨ᠃ ᠬᠡᠷᠪᠡ ᠪᠢᠳᠡ ᠪᠡᠷ ᠣᠭᠲᠠᠷᠭᠤᠢ ᠠᠴᠠ᠂ ᠬᠡᠮᠡᠨ ᠥᠭᠦᠯᠬᠦ ᠪᠥᠭᠡᠰᠦ᠂ ᠲᠡᠷᠡ ᠢᠨᠦ ᠡᠶᠢᠨ᠃ ᠲᠡᠶᠢᠨ ᠪᠣᠯᠪᠠᠰᠤ ᠲᠠ ᠪᠡᠷ ᠲᠡᠭᠦᠨ ᠳᠦᠷ ᠶᠠᠭᠤᠨ ᠤ ᠲᠤᠯᠠ ᠡᠰᠡ ᠢᠲᠡᠭᠡᠪᠡᠦ᠃ ᠬᠡᠮᠡᠨ ᠥᠭᠦᠯᠡᠬᠦ ᠪᠤᠢ ᠵᠠ᠃ 6᠂ ᠵᠦᠭᠡᠷ ᠬᠡᠷᠪᠡ ᠪᠢᠳᠡ ᠪᠡᠷ ᠬᠦᠮᠦᠨ ᠨᠦᠭᠦᠳ ᠡᠴᠡ᠂ ᠬᠡᠮᠡᠨ ᠥᠭᠦᠯᠡᠬᠦ ᠪᠥᠭᠡᠰᠦ᠂ ᠪᠦᠬᠦ ᠤᠯᠤᠰ ᠠᠨᠤ ᠪᠢᠳᠡᠨ ᠢ ᠴᠢᠯᠠᠭᠤᠳᠠᠬᠤ ᠪᠤᠢ ᠵᠠ᠃ ᠲᠡᠷᠡ ᠶᠠᠭᠤᠨ ᠤ ᠲᠡᠯ᠎ᠠ ᠬᠡᠮᠡᠪᠡᠰᠦ᠂ ᠢᠣᠸᠠᠨ ᠠᠨᠤ ᠨᠢᠭᠡᠨ ᠹᠣᠷᠣᠹᠢᠳ ᠮᠥᠨ ᠪᠥᠯᠦᠭᠡ᠂ ᠬᠡᠮᠡᠨ ᠲᠡᠳᠡ ᠢᠨᠦ ᠪᠠᠲᠤᠳᠠ ᠢᠲᠡᠭᠡᠮᠦᠢ᠃ 7᠂ ᠬᠡᠮᠡᠯᠳᠦᠭᠡᠳ ᠲᠡᠳᠡ ᠢᠨᠦ ᠬᠠᠷᠢᠭᠤ ᠥᠭᠦᠯᠡᠷᠦᠨ᠃ ᠲᠡᠭᠦᠨ ᠦ ᠬᠠᠮᠢᠭ᠎ᠠ ᠠᠴᠠ (ᠭᠠᠷᠤᠭᠰᠠᠨ) ᠢ ᠪᠢᠳᠡ ᠡᠰᠡ ᠮᠡᠳᠡᠮᠦᠢ᠃ 8᠂ ᠬᠡᠮᠡᠨ ᠠᠶᠢᠯᠠᠳᠬᠠᠭᠰᠠᠨ ᠳᠤᠷ ᠢᠢᠰᠦᠰ ᠢᠨᠦ ᠲᠡᠳᠡᠨ ᠳᠦᠷ ᠡᠶᠢᠨ᠃ ᠪᠢ ᠴᠤ ᠶᠠᠮᠪᠠᠷ ᠡᠷᠬᠡ ᠪᠡᠷ ᠡᠳᠡᠨ ᠢ ᠦᠢᠯᠡᠳᠦᠳᠡᠭ ᠢᠶᠡᠨ ᠲᠠᠨᠳᠤᠷ ᠦᠯᠦ ᠥᠭᠦᠯᠡᠮᠦᠢ᠃ 9᠂ ᠬᠡᠮᠡᠨ ᠵᠠᠷᠯᠢᠭ ᠪᠣᠯᠤᠭᠠᠳ ᠤᠯᠤᠰ ᠲᠤᠷ ᠡᠨᠡ ᠬᠦ ᠦᠯᠢᠭᠡᠷ ᠵᠠᠷᠯᠢᠭ ᠪᠣᠯᠤᠷᠤᠨ᠃ ᠨᠢᠭᠡᠨ ᠬᠦᠮᠦᠨ ᠢᠨᠦ ᠦᠵᠦᠮ ᠦᠨ ᠲᠠᠷᠢᠶᠠᠯᠠᠩ ᠢ ᠲᠠᠷᠢᠭᠠᠳ᠂ ᠦᠵᠦᠮᠴᠢᠨᠠᠷ ᠲᠤᠷ ᠳᠠᠭᠠᠭᠠᠯᠭᠠᠨ ᠥᠭᠭᠦᠭᠡᠳ᠂ ᠬᠣᠯᠠ ᠭᠠᠵᠠᠷ᠎ᠠ ᠤᠳᠠᠭᠠᠨ ᠪᠣᠯᠲᠠᠯ᠎ᠠ ᠵᠣᠷᠴᠢᠯᠤᠭᠠ᠃ 10᠂ ᠲᠡᠶᠢᠨ ᠪᠥᠭᠡᠳ ᠴᠠᠭ ᠪᠣᠯᠤᠭᠰᠠᠨ ᠳᠤᠷ ᠦᠵᠦᠮᠴᠢᠨᠠᠷ ᠤᠨ ᠦᠵᠦᠮ ᠦᠨ ᠲᠠᠷᠢᠶᠠᠯᠠᠩ ᠤᠨ ᠵᠢᠮᠢᠰ ᠡᠴᠡ ᠲᠡᠭᠦᠨ ᠳᠦᠷ ᠥᠭᠬᠦ ᠶᠢᠨ ᠲᠤᠯᠠ ᠲᠡᠷᠡ ᠢᠨᠦ ᠨᠢᠭᠡᠨ ᠪᠣᠭᠣᠯ ᠢ ᠲᠡᠳᠡᠨ ᠳᠦᠷ ᠢᠯᠡᠭᠡᠪᠡᠢ᠃ ᠵᠦᠭᠡᠷ ᠦᠵᠦᠮᠴᠢᠨᠠᠷ ᠢᠨᠦ ᠲᠡᠭᠦᠨ ᠢ ᠭᠥᠪᠰᠢᠭᠡᠳ ᠬᠣᠭᠣᠰᠤᠨ ᠢᠶᠠᠷ ᠬᠠᠷᠢᠭᠤᠯᠪᠠᠢ᠃ 11᠂ ᠲᠡᠨᠳᠡᠴᠡ ᠲᠡᠷᠡ ᠢᠨᠦ ᠪᠤᠰᠤ ᠨᠢᠭᠡ ᠪᠣᠭᠣᠯ ᠢ ᠢᠯᠡᠭᠡᠪᠡᠢ᠃ ᠪᠠᠰᠠ ᠲᠡᠳᠡ ᠢᠨᠦ ᠲᠡᠭᠦᠨ ᠢ ᠭᠥᠪᠰᠢᠭᠡᠳ᠂ ᠳᠣᠷᠣᠮᠵᠢᠯᠠᠨ ᠬᠣᠭᠣᠰᠤᠨ ᠢᠶᠠᠷ ᠬᠠᠷᠢᠭᠤᠯᠪᠠᠢ᠃ 12᠂ ᠲᠡᠨᠳᠡᠴᠡ ᠲᠡᠷᠡ ᠢᠨᠦ ᠭᠤᠷᠪᠠᠳᠤᠭᠠᠷ ᠢ ᠢᠯᠡᠭᠡᠪᠡᠢ᠃ ᠪᠠᠰᠠ ᠲᠡᠳᠡ ᠢᠨᠦ ᠲᠡᠭᠦᠨ ᠢ ᠰᠢᠷᠬᠠᠳᠠᠭᠤᠯᠤᠭᠠᠳ ᠭᠠᠷᠭᠠᠪᠠᠢ᠃ 13᠂ ᠲᠡᠶᠢᠨ ᠪᠥᠭᠡᠳ ᠦᠵᠦᠮ ᠦᠨ ᠲᠠᠷᠢᠶᠠᠯᠠᠩ ᠤᠨ ᠡᠵᠡᠨ ᠢᠨᠦ ᠡᠶᠢᠨ ᠥᠭᠦᠯᠡᠷᠦᠨ᠃ ᠪᠢ ᠪᠡᠷ ᠶᠠᠭᠤᠨ ᠦᠢᠯᠡᠳᠬᠦ ᠪᠤᠶᠤ᠃ ᠪᠢ ᠪᠡᠷ ᠡᠩᠬᠦᠷᠡ ᠬᠠᠶᠢᠷ᠎ᠠ ᠲᠤ ᠬᠥᠪᠡᠭᠦᠨ ᠢᠶᠡᠨ ᠢᠯᠡᠭᠡᠰᠦ᠃ ᠲᠡᠳᠡ ᠢᠨᠦ ᠲᠡᠭᠦᠨ ᠢ ᠦᠵᠡᠭᠡᠳ ᠬᠦᠨᠳᠦᠯᠡᠬᠦ ᠪᠤᠢ ᠵᠠ᠃ ᠬᠡᠮᠡᠯᠦᠭᠡ᠃ 14᠂ ᠵᠦᠭᠡᠷ ᠦᠵᠦᠮᠴᠢᠨᠠᠷ ᠢᠨᠦ ᠲᠡᠭᠦᠨ ᠢ ᠦᠵᠡᠭᠡᠳ ᠥᠪᠡᠷ ᠵᠠᠭᠤᠷ᠎ᠠ ᠪᠠᠨ ᠵᠥᠪᠯᠡᠯᠳᠦᠨ ᠡᠶᠢᠨ᠃ ᠡᠨᠡ ᠢᠨᠦ ᠥᠮᠴᠡ ᠶᠢ ᠠᠪᠤᠭᠴᠢ ᠮᠥᠨ᠃ ᠶᠠᠪᠤᠶ᠎ᠠ᠂ ᠲᠡᠭᠦᠨ ᠢ ᠠᠯᠠᠶ᠎ᠠ᠃ ᠲᠡᠶᠢᠨ ᠬᠦ ᠥᠮᠴᠡ ᠢᠨᠦ ᠪᠢᠳᠡᠨ ᠦ ᠪᠣᠯᠬᠤ ᠪᠤᠢ᠃ 15᠂ ᠬᠡᠮᠡᠯᠳᠦᠭᠡᠳ ᠲᠡᠭᠦᠨ ᠢ ᠦᠵᠦᠮ ᠦᠨ ᠲᠠᠷᠢᠶᠠᠯᠠᠩ ᠠᠴᠠ ᠭᠠᠷᠭᠠᠭᠠᠳ ᠠᠯᠠᠪᠠᠢ᠃ ᠲᠡᠶᠢᠮᠦ ᠶᠢᠨ ᠲᠤᠯᠠ ᠦᠵᠦᠮ ᠦᠨ ᠲᠠᠷᠢᠶᠠᠯᠠᠩ ᠤᠨ ᠡᠵᠡᠨ ᠢᠨᠦ ᠲᠡᠳᠡᠨ ᠳᠦᠷ ᠶᠠᠭᠤᠨ ᠢ ᠦᠢᠯᠡᠳᠬᠦ ᠪᠤᠶᠤ᠃ 16᠂ ᠲᠡᠷᠡ ᠢᠨᠦ ᠢᠷᠡᠭᠡᠳ ᠡᠳᠡ ᠦᠵᠦᠮᠴᠢᠨᠠᠷ ᠢ ᠡᠪᠳᠡᠷᠡᠭᠦᠯᠦᠭᠡᠳ ᠦᠵᠦᠮ ᠦᠨ ᠲᠠᠷᠢᠶᠠᠯᠠᠩ ᠢ ᠪᠤᠰᠤᠳ ᠲᠤᠷ ᠳᠠᠭᠠᠭᠠᠯᠭᠠᠬᠤ ᠪᠣᠯᠤᠶᠤ᠃ ᠬᠡᠮᠡᠨ ᠵᠠᠷᠯᠢᠭ ᠪᠣᠯᠤᠭᠰᠠᠨ ᠳᠤᠷ ᠲᠡᠳᠡ ᠢᠨᠦ ᠠᠶᠢᠯᠠᠳᠬᠠᠷᠤᠨ᠃ ᠡᠨᠡ ᠮᠡᠲᠦ ᠪᠡᠷ ᠦᠯᠦ ᠪᠣᠯᠬᠤ ᠪᠣᠯᠲᠤᠭᠠᠢ᠃ 17᠂ ᠲᠡᠷᠡ ᠢᠨᠦ ᠲᠡᠳᠡᠨ ᠢ ᠰᠢᠷᠲᠡᠨ ᠵᠠᠷᠯᠢᠭ ᠪᠣᠯᠤᠷᠤᠨ᠃ ᠪᠢᠴᠢᠭᠳᠡᠭᠰᠡᠨ ᠢᠨᠦ ᠶᠠᠭᠤᠨ ᠪᠤᠶᠤ ᠬᠡᠮᠡᠪᠡᠰᠦ᠂ ᠡᠭᠦᠳᠦᠭᠴᠢᠨᠠᠷ ᠤᠨ ᠬᠡᠷᠡᠭ ᠦᠭᠡᠢ ᠪᠣᠯᠭᠠᠭᠰᠠᠨ ᠴᠢᠯᠠᠭᠤᠨ ᠠᠨᠤ ᠥᠨᠴᠦᠭ ᠦᠨ ᠲᠡᠷᠢᠭᠦᠨ ᠪᠣᠯᠤᠭᠰᠠᠨ ᠪᠤᠢ᠃ 18᠂ ᠠᠯᠢ ᠬᠡᠨ ᠪᠡᠷ ᠲᠡᠷᠡ ᠬᠦ ᠴᠢᠯᠠᠭᠤᠨ ᠤ ᠳᠡᠭᠡᠷ᠎ᠡ ᠤᠨᠠᠬᠤ ᠪᠥᠭᠡᠰᠦ ᠪᠠᠯᠪᠠᠯᠠᠭᠳᠠᠬᠤ ᠪᠤᠢ᠃ ᠬᠠᠷᠢᠨ ᠠᠯᠢ ᠬᠡᠨ ᠦ ᠳᠡᠭᠡᠷ᠎ᠡ ᠲᠡᠷᠡ ᠢᠨᠦ ᠤᠨᠠᠬᠤ ᠪᠥᠭᠡᠰᠦ᠂ ᠲᠡᠭᠦᠨ ᠢ ᠬᠡᠮᠬᠡᠯᠡᠬᠦ ᠪᠣᠯᠤᠶᠤ᠃ 19᠂ ᠬᠡᠮᠡᠨ ᠵᠠᠷᠯᠢᠭ ᠪᠣᠯᠤᠭᠰᠠᠨ ᠳᠤᠷ ᠲᠡᠷᠢᠭᠦᠨ ᠯᠠᠮᠠᠨᠠᠷ ᠬᠢᠭᠡᠳ ᠨᠣᠮ ᠵᠢᠭᠠᠭᠴᠢᠨᠠᠷ ᠠᠨᠤ ᠲᠡᠭᠦᠨ ᠳᠦᠷ ᠭᠠᠷ ᠢᠶᠠᠨ ᠬᠦᠷᠭᠡᠨ ᠪᠠᠷᠢᠬᠤᠶ᠎ᠠ ᠲᠤᠭᠤᠷᠪᠢᠪᠠᠴᠤ᠂ ᠤᠯᠤᠰ ᠠᠴᠠ ᠠᠶᠤᠪᠠᠢ᠃ ᠲᠡᠷᠡ ᠶᠠᠭᠤᠨ ᠤ ᠲᠤᠯᠠ ᠬᠡᠮᠡᠪᠡᠰᠦ᠂ ᠡᠨᠡ ᠬᠦ ᠦᠯᠢᠭᠡᠷ ᠢ ᠲᠡᠳᠡᠨ ᠦ ᠲᠤᠰ ᠵᠠᠷᠯᠢᠭ ᠪᠣᠯᠤᠭᠰᠠᠨ ᠢ ᠲᠡᠳᠡ ᠢᠨᠦ ᠣᠨᠤᠯᠤᠭᠠ᠃ 20᠂ ᠲᠡᠶᠢᠨ ᠪᠥᠭᠡᠳ ᠲᠡᠳᠡ ᠢᠨᠦ ᠲᠡᠭᠦᠨ ᠢ ᠰᠠᠬᠢᠨ᠂ ᠵᠥᠪ ᠲᠦ ᠪᠠᠶᠢᠳᠠᠯ ᠢ ᠮᠡᠬᠡ ᠲᠦ ᠪᠡᠷ ᠦᠵᠡᠭᠦᠯᠦᠭᠰᠡᠨ ᠰᠢᠨᠵᠢᠯᠡᠭᠴᠢᠳ ᠢ ᠢᠯᠡᠭᠡᠪᠡᠢ᠃ ᠲᠡᠷᠡ ᠶᠠᠭᠤᠨ ᠤ ᠲᠤᠯᠠ ᠬᠡᠮᠡᠪᠡᠰᠦ᠂ ᠲᠡᠭᠦᠨ ᠦ ᠦᠭᠡᠰ ᠢᠶᠡᠷ ᠲᠡᠭᠦᠨ ᠢ ᠪᠤᠷᠤᠭᠤ ᠲᠤ ᠪᠣᠯᠭᠠᠨ᠂ (ᠬᠠᠭᠠᠨ ᠤ) ᠲᠦᠰᠢᠮᠡᠯ ᠦᠨ ᠬᠦᠴᠦᠨ ᠬᠢᠭᠡᠳ ᠡᠷᠬᠡ ᠳᠦᠷ ᠬᠦᠷᠭᠡᠬᠦ ᠶᠢᠨ ᠲᠤᠯᠠ ᠪᠣᠯᠠᠢ᠃ 21᠂ ᠲᠡᠳᠡ ᠢᠨᠦ ᠲᠡᠭᠦᠨ ᠡᠴᠡ ᠠᠰᠠᠭᠤᠨ ᠠᠶᠢᠯᠠᠳᠬᠠᠷᠤᠨ᠃ ᠪᠠᠭᠰᠢ ᠠ᠋᠂ ᠴᠢ ᠪᠡᠷ ᠵᠥᠪ ᠲᠦ ᠪᠡᠷ ᠵᠠᠷᠯᠢᠭ ᠪᠣᠯᠵᠤ ᠰᠤᠷᠭᠠᠨ᠂ ᠨᠢᠭᠤᠷᠴᠢᠯᠠᠯ ᠦᠭᠡᠢ ᠪᠡᠷ ᠪᠤᠷᠬᠠᠨ ᠤ ᠮᠥᠷ ᠢ ᠦᠨᠡᠬᠡᠷ ᠦᠵᠡᠭᠦᠯᠦᠳᠡᠭ᠂ ᠬᠡᠮᠡᠨ ᠪᠢᠳᠡ ᠪᠡᠷ ᠮᠡᠳᠡᠮᠦᠢ᠃ 22᠂ ᠪᠢᠳᠡᠨ ᠦ ᠡᠵᠡᠨ ᠬᠠᠭᠠᠨ ᠳᠤᠷ ᠠᠯᠪᠠᠨ ᠢ ᠲᠥᠯᠦᠬᠦᠢ ᠢᠨᠦ ᠵᠥᠪ ᠶᠦ᠂ ᠦᠭᠡᠢ ᠶᠦ᠃ 23᠂ ᠬᠡᠮᠡᠨ ᠠᠶᠢᠯᠠᠳᠬᠠᠭᠰᠠᠨ ᠳᠤᠷ ᠲᠡᠷᠡ ᠢᠨᠦ ᠲᠡᠳᠡᠨ ᠦ ᠠᠷᠭ᠎ᠠ ᠶᠢ ᠮᠡᠳᠡᠨ ᠠᠶᠢᠯᠠᠳᠤᠭᠠᠳ ᠡᠶᠢᠨ᠃ 24᠂ ᠲᠠ ᠪᠡᠷ ᠨᠠᠮᠠᠶᠢ ᠶᠠᠭᠤᠨ ᠤ ᠲᠤᠯᠠ ᠰᠢᠨᠵᠢᠯᠡᠮᠦᠶᠦ᠃ ᠨᠢᠭᠡᠨ ᠮᠥᠩᠭᠦᠨ ᠢ ᠨᠠᠳᠤᠷ ᠦᠵᠡᠭᠦᠯᠦᠭᠲᠦᠨ᠃ ᠲᠡᠭᠦᠨ ᠦ ᠳᠡᠭᠡᠷ᠎ᠡ ᠳᠦᠷᠰᠦᠨ ᠬᠢᠭᠡᠳ ᠪᠢᠴᠢᠮᠡᠯ ᠢᠨᠦ ᠬᠡᠨᠦᠬᠡᠢ ᠪᠤᠶᠤ᠃ ᠬᠡᠮᠡᠨ ᠵᠠᠷᠯᠢᠭ ᠪᠣᠯᠤᠭᠰᠠᠨ ᠳᠤᠷ ᠲᠡᠳᠡ ᠢᠨᠦ ᠺᠠᠶᠢᠰᠠᠷ ᠤᠨ᠂ ᠬᠡᠮᠡᠨ ᠬᠠᠷᠢᠭᠤ ᠥᠭᠦᠯᠡᠪᠡᠢ᠃ 25᠂ ᠲᠡᠷᠡ ᠢᠨᠦ ᠲᠡᠳᠡᠨ ᠳᠦᠷ ᠡᠶᠢᠨ᠃ ᠲᠡᠶᠢᠮᠦ ᠶᠢᠨ ᠲᠤᠯᠠ ᠺᠠᠶᠢᠰᠠᠷ ᠤᠨ ᠠᠬᠤᠢ ᠶᠢ ᠺᠠᠶᠢᠰᠠᠷ ᠲᠤᠷ ᠥᠭᠭᠦᠨ᠂ ᠪᠤᠷᠬᠠᠨ ᠤ ᠠᠬᠤᠢ ᠶᠢ ᠪᠤᠷᠬᠠᠨ ᠳᠤᠷ ᠥᠭᠭᠦᠭᠲᠦᠨ᠃ 26᠂ ᠬᠡᠮᠡᠨ ᠵᠠᠷᠯᠢᠭ ᠪᠣᠯᠤᠭᠰᠠᠨ ᠳᠤᠷ ᠲᠡᠳᠡ ᠢᠨᠦ ᠲᠡᠭᠦᠨ ᠦ ᠦᠭᠡᠰ ᠢ ᠤᠯᠤᠰ ᠤᠨ ᠡᠮᠦᠨ᠎ᠡ ᠪᠤᠷᠤᠭᠤ ᠲᠤ ᠪᠣᠯᠭᠠᠵᠤ ᠡᠰᠡ ᠴᠢᠳᠠᠨ᠂ ᠲᠡᠭᠦᠨ ᠦ ᠬᠠᠷᠢᠭᠤ ᠵᠠᠷᠯᠢᠭ ᠪᠣᠯᠤᠭᠰᠠᠨ ᠤ ᠤᠴᠢᠷ᠎ᠠ ᠭᠠᠶᠢᠬᠠᠨ ᠳᠠᠭᠤᠨ ᠦᠭᠡᠢ ᠪᠠᠶᠢᠯᠤᠭ᠎ᠠ ᠅ 27᠂ ᠲᠡᠶᠢᠨ ᠪᠥᠭᠡᠳ ᠦᠬᠦᠭᠰᠡᠳ ᠢᠨᠦ ᠠᠮᠢᠳᠤᠷᠠᠬᠤ ᠦᠭᠡᠢ ᠬᠡᠮᠡᠨ ᠥᠭᠦᠯᠡᠯᠴᠡᠳᠡᠭ ᠰᠠᠳᠤᠭᠢᠢ ᠨᠠᠷ ᠠᠴᠠ ᠵᠠᠷᠢᠮ ᠤᠳ ᠠᠨᠤ ᠲᠡᠭᠦᠨ ᠳᠦᠷ ᠢᠷᠡᠭᠡᠳ ᠡᠶᠢᠨ ᠠᠰᠠᠭᠤᠷᠤᠨ᠃ 28᠂ ᠪᠠᠭᠰᠢ ᠠ᠋᠂ ᠮᠣᠰᠢ ᠶᠢᠨ ᠪᠢᠳᠡᠨ ᠳᠦᠷ ᠪᠢᠴᠢᠭᠰᠡᠨ ᠢᠨᠦ ᠡᠶᠢᠨ᠃ ᠬᠡᠷᠪᠡ ᠠᠯᠢ ᠬᠡᠨ ᠦ ᠠᠬ᠎ᠠ ᠠᠨᠤ ᠭᠡᠷᠭᠡᠢ ᠲᠦ ᠪᠣᠯᠤᠭᠠᠳ ᠦᠬᠦᠵᠦ᠂ ᠬᠡᠦᠬᠡᠳ ᠦᠭᠡᠢ ᠪᠡᠷ ᠦᠬᠦᠪᠡᠰᠦ ᠡᠯ᠎ᠡ᠂ ᠲᠡᠭᠦᠨ ᠦ ᠳᠡᠭᠦᠦ ᠢᠨᠦ ᠲᠡᠷᠡ ᠬᠦ ᠭᠡᠷᠭᠡᠢ ᠶᠢ ᠥᠪᠡᠷ ᠦᠨ ᠭᠡᠷᠭᠡᠢ ᠪᠣᠯᠭᠠᠨ ᠠᠪᠤᠭᠠᠳ᠂ ᠠᠬ᠎ᠠ ᠳᠠᠭᠠᠨ ᠦᠷ᠎ᠡ ᠶᠢ ᠡᠭᠦᠰᠬᠡᠬᠦ ᠪᠣᠯᠲᠤᠭᠠᠢ᠃ 29᠂ ᠲᠡᠶᠢᠨ ᠪᠥᠭᠡᠲᠡᠯ᠎ᠡ ᠳᠣᠯᠣᠭᠠᠨ ᠠᠬ᠎ᠠ ᠳᠡᠭᠦᠦ ᠪᠥᠯᠦᠭᠡ᠃ ᠲᠡᠷᠢᠭᠦᠨ ᠳᠡᠬᠢ ᠢᠨᠦ ᠭᠡᠷᠭᠡᠢ ᠶᠢ ᠠᠪᠤᠭᠠᠳ ᠬᠡᠦᠬᠡᠳ ᠦᠭᠡᠢ ᠪᠡᠷ ᠦᠬᠦᠪᠡᠢ᠃ 30᠂ ᠬᠣᠶᠠᠳᠤᠭᠠᠷ ᠠᠨᠤ ᠲᠡᠷᠡ ᠬᠦ ᠭᠡᠷᠭᠡᠢ ᠶᠢ ᠠᠪᠤᠭᠠᠳ᠂ ᠬᠡᠦᠬᠡᠳ ᠦᠭᠡᠢ ᠪᠡᠷ ᠦᠬᠦᠪᠡᠢ᠃ 31᠂ ᠭᠤᠷᠪᠠᠳᠤᠭᠠᠷ ᠠᠨᠤ ᠲᠡᠭᠦᠨ ᠢ ᠠᠪᠤᠪᠠᠢ᠃ ᠲᠡᠷᠡ ᠮᠡᠲᠦ ᠪᠡᠷ ᠳᠣᠯᠣᠭᠠᠯᠠᠨ ᠴᠤ ᠦᠢᠯᠡᠳᠦᠭᠡᠳ ᠬᠡᠦᠬᠡᠳ ᠢ ᠦᠯᠡᠭᠡᠯ ᠦᠭᠡᠭᠦᠶ᠎ᠡ ᠦᠬᠦᠪᠡᠢ᠃ 32᠂ ᠲᠡᠭᠦᠨ ᠡᠴᠡ ᠬᠣᠶᠢᠨᠠ ᠡᠮ᠎ᠡ ᠴᠤ ᠦᠬᠦᠯᠦᠭᠡ᠃ 33᠂ ᠲᠡᠶᠢᠨ ᠠᠲᠠᠯ᠎ᠠ ᠠᠮᠢᠳᠤᠷᠠᠬᠤᠢ ᠴᠠᠭ ᠲᠤᠷ ᠲᠡᠷᠡ ᠢᠨᠦ ᠲᠡᠳᠡᠨ ᠦ ᠠᠯᠢᠨ ᠤ ᠭᠡᠷᠭᠡᠢ ᠪᠣᠯᠬᠤ ᠪᠤᠶᠤ ᠬᠡᠮᠡᠪᠡᠰᠦ᠂ ᠲᠡᠳᠡ ᠳᠣᠯᠣᠭᠠᠯᠠᠨ ᠠᠨᠤ ᠲᠡᠭᠦᠨ ᠢ ᠭᠡᠷᠭᠡᠢ ᠪᠣᠯᠭᠠᠨ ᠠᠪᠤᠭᠰᠠᠨ ᠪᠥᠯᠦᠭᠡ᠃ 34᠂ ᠬᠡᠮᠡᠨ ᠠᠶᠢᠯᠠᠳᠬᠠᠭᠰᠠᠨ ᠳᠤᠷ ᠢᠢᠰᠦᠰ ᠢᠨᠦ ᠬᠠᠷᠢᠭᠤ ᠵᠠᠷᠯᠢᠭ ᠪᠣᠯᠤᠷᠤᠨ᠃ ᠡᠳᠦᠭᠡᠬᠢ ᠵᠠᠶᠠᠭᠠᠨ ᠤ ᠤᠯᠤᠰ ᠠᠨᠤ ᠭᠡᠷᠭᠡᠰ ᠢ ᠠᠪᠤᠨ᠂ ᠭᠡᠷᠭᠡᠰ ᠪᠣᠯᠤᠨ ᠡᠷᠡᠰ ᠲᠦᠷ ᠣᠳᠤᠳᠠᠭ ᠪᠣᠯᠠᠢ᠃ 35᠂ ᠵᠦᠭᠡᠷ ᠲᠡᠷᠡ ᠬᠦ (ᠬᠣᠶᠢᠳᠤ) ᠵᠠᠶᠠᠭᠠᠨ ᠬᠢᠭᠡᠳ ᠠᠮᠢᠳᠤᠷᠠᠬᠤᠢ ᠶᠢᠨ ᠬᠤᠪᠢ ᠲᠠᠨ ᠪᠣᠯᠬᠤᠢ ᠲᠡᠩᠰᠡᠭᠦᠷᠢ ᠲᠡᠨ ᠢᠨᠦ ᠭᠡᠷᠭᠡᠰ ᠢ ᠦᠯᠦ ᠠᠪᠤᠨ᠂ ᠭᠡᠷᠭᠡᠰ ᠪᠣᠯᠵᠤ ᠡᠷᠡᠰ ᠲᠦᠷ ᠦᠯᠦ ᠣᠳᠬᠤ ᠪᠣᠯᠤᠶᠤ᠃ 36᠂ ᠵᠢᠴᠢ ᠲᠡᠳᠡ ᠢᠨᠦ ᠳ᠋ᠠᠬᠢᠨ ᠦᠯᠦ ᠦᠬᠦᠬᠦ ᠬᠡᠮᠡᠪᠡᠰᠦ᠂ ᠲᠡᠳᠡ ᠢᠨᠦ ᠠᠮᠢᠳᠤᠷᠠᠯ ᠤᠨ ᠦᠷᠡᠰ ᠪᠣᠯᠤᠭᠠᠳ᠂ ᠠᠩᠭᠢᠯ ᠤᠳ ᠯᠤᠭ᠎ᠠ ᠠᠳᠠᠯᠢ ᠪᠣᠯᠵᠤ ᠪᠤᠷᠬᠠᠨ ᠤ ᠦᠷᠡᠰ ᠮᠥᠨ᠃ 37᠂ ᠵᠦᠭᠡᠷ ᠮᠣᠰᠢ ᠠᠨᠤ ᠡᠵᠡᠨ ᠢ ᠠᠪᠷᠠᠾᠠᠮ ᠤᠨ ᠪᠤᠷᠬᠠᠨ ᠬᠢᠭᠡᠳ ᠢᠰᠠᠬ ᠤᠨ ᠪᠤᠷᠬᠠᠨ ᠪᠠ ᠶᠠᠺᠣᠪ ᠤᠨ ᠪᠤᠷᠬᠠᠨ ᠬᠡᠮᠡᠨ ᠨᠡᠷᠡᠶᠢᠳᠬᠦᠢ ᠳᠡᠭᠡᠨ᠂ ᠦᠬᠦᠭᠰᠡᠳ ᠦᠨ ᠠᠮᠢᠳᠤᠷᠠᠭᠤᠯᠤᠭᠳᠠᠬᠤᠢ ᠶᠢ ᠰᠢᠭᠤᠢ ᠶᠢᠨ ᠳᠣᠲᠣᠷ᠎ᠠ ᠠᠴᠠ ᠦᠵᠡᠭᠦᠯᠪᠡᠢ ᠬᠡᠮᠡᠪᠡᠰᠦ᠃ 38᠂ ᠪᠤᠷᠬᠠᠨ ᠠᠨᠤ ᠦᠬᠦᠭᠰᠡᠳ ᠦᠨ ᠪᠤᠰᠤ᠂ ᠬᠠᠷᠢᠨ ᠠᠮᠢᠳᠤ ᠨᠤᠭᠤᠳ ᠤᠨ ᠪᠤᠷᠬᠠᠨ ᠮᠥᠨ᠃ ᠲᠡᠷᠡ ᠶᠠᠭᠤᠨ ᠤ ᠲᠤᠯᠠ ᠬᠡᠮᠡᠪᠡᠰᠦ᠂ ᠲᠡᠳᠡ ᠪᠦᠭᠦᠳᠡᠭᠡᠷ ᠲᠡᠭᠦᠨ ᠳᠦᠷ ᠠᠮᠢᠳᠤ ᠪᠤᠢ᠃ 39᠂ ᠬᠡᠮᠡᠨ ᠵᠠᠷᠯᠢᠭ ᠪᠣᠯᠤᠭᠰᠠᠨ ᠳᠤᠷ ᠨᠣᠮ ᠵᠢᠭᠠᠭᠴᠢᠨᠠᠷ ᠠᠴᠠ ᠵᠠᠷᠢᠮ ᠤᠳ ᠠᠨᠤ ᠲᠡᠭᠦᠨ ᠳᠦᠷ ᠡᠶᠢᠨ᠃ ᠪᠠᠭᠰᠢ ᠠ᠋᠂ ᠴᠢᠨᠦ ᠵᠠᠷᠯᠢᠭ ᠪᠣᠯᠤᠭᠰᠠᠨ ᠠᠨᠤ ᠵᠥᠪ᠃ ᠬᠡᠮᠡᠨ ᠠᠶᠢᠯᠠᠳᠬᠠᠪᠠᠢ᠃ 40᠂ ᠲᠡᠷᠡ ᠴᠠᠭ ᠠᠴᠠ ᠬᠣᠶᠢᠨᠠ ᠲᠡᠳᠡ ᠢᠨᠦ ᠲᠡᠭᠦᠨ ᠡᠴᠡ (ᠶᠠᠭᠤᠨ ᠢ ᠴᠤ) ᠡᠰᠡ ᠠᠰᠠᠭᠤᠪᠠᠢ ᠅ 41᠂ ᠲᠡᠷᠡ ᠢᠨᠦ ᠲᠡᠳᠡᠨ ᠳᠦᠷ ᠵᠠᠷᠯᠢᠭ ᠪᠣᠯᠤᠷᠤᠨ᠃ ᠺᠡᠷᠢᠰᠲ᠋ᠣᠰ [ ᠬᠡᠷᠢᠰᠲ᠋ᠣᠰ] ᠠᠨᠤ ᠳ᠋ᠠᠸᠢᠳ᠋ ᠤᠨ ᠬᠥᠪᠡᠭᠦᠨ ᠪᠤᠢ ᠬᠡᠮᠡᠨ ᠶᠠᠬᠢᠨ ᠥᠭᠦᠯᠡᠯᠴᠡᠳᠡᠭ ᠬᠡᠮᠡᠪᠡᠰᠦ᠂ 42᠂ ᠳ᠋ᠠᠸᠢᠳ᠋ ᠠᠨᠤ ᠹᠰᠠᠯᠮᠠ (ᠬᠡᠮᠡᠭᠴᠢ) ᠨᠣᠮ ᠤᠨ ᠳᠣᠲᠣᠷ᠎ᠠ ᠡᠶᠢᠨ᠃ 43᠂ ᠡᠵᠡᠨ ᠢᠨᠦ ᠮᠢᠨᠦ ᠡᠵᠡᠨ ᠳᠦᠷ ᠡᠶᠢᠨ᠃ ᠴᠢᠨᠦ ᠳᠠᠶᠢᠰᠤᠳ ᠢ ᠴᠢᠨᠦ ᠬᠥᠯ ᠦᠨ ᠲᠠᠪᠴᠠᠩ ᠪᠣᠯᠭᠠᠨ ᠮᠢᠨᠦ ᠲᠠᠯᠪᠢᠲᠠᠯ᠎ᠠ᠂ ᠮᠢᠨᠦ ᠪᠠᠷᠠᠭᠤᠨ ᠡᠲᠡᠭᠡᠳᠡ ᠰᠠᠭᠤᠨ ᠦᠢᠯᠡᠳ᠂ ᠬᠡᠮᠡᠨ ᠵᠠᠷᠯᠢᠭ ᠪᠣᠯᠪᠠᠢ᠃ ᠬᠡᠮᠡᠵᠦᠬᠦᠢ᠃ 44᠂ ᠲᠡᠶᠢᠨ ᠪᠦᠬᠦᠶᠡ ᠳ᠋ᠠᠸᠢᠳ᠋ ᠠᠨᠤ ᠲᠡᠭᠦᠨ ᠢ ᠡᠵᠡᠨ ᠬᠡᠮᠡᠨ ᠨᠡᠷᠡᠶᠢᠳᠦᠨ ᠠᠲᠠᠯ᠎ᠠ᠂ ᠲᠡᠷᠡ ᠢᠨᠦ ᠶᠠᠬᠢᠨ ᠳ᠋ᠠᠸᠢᠳ᠋ ᠤᠨ ᠬᠥᠪᠡᠭᠦᠨ ᠪᠣᠯᠤᠮᠤᠶᠤ᠃ 45᠂ ᠬᠡᠮᠡᠨ ᠵᠠᠷᠯᠢᠭ ᠪᠣᠯᠤᠭᠠᠳ ᠪᠠᠰᠠ ᠬᠠᠮᠤᠭ ᠤᠯᠤᠰ ᠤᠨ ᠰᠣᠨᠣᠰᠬᠤᠢ ᠳᠤᠷ ᠱᠠᠪᠢᠨᠠᠷ ᠲᠠᠭᠠᠨ ᠡᠶᠢᠨ᠃ 46᠂ ᠤᠷᠲᠤ ᠬᠤᠪᠴᠠᠰᠤ ᠲᠤ ᠪᠠᠷ ᠶᠠᠪᠤᠬᠤᠶ᠎ᠠ ᠳᠤᠷᠠᠰᠢᠨ᠂ (ᠤᠯᠤᠰ ᠤᠨ ᠴᠤᠭᠯᠠᠳᠠᠭ) ᠬᠦ᠋ᠢ ᠭᠦᠷᠦᠮᠲᠦ ᠬᠦᠷᠢᠶᠡᠨ᠋ᠡ ᠬᠦᠨᠳᠦᠯᠡᠯ ᠢ ᠠᠪᠬᠤᠢ ᠬᠢᠭᠡᠳ᠂ ᠬᠤᠷᠠᠯ ᠤᠳ ᠤᠨ ᠳᠣᠲᠣᠷ᠎ᠠ ᠬᠦᠨᠳᠦ ᠲᠦ ᠰᠠᠭᠤᠷᠢᠳ ᠪᠠ ᠨᠠᠶᠢᠷ ᠤᠳ ᠲᠤᠷ ᠲᠡᠷᠢᠭᠦᠨ ᠣᠷᠣᠳ ᠢ ᠢᠨᠠᠭᠯᠠᠭᠴᠢ ᠨᠣᠮ ᠵᠢᠭᠠᠭᠴᠢᠨᠠᠷ ᠠᠴᠠ ᠬᠢᠴᠢᠶᠡᠭᠲᠦᠨ᠃ 47᠂ ᠲᠡᠳᠡ ᠢᠨᠦ ᠪᠡᠯᠪᠡᠰᠦᠳ ᠦᠨ ᠭᠡᠷ ᠦᠳ ᠢ ᠪᠠᠷᠠᠨ ᠢᠳᠡᠵᠦ᠂ ᠪᠦᠷᠬᠦᠭᠦᠯ ᠪᠣᠯᠬᠤ ᠶᠢᠨ ᠲᠤᠯᠠ ᠤᠷᠲᠤ ᠵᠠᠯᠪᠠᠷᠢᠯ ᠢ ᠤᠩᠰᠢᠳᠠᠭ᠃ ᠲᠡᠳᠡ ᠢᠨᠦ ᠦᠯᠡᠮᠵᠢ ᠬᠦᠨᠳᠦ ᠵᠠᠰᠠᠭ ᠲᠤᠷ ᠤᠨᠠᠭᠠᠭᠳᠠᠬᠤ ᠪᠣᠯᠤᠶᠤ ᠅
Currently Selected:
ᠯᠦᠺᠡ 20: MB1840
Highlight
Share
Copy
Want to have your highlights saved across all your devices? Sign up or sign in
Digital edition of the Mongolian translation published in 1840 (the Old Testament) and 1846 (the New Testament) by Edward Stallybrass and William Swan. Created by Bayarjargal Garamtseren and Simon Wong. Digital edition © United Bible Societies, 2020.