ᠯᠦᠺᠡ 24
24
ᠬᠣᠷᠢᠨ ᠳᠥᠷᠪᠡᠳᠦᠭᠡᠷ ᠪᠦᠯᠦᠭ ᠅
1᠂ ᠲᠡᠶᠢᠨ ᠪᠥᠭᠡᠳ ᠳᠣᠯᠣᠭᠠᠨ ᠬᠣᠨᠣᠭ ᠤᠨ ᠲᠡᠷᠢᠭᠦᠨ ᠡᠳᠦᠷ᠎ᠡ ᠮᠠᠰᠢ ᠡᠷᠲᠡ ᠥᠷᠯᠦᠭᠡ ᠪᠡᠷ ᠲᠡᠳᠡ (ᠡᠮᠡᠰ) ᠢᠨᠦ ᠪᠤᠰᠤ ᠵᠠᠷᠢᠮ ᠤᠳ ᠯᠤᠭ᠎ᠠ ᠪᠡᠯᠡᠳᠦᠭᠰᠡᠨ ᠠᠩᠬᠢᠯᠠᠬᠤᠢ ᠦᠨᠦᠷᠲᠡᠨ ᠢ ᠠᠪᠴᠤ᠂ ᠪᠤᠯᠠᠰᠢᠨ ᠳᠤᠷ ᠣᠳᠤᠭᠠᠳ᠃ 2᠂ ᠪᠤᠯᠠᠰᠢᠨ ᠤ ᠠᠮᠠᠰᠠᠷ ᠠᠴᠠ ᠴᠢᠯᠠᠭᠤᠨ ᠤ ᠭᠠᠷᠭᠠᠭᠳᠠᠭᠰᠠᠨ ᠢ ᠣᠯᠪᠠᠢ᠃ 3᠂ ᠬᠠᠷᠢᠨ ᠣᠷᠣᠭᠠᠳ ᠡᠵᠡᠨ ᠢᠢᠰᠦᠰ ᠦᠨ ᠬᠡᠭᠦᠷ ᠢ ᠡᠰᠡ ᠣᠯᠠᠪᠠᠢ᠃ 4᠂ ᠲᠡᠶᠢᠨ ᠪᠡᠷ ᠲᠡᠳᠡᠨ ᠦ ᠡᠭᠦᠨ ᠦ ᠤᠴᠢᠷ᠎ᠠ ᠶᠡᠬᠡᠳᠡ ᠭᠠᠶᠢᠬᠠᠨ ᠠᠲᠠᠯ᠎ᠠ ᠮᠡᠨᠡ᠂ ᠭᠢᠯᠪᠡᠯᠭᠡᠨ ᠴᠠᠭᠠᠨ ᠬᠤᠪᠴᠠᠰᠤ ᠲᠤ ᠬᠣᠶᠠᠷ ᠡᠷ᠎ᠡ ᠢᠨᠦ ᠲᠡᠳᠡᠨ ᠦ ᠡᠮᠦᠨ᠎ᠡ ᠵᠣᠭᠰᠤᠨ ᠪᠠᠶᠢᠪᠠᠢ᠃ 5᠂ ᠲᠡᠶᠢᠨ ᠪᠥᠭᠡᠳ ᠲᠡᠳᠡᠨ ᠦ ᠠᠶᠤᠵᠤ ᠴᠢᠷᠠᠢ ᠪᠠᠨ ᠤᠷᠤᠭᠤ ᠪᠣᠯᠭᠠᠵᠤ ᠭᠠᠵᠠᠷ᠎ᠠ ᠬᠠᠷᠠᠬᠤᠢ ᠳᠤᠷ᠂ ᠲᠡᠳᠡ ᠡᠷᠡᠰ ᠢᠨᠦ ᠡᠶᠢᠨ ᠥᠭᠦᠯᠡᠷᠦᠨ᠃ ᠲᠠ ᠪᠡᠷ ᠠᠮᠢᠳᠤ ᠶᠢ ᠦᠬᠦᠭᠰᠡᠳ ᠦᠨ ᠳᠣᠲᠣᠷ᠎ᠠ ᠶᠠᠭᠤᠨ ᠤ ᠲᠤᠯᠠ ᠪᠡᠳᠡᠷᠢᠮᠦᠶᠦ᠃ 6᠂ ᠲᠡᠷᠡ ᠢᠨᠦ ᠡᠨᠳᠡ ᠪᠤᠰᠤ᠂ ᠬᠠᠷᠢᠨ ᠠᠮᠢᠳᠤᠷᠠᠭᠰᠠᠨ ᠮᠥᠨ᠃ ᠲᠡᠭᠦᠨ ᠦ ᠺᠠᠯᠢᠯᠢᠶ᠎ᠠ ᠳᠤᠷ ᠪᠠᠶᠢᠭᠰᠠᠨ ᠴᠠᠭ ᠲᠠᠭᠠᠨ ᠲᠠᠨ ᠳᠤᠷ ᠶᠠᠭᠤᠨ ᠵᠠᠷᠯᠢᠭ ᠪᠣᠯᠤᠭᠰᠠᠨ ᠢ ᠰᠠᠨᠠᠭᠲᠤᠨ ᠬᠡᠮᠡᠪᠡᠰᠦ᠃ 7᠂ ᠬᠦᠮᠦᠨ ᠲᠥᠷᠥᠯᠬᠢᠲᠦ ᠢᠨᠦ ᠬᠢᠯᠢᠨᠴᠡ ᠲᠦ ᠬᠦᠮᠦᠨ ᠨᠦᠭᠦᠳ ᠦᠨ ᠭᠠᠷ ᠲᠤᠷ ᠪᠠᠷᠢᠭᠤᠯᠤᠭᠳᠠᠭᠠᠳ ᠵᠠᠭᠤᠯᠮᠠᠶᠢᠯᠵᠢᠯᠠᠭᠳᠠᠭᠰᠠᠨ ᠤ ᠬᠣᠶᠢᠨᠠ᠂ ᠭᠤᠷᠪᠠᠳᠤᠭᠠᠷ ᠡᠳᠦᠷ᠎ᠡ ᠠᠮᠢᠳᠤᠷᠠᠬᠤ ᠪᠣᠯᠤᠶᠤ᠃ ᠬᠡᠮᠡᠨ ᠵᠠᠷᠯᠢᠭ ᠪᠣᠯᠤᠭᠰᠠᠨ ᠪᠥᠯᠦᠭᠡ᠃ 8᠂ ᠬᠡᠮᠡᠨ ᠥᠭᠦᠯᠡᠭᠰᠡᠨ ᠳᠦᠷ ᠲᠡᠳᠡ ᠢᠨᠦ ᠲᠡᠭᠦᠨ ᠦ ᠵᠠᠷᠯᠢᠭ ᠪᠣᠯᠤᠭᠰᠠᠨ ᠢ ᠰᠠᠨᠠᠭᠠᠳ᠃ 9᠂ ᠪᠤᠯᠠᠰᠢᠨ ᠠᠴᠠ ᠪᠤᠴᠠᠭᠠᠳ᠂ ᠡᠨᠡ ᠬᠠᠮᠤᠭ ᠢ ᠠᠷᠪᠠᠨ ᠨᠢᠭᠡᠨ (ᠠᠹᠣᠰᠲ᠋ᠣᠯ) ᠬᠢᠭᠡᠳ ᠬᠠᠮᠤᠭ ᠪᠤᠰᠤᠳ ᠲᠤᠷ ᠰᠣᠨᠣᠰᠬᠠᠪᠠᠢ᠃ 10᠂ ᠡᠭᠦᠨ ᠢ ᠠᠹᠣᠰᠲ᠋ᠣᠯ ᠤᠳ ᠲᠤᠷ ᠰᠣᠨᠣᠰᠬᠠᠭᠰᠠᠨ ᠡᠮᠡᠰ ᠬᠡᠮᠡᠪᠡᠰᠦ᠂ ᠮᠠᠷᠢᠶ᠎ᠠ ᠮᠠᠺᠳᠠᠯᠢᠨᠠ ᠬᠢᠭᠡᠳ ᠢᠣᠸᠠᠨ ᠶᠠᠺᠣᠪ ᠬᠣᠶᠠᠷ ᠤᠨ ᠡᠬᠡ ᠮᠠᠷᠢᠶ᠎ᠠ ᠪᠠ ᠲᠡᠳᠡᠨ ᠯᠦᠭᠡ ᠪᠤᠰᠤ ᠵᠠᠷᠢᠮ ᠤᠳ ᠪᠥᠯᠦᠭᠡ᠃ 11᠂ ᠵᠦᠭᠡᠷ (ᠠᠹᠣᠰᠲ᠋ᠣᠯ ᠤᠳ) ᠠᠨᠤ ᠲᠡᠳᠡᠨ ᠦ ᠦᠭᠡᠰ ᠢ ᠬᠣᠭᠣᠰᠤᠨ ᠳᠡᠮᠡᠶᠢᠷᠡᠯ ᠮᠡᠲᠦ ᠪᠣᠯᠭᠠᠨ ᠡᠰᠡ ᠢᠲᠡᠭᠡᠪᠡᠢ᠃ 12᠂ ᠲᠡᠶᠢᠨ ᠪᠦᠬᠦᠶᠡ ᠹᠢᠲ᠋ᠢᠷ ᠠᠨᠤ ᠪᠣᠰᠤᠭᠠᠳ ᠪᠤᠯᠠᠰᠢᠨ ᠳᠤᠷ ᠭᠦᠶᠦᠵᠦ ᠣᠳᠳᠤᠨ᠂ ᠲᠡᠨᠳᠡ ᠪᠥᠬᠦᠶᠢᠵᠦ ᠢᠮᠠᠭᠲᠠ ᠪᠥᠰ ᠢ ᠦᠵᠡᠭᠡᠳ᠂ ᠤᠴᠢᠷᠠᠭᠰᠠᠨ ᠤ ᠰᠢᠯᠲᠠᠭᠠᠪᠠᠷ ᠰᠡᠳᠬᠢᠯ ᠳᠡᠭᠡᠨ ᠭᠠᠶᠢᠬᠠᠭᠰᠠᠭᠠᠷ ᠪᠤᠴᠠᠪᠠᠢ ᠅ 13᠂ ᠲᠡᠶᠢᠨ ᠪᠥᠭᠡᠳ ᠲᠡᠷᠡ ᠬᠦ ᠡᠳᠦᠷ᠎ᠡ ᠲᠡᠳᠡᠨ ᠡᠴᠡ ᠬᠣᠶᠠᠷ ᠠᠨᠤ ᠶᠢᠷᠤᠰᠠᠯᠢᠮ ᠠᠴᠠ ᠵᠢᠷᠠᠨ ᠲᠥᠰᠦᠷ ᠦᠨ ᠲᠡᠳᠦᠢ ᠭᠠᠵᠠᠷ᠎ᠠ ᠠᠭᠴᠢ ᠢᠮᠠ ᠦᠰ ᠬᠡᠮᠡᠬᠦ ᠬᠣᠲᠠᠨ ᠳᠤᠷ ᠣᠳᠴᠤ᠂ 14᠂ ᠡᠳᠡ ᠬᠠᠮᠤᠭ ᠤᠴᠢᠷᠠᠯᠳᠤᠭᠰᠠᠨ ᠶᠠᠭᠤᠮᠠᠳ ᠤᠨ ᠤᠴᠢᠷ᠎ᠠ ᠥᠪᠡᠷ ᠵᠠᠭᠤᠷᠠᠪᠠᠨ ᠥᠭᠦᠯᠡᠯᠴᠡᠪᠡᠢ᠃ 15᠂ ᠲᠡᠶᠢᠨ ᠪᠥᠭᠡᠳ ᠲᠡᠳᠡᠨ ᠦ ᠥᠭᠦᠯᠡᠯᠳᠦᠨ ᠰᠠᠨᠠᠭᠠᠯᠵᠠᠬᠤᠢ ᠳᠤᠷ ᠢᠢᠰᠦᠰ ᠢᠨᠦ ᠲᠡᠳᠡᠨ ᠦ ᠳᠡᠷᠭᠡᠳᠡ ᠢᠷᠡᠭᠡᠳ᠂ ᠲᠡᠳᠡᠨ ᠯᠦᠭᠡ ᠬᠠᠮᠲᠤ ᠥᠭᠡᠳᠡ ᠪᠣᠯᠪᠠᠢ᠃ 16᠂ ᠲᠡᠶᠢᠨ ᠪᠣᠯᠪᠠᠴᠤ ᠲᠡᠳᠡᠨ ᠦ ᠨᠢᠳᠦᠨ ᠦ ᠬᠠᠭᠠᠭᠳᠠᠭᠰᠠᠨ ᠤ ᠲᠤᠯᠠ ᠲᠡᠳᠡ ᠢᠨᠦ ᠲᠡᠭᠦᠨ ᠢ ᠡᠰᠡ ᠲᠠᠨᠢᠪᠠᠢ᠃ 17᠂ ᠲᠡᠷᠡ ᠢᠨᠦ ᠲᠡᠳᠡᠨ ᠳᠦᠷ ᠵᠠᠷᠯᠢᠭ ᠪᠣᠯᠤᠷᠤᠨ᠃ ᠲᠠ ᠪᠡᠷ ᠣᠳᠳᠤᠨ ᠠᠲᠠᠯ᠎ᠠ ᠶᠠᠭᠤᠨ ᠤ ᠤᠴᠢᠷ᠎ᠠ ᠬᠡᠯᠡᠯᠴᠡᠨ᠂ ᠶᠠᠭᠤᠨ ᠤ ᠲᠤᠯᠠ ᠭᠠᠰᠢᠭᠤᠳᠠᠮᠤᠶᠤ᠃ 18᠂ ᠬᠡᠮᠡᠭᠰᠡᠨ᠋ᠡ ᠲᠡᠳᠡᠨ ᠡᠴᠡ ᠺᠡᠯᠢ ᠣᠹᠠ ᠬᠡᠮᠡᠭᠴᠢ ᠨᠢᠭᠡᠨ ᠢᠨᠦ ᠬᠠᠷᠢᠭᠤ ᠠᠶᠢᠯᠠᠳᠬᠠᠷᠤᠨ᠃ ᠶᠢᠷᠤᠰᠠᠯᠢᠮ ᠳᠠᠬᠢ ᠣᠷᠣᠯᠲᠠᠨ ᠠᠴᠠ ᠴᠢ ᠭᠠᠭᠴᠠᠭᠠᠷ ᠡᠳᠡ ᠡᠳᠦᠷ ᠦᠳ ᠲᠦᠷ ᠲᠡᠨᠳᠡ ᠶᠠᠭᠤᠨ ᠤᠴᠢᠷᠠᠯᠳᠤᠭᠰᠠᠨ ᠢ ᠡᠰᠡ ᠮᠡᠳᠡᠮᠦᠶᠦ᠃ 19᠂ ᠬᠡᠮᠡᠨ ᠥᠭᠦᠯᠡᠭᠰᠡᠨ ᠳᠦᠷ ᠲᠡᠷᠡ ᠢᠨᠦ ᠵᠠᠷᠯᠢᠭ ᠪᠣᠯᠤᠷᠤᠨ᠃ ᠶᠠᠭᠤᠨ ᠤ ᠤᠴᠢᠷ᠎ᠠ ᠪᠤᠶᠤ᠃ ᠬᠡᠮᠡᠭᠰᠡᠨ᠋ᠡ ᠲᠡᠳᠡ ᠢᠨᠦ ᠲᠡᠭᠦᠨ ᠳᠦᠷ ᠠᠶᠢᠯᠠᠳᠬᠠᠷᠤᠨ᠃ ᠨᠠᠵᠠᠷᠢᠳ ᠤᠨ ᠢᠢᠰᠦᠰ ᠦᠨ ᠤᠴᠢᠷ᠎ᠠ ᠪᠣᠯᠠᠢ᠃ ᠲᠡᠳᠡ ᠢᠨᠦ ᠪᠤᠷᠬᠠᠨ ᠤ ᠡᠮᠦᠨ᠎ᠡ ᠬᠢᠭᠡᠳ ᠪᠦᠬᠦ ᠤᠯᠤᠰ ᠤᠨ ᠡᠮᠦᠨ᠎ᠡ ᠦᠢᠯᠡ ᠬᠢᠭᠡᠳ ᠵᠠᠷᠯᠢᠭ ᠢᠶᠠᠷ ᠢᠶᠠᠨ ᠬᠦᠴᠦ ᠲᠦ ᠹᠣᠷᠣᠹᠢᠳ ᠪᠥᠯᠦᠭᠡ᠃ 20᠂ ᠲᠡᠭᠦᠨ ᠢ ᠪᠢᠳᠡᠨ ᠦ ᠲᠡᠷᠢᠭᠦᠨ ᠯᠠᠮᠠᠨᠠᠷ ᠬᠢᠭᠡᠳ ᠠᠬᠠᠯᠠᠭᠴᠢᠨᠠᠷ ᠠᠨᠤ ᠦᠬᠦᠬᠦ ᠶᠢᠨ ᠵᠠᠰᠠᠭ ᠲᠤᠷ ᠤᠨᠠᠭᠠᠨ ᠰᠢᠭᠢᠢᠳᠬᠡᠭᠡᠳ ᠵᠠᠭᠤᠯᠮᠠᠶᠢᠯᠵᠢᠯᠠᠪᠠᠢ᠃ 21᠂ ᠲᠡᠷᠡ ᠢᠨᠦ ᠢᠰᠷᠠᠶᠢᠯ ᠤᠨ ᠲᠣᠨᠢᠯᠭᠠᠭᠴᠢ ᠪᠣᠯᠬᠤ ᠬᠡᠮᠡᠨ ᠪᠢᠳᠡ ᠪᠡᠷ ᠨᠠᠶᠢᠳᠠᠭᠰᠠᠨ ᠪᠥᠯᠦᠭᠡ᠃ ᠬᠠᠷᠢᠨ ᠡᠭᠦᠨ ᠡᠴᠡ ᠭᠠᠳᠠᠨ᠎ᠠ ᠡᠨᠡ ᠮᠡᠲᠦᠰ ᠦᠨ ᠤᠴᠢᠷᠠᠯᠳᠤᠭᠰᠠᠭᠠᠷ ᠡᠳᠦᠭᠡ ᠭᠤᠷᠪᠠᠨ ᠬᠣᠨᠣᠭ ᠪᠣᠯᠪᠠᠢ᠃ 22᠂ ᠪᠠᠰᠠ ᠪᠢᠳᠡᠨ ᠦ ᠵᠠᠷᠢᠮ ᠡᠮᠡᠰ ᠢᠨᠦ ᠪᠢᠳᠡᠨ ᠢ ᠭᠠᠶᠢᠬᠠᠭᠤᠯᠪᠠᠢ ᠬᠡᠮᠡᠪᠡᠰᠦ᠂ 23᠂ ᠲᠡᠷᠡ ᠢᠨᠦ ᠡᠷᠲᠡ ᠥᠷᠯᠦᠭᠡ ᠪᠡᠷ ᠪᠤᠯᠠᠰᠢᠨ ᠳᠤᠷ ᠣᠳᠤᠭᠠᠳ ᠬᠡᠭᠦᠷ ᠢ ᠡᠰᠡ ᠣᠯᠪᠠᠢ᠃ ᠬᠠᠷᠢᠨ ᠪᠤᠴᠠᠵᠤ ᠢᠷᠡᠭᠡᠳ᠂ ᠪᠢᠳᠡ ᠪᠡᠷ ᠢᠢᠰᠦᠰ ᠦᠨ ᠠᠮᠢᠳᠤ ᠪᠣᠯᠤᠭᠰᠠᠨ ᠢ ᠥᠭᠦᠯᠡᠭᠰᠡᠨ ᠠᠩᠭᠢᠯ ᠤᠳ ᠢ ᠦᠵᠡᠪᠡᠢ᠃ ᠬᠡᠮᠡᠨ ᠥᠭᠦᠯᠡᠯᠴᠡᠪᠡᠢ᠃ 24᠂ ᠪᠠᠰᠠ ᠪᠢᠳᠡᠨ ᠯᠤᠭ᠎ᠠ ᠠᠭᠰᠠᠨ ᠵᠠᠷᠢᠮ ᠤᠳ ᠠᠨᠤ ᠪᠤᠯᠠᠰᠢᠨ᠋ᠠ ᠣᠳᠤᠭᠠᠳ᠂ ᠡᠮᠡᠰ ᠦᠨ ᠥᠭᠦᠯᠡᠭᠰᠡᠨ ᠢᠶᠡᠷ ᠣᠯᠤᠭᠰᠠᠨ ᠪᠣᠯᠪᠠᠴᠤ᠂ ᠲᠡᠭᠦᠨ ᠢ ᠡᠰᠡ ᠦᠵᠡᠪᠡᠢ᠃ 25᠂ ᠬᠡᠮᠡᠨ ᠠᠶᠢᠯᠠᠳᠬᠠᠭᠰᠠᠨ ᠳᠤᠷ ᠲᠡᠷᠡ ᠢᠨᠦ ᠲᠡᠳᠡᠨ ᠳᠦᠷ ᠵᠠᠷᠯᠢᠭ ᠪᠣᠯᠤᠷᠤᠨ᠃ ᠠᠶ᠎ᠠ ᠪᠤᠳᠤᠩᠭᠤᠶᠢᠷᠠᠭᠰᠠᠨ ᠤᠬᠠᠭ᠎ᠠ ᠲᠤ ᠬᠢᠭᠡᠳ ᠹᠣᠷᠣᠹᠢᠳ ᠨᠠᠷ ᠤᠨ ᠬᠠᠮᠤᠭ ᠡᠰᠢ ᠦᠵᠡᠭᠦᠯᠤᠭᠰᠡᠨ ᠢ ᠢᠲᠡᠭᠡᠬᠦᠶ᠎ᠡ ᠵᠢᠷᠦᠬᠡᠨ ᠢᠶᠡᠷ ᠢᠶᠡᠨ ᠲᠦᠳᠡᠭᠴᠢ ᠨᠤᠭᠤᠳ ᠠ᠋᠂ 26᠂ ᠬᠡᠷᠢᠰᠲ᠋ᠣᠰ ᠬᠡᠮᠡᠪᠡᠰᠦ ᠲᠡᠷᠡ ᠮᠡᠲᠦ ᠪᠡᠷ ᠵᠣᠪᠠᠯᠠᠩ ᠢ ᠲᠡᠰᠦᠭᠡᠳ᠃ ᠴᠣᠭ ᠵᠢᠪᠬᠠᠤᠯᠠᠩ ᠳᠤᠷ ᠢᠶᠠᠨ ᠣᠷᠣᠰᠢᠬᠤ ᠶᠣᠰᠤ ᠲᠤ ᠠᠭᠰᠠᠨ ᠪᠢᠰᠢᠶᠦ᠃ 27᠂ ᠬᠡᠮᠡᠨ ᠵᠠᠷᠯᠢᠭ ᠪᠣᠯᠤᠭᠠᠳ ᠮᠣᠰᠢ ᠠᠴᠠ ᠡᠬᠢᠯᠡᠨ᠂ ᠬᠠᠮᠤᠭ ᠹᠣᠷᠣᠹᠢᠳ ᠨᠠᠷ ᠤᠨ (ᠨᠣᠮ ᠤᠳ ᠤᠨ) ᠳᠣᠲᠣᠷ᠎ᠠ ᠥᠪᠡᠷ ᠦᠨ ᠤᠴᠢᠷ᠎ᠠ ᠬᠠᠮᠤᠭ ᠪᠢᠴᠢᠭᠳᠡᠭᠰᠡᠨ ᠢ ᠲᠡᠳᠡᠨ ᠳᠦᠷ ᠲᠠᠶᠢᠯᠪᠤᠷᠢᠯᠠᠪᠠᠢ᠃ 28᠂ ᠲᠡᠨᠳᠡᠴᠡ ᠲᠡᠳᠡᠨ ᠦ ᠵᠣᠷᠢᠭᠰᠠᠨ ᠬᠣᠲᠠᠨ ᠳᠤᠷ ᠰᠢᠳᠠᠷᠳᠠᠭᠰᠠᠨ ᠳᠤᠷ᠂ ᠲᠡᠷᠡ ᠢᠨᠦ ᠴᠢᠨᠠᠭᠰᠢᠳᠠ ᠥᠭᠡᠳᠡ ᠪᠣᠯᠬᠤᠢ ᠮᠡᠲᠦ ᠲᠠᠭᠠᠯᠠᠯ ᠦᠵᠡᠭᠦᠯᠪᠡᠢ᠃ 29᠂ ᠵᠦᠭᠡᠷ ᠲᠡᠳᠡ ᠢᠨᠦ ᠲᠡᠭᠦᠨ ᠢ ᠲᠦᠳᠡᠭᠡᠨ ᠡᠶᠢᠨ᠃ ᠪᠢᠳᠡᠨ ᠯᠤᠭ᠎ᠠ ᠡᠨᠳᠡ ᠵᠣᠭᠰᠤᠨ ᠬᠠᠶᠢᠷᠠᠯᠠ᠃ ᠲᠡᠳᠡ ᠶᠠᠭᠤᠨ ᠤ ᠲᠤᠯᠠ ᠬᠡᠮᠡᠪᠡᠰᠦ᠂ ᠣᠷᠣᠢ ᠪᠣᠯᠵᠤ ᠦᠳᠡᠰᠢ ᠴᠤ ᠪᠣᠯᠪᠠᠢ᠃ ᠬᠡᠮᠡᠨ ᠠᠶᠢᠯᠠᠳᠬᠠᠭᠰᠠᠨ ᠳᠤᠷ ᠲᠡᠷᠡ ᠢᠨᠦ ᠲᠡᠳᠡᠨ ᠯᠦᠭᠡ ᠣᠷᠤᠯᠴᠠᠨ ᠪᠶᠢᠪᠠᠢ᠃ 30᠂ ᠲᠡᠶᠢᠨ ᠪᠥᠭᠡᠳ ᠲᠡᠷᠡ ᠢᠨᠦ ᠲᠡᠳᠡᠨ ᠯᠦᠭᠡ ᠬᠠᠮᠲᠤ ᠰᠠᠭᠤᠯᠴᠠᠨ ᠠᠲᠠᠯ᠎ᠠ᠂ ᠪᠣᠭᠤᠷᠰᠤᠭ ᠢ ᠠᠪᠤᠨ ᠠᠳᠢᠰᠲᠢᠳᠯᠠᠨ ᠬᠤᠭᠤᠯᠤᠭᠠᠳ᠂ ᠲᠡᠳᠡᠨ ᠳᠦᠷ ᠥᠭᠪᠡᠢ᠃ 31᠂ ᠲᠡᠶᠢᠨ ᠪᠦᠬᠦᠶᠡ ᠲᠡᠳᠡᠨ ᠦ ᠨᠢᠳᠦᠨ ᠢᠨᠦ ᠨᠡᠭᠡᠭᠳᠡᠪᠡᠢ᠃ ᠲᠡᠳᠡ ᠴᠤ ᠲᠡᠭᠦᠨ ᠢ ᠲᠠᠨᠢᠪᠠᠢ᠃ ᠬᠠᠷᠢᠨ ᠲᠡᠷᠡ ᠢᠨᠦ ᠲᠡᠳᠡᠨ ᠳᠦᠷ ᠦᠯᠦ ᠦᠵᠡᠭᠳᠡᠬᠦᠢ ᠪᠣᠯᠪᠠᠢ᠃ 32᠂ ᠲᠡᠨᠳᠡ ᠲᠡᠳᠡ ᠢᠨᠦ ᠨᠢᠭᠡᠨ ᠨᠢᠭᠡᠨ ᠳᠡᠭᠡᠨ ᠡᠶᠢᠨ᠃ ᠪᠢᠳᠡᠨ ᠦ ᠶᠠᠪᠤᠭᠰᠠᠨ ᠵᠠᠮ ᠤᠨ ᠳᠡᠭᠡᠷ᠎ᠡ ᠲᠡᠭᠦᠨ ᠦ ᠪᠢᠳᠡᠨ ᠳᠦᠷ ᠵᠠᠷᠯᠢᠭ ᠪᠣᠯᠤᠭᠰᠠᠨ ᠬᠢᠭᠡᠳ ᠪᠢᠴᠢᠭᠳᠡᠭᠰᠡᠨ ᠦ ᠲᠠᠶᠢᠯᠪᠤᠷᠢᠨ ᠢ ᠪᠢᠳᠡᠨ ᠳᠦᠷ ᠨᠡᠭᠡᠭᠰᠡᠨ ᠳᠦᠷ ᠪᠢᠳᠡᠨ ᠦ ᠵᠢᠷᠦᠬᠡᠨ ᠢᠨᠦ ᠬᠠᠯᠠᠭᠰᠠᠨ ᠪᠢᠰᠢᠶᠦ᠃ ᠬᠡᠮᠡᠨ ᠥᠭᠦᠯᠡᠪᠡᠢ ᠅ 33᠂ ᠲᠡᠶᠢᠨ ᠪᠥᠭᠡᠳ ᠲᠡᠳᠡ ᠢᠨᠦ ᠲᠡᠷᠡ ᠳᠠᠷᠤᠢ ᠪᠣᠰᠴᠤ ᠶᠢᠷᠤᠰᠠᠯᠢᠮ ᠳᠤᠷ ᠪᠤᠴᠠᠭᠠᠳ᠂ ᠠᠷᠪᠠᠨ ᠨᠢᠭᠡᠨ (ᠠᠹᠣᠰᠲ᠋ᠣᠯ) ᠬᠢᠭᠡᠳ ᠲᠡᠳᠡᠨ ᠯᠦᠭᠡ ᠠᠭᠰᠠᠳ ᠤᠨ ᠴᠢᠭᠤᠯᠤᠨ᠃ 34᠂ ᠡᠵᠡᠨ ᠢᠨᠦ ᠦᠨᠡᠬᠡᠷ ᠠᠮᠢᠳᠤᠷᠠᠭᠠᠳ ᠰᠢᠢᠮᠣᠨ ᠳᠤᠷ ᠪᠡᠶ᠎ᠡ ᠪᠡᠨ ᠦᠵᠡᠭᠦᠯᠪᠡᠢ ᠬᠡᠮᠡᠨ ᠥᠭᠦᠯᠡᠯᠳᠦᠨ ᠠᠬᠤᠢ ᠶᠢ ᠣᠯᠪᠠᠢ᠃ 35᠂ ᠲᠡᠳᠡ ᠴᠤ ᠵᠠᠮ ᠤᠨ ᠳᠡᠭᠡᠷ᠎ᠡ ᠶᠠᠭᠤᠨ ᠤᠴᠢᠷᠠᠯᠳᠤᠭᠰᠠᠨ ᠬᠢᠭᠡᠳ ᠲᠡᠭᠦᠨ ᠦ ᠪᠣᠭᠤᠷᠰᠤᠭ ᠢ ᠬᠤᠭᠤᠯᠤᠨ ᠠᠲᠠᠯ᠎ᠠ ᠲᠡᠳᠡᠨ ᠳᠦᠷ ᠲᠠᠨᠢᠭᠳᠠᠭᠰᠠᠨ ᠢ ᠲᠣᠭᠠᠯᠠᠨ ᠥᠭᠦᠯᠡᠪᠡᠢ ᠅ 36᠂ ᠲᠡᠳᠡᠨ ᠦ ᠡᠨᠡ ᠮᠡᠲᠦ ᠪᠡᠷ ᠥᠭᠦᠯᠡᠯᠳᠦᠨ ᠠᠬᠤᠶ᠎ᠠ ᠢᠢᠰᠦᠰ ᠢᠨᠦ ᠲᠡᠳᠡᠨ ᠦ ᠳᠤᠮᠳᠠ ᠵᠣᠭᠰᠤᠨ ᠪᠠᠶᠢᠵᠤ ᠡᠶᠢᠨ᠃ ᠠᠮᠤᠷ ᠠᠮᠤᠭᠤᠯᠠᠩ ᠪᠣᠯᠲᠤᠭᠠᠢ᠃ 37᠂ ᠬᠡᠮᠡᠨ ᠵᠠᠷᠯᠢᠭ ᠪᠣᠯᠤᠭᠰᠠᠨ ᠳᠤᠷ ᠲᠡᠳᠡ ᠢᠨᠦ ᠠᠶᠤᠨ ᠡᠮᠢᠶᠡᠵᠦ ᠡᠨᠡ ᠢᠨᠦ ᠪᠣᠳᠠ ᠦᠭᠡᠢ ᠦᠵᠡᠭᠳᠡᠯ ᠪᠤᠢ᠃ ᠬᠡᠮᠡᠨ ᠰᠠᠨᠠᠯᠤᠭᠠ᠃ 38᠂ ᠲᠡᠷᠡ ᠢᠨᠦ ᠲᠡᠳᠡᠨ ᠳᠦᠷ ᠵᠠᠷᠯᠢᠭ ᠪᠣᠯᠤᠷᠤᠨ᠃ ᠲᠠ ᠪᠡᠷ ᠶᠠᠭᠤᠨ ᠤ ᠲᠤᠯᠠ ᠴᠣᠴᠢᠮᠤᠶᠤ᠃ ᠶᠠᠭᠤᠨ ᠤ ᠲᠤᠯᠠ ᠰᠡᠳᠬᠢᠯ ᠳᠡᠭᠡᠨ ᠲᠡᠷᠡ ᠮᠡᠲᠦ ᠰᠠᠨᠠᠭᠠᠨ ᠢ ᠲᠥᠷᠥᠭᠦᠯᠦᠨ ᠠᠮᠤᠤ᠃ 39᠂ ᠮᠢᠨᠦ ᠬᠣᠶᠠᠷ ᠭᠠᠷ ᠬᠢᠭᠡᠳ ᠬᠥᠯ ᠢ ᠦᠵᠡᠭᠡᠳ᠂ ᠡᠨᠡ ᠢᠨᠦ ᠪᠢ ᠮᠥᠨ᠂ ᠬᠡᠮᠡᠨ ᠮᠡᠳᠡᠭᠲᠦᠨ᠃ ᠭᠠᠷ ᠢᠶᠠᠨ ᠨᠠᠳᠤᠷ ᠬᠦᠷᠭᠡᠨ ᠰᠢᠨᠵᠢᠯᠡᠭᠲᠦᠨ᠃ ᠲᠡᠷᠡ ᠶᠠᠭᠤᠨ ᠤ ᠲᠤᠯᠠ ᠬᠡᠮᠡᠪᠡᠰᠤ᠂ ᠲᠠᠨᠤ ᠦᠵᠡᠬᠦᠢ ᠪᠡᠷ ᠮᠢᠨᠦ ᠪᠡᠶ᠎ᠡ ᠳᠦᠷ ᠠᠬᠤᠢ ᠮᠡᠲᠦ ᠪᠣᠳᠠ ᠦᠭᠡᠢ ᠶᠠᠭᠤᠮ᠎ᠠ ᠳᠤᠷ ᠮᠢᠬ᠎ᠠ ᠬᠢᠭᠡᠳ ᠶᠠᠰᠤᠳ ᠦᠭᠡᠢ ᠠᠮᠤᠢ᠃ 40᠂ ᠬᠡᠮᠡᠨ ᠵᠠᠷᠯᠢᠭ ᠪᠣᠯᠤᠭᠠᠳ ᠲᠡᠳᠡ ᠳᠦᠷ ᠬᠣᠶᠠᠷ ᠭᠠᠷ ᠬᠢᠭᠡᠳ ᠬᠥᠯ ᠢᠶᠡᠨ ᠦᠵᠡᠭᠦᠯᠪᠡᠢ᠃ 41᠂ ᠲᠡᠶᠢᠨ ᠪᠦᠬᠦᠶᠡ ᠲᠡᠳᠡᠨ ᠦ ᠪᠠᠶᠠᠰᠤᠨ ᠭᠠᠶᠢᠬᠠᠯᠳᠤᠭᠰᠠᠨ ᠠᠴᠠᠭᠠᠨ ᠢᠳᠡᠭᠡ ᠡᠳᠦᠢ ᠠᠲᠠᠯ᠎ᠠ᠂ ᠲᠡᠷᠡ ᠢᠨᠦ ᠲᠡᠳᠡᠨ ᠳᠦᠷ ᠵᠠᠷᠯᠢᠭ ᠪᠣᠯᠤᠷᠤᠨ᠃ ᠡᠨᠳᠡ ᠢᠳᠡᠭᠡᠨ ᠲᠠᠨ ᠳᠤᠷ ᠪᠤᠢ ᠪᠤᠶᠤ᠃ 42᠂ ᠲᠡᠳᠡ ᠢᠨᠦ ᠲᠡᠭᠦᠨ ᠳᠦᠷ ᠠᠷᠳᠠᠭᠯᠠᠭᠰᠠᠨ ᠵᠢᠭᠠᠰᠤᠨ ᠬᠢᠭᠡᠳ ᠵᠥᠭᠡᠢ ᠶᠢᠨ ᠪᠠᠯ ᠠᠴᠠ ᠬᠡᠰᠡᠭ ᠢ ᠡᠷᠭᠦᠪᠡᠢ᠃ 43᠂ ᠲᠡᠷᠡ ᠢᠨᠦ ᠠᠪᠤᠭᠠᠳ ᠲᠡᠳᠡᠨ ᠦ ᠡᠮᠦᠨ᠎ᠡ ᠵᠣᠭᠤᠭᠯᠠᠵᠤ᠂ ᠲᠡᠳᠡᠨ ᠳᠦᠷ ᠵᠠᠷᠯᠢᠭ ᠪᠣᠯᠤᠷᠤᠨ᠃ 44᠂ ᠪᠢ ᠪᠡᠷ ᠲᠠᠨ ᠯᠤᠭ᠎ᠠ ᠪᠠᠶᠢᠭᠰᠠᠨ ᠴᠠᠭ ᠲᠠᠭᠠᠨ ᠲᠠᠨ ᠳᠤᠷ ᠥᠭᠦᠯᠡᠭᠰᠡᠨ ᠦᠭᠡᠰ ᠡᠳᠡ ᠮᠥᠨ ᠬᠡᠮᠡᠪᠡᠰᠦ᠂ ᠮᠢᠨᠦ ᠤᠴᠢᠷ᠎ᠠ ᠮᠣᠰᠢ ᠶᠢᠨ ᠲᠣᠭᠲᠠᠭᠠᠯ ᠬᠢᠭᠡᠳ ᠹᠣᠷᠣᠹᠢᠳ ᠨᠠᠷ ᠪᠠ ᠹᠰᠠᠯᠮᠠ ᠨᠤᠭᠤᠳ ᠤᠨ ᠳᠣᠲᠣᠷ᠎ᠠ ᠬᠠᠮᠤᠭ ᠪᠢᠴᠢᠭᠳᠡᠭᠰᠡᠨ ᠢᠨᠦ ᠪᠦᠲᠦᠭᠡᠭᠳᠡᠬᠦ ᠶᠣᠰᠤ ᠲᠤ ᠪᠣᠯᠠᠢ᠃ 45᠂ ᠬᠡᠮᠡᠨ ᠵᠠᠷᠯᠢᠭ ᠪᠣᠯᠤᠭᠠᠳ ᠲᠡᠳᠡᠨ ᠦ ᠤᠬᠠᠭᠠᠨ ᠢ ᠨᠡᠭᠡᠨ᠂ ᠪᠢᠴᠢᠭᠳᠡᠭᠰᠡᠨ ᠦ ᠤᠳᠬ᠎ᠠ ᠶᠢ ᠤᠬᠠᠭᠤᠯᠤᠨ᠂ ᠲᠡᠳᠡᠨ ᠳᠦᠷ ᠡᠶᠢᠨ᠃ 46᠂ ᠡᠨᠡ ᠮᠡᠲᠦ ᠪᠡᠷ ᠪᠢᠴᠢᠭᠳᠡᠭᠰᠡᠨ ᠪᠥᠭᠡᠳ᠂ ᠡᠨᠡ ᠮᠡᠲᠦ ᠪᠡᠷ ᠬᠡᠷᠢᠰᠲ᠋ᠣᠰ ᠠᠨᠤ ᠵᠣᠪᠠᠯᠠᠩ ᠢ ᠲᠡᠰᠦᠭᠡᠳ ᠭᠤᠷᠪᠠᠳᠤᠭᠠᠷ ᠡᠳᠦᠷ᠎ᠡ ᠦᠬᠦᠭᠰᠡᠳ ᠡᠴᠡ ᠠᠮᠢᠳᠤᠷᠠᠬᠤ ᠪᠥᠭᠡᠳ᠃ 47᠂ ᠶᠢᠷᠤᠰᠠᠯᠢᠮ ᠠᠴᠠ ᠡᠬᠢᠯᠡᠨ ᠬᠠᠮᠤᠭ ᠤᠯᠤᠰ ᠤᠳ ᠲᠤᠷ ᠭᠡᠮᠰᠢᠬᠦᠢ ᠬᠢᠭᠡᠳ ᠬᠢᠯᠢᠨᠴᠡᠰ ᠦᠨ ᠬᠡᠯᠲᠦᠷᠢᠭᠦᠯᠤᠭᠳᠡᠬᠦᠢ ᠶᠢ ᠲᠡᠭᠦᠨ ᠦ ᠨᠡᠷ᠎ᠡ ᠪᠡᠷ ᠳᠡᠯᠭᠡᠷᠡᠭᠦᠯᠦᠨ ᠮᠡᠳᠡᠭᠦᠯᠬᠦ ᠶᠣᠰᠤ ᠲᠤ ᠮᠥᠨ ᠪᠥᠯᠦᠭᠡ᠃ 48᠂ ᠲᠠ ᠪᠡᠷ ᠡᠭᠦᠨ ᠦ ᠤᠴᠢᠷ᠎ᠠ ᠭᠡᠷᠡᠴᠢᠨᠠᠷ ᠮᠥᠨ᠃ 49᠂ ᠲᠡᠶᠢᠨ ᠬᠦ ᠮᠡᠨᠡ᠂ ᠪᠢ ᠪᠡᠷ ᠮᠢᠨᠦ ᠡᠴᠢᠭᠡ ᠶᠢᠨ ᠠᠮᠠᠯᠠᠭᠰᠠᠨ ᠢ ᠲᠠᠨ ᠤ ᠳᠡᠭᠡᠷ᠎ᠡ ᠢᠯᠡᠭᠡᠮᠦᠢ᠃ ᠵᠦᠭᠡᠷ ᠳᠡᠭᠡᠷ᠎ᠡ ᠡᠴᠡ ᠠᠤᠭ᠎ᠠ ᠬᠦᠴᠦᠨ ᠢ ᠬᠦᠷᠲᠡᠬᠦ ᠴᠠᠭ ᠪᠣᠯᠲᠠᠯ᠎ᠠ ᠶᠢᠷᠤᠰᠠᠯᠢᠮ ᠪᠠᠯᠭᠠᠰᠤᠨ ᠳᠤᠷ ᠪᠠᠶᠢᠭᠲᠤᠨ᠃ 50᠂ ᠬᠡᠮᠡᠨ ᠵᠠᠷᠯᠢᠭ ᠪᠣᠯᠤᠭᠠᠳ ᠲᠡᠷᠡ ᠢᠨᠦ ᠲᠡᠳᠡᠨ ᠢ ᠪᠢᠲ᠋ᠠᠨᠢᠶᠠ ᠬᠦᠷᠲᠡᠯ᠎ᠡ ᠳᠠᠭᠠᠭᠤᠯᠤᠭᠠᠳ᠂ ᠮᠤᠲᠤᠷ ᠢᠶᠠᠨ ᠡᠷᠭᠦᠨ ᠲᠡᠳᠡᠨ ᠢ ᠠᠳᠢᠰᠲᠢᠳᠯᠠᠪᠠᠢ᠃ 51᠂ ᠲᠡᠶᠢᠨ ᠬᠦ ᠲᠡᠷᠡ ᠢᠨᠦ ᠲᠡᠳᠡᠨ ᠢ ᠠᠳᠢᠰᠲᠢᠳᠯᠠᠨ ᠠᠲᠠᠯ᠎ᠠ ᠲᠡᠳᠡᠨ ᠡᠴᠡ ᠬᠠᠭᠠᠴᠠᠨ᠂ ᠣᠭᠲᠠᠷᠭᠤᠢ ᠳᠤᠷ ᠳᠡᠭᠳᠡᠨ ᠥᠭᠡᠳᠡ ᠪᠣᠯᠵᠤᠬᠤᠢ᠃ 52᠂ ᠲᠡᠶᠢᠨ ᠪᠥᠭᠡᠳ ᠲᠡᠳᠡ ᠢᠨᠦ ᠲᠡᠭᠦᠨ ᠳᠦᠷ ᠮᠥᠷᠭᠦᠭᠡᠳ᠂ ᠪᠠᠶᠠᠰᠬᠤᠯᠠᠩ ᠲᠤ ᠪᠠᠷ ᠶᠢᠷᠤᠰᠠᠯᠢᠮ ᠳᠤᠷ ᠪᠤᠴᠠᠭᠠᠳ᠃ 53᠂ ᠦᠷᠭᠦᠯᠵᠢᠳᠡ ᠰᠦᠮ᠎ᠡ ᠶᠢᠨ ᠳᠣᠲᠣᠷ᠎ᠠ ᠪᠠᠶᠢᠵᠤ ᠪᠤᠷᠬᠠᠨ ᠢ ᠮᠠᠭᠲᠠᠨ ᠠᠯᠳᠠᠷᠰᠢᠭᠤᠯᠤᠨ ᠠᠪᠠᠢ᠃ ᠠ᠋ ᠮᠢᠢᠨ ᠅
ᠯᠦᠺᠡ ᠶᠢᠨ ᠢᠸᠠᠩᠭᠢᠯᠢ ᠲᠡᠭᠦᠰᠪᠡ ᠅
Currently Selected:
ᠯᠦᠺᠡ 24: MB1840
Highlight
Share
Copy
Want to have your highlights saved across all your devices? Sign up or sign in
Digital edition of the Mongolian translation published in 1840 (the Old Testament) and 1846 (the New Testament) by Edward Stallybrass and William Swan. Created by Bayarjargal Garamtseren and Simon Wong. Digital edition © United Bible Societies, 2020.

: