ᠯᠦᠺᠡ 7
7
ᠳᠣᠯᠣᠳᠤᠭᠠᠷ ᠪᠦᠯᠦᠭ ᠅
1᠂ ᠲᠡᠨᠳᠡᠴᠡ ᠲᠡᠷᠡ ᠢᠨᠦ ᠤᠯᠤᠰ ᠤᠨ ᠰᠣᠨᠣᠰᠬᠤᠢ ᠪᠠᠷ ᠬᠠᠮᠤᠭ ᠵᠠᠷᠯᠢᠭ ᠤᠳ ᠢᠶᠠᠨ ᠳᠠᠭᠤᠰᠤᠭᠠᠳ᠂ ᠺᠠᠹᠢᠷᠨᠠ᠋ ᠦᠮ ᠳᠤᠷ ᠣᠷᠣᠪᠠᠢ᠃ 2᠂ ᠲᠡᠶᠢᠨ ᠬᠦ ᠵᠠᠭᠤᠨ ᠤ ᠳᠠᠷᠤᠭ᠎ᠠ ᠶᠢᠨ ᠨᠢᠭᠡ ᠢᠨᠠᠭ ᠪᠣᠭᠣᠯ ᠠᠨᠤ ᠦᠬᠦᠬᠦᠢ ᠶᠢᠨ ᠲᠡᠳᠦᠢ ᠡᠪᠡᠳᠴᠢᠨ ᠢᠶᠡᠷ ᠡᠪᠡᠳᠪᠡᠢ᠃ 3᠂ ᠲᠡᠷᠡ ᠢᠨᠦ ᠢᠢᠰᠦᠰ ᠦᠨ ᠤᠴᠢᠷ᠎ᠠ ᠰᠣᠨᠣᠰᠤᠭᠠᠳ᠂ ᠶᠦᠳᠠ᠋ ᠲᠠᠨ ᠤ ᠥᠲᠦᠭᠦᠰ ᠤᠯᠤᠰ ᠢ ᠲᠡᠭᠦᠨ ᠳᠦᠷ ᠢᠯᠡᠭᠡᠨ᠂ ᠮᠢᠨᠦ ᠪᠣᠭᠣᠯ ᠢ ᠡᠳᠡᠭᠡᠭᠡᠷᠡ ᠥᠭᠡᠳᠡ ᠪᠣᠯᠤᠨ ᠰᠣᠶᠤᠷᠬ᠎ᠠ᠂ ᠬᠡᠮᠡᠨ ᠠᠶᠢᠯᠠᠳᠬᠠᠭᠤᠯᠪᠠᠢ᠃ 4᠂ ᠲᠡᠳᠡ ᠢᠨᠦ ᠢᠢᠰᠦᠰ ᠲᠦᠷ ᠬᠦᠷᠦᠭᠡᠳ᠂ ᠮᠠᠰᠢᠳᠠ ᠵᠢᠳᠬᠦᠨ ᠡᠶᠢᠨ ᠠᠶᠢᠯᠠᠳᠬᠠᠷᠤᠨ᠃ ᠡᠨᠡ ᠬᠦ ᠬᠠᠶᠢᠷ᠎ᠠ ᠶᠢ (ᠡᠷᠢᠭ᠍ᠴᠢ) ᠢᠨᠦ ᠲᠡᠩᠰᠡᠭᠦᠷᠢ ᠲᠦ ᠮᠥᠨ᠃ 5᠂ ᠲᠡᠷᠡ ᠶᠠᠭᠤᠨ ᠤ ᠲᠤᠯᠠ ᠬᠡᠮᠡᠪᠡᠰᠦ᠂ ᠲᠡᠷᠡ ᠢᠨᠦ ᠪᠢᠳᠡᠨ ᠦ ᠤᠯᠤᠰ ᠢ ᠢᠨᠠᠭᠯᠠᠳᠠᠭ ᠪᠥᠭᠡᠳ᠂ ᠪᠢᠳᠡᠨ ᠦ ᠲᠤᠯᠠ ᠬᠤᠷᠠᠯ ᠤᠨ ᠭᠡᠷ ᠢ ᠡᠭᠦᠳᠦᠭᠰᠡᠨ ᠪᠤᠢ᠃ 6᠂ ᠬᠡᠮᠡᠨ ᠠᠶᠢᠯᠠᠳᠬᠠᠭᠰᠠᠨ ᠳᠤᠷ ᠢᠢᠰᠦᠰ ᠢᠨᠦ ᠲᠡᠳᠡᠨ ᠯᠦᠭᠡ ᠣᠳᠤᠯᠴᠠᠪᠠᠢ᠃ ᠲᠡᠶᠢᠨ ᠬᠦ ᠭᠡᠷ ᠦᠨ ᠣᠶᠢᠷ᠎ᠠ ᠲᠡᠭᠦᠨ ᠦ ᠬᠦᠷᠦᠭᠰᠡᠨ ᠳᠦᠷ ᠲᠡᠷᠡ ᠬᠦ ᠵᠠᠭᠤᠨ ᠤ ᠳᠠᠷᠤᠭ᠎ᠠ ᠠᠨᠤ ᠨᠥᠬᠥᠰ ᠢᠶᠡᠨ ᠲᠡᠭᠦᠨ ᠳᠦᠷ ᠢᠯᠡᠭᠡᠨ ᠡᠶᠢᠨ᠃ ᠡᠵᠡᠨ ᠡ᠂ ᠪᠡᠶ᠎ᠡ ᠪᠡᠨ ᠪᠦᠦ ᠵᠣᠪᠠᠭᠠᠨ ᠰᠣᠶᠤᠷᠬ᠎ᠠ᠃ ᠲᠡᠷᠡ ᠶᠠᠭᠤᠨ ᠤ ᠲᠤᠯᠠ ᠬᠡᠮᠡᠪᠡᠰᠦ᠂ ᠪᠢ ᠪᠡᠷ ᠴᠢᠮᠠᠶᠢ ᠮᠢᠨᠦ ᠳᠡᠭᠡᠯᠪᠦᠷ ᠦᠨ ᠳᠣᠣᠷ᠎ᠠ ᠣᠷᠣᠭᠤᠯᠬᠤᠶᠠ ᠲᠡᠩᠰᠡᠭᠦᠷᠢ ᠦᠭᠡᠢ᠃ 7᠂ ᠲᠡᠶᠢᠮᠦ ᠶᠢᠨ ᠲᠤᠯᠠ ᠪᠢ ᠪᠡᠷ ᠴᠢᠮᠠᠳᠤᠷ ᠢᠷᠡᠬᠦᠶ᠎ᠡ ᠪᠡᠶ᠎ᠡ ᠪᠡᠨ ᠲᠡᠩᠰᠡᠭᠦᠷᠢ ᠲᠦ ᠪᠤᠰᠤ ᠬᠡᠮᠡᠨ ᠲᠣᠭᠠᠪᠠᠢ᠃ ᠵᠦᠭᠡᠷ ᠵᠠᠷᠯᠢᠭ ᠪᠣᠯᠤᠨ ᠰᠣᠶᠤᠷᠬ᠎ᠠ᠃ ᠲᠡᠶᠢᠨ ᠪᠡᠷ ᠮᠢᠨᠦ ᠪᠣᠭᠣᠯ ᠠᠨᠤ ᠡᠳᠡᠭᠡᠭᠡᠭᠳᠡᠬᠦ ᠪᠣᠯᠤᠶᠤ᠃ 8᠂ ᠪᠢ ᠬᠡᠮᠡᠪᠡᠰᠦ ᠡᠷᠬᠡ ᠶᠢᠨ ᠳᠣᠣᠷ᠎ᠠ ᠲᠣᠭᠲᠠᠭᠠᠭᠳᠠᠭᠰᠠᠨ ᠬᠦᠮᠦᠨ ᠪᠥᠭᠡᠲᠡᠯ᠎ᠡ᠂ ᠴᠢᠷᠢᠭ ᠦᠨ ᠤᠯᠤᠰ ᠢ ᠲᠡᠷᠢᠭᠦᠯᠡᠮᠦᠢ᠃ ᠮᠢᠨᠦ ᠨᠢᠭᠡᠨ ᠢ ᠶᠠᠪᠤ᠂ ᠬᠡᠮᠡᠨ ᠥᠭᠦᠯᠡᠬᠦᠢ ᠳᠦᠷ᠂ ᠲᠡᠷᠡ ᠢᠨᠦ ᠶᠠᠪᠤᠮᠤᠢ᠃ ᠪᠣᠰᠤ ᠨᠢᠭᠡᠨ ᠢ ᠢᠷ᠎ᠡ᠂ ᠬᠡᠮᠡᠨ ᠥᠭᠦᠯᠡᠬᠦᠢ ᠳᠦᠷ ᠲᠡᠷᠡ ᠢᠨᠦ ᠢᠷᠡᠮᠦᠢ᠃ ᠪᠣᠭᠣᠯ ᠳᠠᠭᠠᠨ ᠡᠭᠦᠨ ᠢ ᠦᠢᠯᠡᠳ᠂ ᠬᠡᠮᠡᠨ ᠥᠭᠦᠯᠡᠬᠦᠢ ᠳᠦᠷ ᠲᠡᠷᠡ ᠢᠨᠦ ᠦᠢᠯᠡᠳᠦᠮᠦᠢ᠂ ᠬᠡᠮᠡᠨ ᠠᠶᠢᠯᠠᠳᠬᠠᠭᠤᠯᠪᠠᠢ᠃ 9᠂ ᠢᠢᠰᠦᠰ ᠢᠨᠦ ᠡᠭᠦᠨ ᠢ ᠰᠣᠨᠣᠰᠤᠭᠠᠳ᠂ ᠲᠡᠭᠦᠨ ᠦ ᠤᠴᠢᠷ᠎ᠠ ᠭᠠᠶᠢᠬᠠᠵᠤ᠂ ᠳᠠᠭᠠᠯᠴᠠᠭᠰᠠᠨ ᠴᠢᠭᠤᠯᠭᠠᠨ ᠳᠤᠷ ᠡᠷᠭᠢᠭᠡᠳ ᠡᠶᠢᠨ᠃ ᠪᠢ ᠪᠡᠷ ᠢᠰᠷᠠᠶᠢᠯ ᠤᠨ ᠳᠣᠲᠣᠷ᠎ᠠ ᠡᠨᠡ ᠮᠡᠲᠦ ᠢᠲᠡᠭᠡᠯ ᠢ ᠡᠰᠡ ᠣᠯᠤᠭᠰᠠᠨ ᠪᠤᠢ᠃ ᠬᠡᠮᠡᠨ ᠲᠠᠨ ᠳᠤᠷ ᠵᠠᠷᠯᠢᠭ ᠪᠣᠯᠤᠮᠤᠢ᠃ 10᠂ ᠲᠡᠶᠢᠨ ᠪᠥᠭᠡᠳ ᠢᠯᠡᠭᠡᠭᠳᠡᠭᠰᠡᠳ ᠢᠨᠦ ᠭᠡᠷ ᠲᠦᠷ ᠪᠤᠴᠠᠭᠠᠳ ᠡᠪᠡᠳᠳᠦᠭᠰᠡᠨ ᠪᠣᠭᠣᠯ ᠤᠨ ᠡᠳᠡᠭᠡᠭᠰᠡᠨ ᠢ ᠣᠯᠪᠠᠢ᠃ 11᠂ ᠮᠠᠨᠠᠭᠠᠷ ᠡᠳᠦᠷ᠎ᠡ ᠲᠡᠷᠡ ᠢᠨᠦ ᠨᠠ᠋ ᠢᠨ ᠬᠡᠮᠡᠭᠴᠢ ᠨᠢᠭᠡ ᠪᠠᠯᠭᠠᠰᠤᠨ ᠳᠤᠷ ᠣᠳᠪᠠᠢ᠃ ᠪᠠᠰᠠ ᠲᠡᠭᠦᠨ ᠦ ᠱᠠᠪᠢᠨᠠᠷ ᠬᠢᠭᠡᠳ ᠣᠯᠠᠨ ᠤᠯᠤᠰ ᠠᠨᠤ ᠲᠡᠭᠦᠨ ᠯᠦᠭᠡ ᠣᠳᠤᠯᠴᠠᠪᠠᠢ᠃ 12᠂ ᠲᠡᠭᠦᠨ ᠦ ᠪᠠᠯᠭᠠᠰᠤᠨ ᠤ ᠬᠠᠭᠠᠯᠭᠠᠨ ᠳᠤᠷ ᠰᠢᠳᠠᠷᠳᠠᠭᠰᠠᠨ ᠳᠤᠷ ᠤᠯᠤᠰ ᠠᠨᠤ ᠨᠢᠭᠡ ᠡᠮ᠎ᠡ ᠶᠢᠨ ᠭᠠᠭᠴᠠ ᠬᠥᠪᠡᠭᠦᠨ ᠦ ᠬᠡᠭᠦᠷ ᠢ ᠭᠠᠷᠭᠠᠨ ᠠᠪᠠᠢ᠃ ᠲᠡᠷᠡ ᠬᠦ ᠡᠮ᠎ᠡ ᠢᠨᠦ ᠪᠡᠯᠪᠡᠰᠦᠨ ᠪᠥᠯᠦᠭᠡ᠃ ᠲᠡᠭᠦᠨ ᠯᠦᠭᠡ ᠪᠠᠯᠭᠠᠰᠤᠨ ᠤ ᠣᠯᠠᠨ ᠤᠯᠤᠰ ᠠᠭᠰᠠᠨ ᠪᠥᠯᠦᠭᠡ᠃ 13᠂ ᠡᠵᠡᠨ ᠢᠨᠦ ᠲᠡᠭᠦᠨ ᠢ ᠦᠵᠡᠭᠡᠳ᠂ ᠡᠨᠡᠷᠢᠨ ᠲᠡᠭᠦᠨ ᠳᠦᠷ ᠡᠶᠢᠨ᠃ ᠪᠦᠦ ᠤᠶᠢᠯᠠᠲᠤᠭᠠᠢ᠃ 14᠂ ᠬᠡᠮᠡᠨ ᠵᠠᠷᠯᠢᠭ ᠪᠣᠯᠤᠭᠠᠳ ᠣᠶᠢᠷ᠎ᠠ ᠬᠦᠷᠦᠨ ᠬᠠᠭᠤᠷᠴᠠᠭ ᠲᠤᠷ (ᠭᠠᠷ ᠢᠶᠠᠨ) ᠬᠦᠷᠭᠡᠪᠡᠢ᠃ ᠲᠡᠶᠢᠨ ᠬᠦ ᠡᠷᠭᠦᠭᠴᠢᠳ ᠢᠨᠦ ᠵᠣᠭᠰᠤᠪᠠᠢ᠃ ᠪᠠᠰᠠ ᠲᠡᠷᠡ ᠢᠨᠦ ᠡᠶᠢᠨ᠃ ᠵᠠᠯᠠᠭᠤ ᠠ᠋᠂ ᠪᠣᠰᠲᠤᠭᠠᠢ᠂ ᠬᠡᠮᠡᠨ ᠪᠢ ᠪᠡᠷ ᠴᠢᠮᠠᠳᠤᠷ ᠵᠠᠬᠢᠮᠤᠢ᠃ 15᠂ ᠬᠡᠮᠡᠨ ᠵᠠᠷᠯᠢᠭ ᠪᠣᠯᠤᠭᠰᠠᠨ ᠳᠤᠷ ᠦᠬᠦᠭᠰᠡᠨ ᠢᠨᠦ ᠳᠡᠭᠡᠭᠰᠢ ᠪᠡᠨ ᠰᠠᠭᠤᠭᠠᠳ ᠦᠭᠡ ᠥᠭᠦᠯᠡᠬᠦᠢ ᠪᠣᠯᠪᠠᠢ᠃ ᠲᠡᠶᠢᠨ ᠬᠦ (ᠢᠢᠰᠦᠰ ᠢᠨᠦ) ᠲᠡᠭᠦᠨ ᠦ ᠡᠬᠡ ᠳᠦᠷ ᠲᠡᠭᠦᠨ ᠢ ᠥᠭᠭᠦᠯᠦᠭᠡ᠃ 16᠂ ᠲᠡᠨᠳᠡ ᠬᠠᠮᠤᠭ ᠠᠭᠰᠠᠳ ᠠᠨᠤ ᠠᠶᠤᠭᠠᠳ ᠪᠤᠷᠬᠠᠨ ᠢ ᠮᠠᠭᠲᠠᠨ᠂ ᠪᠢᠳᠡᠨ ᠦ ᠳᠣᠲᠣᠷ᠎ᠠ ᠶᠡᠬᠡ ᠹᠣᠷᠣᠹᠢᠳ ᠠᠨᠤ ᠪᠣᠰᠬᠠᠭᠳᠠᠪᠠᠢ᠃ ᠪᠠᠰᠠ ᠪᠤᠷᠬᠠᠨ ᠠᠨᠤ ᠥᠪᠡᠷ ᠦᠨ ᠤᠯᠤᠰ ᠢ ᠵᠣᠯᠭᠠᠭᠰᠠᠨ ᠪᠤᠢ᠃ ᠬᠡᠮᠡᠯᠳᠦᠵᠦᠬᠦᠢ ᠅ 17᠂ ᠲᠡᠶᠢᠨ ᠪᠥᠭᠡᠳ ᠲᠡᠭᠦᠨ ᠦ ᠤᠴᠢᠷ᠎ᠠ ᠡᠨᠡ ᠬᠦ ᠦᠭᠡ ᠪᠦᠬᠦᠯᠢ ᠶᠦᠳᠢᠶᠠ ᠬᠢᠭᠡᠳ ᠬᠠᠮᠤᠭ ᠣᠷᠴᠢᠨ ᠳᠤᠷ ᠳᠡᠯᠭᠡᠷᠡᠪᠡᠢ᠃ 18᠂ ᠪᠠᠰᠠ ᠢᠣᠸᠠᠨ ᠤ ᠱᠠᠪᠢᠨᠠᠷ ᠠᠨᠤ ᠲᠡᠭᠦᠨ ᠳᠦᠷ ᠡᠳᠡ ᠬᠠᠮᠤᠭ (ᠦᠢᠯᠡᠰ) ᠦᠨ ᠤᠴᠢᠷ᠎ᠠ ᠮᠡᠳᠡᠭᠦᠯᠪᠡᠢ᠃ 19᠂ ᠲᠡᠶᠢᠨ ᠬᠦ ᠢᠣᠸᠠᠨ ᠠᠨᠤ ᠥᠪᠡᠷ ᠦᠨ ᠱᠠᠪᠢᠨᠠᠷ ᠠᠴᠠ ᠬᠣᠶᠠᠷ ᠢ ᠳᠠᠭᠤᠳᠠᠭᠠᠳ᠂ ᠢᠢᠰᠦᠰ ᠲᠦᠷ ᠢᠯᠡᠭᠡᠨ ᠡᠶᠢᠨ᠃ ᠴᠢ ᠪᠡᠷ ᠢᠷᠡᠭᠴᠢ ᠮᠥᠨ ᠪᠤᠶᠤ᠂ ᠡᠰᠡᠪᠡᠰᠦ ᠪᠢᠳᠡ ᠪᠡᠷ ᠪᠤᠰᠤ ᠨᠢᠭᠡᠨ ᠢ ᠬᠦᠯᠢᠶᠡᠬᠦ ᠪᠤᠶᠤ᠃ ᠬᠡᠮᠡᠨ ᠠᠶᠢᠯᠠᠳᠬᠠᠭᠤᠯᠪᠠᠢ᠃ 20᠂ ᠲᠡᠳᠡ ᠢᠨᠦ ᠲᠡᠭᠦᠨ ᠳᠦᠷ ᠬᠦᠷᠦᠭᠡᠳ ᠡᠶᠢᠨ᠃ ᠪᠠᠹᠲ᠋ᠢᠰᠯᠠᠭᠴᠢ ᠢᠣᠸᠠᠨ ᠠᠨᠤ ᠪᠢᠳᠡᠨ ᠢ ᠴᠢᠮᠠᠳᠤᠷ ᠢᠯᠡᠭᠡᠵᠦ᠂ ᠴᠢ ᠪᠡᠷ ᠢᠷᠡᠭᠴᠢ ᠮᠥᠨ ᠪᠤᠶᠤ᠂ ᠡᠰᠡᠪᠰᠡᠦ ᠪᠢᠳᠡ ᠪᠡᠷ ᠪᠤᠰᠤ ᠨᠢᠭᠡᠨ ᠢ ᠬᠦᠯᠢᠶᠡᠬᠦ ᠪᠤᠶᠤ᠂ ᠬᠡᠮᠡᠨ ᠠᠶᠢᠯᠠᠳᠬᠠᠭᠤᠯᠤᠭᠰᠠᠨ ᠪᠤᠢ᠃ 21᠂ ᠲᠡᠷᠡ ᠬᠦ ᠴᠠᠭ ᠲᠤᠷ ᠢᠢᠰᠦᠰ ᠢᠨᠦ ᠣᠯᠠᠨ ᠡᠪᠡᠳᠴᠢᠲᠡᠨ ᠬᠢᠭᠡᠳ ᠵᠣᠪᠠᠯᠠᠩ ᠲᠠᠨ ᠪᠠ ᠬᠣᠣᠷ᠎ᠠ ᠲᠤ ᠴᠢᠳᠬᠦᠳ ᠲᠦᠷ ᠪᠠᠷᠢᠭᠳᠠᠭᠰᠠᠳ ᠢ ᠡᠳᠡᠭᠡᠭᠡᠨ ᠣᠯᠠᠨ ᠰᠣᠬᠣᠷ ᠨᠤᠭᠤᠳ ᠲᠤᠷ ᠨᠢᠳᠦᠨ ᠦ ᠦᠵᠡᠯᠭᠡᠨ ᠢ ᠰᠣᠶᠤᠷᠬᠠᠯᠤᠭᠠ᠃ 22᠂ ᠲᠡᠶᠢᠨ ᠪᠥᠭᠡᠳ ᠢᠢᠰᠦᠰ ᠢᠨᠦ ᠲᠡᠳᠡᠨ ᠳᠦᠷ ᠬᠠᠷᠢᠭᠤ ᠵᠠᠷᠯᠢᠭ ᠪᠣᠯᠤᠷᠤᠨ᠃ ᠣᠳᠤᠭᠠᠳ᠂ ᠦᠵᠡᠭᠰᠡᠨ ᠬᠢᠭᠡᠳ ᠰᠣᠨᠣᠰᠤᠭᠰᠠᠨ ᠢᠶᠠᠨ ᠢᠣᠸᠠᠨ ᠳᠤᠷ ᠮᠡᠳᠡᠭᠦᠯᠦᠭᠲᠦᠨ ᠬᠡᠮᠡᠪᠡᠰᠦ᠂ ᠰᠣᠬᠣᠷ ᠨᠤᠭᠤᠳ ᠠᠨᠤ ᠦᠵᠡᠮᠦᠢ᠃ ᠳᠣᠭᠣᠯᠠᠩ ᠬᠥᠯ ᠲᠡ ᠢᠨᠦ ᠶᠠᠪᠤᠮᠤᠢ᠃ ᠳᠦᠯᠡᠢ ᠴᠢᠬᠢᠲᠡᠨ ᠢᠨᠦ ᠰᠣᠨᠣᠰᠤᠮᠤᠢ᠃ ᠪᠤᠵᠠᠷ ᠪᠤᠰᠠᠷᠠᠭ ᠡᠪᠡᠳᠴᠢᠲᠡᠨ ᠢᠨᠦ ᠠᠷᠢᠯᠭᠠᠭᠳᠠᠮᠤᠢ᠃ ᠦᠬᠦᠭᠰᠡᠳ ᠢᠨᠦ ᠠᠮᠢᠳᠤᠷᠠᠭᠤᠯᠤᠭᠳᠠᠮᠤᠢ᠃ ᠦᠭᠡᠭᠦᠦ ᠶᠠᠳᠠᠭᠤ ᠨᠤᠭᠤᠳ ᠲᠤᠷ ᠰᠠᠶᠢᠨ ᠰᠣᠨᠣᠰᠬᠠᠯ ᠠᠨᠤ ᠳᠡᠯᠭᠡᠷᠡᠭᠦᠯᠦᠭᠳᠡᠮᠦᠢ᠃ 23᠂ ᠲᠡᠶᠢᠨ ᠠᠬᠤᠶ᠎ᠠ ᠠᠯᠢ ᠬᠡᠨ ᠨᠠᠳᠤᠷ ᠰᠡᠵᠢᠭ ᠢ ᠦᠯᠦ ᠲᠥᠷᠥᠭᠴᠢ ᠢᠨᠦ ᠠᠮᠤᠭᠤᠯᠠᠩ ᠮᠥᠨ᠂ ᠬᠡᠮᠡᠨ ᠵᠠᠷᠯᠢᠭ ᠪᠣᠯᠪᠠᠢ᠃ 24᠂ ᠢᠣᠸᠠᠨ ᠤ ᠡᠯᠴᠢᠰ ᠦᠨ ᠪᠤᠴᠠᠭᠰᠠᠨ ᠳᠤᠷ ᠢᠢᠰᠦᠰ ᠢᠨᠦ ᠢᠣᠸᠠᠨ ᠤ ᠤᠴᠢᠷ᠎ᠠ ᠴᠢᠭᠤᠯᠤᠭᠰᠠᠨ ᠤᠯᠤᠰ ᠲᠤᠷ ᠡᠶᠢᠨ ᠡᠬᠢᠯᠡᠵᠦ ᠵᠠᠷᠯᠢᠭ ᠪᠣᠯᠤᠷᠤᠨ᠃ ᠲᠠ ᠪᠡᠷ ᠶᠠᠭᠤᠨ ᠢ ᠤᠴᠢᠷ᠎ᠠ ᠡᠵᠡᠨ ᠦᠭᠡᠢ ᠭᠠᠵᠠᠷ᠎ᠠ ᠭᠠᠷᠪᠠᠤ᠃ ᠰᠠᠯᠬᠢᠨ ᠳᠤᠷ ᠬᠥᠳᠡᠯᠭᠡᠭᠳᠡᠭᠰᠡᠨ ᠬᠤᠯᠤᠰᠤᠨ ᠢ (ᠦᠵᠡᠷ᠎ᠡ ᠭᠠᠷᠪᠠᠤ)᠃ 25᠂ ᠬᠠᠷᠢᠨ ᠲᠠ ᠪᠡᠷ ᠶᠠᠭᠤᠨ ᠢ ᠦᠵᠡᠷ᠎ᠡ ᠭᠠᠷᠪᠠᠤ᠃ ᠵᠥᠭᠡᠯᠡᠨ ᠬᠤᠪᠴᠠᠰᠤᠨ ᠢ ᠡᠮᠦᠰᠦᠭᠰᠡᠨ ᠬᠦᠮᠦᠨ ᠢ (ᠦᠵᠡᠷ᠎ᠡ ᠭᠠᠷᠪᠠᠤ)᠃ ᠮᠡᠨᠡ᠂ ᠦᠵᠡᠰᠬᠦᠯᠡᠩ ᠬᠤᠪᠴᠠᠰᠤ ᠲᠠᠨ ᠬᠢᠭᠡᠳ ᠲᠠᠩᠰᠤᠭ ᠢᠳᠡᠭᠡᠨ ᠢ ᠡᠳ᠋ᠯᠡᠭᠴᠢᠳ ᠢᠨᠦ ᠬᠠᠳ ᠤᠨ ᠣᠷᠳᠤ ᠬᠠᠷᠰᠢᠨ ᠨᠤᠭᠤᠳ ᠤᠨ ᠳᠣᠲᠣᠷ᠎ᠠ ᠪᠠᠶᠢᠳᠠᠭ᠃ 26᠂ ᠬᠠᠷᠢᠨ ᠲᠠ ᠪᠡᠷ ᠶᠠᠭᠤᠨ ᠢ ᠦᠵᠡᠷ᠎ᠡ ᠭᠠᠷᠪᠠᠤ᠃ ᠹᠣᠷᠣᠹᠢᠳ ᠢ (ᠦᠵᠡᠷ᠎ᠡ ᠭᠠᠷᠪᠠᠤ)᠃ ᠦᠨᠡᠬᠡᠷ ᠹᠣᠷᠣᠹᠢᠳ ᠠᠴᠠ ᠳᠡᠭᠡᠷ᠎ᠡ᠂ ᠬᠡᠮᠡᠨ ᠪᠢ ᠪᠡᠷ ᠲᠠᠨ ᠳᠤᠷ ᠥᠭᠦᠯᠡᠮᠦᠢ᠃ 27᠂ ᠲᠡᠭᠦᠨ ᠦ ᠤᠴᠢᠷ᠎ᠠ ᠡᠶᠢᠨ᠃ ᠮᠡᠨᠡ᠂ ᠪᠢ ᠪᠡᠷ ᠠᠩᠭᠢᠯ ᠢᠶᠠᠨ ᠴᠢᠨᠦ ᠡᠮᠦᠨ᠎ᠡ ᠢᠯᠡᠭᠡᠮᠦᠢ᠃ ᠲᠡᠷᠡ ᠢᠨᠦ ᠴᠢᠨᠦ ᠵᠠᠮ ᠢ ᠪᠡᠯᠡᠳᠬᠦ ᠪᠣᠯᠤᠶᠤ᠂ ᠬᠡᠮᠡᠨ ᠪᠢᠴᠢᠭᠳᠡᠭᠰᠡᠨ ᠪᠤᠢ᠃ 28᠂ ᠲᠡᠶᠢᠮᠦ ᠶᠢᠨ ᠲᠤᠯᠠ ᠡᠬᠡᠨᠡᠷ ᠦᠳ ᠡᠴᠡ ᠲᠥᠷᠥᠭᠳᠡᠭᠰᠡᠳ ᠦᠨ ᠳᠣᠲᠣᠷ᠎ᠠ ᠪᠠᠹᠲ᠋ᠢᠰᠯᠠᠭᠴᠢ ᠢᠣᠸᠠᠨ ᠠᠴᠠ ᠶᠡᠬᠡ ᠹᠣᠷᠣᠹᠢᠳ ᠦᠭᠡᠢ ᠪᠤᠢ᠃ ᠲᠡᠶᠢᠨ ᠪᠣᠯᠪᠠᠴᠤ ᠪᠤᠷᠬᠠᠨ ᠤ ᠡᠵᠡᠯᠡᠭᠦᠷᠢᠨ ᠦ ᠳᠣᠲᠣᠷ᠎ᠠ ᠠᠭᠴᠢ ᠪᠠᠭ᠎ᠠ ᠠᠨᠤ ᠲᠡᠭᠦᠨ ᠡᠴᠡ ᠶᠡᠬᠡ ᠪᠤᠢ᠃ ᠬᠡᠮᠡᠨ ᠪᠢ ᠪᠡᠷ ᠲᠠᠨ ᠳᠤᠷ ᠥᠭᠦᠯᠡᠮᠦᠢ᠃ 29᠂ ᠢᠣᠸᠠᠨ ᠢ ᠰᠣᠨᠣᠰᠤᠭᠰᠠᠨ ᠬᠠᠮᠤᠭ ᠤᠯᠤᠰ ᠬᠢᠭᠡᠳ ᠠᠪᠤᠯᠭᠠᠴᠢᠨᠠᠷ ᠠᠨᠤ ᠲᠡᠭᠦᠨ ᠦ ᠪᠠᠹᠲ᠋ᠢᠰᠮᠠ ᠪᠠᠷ ᠪᠠᠹᠲ᠋ᠢᠰᠯᠠᠭᠳᠠᠭᠠᠳ ᠪᠤᠷᠬᠠᠨ ᠢ ᠮᠠᠭᠲᠠᠪᠠᠢ᠃ 30᠂ ᠵᠦᠭᠡᠷ ᠹᠠᠷᠢᠰᠢ ᠨᠠᠷ ᠬᠢᠭᠡᠳ ᠨᠣᠮ ᠵᠢᠭᠠᠭᠴᠢᠨᠠᠷ ᠠᠨᠤ ᠥᠪᠡᠷ ᠦᠨ ᠲᠤᠰ ᠪᠤᠷᠬᠠᠨ ᠤ ᠵᠥᠪᠯᠡᠭᠡᠨ ᠢ ᠣᠭᠤᠷᠴᠤ ᠲᠡᠭᠦᠨ ᠡᠴᠡ ᠪᠠᠹᠲ᠋ᠢᠰᠮᠠ ᠶᠢ ᠡᠰᠡ ᠬᠦᠷᠲᠡᠪᠡᠢ᠃ 31᠂ ᠲᠡᠶᠢᠨ ᠪᠥᠭᠡᠲᠡᠯ᠎ᠡ ᠪᠢ ᠪᠡᠷ ᠡᠨᠡ ᠬᠦ ᠲᠥᠷᠥᠯ ᠦᠨ ᠬᠦᠮᠦᠨ ᠨᠦᠭᠦᠳ ᠢ ᠶᠠᠭᠤᠨ ᠯᠤᠭ᠎ᠠ ᠠᠳᠠᠯᠢᠳᠬᠠᠬᠤ ᠪᠤᠶᠤ᠃ ᠲᠡᠳᠡ ᠢᠨᠦ ᠶᠠᠭᠤᠨ ᠯᠤᠭ᠎ᠠ ᠠᠳᠠᠯᠢ ᠪᠤᠶᠤ᠃ 32᠂ ᠲᠡᠳᠡ ᠬᠡᠮᠡᠪᠡᠰᠦ ᠬᠦᠢ ᠭᠦᠷᠦᠮᠲᠦ ᠭᠠᠵᠠᠷ᠎ᠠ ᠰᠠᠭᠤᠵᠤ ᠨᠢᠭᠡᠨ ᠨᠢᠭᠡᠨ ᠳᠡᠭᠡᠨ ᠡᠶᠢᠨ᠃ ᠪᠢᠳᠡ ᠪᠡᠷ ᠲᠠᠨ ᠳᠤᠷ ᠪᠢᠱᠬᠢᠭᠦᠷᠳᠡᠭᠰᠡᠨ ᠪᠣᠯᠪᠠᠴᠤ᠂ ᠲᠠ ᠪᠡᠷ ᠡᠰᠡ ᠪᠦᠵᠢᠭᠡᠯᠡᠭᠰᠡᠨ ᠪᠤᠢ᠃ ᠪᠢᠳᠡ ᠪᠡᠷ ᠲᠠᠨ ᠳᠤᠷ ᠭᠠᠰᠢᠭᠤᠳᠠᠭᠰᠠᠨ ᠪᠣᠯᠪᠠᠴᠤ᠂ ᠲᠠ ᠪᠡᠷ ᠡᠰᠡ ᠤᠶᠢᠯᠠᠯᠴᠠᠭᠰᠠᠨ ᠪᠤᠢ᠃ ᠬᠡᠮᠡᠨ ᠳᠠᠭᠤᠳᠠᠯᠴᠠᠭᠴᠢ ᠬᠡᠦᠬᠡᠳ ᠯᠦᠭᠡ ᠠᠳᠠᠯᠢ ᠪᠣᠯᠠᠢ᠃ 33᠂ ᠪᠠᠹᠲ᠋ᠢᠰᠯᠠᠭᠴᠢ ᠢᠣᠸᠠᠨ ᠬᠡᠮᠡᠪᠡᠰᠦ ᠢᠳᠡᠭᠡᠨ ᠢ ᠡᠰᠡ ᠢᠳᠡᠨ᠂ ᠦᠵᠦᠮ ᠦᠨ ᠤᠮᠳᠠᠭᠠᠨ ᠢ ᠡᠰᠡ ᠤᠭᠤᠨ ᠢᠷᠡᠭᠰᠡᠨ ᠦ ᠲᠤᠯᠠ ᠲᠠ ᠪᠡᠷ ᠡᠶᠢᠨ᠃ ᠲᠡᠭᠦᠨ ᠦ ᠳᠣᠲᠣᠷ᠎ᠠ ᠴᠢᠳᠬᠦᠷ ᠪᠤᠢ᠃ ᠬᠡᠮᠡᠨ ᠥᠭᠦᠯᠡᠳᠡᠭ᠃ 34᠂ ᠬᠦᠮᠦᠨ ᠲᠥᠷᠥᠯᠬᠢᠲᠦ ᠶᠢᠨ ᠢᠳᠡᠵᠦ ᠤᠭᠤᠵᠤ ᠢᠷᠡᠭᠰᠡᠨ ᠳᠤᠷ ᠲᠠ ᠪᠡᠷ ᠡᠶᠢᠨ᠃ ᠲᠡᠷᠡ ᠢᠨᠦ ᠶᠡᠬᠡ ᠢᠳᠡᠭᠴᠢ ᠬᠢᠭᠡᠳ ᠦᠵᠦᠮ ᠦᠨ ᠤᠮᠳᠠᠭᠠᠨ ᠢ ᠤᠭᠤᠭᠴᠢ ᠬᠦᠮᠦᠨ ᠪᠣᠯᠤᠨ ᠠᠪᠤᠯᠭᠠᠴᠢᠨᠠᠷ ᠬᠢᠭᠡᠳ ᠬᠢᠯᠢᠨᠴᠡᠲᠡᠨ ᠦ ᠨᠥᠬᠥᠷ ᠪᠣᠯᠠᠢ᠃ ᠬᠡᠮᠡᠨ ᠥᠭᠦᠯᠡᠳᠡᠭ᠃ 35᠂ ᠵᠦᠭᠡᠷ ᠰᠡᠴᠡᠨ ᠢᠨᠦ ᠬᠠᠮᠤᠭ ᠬᠡᠦᠬᠡᠳ ᠲᠡᠭᠡᠨ ᠵᠥᠪᠰᠢᠶᠡᠭᠳᠡᠳᠡᠭ᠌᠃ ᠬᠡᠮᠡᠨ ᠵᠠᠷᠯᠢᠭ ᠪᠣᠯᠪᠠᠢ᠃ 36᠂ ᠲᠡᠨᠳᠡᠴᠡ ᠹᠠᠷᠢᠰᠢ ᠨᠠᠷ ᠠᠴᠠ ᠨᠢᠭᠡᠨ ᠢᠨᠦ ᠲᠡᠭᠦᠨ ᠢ ᠢᠳᠡᠯᠴᠡᠬᠦᠶᠡ ᠤᠷᠢᠪᠠᠢ᠃ ᠲᠡᠷᠡ ᠴᠤ ᠹᠠᠷᠢᠰᠢ ᠶᠢᠨ ᠭᠡᠷ ᠲᠦᠷ ᠣᠷᠣᠭᠠᠳ ᠰᠠᠭᠤᠪᠠᠢ᠃ 37᠂ ᠲᠡᠶᠢᠨ ᠪᠥᠭᠡᠳ ᠮᠡᠨᠡ᠂ ᠲᠡᠷᠡ ᠬᠦ ᠪᠠᠯᠭᠠᠰᠤᠨ ᠳᠤᠷ ᠰᠠᠭᠤᠭᠴᠢ ᠬᠢᠯᠢᠨᠴᠡ ᠲᠦ ᠡᠮ᠎ᠡ ᠢᠨᠦ (ᠢᠢᠰᠦᠰ) ᠦᠨ ᠹᠠᠷᠢᠰᠢ ᠶᠢᠨ ᠭᠡᠷ ᠲᠦᠷ ᠵᠣᠭᠤᠭᠯᠠᠬᠤᠢ ᠶᠢ ᠮᠡᠳᠡᠭᠡᠳ᠂ ᠠᠩᠬᠢᠯᠬᠤᠢ ᠦᠨᠦᠷ ᠲᠦ ᠲᠣᠰᠤᠨ ᠤ ᠴᠠᠭᠠᠨ ᠴᠢᠯᠠᠭᠤᠨ ᠰᠠᠪᠠ ᠶᠢ ᠠᠴᠠᠷᠠᠵᠤ᠃ 38᠂ ᠲᠡᠭᠦᠨ ᠦ ᠬᠥᠯ ᠦᠨ ᠬᠣᠶᠢᠨᠠ ᠤᠶᠢᠯᠠᠨ ᠪᠠᠶᠢᠵᠤ᠂ ᠲᠡᠭᠦᠨ ᠦ (ᠬᠣᠶᠠᠷ) ᠬᠥᠯ ᠦᠨ ᠳᠡᠭᠡᠷ᠎ᠡ ᠨᠢᠯᠪᠤᠰᠤᠨ ᠢᠶᠠᠨ ᠴᠤᠪᠤᠷᠢᠭᠤᠯᠤᠨ᠂ ᠲᠣᠯᠤᠭᠠᠢ ᠶᠢᠨ ᠦᠰᠦᠨ ᠢᠶᠡᠷ ᠢᠶᠡᠨ ᠲᠡᠭᠦᠨ ᠦ ᠬᠥᠯ ᠢ ᠠᠷᠴᠢᠨ ᠦᠨᠦᠰᠴᠦ᠂ ᠠᠩᠬᠢᠯᠬᠤᠢ ᠦᠨᠦᠷ ᠲᠦ ᠲᠣᠰᠤᠨ ᠢᠶᠠᠷ ᠲᠣᠰᠤᠯᠠᠪᠠᠢ᠃ 39᠂ ᠲᠡᠭᠦᠨ ᠢ ᠤᠷᠢᠭᠰᠠᠨ ᠹᠠᠷᠢᠰᠢ ᠠᠨᠤ (ᠡᠭᠦᠨ ᠢ) ᠦᠵᠡᠭᠡᠳ᠂ ᠰᠡᠳᠬᠢᠯ ᠳᠡᠭᠡᠨ ᠡᠶᠢᠨ ᠥᠭᠦᠯᠡᠷᠦᠨ᠃ ᠬᠡᠷᠪᠡ ᠡᠨᠡ ᠢᠨᠦ ᠹᠣᠷᠣᠹᠢᠳ ᠮᠥᠨ ᠠᠭᠰᠠᠨ ᠪᠣᠯᠪᠠᠰᠤ᠂ ᠲᠡᠭᠦᠨ ᠳᠦᠷ ᠬᠦᠷᠦᠭᠴᠢ ᠡᠨᠡ ᠬᠦ ᠡᠮ᠎ᠡ ᠢᠨᠦ ᠬᠡᠨ ᠬᠢᠭᠡᠳ ᠶᠠᠮᠪᠠᠷ ᠪᠤᠢ ᠬᠡᠮᠡᠨ ᠮᠡᠳᠡᠬᠦ ᠪᠥᠯᠦᠭᠡ ᠬᠡᠮᠡᠪᠡᠰᠦ᠂ ᠲᠡᠷᠡ (ᠡᠮ᠎ᠡ) ᠢᠨᠦ ᠬᠢᠯᠢᠨᠴᠡ ᠲᠦ ᠮᠥᠨ᠃ 40᠂ ᠬᠡᠮᠡᠨ ᠰᠡᠳᠬᠢᠭ᠌ᠰᠡᠨ [ᠰᠡᠳᠬᠢᠭᠰᠡᠨ] ᠳᠦᠷ ᠢᠢᠰᠦᠰ ᠢᠨᠦ ᠲᠡᠭᠦᠨ ᠳᠦᠷ ᠬᠠᠷᠢᠭᠤ ᠵᠠᠷᠯᠢᠭ ᠪᠣᠯᠤᠷᠤᠨ᠃ ᠰᠢᠢᠮᠣᠨ ᠠ᠋᠃ ᠴᠢᠮᠠᠳᠤᠷ ᠥᠭᠦᠯᠡᠬᠦᠢ ᠦᠭᠡ ᠨᠠᠳᠤᠷ ᠪᠤᠢ᠃ ᠬᠡᠮᠡᠨ ᠵᠠᠷᠯᠢᠭ ᠪᠣᠯᠤᠭᠰᠠᠨ ᠳᠤᠷ ᠲᠡᠷᠡ ᠢᠨᠦ ᠡᠶᠢᠨ᠃ ᠪᠠᠭᠰᠢᠠ᠂ ᠵᠠᠷᠯᠢᠭ ᠪᠣᠯᠤᠨ ᠰᠣᠶᠤᠷᠬ᠎ᠠ᠃ 41᠂ (ᠬᠡᠮᠡᠨ ᠠᠶᠢᠯᠠᠳᠬᠠᠭᠰᠠᠨ ᠳᠤᠷ ᠲᠡᠷᠡ ᠢᠨᠦ ᠡᠶᠢᠨ)᠃ ᠮᠥᠩᠭᠦᠨ ᠢ ᠬᠥᠯᠦᠰᠦ ᠪᠡᠷ ᠥᠭᠭᠦᠭᠰᠡᠨ ᠨᠢᠭᠡ ᠬᠦᠮᠦᠨ ᠳᠦᠷ ᠬᠣᠶᠠᠷ ᠥᠷᠢ ᠲᠦ ᠬᠦᠮᠦᠨ ᠪᠥᠯᠦᠭᠡ᠃ ᠨᠢᠭᠡ ᠢᠨᠦ ᠲᠠᠪᠤᠨ ᠵᠠᠭᠤᠨ ᠬᠢᠭᠡᠳ ᠨᠥᠭᠦᠭᠡ ᠢᠨᠦ ᠲᠠᠪᠢᠨ ᠴᠡᠩᠯᠡ ᠥᠷᠢ ᠲᠦ ᠪᠥᠯᠦᠭᠡ᠃ 42᠂ ᠲᠡᠶᠢᠨ ᠬᠦ ᠲᠡᠳᠡᠨ ᠳᠦᠷ ᠲᠥᠯᠦᠬᠦ (ᠮᠥᠨᠭᠭᠦᠨ) ᠦᠭᠡᠢ ᠶᠢᠨ ᠲᠤᠯᠠᠳᠠ ᠲᠡᠷᠡ ᠢᠨᠦ ᠬᠣᠶᠠᠭᠤᠯᠠᠨ ᠢ ᠨᠡᠬᠡᠪᠦᠷᠢ ᠦᠭᠡᠢ ᠪᠡᠷ ᠰᠤᠯᠠ ᠲᠠᠯᠪᠢᠪᠠᠢ᠃ ᠲᠡᠶᠢᠨ ᠪᠥᠭᠡᠲᠡᠯ᠎ᠡ ᠲᠡᠷᠡ ᠬᠣᠶᠠᠷ ᠠᠴᠠ ᠠᠯᠢ ᠠᠨᠤ ᠲᠡᠭᠦᠨ ᠢ ᠦᠯᠡᠮᠵᠢ ᠢᠨᠠᠭᠯᠠᠬᠤ ᠪᠤᠶᠤ᠃ ᠬᠡᠮᠡᠨ ᠥᠭᠦᠯᠡᠲᠦᠭᠡᠢ᠃ 43᠂ ᠬᠡᠮᠡᠨ ᠵᠠᠷᠯᠢᠭ ᠪᠣᠯᠤᠭᠰᠠᠨ ᠳᠤᠷ ᠰᠢᠢᠮᠣᠨ ᠠᠨᠤ ᠬᠠᠷᠢᠭᠤ ᠠᠶᠢᠯᠠᠳᠬᠠᠷᠤᠨ᠃ ᠬᠡᠨ ᠳᠦᠷ ᠢᠯᠡᠭᠦᠦ ᠶᠢ ᠨᠡᠬᠡᠪᠦᠷᠢ ᠦᠭᠡᠢ ᠪᠡᠷ ᠬᠠᠶᠢᠷᠠᠯᠠᠭᠰᠠᠨ (ᠲᠡᠷᠡ ᠢᠨᠦ ᠦᠯᠡᠮᠵᠢ ᠢᠨᠠᠭᠯᠠᠬᠤ ᠪᠤᠢ)᠃ ᠬᠡᠮᠡᠨ ᠰᠠᠨᠠᠨᠠᠮ᠃ ᠬᠡᠮᠡᠨ ᠠᠶᠢᠯᠠᠳᠬᠠᠭᠰᠠᠨ ᠳᠤᠷ ᠲᠡᠷᠡ ᠢᠨᠦ ᠲᠡᠭᠦᠨ ᠳᠦᠷ ᠡᠶᠢᠨ᠃ ᠴᠢᠨᠦ ᠰᠢᠭᠢᠳᠬᠡᠭᠰᠡᠨ ᠢᠨᠦ ᠵᠥᠪ᠃ 44᠂ ᠬᠡᠮᠡᠨ ᠵᠠᠷᠯᠢᠭ ᠪᠣᠯᠤᠭᠠᠳ ᠲᠡᠷᠡ ᠬᠦ ᠡᠮ᠎ᠡ ᠳᠦᠷ ᠡᠷᠭᠢᠨ ᠰᠢᠢᠮᠣᠨ ᠳᠤᠷ ᠪᠠᠰᠠ ᠡᠶᠢᠨ᠃ ᠰᠢᠢᠮᠣᠨ ᠠ᠋᠂ ᠴᠢ ᠪᠡᠷ ᠡᠨᠡ ᠬᠦ ᠡᠮ᠎ᠡ ᠶᠢ ᠦᠵᠡᠮᠦᠶᠦ᠃ ᠪᠢ ᠪᠡᠷ ᠴᠢᠨᠦ ᠭᠡᠷ ᠲᠦᠷ ᠣᠷᠣᠪᠠᠢ᠃ ᠴᠢ ᠪᠡᠷ ᠮᠢᠨᠦ ᠬᠥᠯ ᠦᠨ ᠲᠤᠯᠠ ᠨᠠᠳᠤᠷ ᠤᠰᠤᠨ ᠢ ᠡᠰᠡ ᠥᠭᠪᠡᠢ᠃ ᠬᠠᠷᠢᠨ ᠡᠨᠡ (ᠡᠮ᠎ᠡ) ᠢᠨᠦ ᠨᠢᠯᠪᠤᠰᠤᠨ ᠢᠶᠠᠷ ᠢᠶᠠᠨ ᠮᠢᠨᠦ ᠬᠥᠯ ᠢ ᠤᠬᠢᠶᠠᠭᠠᠳ᠂ ᠲᠣᠯᠤᠭᠠᠢ ᠶᠢᠨ ᠦᠰᠦᠨ ᠢᠶᠡᠷ ᠢᠶᠡᠨ ᠠᠷᠴᠢᠭᠰᠠᠨ ᠪᠤᠢ᠃ 45᠂ ᠴᠢ ᠪᠡᠷ ᠨᠠᠮᠠᠶᠢ ᠡᠰᠡ ᠦᠨᠦᠰᠪᠡᠢ᠃ ᠬᠠᠷᠢᠨ ᠡᠨᠡ (ᠡᠮ᠎ᠡ) ᠢᠨᠦ ᠢᠷᠡᠬᠦ ᠡᠴᠡᠭᠡᠨ ᠠᠪᠤᠨ ᠮᠢᠨᠦ ᠬᠥᠯ ᠢ ᠲᠠᠰᠤᠯᠪᠤᠷᠢ ᠦᠭᠡᠢ ᠦᠨᠦᠰᠦᠨ ᠪᠠᠶᠢᠪᠠᠢ᠃ 46᠂ ᠴᠢ ᠪᠡᠷ ᠮᠢᠨᠦ ᠲᠣᠯᠤᠭᠠᠢ ᠶᠢ ᠲᠣᠰᠤᠨ ᠢᠶᠠᠷ ᠡᠰᠡ ᠲᠣᠰᠤᠯᠠᠪᠠᠢ᠃ ᠬᠠᠷᠢᠨ ᠲᠡᠷᠡ ᠢᠨᠦ ᠮᠢᠨᠦ ᠬᠥᠯ ᠢ ᠠᠩᠬᠢᠯᠬᠤᠢ ᠦᠨᠦᠷ ᠲᠦ ᠲᠣᠰᠤᠨ ᠢᠶᠠᠷ ᠲᠣᠰᠤᠯᠠᠭᠰᠠᠨ ᠪᠤᠢ᠃ 47᠂ ᠲᠡᠶᠢᠮᠦ ᠶᠢᠨ ᠲᠤᠯᠠ ᠮᠢᠨᠦ ᠴᠢᠮᠠᠳᠤᠷ ᠥᠭᠦᠯᠡᠬᠦᠢ ᠢᠨᠦ᠂ ᠲᠡᠭᠦᠨ ᠦ ᠬᠢᠯᠢᠨᠴᠡᠰ ᠢᠨᠦ ᠣᠯᠠᠨ ᠪᠣᠯᠪᠠᠴᠤ ᠬᠡᠯᠲᠦᠷᠢᠭᠦᠯᠦᠭᠳᠡᠭᠰᠡᠨ ᠪᠤᠢ᠃ ᠲᠡᠶᠢᠨ ᠬᠦ ᠲᠡᠷᠡ ᠢᠨᠦ ᠶᠡᠬᠡᠳᠡ ᠢᠨᠠᠭᠯᠠᠮᠤᠢ᠃ ᠵᠦᠭᠡᠷ ᠠᠯᠢ ᠬᠡᠨ ᠳᠦᠷ ᠥᠴᠦᠬᠡᠨ ᠢᠨᠦ ᠬᠡᠯᠲᠡᠷᠢᠭᠦᠯᠦᠭᠳᠡᠭᠰᠡᠨ ᠲᠡᠷᠡ ᠥᠴᠦᠬᠡᠨ ᠲᠡᠳᠦᠶᠡ ᠢᠨᠠᠭᠯᠠᠮᠤᠢ᠃ 48᠂ ᠬᠡᠮᠡᠨ ᠵᠠᠷᠯᠢᠭ ᠪᠣᠯᠤᠭᠠᠳ ᠪᠠᠰᠠ ᠲᠡᠷᠡ ᠬᠦ (ᠡᠮ᠎ᠡ) ᠳᠦᠷ ᠡᠶᠢᠨ᠃ ᠴᠢᠨᠦ ᠬᠢᠯᠢᠨᠴᠡᠰ ᠢᠨᠦ ᠬᠡᠯᠲᠦᠷᠢᠭᠦᠯᠦᠭᠳᠡᠭᠰᠡᠨ ᠪᠤᠢ᠃ 49᠂ ᠬᠡᠮᠡᠨ ᠵᠠᠷᠯᠢᠭ ᠪᠣᠯᠤᠭᠰᠠᠨ ᠳᠤᠷ ᠲᠡᠭᠦᠨ ᠯᠦᠭᠡ ᠰᠠᠭᠤᠯᠴᠠᠭᠰᠠᠳ ᠠᠨᠤ ᠰᠡᠳᠬᠢᠯ ᠳᠡᠭᠡᠨ ᠡᠶᠢᠨ᠃ ᠬᠢᠯᠢᠨᠴᠡᠰ ᠢ ᠬᠡᠯᠲᠦᠷᠢᠭᠦᠯᠦᠭᠴᠢ ᠡᠨᠡ ᠢᠨᠦ ᠬᠡᠨ ᠪᠤᠶᠤ᠃ 50᠂ ᠬᠡᠮᠡᠭᠰᠡᠨ ᠳᠦᠷ ᠲᠡᠷᠡ ᠢᠨᠦ ᠡᠮ᠎ᠡ ᠳᠦᠷ ᠡᠶᠢᠨ᠃ ᠴᠢᠨᠦ ᠢᠲᠡᠭᠡᠯ ᠢᠨᠦ ᠴᠢᠮᠠᠶᠢ ᠲᠣᠨᠢᠯᠭᠠᠪᠠᠢ᠃ ᠠᠮᠤᠷ ᠢᠶᠠᠷ ᠣᠳᠲᠤᠭᠠᠢ᠃ ᠬᠡᠮᠡᠨ ᠵᠠᠷᠯᠢᠭ ᠪᠣᠯᠪᠠᠢ ᠅
Currently Selected:
ᠯᠦᠺᠡ 7: MB1840
Highlight
Share
Copy
Want to have your highlights saved across all your devices? Sign up or sign in
Digital edition of the Mongolian translation published in 1840 (the Old Testament) and 1846 (the New Testament) by Edward Stallybrass and William Swan. Created by Bayarjargal Garamtseren and Simon Wong. Digital edition © United Bible Societies, 2020.

: