7
ᠳᠣᠯᠣᠳᠤᠭᠠᠷ ᠪᠦᠯᠦᠭ ᠅
1᠂ ᠲᠠ ᠪᠠ ᠦᠯᠦ ᠰᠢᠭᠦᠭᠳᠡᠬᠦ ᠶᠢᠨ ᠲᠤᠯᠠ (ᠪᠤᠰᠤᠳ ᠢ) ᠪᠦᠦ ᠰᠢᠭᠦᠭᠲᠦᠨ᠃ 2᠂ ᠲᠡᠷᠡ ᠶᠠᠭᠤᠨ ᠤ ᠲᠤᠯᠠ ᠬᠡᠮᠡᠪᠡᠰᠦ᠂ ᠲᠠ ᠪᠡᠷ ᠰᠢᠭᠦᠭᠰᠡᠨ ᠰᠢᠭᠦᠪᠦᠷᠢᠨ ᠢᠶᠡᠷ ᠢᠶᠡᠨ ᠰᠢᠭᠦᠭᠳᠡᠬᠦ ᠪᠣᠯᠤᠶᠤ᠃ ᠪᠠᠰᠠ ᠲᠠᠨᠤ ᠬᠡᠮᠵᠢᠭᠰᠡᠨ ᠬᠡᠮᠵᠢᠶ᠎ᠡ ᠪᠡᠷ ᠲᠠᠨᠳᠤᠷ ᠬᠡᠮᠵᠢᠭᠳᠡᠬᠦ ᠪᠣᠯᠤᠶᠤ ᠅ 3᠂ ᠵᠢᠴᠢ ᠴᠢ ᠪᠡᠷ ᠳᠡᠭᠦᠦ ᠶᠦᠭᠡᠨ ᠨᠢᠳᠦᠨ ᠳᠦᠷ ᠠᠭᠴᠢ ᠥᠷᠭᠡᠰᠦᠨ ᠢ ᠦᠵᠡᠨ ᠠᠲᠠᠯ᠎ᠠ᠂ ᠥᠪᠡᠷᠦᠨ ᠨᠢᠳᠦᠨ ᠳᠦᠷ ᠠᠭᠴᠢ ᠨᠠᠤᠯᠠ ᠶᠢ ᠶᠠᠬᠢᠨ ᠡᠰᠡ ᠠᠵᠢᠭᠯᠠᠮᠤᠶᠤ᠃ 4᠂ ᠪᠠᠰᠠ ᠴᠢᠨᠦ ᠨᠢᠳᠦᠨ ᠳᠦᠷ ᠨᠠᠤᠯᠠ ᠪᠤᠢ ᠠᠲᠠᠯ᠎ᠠ᠂ ᠴᠢ ᠪᠡᠷ ᠳᠡᠭᠦᠦ ᠳᠡᠭᠡᠨ᠂ ᠵᠣᠭᠰᠤ᠂ ᠪᠢ ᠪᠡᠷ ᠴᠢᠨᠦ ᠨᠢᠳᠦᠨ ᠡᠴᠡ ᠥᠷᠭᠡᠰᠦᠨ ᠢ ᠭᠠᠷᠭᠠᠰᠤ᠂ ᠬᠡᠮᠡᠨ ᠶᠠᠬᠢᠨ ᠥᠭᠦᠯᠡᠬᠦ ᠪᠤᠶᠤ᠃ 5᠂ ᠮᠡᠬᠡ ᠲᠦ ᠨᠢᠭᠤᠷ ᠲᠤ ᠠ᠋᠂ ᠥᠪᠡᠷᠦᠨ ᠨᠢᠳᠦᠨ ᠡᠴᠡ ᠨᠠᠤᠯᠠ ᠶᠢ ᠤᠷᠢᠳᠠ ᠭᠠᠷᠭᠠᠨ ᠦᠢᠯᠡᠳ᠃ ᠲᠡᠶᠢᠨ ᠬᠦ ᠡᠯ᠎ᠡ ᠴᠢ ᠪᠡᠷ ᠳᠡᠭᠦᠦ ᠶᠦᠭᠡᠨ ᠨᠢᠳᠦᠨ ᠡᠴᠡ ᠥᠷᠭᠡᠰᠡᠦᠨ ᠢ ᠭᠠᠷᠭᠠᠬᠤᠶ᠎ᠠ ᠰᠠᠶᠢᠲᠤᠷ ᠦᠵᠡᠬᠦ ᠪᠣᠯᠤᠶᠤ ᠅ 6᠂ ᠠᠷᠢᠭᠤᠨ ᠨᠤᠭᠤᠳ ᠢ ᠨᠣᠬᠠᠢ ᠨᠤᠭᠤᠳ ᠲᠤᠷ ᠦᠯᠦ ᠥᠭᠭᠦᠨ᠂ ᠰᠤᠪᠤᠳ ᠨᠤᠭᠤᠳ ᠢᠶᠠᠨ ᠭᠠᠬᠠᠢ ᠨᠤᠭᠤᠳ ᠲᠤᠷ ᠪᠦᠦ ᠬᠠᠶᠠᠭᠲᠤᠨ᠃ ᠲᠡᠶᠢᠨ ᠦᠢᠯᠡᠳᠪᠡᠰᠦ ᠡᠯ᠎ᠡ ᠲᠡᠳᠡ ᠢᠨᠦ ᠲᠡᠳᠡᠨ ᠢ ᠬᠥᠯ ᠢᠶᠡᠷ ᠢᠶᠡᠨ ᠭᠢᠱᠭᠢᠭᠡᠳ᠂ ᠡᠷᠭᠢᠵᠦ ᠲᠠᠨ ᠢ ᠴᠤ ᠲᠠᠰᠤᠯᠬᠤ ᠪᠣᠯᠤᠭᠤᠵᠠᠢ ᠅ 7᠂ ᠡᠷᠢᠭᠲᠦᠨ᠂ ᠲᠡᠶᠢᠨ ᠬᠦ ᠲᠠᠨ ᠳᠤᠷ ᠥᠭᠳᠡᠬᠦ ᠪᠣᠯᠤᠶᠤ᠃ ᠪᠡᠳᠡᠷᠢᠭᠲᠦᠨ᠂ ᠲᠡᠶᠢᠨ ᠬᠦ ᠲᠠ ᠪᠡᠷ ᠣᠯᠬᠤ ᠪᠣᠯᠤᠶᠤ᠃ ᠳᠡᠯᠡᠳᠦᠭᠲᠦᠨ᠂ ᠲᠡᠶᠢᠨ ᠬᠦ ᠲᠠᠨ ᠳᠤᠷ (ᠡᠭᠦᠳᠡ ᠢᠨᠦ) ᠨᠡᠭᠡᠭᠳᠡᠬᠦ ᠪᠣᠯᠤᠶᠤ᠃ 8᠂ ᠲᠡᠷᠡ ᠶᠠᠭᠤᠨ ᠤ ᠲᠤᠯᠠ ᠬᠡᠮᠡᠪᠡᠰᠦ᠂ ᠠᠯᠢᠪᠠ ᠡᠷᠢᠭ᠍ᠴᠢ ᠢᠨᠦ ᠬᠦᠷᠲᠡᠳᠡᠭ᠃ ᠪᠡᠳᠡᠷᠢᠭ᠍ᠴᠢ ᠢᠨᠦ ᠣᠯᠤᠳᠠᠭ᠃ ᠳᠡᠯᠡᠳᠦᠭᠴᠢ ᠳᠦᠷ ᠨᠡᠭᠡᠭᠳᠡᠳᠡᠭ ᠅ 9᠂ ᠲᠠᠯᠬᠠᠨ ᠢ ᠡᠷᠢᠭ᠍ᠴᠢ ᠬᠥᠪᠡᠭᠦᠨ ᠳᠦᠷ ᠢᠶᠡᠨ ᠲᠠᠨ ᠠᠴᠠ ᠬᠡᠨ ᠢᠨᠦ ᠴᠢᠯᠠᠭᠤᠨ ᠢ ᠥᠭᠬᠦ ᠪᠤᠶᠤ᠃ 10᠂ ᠵᠢᠴᠢ ᠬᠡᠷᠪᠡ ᠵᠢᠭᠠᠰᠤᠨ ᠢ ᠡᠷᠢᠪᠡᠰᠦ᠂ ᠮᠣᠭᠠᠢ ᠶᠢ ᠥᠭᠬᠦ ᠪᠤᠶᠤ᠃ 11᠂ ᠲᠡᠶᠢᠮᠦ ᠶᠢᠨ ᠲᠤᠯᠠ ᠬᠡᠷᠪᠡ ᠲᠠ ᠮᠠᠭᠤ ᠪᠥᠭᠡᠲᠡᠯ᠎ᠡ ᠬᠡᠦᠬᠡᠳ ᠲᠡᠭᠡᠨ ᠰᠠᠶᠢᠨ ᠥᠭᠯᠢᠭᠡ ᠨᠤᠭᠤᠳ ᠢ ᠥᠭᠬᠦᠢ ᠶᠢ ᠮᠡᠳᠡᠪᠡᠰᠦ᠂ ᠣᠭᠲᠠᠷᠭᠤᠢ ᠳᠤᠷ ᠠᠭᠴᠢ ᠲᠠᠨᠤ ᠡᠴᠢᠭᠡ ᠢᠨᠦ ᠲᠡᠭᠦᠨ ᠡᠴᠡ ᠡᠷᠢᠭ᠍ᠴᠢᠳ ᠲᠦᠷ ᠰᠠᠶᠢᠨ ᠶᠠᠭᠤᠮ᠎ᠠ ᠨᠤᠭᠤᠳ ᠢ ᠦᠯᠡᠮᠵᠢ ᠥᠭᠬᠦ ᠪᠤᠰᠤ ᠪᠤᠶᠤ᠃ 12᠂ ᠲᠡᠶᠢᠨ ᠬᠦ ᠪᠤᠰᠤ ᠤᠯᠤᠰ ᠠᠨᠤ ᠪᠢᠳᠡᠨ ᠳᠦᠷ ᠶᠠᠭᠤᠨ ᠢ ᠴᠤ ᠦᠢᠯᠡᠳᠬᠦ ᠪᠣᠯᠲᠤᠭᠠᠢ ᠬᠡᠮᠡᠨ ᠬᠦᠰᠡᠭᠰᠡᠨ ᠢᠶᠡᠷ ᠢᠶᠡᠨ᠂ ᠲᠡᠭᠦᠨᠴᠢᠯᠡᠨ ᠬᠦ ᠲᠡᠳᠡᠨ ᠳᠦᠷ ᠴᠤ ᠦᠢᠯᠡᠳᠦᠭᠲᠦᠨ᠃ ᠲᠡᠷᠡ ᠶᠠᠭᠤᠨ ᠤ ᠲᠤᠯᠠ ᠬᠡᠮᠡᠪᠡᠰᠦ᠂ ᠡᠨᠡ ᠢᠨᠦ ᠲᠣᠭᠲᠠᠭᠠᠯ ᠬᠢᠭᠡᠳ ᠹᠣᠷᠣᠹᠢᠳ ᠨᠠᠷ ᠤᠨ ᠵᠠᠷᠯᠢᠭ ᠮᠥᠨ ᠅ 13᠂ ᠤᠶᠢᠳᠠᠬᠠᠨ ᠡᠭᠦᠳᠡᠨ ᠳᠦᠷ ᠣᠷᠣᠭᠲᠤᠨ᠃ ᠲᠡᠷᠡ ᠶᠠᠭᠤᠨ ᠤ ᠲᠤᠯᠠ ᠬᠡᠮᠡᠪᠡᠰᠦ᠂ ᠡᠪᠳᠡᠷᠡᠯ ᠳᠦᠷ ᠬᠦᠷᠭᠡᠭᠴᠢ ᠡᠭᠦᠳᠡ ᠢᠨᠦ ᠠᠭᠤᠵᠢᠮ ᠪᠥᠭᠡᠳ᠂ ᠵᠠᠮ ᠠᠨᠤ ᠥᠷᠭᠡᠨ ᠪᠤᠢ᠃ ᠲᠡᠭᠦᠨ ᠢᠶᠡᠷ ᠣᠷᠣᠭᠴᠢᠳ ᠴᠤ ᠣᠯᠠᠨ ᠪᠣᠯᠠᠢ᠃ 14᠂ ᠬᠠᠷᠢᠨ ᠠᠮᠢᠨ ᠳᠤᠷ ᠬᠦᠷᠭᠡᠭᠴᠢ ᠡᠭᠦᠳᠡ ᠢᠨᠦ ᠤᠶᠢᠳᠠᠬᠠᠨ ᠪᠥᠭᠡᠳ᠂ ᠵᠠᠮ ᠠᠨᠤ ᠨᠠᠷᠢᠨ ᠪᠤᠢ᠃ ᠲᠡᠭᠦᠨ ᠢ ᠣᠯᠤᠭᠴᠢᠳ ᠴᠤ ᠴᠦᠬᠡᠨ ᠪᠣᠯᠠᠢ ᠅ 15᠂ ᠲᠠᠨ ᠳᠤᠷ ᠬᠣᠨᠢᠨ ᠤ ᠠᠷᠠᠰᠤᠨ ᠢᠶᠠᠷ ᠢᠷᠡᠪᠡᠴᠦ ᠳᠣᠲᠣᠷ᠎ᠠ ᠪᠠᠨ ᠳᠣᠭᠰᠢᠨ ᠴᠢᠨᠤ᠎ᠠ ᠨᠤᠭᠤᠳ ᠠᠭᠴᠢ ᠬᠠᠭᠤᠷᠮᠠᠭᠴᠢ ᠹᠣᠷᠣᠹᠢᠳ ᠨᠠᠷ ᠠᠴᠠ ᠬᠢᠴᠢᠶᠡᠭᠲᠦᠨ᠃ 16᠂ ᠲᠠ ᠪᠡᠷ ᠲᠡᠳᠡᠨ ᠦ ᠦᠷᠡᠰ ᠢᠶᠡᠷ ᠲᠡᠳᠡᠨ ᠢ ᠲᠠᠨᠢᠬᠤ ᠪᠤᠢ᠃ ᠥᠷᠭᠡᠰᠦ ᠲᠦ ᠰᠢᠭᠤᠢ ᠠᠴᠠ ᠦᠵᠦᠮ ᠢᠨᠦ ᠬᠤᠷᠢᠶᠠᠭᠳᠠᠳᠠᠭ ᠪᠤᠶᠤ᠃ ᠡᠰᠡᠪᠡᠰᠦ ᠬᠥᠭᠦᠰᠦᠨ ᠡᠴᠡ ᠲᠣᠰᠢᠯᠤᠭ ᠠᠨᠤ ᠬᠤᠷᠢᠶᠠᠭᠳᠠᠳᠠᠭ ᠪᠤᠶᠤ᠃ 17᠂ ᠲᠡᠷᠡ ᠮᠡᠲᠦ ᠪᠡᠷ ᠠᠯᠢᠪᠠ ᠰᠠᠶᠢᠨ ᠮᠣᠳᠤᠨ ᠠᠨᠤ ᠰᠠᠶᠢᠨ ᠵᠢᠮᠢᠰ ᠢ ᠡᠭᠦᠰᠬᠡᠳᠡᠭ᠃ ᠬᠠᠷᠢᠨ ᠮᠠᠭᠤ ᠮᠣᠳᠤᠨ ᠠᠨᠤ ᠮᠠᠭᠤ ᠵᠢᠮᠢᠰ ᠢ ᠡᠭᠦᠰᠬᠡᠳᠡᠭ᠃ 18᠂ ᠰᠠᠶᠢᠨ ᠮᠣᠳᠤᠨ ᠠᠨᠤ ᠮᠠᠭᠤ ᠵᠢᠮᠢᠰ ᠢ ᠡᠭᠦᠰᠬᠡᠵᠦ ᠡᠰᠡ ᠴᠢᠳᠠᠶᠤ᠃ ᠮᠠᠭᠤ ᠮᠣᠳᠤᠨ ᠴᠤ ᠰᠠᠶᠢᠨ ᠵᠢᠮᠢᠰ ᠢ ᠡᠭᠦᠰᠬᠡᠵᠦ ᠡᠰᠡ ᠴᠢᠳᠠᠶᠤ᠃ 19᠂ ᠠᠯᠢᠪᠠ ᠰᠠᠶᠢᠨ ᠵᠢᠮᠢᠰ ᠢ ᠡᠰᠡ ᠡᠭᠦᠰᠬᠡᠭᠴᠢ ᠮᠣᠳᠤ ᠠᠨᠤ ᠣᠭᠲᠤᠯᠤᠭᠲᠠᠭᠠᠳ ᠭᠠᠯ ᠳᠤᠷ ᠬᠠᠶᠠᠭᠳᠠᠬᠤ ᠪᠤᠢ᠃ 20᠂ ᠲᠡᠶᠢᠮᠦ ᠶᠢᠨ ᠲᠤᠯᠠ ᠲᠠ ᠪᠡᠷ ᠲᠡᠳᠡᠨ ᠦ ᠦᠷᠡᠰ ᠢᠶᠡᠷ ᠲᠡᠳᠡᠨ ᠢ ᠲᠠᠨᠢᠬᠤ ᠪᠤᠢ ᠅ 21᠂ ᠨᠠᠮᠠᠶᠢ ᠡᠵᠡᠨ ᠡᠵᠡᠨ᠂ ᠬᠡᠮᠡᠨ ᠠᠯᠢᠪᠠ ᠴᠤ ᠳᠠᠭᠤᠳᠠᠭᠴᠢ ᠠᠨᠤ ᠣᠭᠲᠠᠷᠭᠤᠢ ᠶᠢᠨ ᠡᠵᠡᠯᠡᠭᠦᠷᠢᠨ ᠳᠦᠷ ᠣᠷᠣᠬᠤ ᠪᠤᠰᠤ᠃ ᠬᠠᠷᠢᠨ ᠣᠭᠲᠠᠷᠭᠤᠢ ᠳᠤᠷ ᠠᠭᠴᠢ ᠮᠢᠨᠦ ᠡᠴᠢᠭᠡ ᠶᠢᠨ ᠲᠠᠭᠠᠯᠠᠯ ᠢ ᠪᠦᠲᠦᠭᠡᠭᠴᠢ ᠢᠨᠦ (ᠣᠷᠣᠬᠤ ᠪᠤᠢ)᠃ 22᠂ ᠲᠡᠷᠡ ᠬᠦ ᠡᠳᠦᠷ᠎ᠡ ᠣᠯᠠᠨ ᠠᠨᠤ ᠨᠠᠳᠤᠷ ᠡᠶᠢᠨ᠃ ᠡᠵᠡᠨ ᠡ᠂ ᠡᠵᠡᠨ ᠡ᠂ ᠪᠢᠳᠡ ᠪᠡᠷ ᠴᠢᠨᠦ ᠨᠡᠷ᠎ᠡ ᠪᠡᠷ ᠹᠣᠷᠣᠹᠢᠳᠯᠠᠭᠰᠠᠨ ᠪᠢᠰᠢᠶᠦ᠃ ᠴᠢᠨᠦ ᠨᠡᠷ᠎ᠡ ᠪᠡᠷ ᠴᠢᠳᠬᠦᠳ ᠢ ᠭᠠᠷᠭᠠᠭᠰᠠᠨ ᠪᠢᠰᠢᠶᠦ᠃ ᠴᠢᠨᠦ ᠨᠡᠷ᠎ᠡ ᠪᠡᠷ ᠣᠯᠠᠨ ᠭᠠᠶᠢᠬᠠᠮᠰᠢᠭ ᠤᠳ ᠢ ᠦᠢᠯᠡᠳᠦᠭᠰᠡᠨ ᠪᠢᠰᠢᠶᠦ᠂ 23᠂ ᠬᠡᠮᠡᠨ ᠥᠭᠦᠯᠡᠬᠦᠢ ᠴᠠᠭ ᠲᠤᠷ ᠪᠢ ᠪᠡᠷ ᠲᠡᠳᠡᠨ ᠳᠦᠷ ᠡᠶᠢᠨ᠃ ᠪᠢ ᠪᠡᠷ ᠲᠠᠨ ᠢ ᠬᠡᠵᠢᠶ᠎ᠡ ᠴᠤ ᠡᠰᠡ ᠲᠠᠨᠢᠭᠰᠠᠨ ᠪᠤᠢ᠃ ᠪᠤᠷᠤᠭᠤ ᠶᠢ ᠦᠢᠯᠡᠳᠦᠭᠴᠢᠳ ᠡ᠂ ᠨᠠᠳᠠᠴᠠ ᠵᠠᠶᠢᠯᠠᠭᠲᠤᠨ᠂ ᠬᠡᠮᠡᠨ ᠥᠭᠦᠯᠡᠬᠦ ᠪᠤᠢ ᠅ 24᠂ ᠲᠡᠶᠢᠮᠦ ᠶᠢᠨ ᠲᠤᠯᠠ ᠠᠯᠢ ᠬᠡᠨ ᠡᠳᠡ ᠮᠢᠨᠦ ᠦᠭᠡᠰ ᠢ ᠰᠣᠨᠣᠰᠤᠭᠠᠳ ᠪᠦᠲᠦᠭᠡᠪᠡᠰᠦ᠂ ᠪᠢ ᠪᠡᠷ ᠲᠡᠭᠦᠨ ᠢ ᠭᠡᠷ ᠢᠶᠡᠨ ᠴᠢᠯᠠᠭᠤᠨ (ᠰᠠᠭᠤᠷᠢᠨ) ᠤ ᠳᠡᠭᠡᠷ᠎ᠡ ᠡᠭᠦᠳᠦᠭᠰᠡᠨ ᠤᠬᠠᠭᠠᠨ ᠲᠤ ᠬᠦᠮᠦᠨ ᠯᠦᠭᠡ ᠠᠳᠠᠯᠢᠳᠬᠠᠰᠤ᠃ 25᠂ ᠲᠡᠶᠢᠨ ᠬᠦ ᠬᠤᠷ᠎ᠠ ᠠᠨᠤ ᠣᠷᠣᠭᠰᠠᠨ ᠪᠥᠭᠡᠳ᠂ ᠭᠣᠣᠯ ᠤᠳ ᠠᠨᠤ ᠦᠶᠡᠷᠯᠡᠭᠰᠡᠨ ᠪᠠ᠂ ᠰᠠᠯᠬᠢᠨ ᠠᠨᠤ ᠰᠠᠯᠬᠢᠯᠠᠵᠤ ᠲᠡᠷᠡ ᠭᠡᠷ ᠢ ᠴᠥᠬᠢᠪᠠᠴᠤ᠂ ᠲᠡᠷᠡ ᠢᠨᠦ ᠴᠢᠯᠠᠭᠤᠨ ᠤ ᠳᠡᠭᠡᠷ᠎ᠡ ᠰᠠᠭᠤᠷᠢᠯᠠᠭᠳᠠᠭᠰᠠᠨ ᠤ ᠲᠤᠯᠠ ᠡᠰᠡ ᠤᠨᠠᠪᠠᠢ᠃ 26᠂ ᠵᠢᠴᠢ ᠠᠯᠢ ᠬᠡᠨ ᠡᠳᠡ ᠮᠢᠨᠦ ᠦᠭᠡᠰ ᠢ ᠰᠣᠨᠣᠰᠤᠭᠠᠳ᠂ ᠡᠰᠡ ᠪᠦᠲᠦᠭᠡᠪᠡᠰᠦ᠂ ᠪᠢ ᠪᠡᠷ ᠲᠡᠭᠦᠨ ᠢ ᠭᠡᠷ ᠢᠶᠡᠨ ᠡᠯᠡᠰᠦᠨ ᠦ ᠳᠡᠭᠡᠷ᠎ᠡ ᠡᠭᠦᠳᠦᠭᠰᠡᠨ ᠤᠬᠠᠭᠠᠨ ᠦᠭᠡᠢ ᠬᠦᠮᠦᠨ ᠯᠦᠭᠡ ᠠᠳᠠᠯᠢᠳᠬᠠᠰᠤ᠃ 27᠂ ᠲᠡᠶᠢᠨ ᠬᠦ ᠬᠣᠷ᠎ᠠ ᠠᠨᠤ ᠣᠷᠣᠭᠰᠠᠨ ᠪᠥᠭᠡᠳ᠂ ᠭᠣᠣᠯ ᠤᠳ ᠠᠨᠤ ᠦᠶᠡᠷᠯᠡᠭᠰᠡᠨ ᠪᠠ᠂ ᠰᠠᠯᠬᠢᠨ ᠠᠨᠤ ᠰᠠᠯᠬᠢᠯᠠᠵᠤ ᠲᠡᠷᠡ ᠭᠡᠷ ᠦᠨ ᠲᠤᠰ ᠴᠣᠬᠢᠭᠰᠠᠨ ᠢᠶᠠᠷ ᠲᠡᠷᠡ ᠢᠨᠦ ᠤᠨᠠᠪᠠᠢ᠃ ᠲᠡᠭᠦᠨ ᠦ ᠡᠪᠳᠡᠷᠡᠯ ᠴᠤ ᠮᠠᠰᠢ ᠶᠡᠬᠡ ᠪᠥᠯᠦᠭᠡ᠃ ᠬᠡᠮᠡᠨ ᠵᠠᠷᠯᠢᠭ ᠪᠣᠯᠪᠠᠢ ᠅ 28᠂ ᠲᠡᠶᠢᠨ ᠪᠥᠭᠡᠳ ᠢᠢᠰᠦᠰ ᠦᠨ ᠡᠳᠡ ᠵᠠᠷᠯᠢᠭ ᠤᠳ ᠢ ᠳᠠᠭᠤᠰᠤᠭᠰᠠᠨ ᠳᠤᠷ ᠤᠯᠤᠰ ᠠᠨᠤ ᠮᠠᠰᠢᠳᠠ ᠭᠠᠶᠢᠬᠠᠯᠴᠠᠪᠠᠢ᠃ 29᠂ ᠲᠡᠷᠡ ᠶᠠᠭᠤᠨ ᠤ ᠲᠤᠯᠠ ᠬᠡᠮᠡᠪᠡᠰᠦ᠂ ᠲᠡᠷᠡ ᠢᠨᠦ ᠨᠣᠮ ᠵᠢᠭᠠᠭᠴᠢᠨᠠᠷ ᠮᠠᠳᠤ ᠡᠰᠡ ᠰᠤᠷᠭᠠᠨ᠂ ᠡᠷᠬᠡ ᠲᠦ ᠪᠣᠯᠤᠭᠰᠠᠨ ᠮᠠᠳᠤ ᠰᠤᠷᠭᠠᠯᠤᠭᠠ ᠅