ᠮᠠᠳᠲ᠋ᠢᠢ 2
2
ᠬᠣᠶᠠᠳᠤᠭᠠᠷ ᠪᠦᠯᠦᠭ ᠅
1᠂ ᠲᠡᠶᠢᠨ ᠬᠦ ᠾᠢᠷᠣᠳ᠋ ᠬᠠᠭᠠᠨ ᠤ ᠴᠠᠭ ᠲᠤᠷ ᠢᠢᠰᠦᠰ ᠦᠨ ᠶᠦᠳᠢᠶ᠎ᠡ ᠶᠢᠨ ᠪᠢᠳᠯᠢᠾᠢᠮ ᠳᠤᠷ ᠲᠥᠷᠥᠭᠳᠡᠭᠰᠡᠨ ᠳᠤᠷ᠃ ᠮᠠᠨ᠎ᠠ᠂ ᠵᠠᠷᠢᠮ ᠮᠡᠷᠭᠡᠳ ᠢᠨᠦ ᠵᠡᠭᠦᠨ ᠵᠦᠭ ᠡᠴᠡ ᠶᠢᠷᠤᠰᠠᠯᠢᠮ ᠳᠤᠷ ᠢᠷᠡᠭᠡᠳ ᠡᠶᠢᠨ ᠥᠭᠦᠯᠡᠷᠦᠨ᠃ 2᠂ ᠶᠦᠳᠡ᠋ ᠲᠡᠨ ᠳᠦᠷ ᠲᠥᠷᠥᠭᠳᠡᠭᠰᠡᠨ ᠬᠠᠭᠠᠨ ᠠᠨᠤ ᠬᠠᠮᠢᠭ᠎ᠠ ᠪᠤᠶᠤ᠃ ᠪᠢᠳᠡ ᠪᠡᠷ ᠵᠡᠭᠦᠨ ᠵᠦᠭ ᠲᠦᠷ ᠪᠠᠶᠢᠲᠠᠯ᠎ᠠ ᠲᠡᠭᠦᠨ ᠦ ᠣᠳᠤᠨ ᠢ ᠦᠵᠡᠭᠡᠳ᠂ ᠲᠡᠭᠦᠨ ᠳᠦᠷ ᠮᠥᠷᠭᠦᠷᠡ ᠢᠷᠡᠪᠡᠢ᠃ 3᠂ ᠬᠡᠮᠡᠭᠰᠡᠨ ᠢ ᠾᠢᠷᠣᠳ᠋ ᠬᠠᠭᠠᠨ ᠠᠨᠤ ᠰᠣᠨᠣᠰᠤᠭᠠᠳ ᠲᠡᠷᠡ ᠬᠢᠭᠡᠳ ᠲᠡᠭᠦᠨ ᠯᠦᠭᠡ ᠬᠠᠮᠤᠭ ᠶᠢᠷᠤᠰᠠᠯᠢᠮ ᠲᠠᠨ ᠠᠨᠤ ᠮᠠᠰᠢᠳᠠ ᠠᠶᠤᠪᠠᠢ ᠅ 4᠂ ᠲᠡᠶᠢᠨ ᠪᠥᠭᠡᠳ ᠲᠡᠷᠡ ᠢᠨᠦ ᠤᠯᠤᠰ ᠤᠨ ᠬᠠᠮᠤᠭ ᠲᠡᠷᠢᠭᠦᠯᠡᠭᠴᠢ ᠯᠠᠮᠠ ᠨᠠᠷ ᠬᠢᠭᠡᠳ ᠨᠣᠮ ᠵᠢᠭᠠᠭᠴᠢ ᠨᠠᠷ ᠢ ᠴᠢᠭᠤᠯᠭᠠᠭᠠᠳ᠂ ᠲᠡᠳᠡᠨ ᠡᠴᠡ ᠬᠡᠷᠢᠰᠲ᠋ᠣᠰ ᠤᠨ ᠬᠠᠮᠢᠭ᠎ᠠ ᠲᠥᠷᠥᠭᠳᠡᠪᠡᠢ ᠶᠢ ᠠᠰᠠᠭᠤᠪᠠᠢ᠃ 5᠂ ᠲᠡᠳᠡ ᠢᠨᠦ ᠥᠭᠦᠯᠡᠷᠦᠨ᠃ ᠶᠦᠳᠢᠶᠠ ᠶᠢᠨ ᠪᠢᠳᠯᠢᠾᠢᠮ ᠳᠤᠷ᠃ ᠲᠡᠷᠡ ᠶᠠᠭᠤᠨ ᠤ ᠲᠤᠯᠠ ᠬᠡᠮᠡᠪᠡᠰᠦ᠂ ᠹᠣᠷᠣᠹᠢᠳ ᠤᠨ ᠪᠢᠴᠢᠭᠰᠡᠨ᠂ ᠢᠨᠦ ᠡᠶᠢᠨ᠃ 6᠂ ᠶᠦᠳᠡ᠋ ᠶᠢᠨ ᠭᠠᠵᠠᠷᠤᠨ ᠪᠢᠳᠯᠢᠾᠢᠮ ᠠ᠋᠂ ᠴᠢ ᠪᠡᠷ ᠶᠦᠳᠡ᠋ ᠶᠢᠨ ᠪᠠᠯᠭᠠᠳ ᠤᠨ ᠳᠣᠲᠣᠷ᠎ᠠ ᠮᠠᠰᠢ ᠪᠠᠭ᠎ᠠ ᠪᠤᠰᠤ᠃ ᠲᠡᠷᠡ ᠶᠠᠭᠤᠨ ᠤ ᠲᠤᠯᠠ ᠬᠡᠮᠡᠪᠡᠰᠦ᠂ ᠴᠢᠮᠠᠴᠠ ᠮᠢᠨᠤ ᠤᠯᠤᠰ ᠢ ᠰᠠᠬᠢᠬᠤᠢ ᠲᠡᠷᠢᠭᠦᠯᠡᠭᠴᠢ ᠢᠨᠦ ᠭᠠᠷᠬᠤ ᠪᠤᠢ᠃ ᠬᠡᠮᠡᠯᠦᠭᠡ ᠅ 7᠂ ᠲᠡᠨᠳᠡ ᠾᠢᠷᠣᠳ᠋ ᠠᠨᠤ ᠲᠡᠳᠡ ᠮᠡᠷᠭᠡᠳ ᠢ ᠨᠢᠭᠤᠴᠠ ᠪᠠᠷ ᠳᠠᠭᠤᠳᠠᠨ᠂ ᠣᠳᠤᠨ ᠤ ᠦᠵᠡᠭᠳᠡᠭᠰᠡᠨ ᠴᠠᠭ ᠢ ᠲᠡᠳᠡᠨ ᠡᠴᠡ ᠰᠠᠶᠢᠲᠤᠷ ᠰᠤᠷᠤᠭᠠᠳ᠃ 8᠂ ᠲᠡᠳᠡᠨ ᠢ ᠪᠢᠳᠯᠢᠾᠢᠮ ᠳᠤᠷ ᠢᠯᠡᠭᠡᠨ ᠡᠶᠢᠨ ᠥᠭᠦᠯᠡᠷᠦᠨ᠃ ᠪᠢᠳᠯᠢᠾᠢᠮ ᠳᠤᠷ ᠣᠳᠤᠭᠠᠳ᠂ ᠲᠡᠷᠡ ᠬᠡᠦᠬᠡᠨ ᠦ ᠤᠴᠢᠷ᠎ᠠ ᠰᠠᠶᠢᠲᠤᠷ ᠰᠤᠷᠤᠭᠠᠳ᠂ ᠣᠯᠤᠭᠰᠠᠨ ᠴᠠᠭ ᠲᠤᠷ ᠢᠶᠠᠨ ᠨᠠᠳᠤᠷ ᠮᠡᠳᠡᠭᠦᠯᠦᠭᠲᠦᠨ᠃ ᠲᠡᠶᠢᠨ ᠬᠦ ᠪᠢ ᠴᠤ ᠣᠳᠤᠭᠠᠳ ᠲᠡᠭᠦᠨ ᠳᠦᠷ ᠮᠥᠷᠭᠦᠬᠦ ᠪᠤᠢ᠃ 9᠂ ᠬᠡᠮᠡᠨ ᠬᠠᠭᠠᠨ ᠤ ᠥᠭᠦᠯᠡᠭᠰᠡᠨ ᠢ ᠲᠡᠳᠡ ᠢᠨᠦ ᠰᠣᠨᠣᠰᠤᠭᠠᠳ ᠰᠠᠴᠠ ᠣᠳᠪᠠᠢ᠃ ᠲᠡᠶᠢᠨ ᠬᠦ ᠮᠠᠨ᠎ᠠ᠂ ᠲᠡᠳᠡᠨ ᠦ ᠵᠡᠭᠦᠨ ᠵᠦᠭ᠌ᠡ ᠦᠵᠡᠭᠰᠡᠨ ᠣᠳᠣᠨ ᠠᠨᠤ ᠲᠡᠳᠡᠨ ᠦ ᠡᠮᠦᠨ᠎ᠡ ᠵᠣᠷᠴᠢᠵᠤ᠂ ᠲᠡᠷᠡ ᠬᠡᠦᠬᠡᠨ ᠦ ᠪᠠᠶᠢᠭᠰᠠᠨ ᠭᠠᠵᠠᠷ᠎ᠠ ᠬᠦᠷᠦᠭᠡᠳ ᠲᠡᠭᠦᠨ ᠦ ᠳᠡᠭᠡᠷ᠎ᠡ ᠵᠣᠭᠰᠤᠪᠠᠢ ᠅ 10᠂ ᠲᠡᠳᠡ ᠢᠨᠦ ᠣᠳᠤᠨ ᠢ ᠦᠵᠡᠭᠡᠳ᠂ ᠮᠠᠰᠢ ᠶᠡᠬᠡᠳ ᠪᠠᠶᠠᠰᠪᠠᠢ᠃ 11᠂ ᠲᠡᠶᠢᠨ ᠪᠥᠭᠡᠳ ᠲᠡᠳᠡ ᠢᠨᠦ ᠭᠡᠷ ᠲᠦᠷ ᠣᠷᠣᠵᠤ᠂ ᠲᠡᠷᠡ ᠬᠡᠦᠬᠡᠨ ᠢ ᠲᠡᠭᠦᠨ ᠦ ᠮᠠᠷᠢᠶ᠎ᠠ ᠡᠬᠡ ᠯᠦᠭᠡ ᠣᠯᠤᠭᠠᠳ᠃ ᠬᠥᠰᠡᠷ᠎ᠡ ᠤᠨᠠᠵᠤ᠂ ᠲᠡᠭᠦᠨ ᠳᠦᠷ ᠮᠥᠷᠭᠦᠨ᠂ ᠰᠠᠩ [ᠱᠠᠩ] ᠤᠳ ᠢᠶᠠᠨ ᠨᠡᠭᠡᠵᠤ᠂ ᠠᠯᠲᠠᠨ ᠬᠢᠭᠡᠳ ᠪᠤᠶᠢᠭᠤᠷ ᠪᠠ ᠰᠮᠢᠷᠨᠠ ᠨᠤᠭᠤᠳ ᠢ ᠲᠡᠭᠦᠨ ᠳᠦᠷ ᠡᠷᠭᠦᠪᠡᠢ ᠅ 12᠂ ᠲᠡᠶᠢᠨ ᠬᠦ ᠲᠡᠳᠡ ᠢᠨᠦ ᠾᠢᠷᠣᠳ᠋ ᠳᠤᠷ ᠪᠦᠦ ᠪᠤᠴᠠᠭᠲᠤᠨ᠂ ᠬᠡᠮᠡᠨ ᠵᠡᠭᠦᠳᠦᠨ ᠢᠶᠡᠷ ᠰᠤᠷᠭᠠᠭᠳᠠᠭᠠᠳ᠂ ᠪᠤᠰᠤ ᠵᠠᠮ ᠢᠶᠠᠷ ᠭᠠᠵᠠᠷ ᠲᠠᠭᠠᠨ ᠬᠠᠷᠢᠪᠠᠢ ᠅ 13᠂ ᠲᠡᠳᠡᠨ ᠦ ᠣᠳᠤᠭᠰᠠᠨ ᠤ ᠬᠣᠶᠢᠨᠠ᠂ ᠮᠠᠨ᠎ᠠ᠂ ᠡᠵᠡᠨ ᠦ ᠠᠩᠭᠢᠯ ᠠᠨᠤ ᠶᠣᠰᠢᠪ ᠲᠤᠷ ᠵᠡᠭᠦᠳᠦᠨ ᠢᠶᠡᠷ ᠦᠵᠡᠭᠳᠡᠨ ᠡᠶᠢᠨ ᠥᠭᠦᠯᠡᠷᠦᠨ᠃ ᠪᠣᠰᠤᠭᠠᠳ᠂ ᠬᠡᠦᠬᠡᠨ ᠬᠢᠭᠡᠳ ᠲᠡᠭᠦᠨ ᠦ ᠡᠬᠡ ᠶᠢ ᠠᠪᠤᠨ᠂ ᠢᠺᠢᠹᠡᠳ ᠭᠠᠵᠠᠷ᠎ᠠ ᠵᠠᠶᠢᠯᠠᠭᠠᠳ᠂ ᠮᠢᠨᠦ ᠴᠢᠮᠠᠳᠤᠷ ᠥᠭᠦᠯᠡᠲᠡᠯᠡ ᠲᠡᠨᠳᠡ ᠪᠠᠢ᠃ ᠲᠡᠷᠡ ᠶᠠᠭᠤᠨ ᠤ ᠲᠤᠯᠠ ᠬᠡᠮᠡᠪᠡᠰᠦ᠂ ᠾᠢᠷᠣᠳ᠋ ᠠᠨᠤ ᠲᠡᠷᠡ ᠬᠡᠦᠬᠡᠨ ᠢ ᠠᠯᠠᠬᠤᠢ ᠪᠡᠳᠡᠷᠢᠬᠦ ᠪᠤᠢ᠃ 14᠂ ᠬᠡᠮᠡᠭᠰᠡᠨ ᠳᠦᠷ ᠲᠡᠷᠡ ᠢᠨᠦ ᠪᠣᠰᠤᠭᠠᠳ᠂ ᠬᠡᠦᠬᠡᠨ ᠬᠢᠭᠡᠳ ᠲᠡᠭᠦᠨ ᠦ ᠡᠬᠡ ᠶᠢ ᠠᠪᠤᠨ᠂ ᠢᠺᠢᠹᠡᠳ ᠭᠠᠵᠠᠷ ᠲᠤᠷ ᠰᠥᠨᠢ ᠪᠡᠷ ᠣᠳᠤᠭᠠᠳ᠃ 15᠂ ᠾᠢᠷᠣᠳ᠋ ᠤᠨ ᠨᠥᠭᠴᠢᠲᠡᠯ᠎ᠡ ᠲᠡᠨᠳᠡ ᠪᠠᠶᠢᠪᠠᠢ᠃ ᠡᠨᠡ ᠬᠡᠮᠡᠪᠡᠰᠦ᠂ ᠪᠢ ᠪᠡᠷ ᠢᠺᠢᠹᠡᠳ ᠡᠴᠡ ᠬᠥᠪᠡᠭᠦᠨ ᠢᠶᠡᠨ ᠳᠠᠭᠤᠳᠠᠪᠠᠢ᠃ ᠬᠡᠮᠡᠨ ᠡᠵᠡᠨ ᠦ ᠹᠣᠷᠣᠹᠢᠳ ᠢᠶᠠᠷ ᠵᠠᠷᠯᠢᠭ ᠪᠣᠯᠤᠭᠰᠠᠨ ᠤ ᠪᠦᠲᠦᠬᠦ ᠶᠢᠨ ᠲᠤᠯᠠ ᠪᠣᠯᠤᠯᠤᠭ᠎ᠠ ᠅ 16᠂ ᠲᠡᠨᠳᠡ ᠾᠢᠷᠣᠳ᠋ ᠠᠨᠤ ᠮᠡᠷᠭᠡᠳ ᠲᠦᠷ ᠮᠡᠬᠡᠯᠡᠭᠳᠡᠭᠰᠡᠨ ᠢᠶᠡᠨ ᠦᠵᠡᠭᠡᠳ᠂ ᠶᠡᠬᠡᠳᠡ ᠬᠢᠯᠢᠩᠯᠡᠵᠦ᠂ ᠲᠡᠨᠳᠡᠴᠡ ᠢᠯᠡᠭᠡᠭᠡᠳ᠂ ᠮᠡᠷᠭᠡᠳ ᠡᠴᠡ ᠰᠠᠶᠢᠲᠤᠷ ᠰᠤᠷᠤᠭᠰᠠᠨ ᠴᠠᠭ ᠠᠴᠠ ᠠᠪᠤᠨ ᠪᠢᠳᠯᠢᠾᠢᠮ ᠳᠤᠷ ᠬᠢᠭᠡᠳ ᠬᠠᠮᠤᠭ ᠲᠣᠭᠤᠷᠢᠭᠴᠢ ᠭᠠᠵᠠᠳ ᠲᠤᠷ ᠬᠣᠶᠠᠷ ᠨᠠᠰᠤᠨ ᠠᠴᠠ ᠳᠣᠣᠷ᠎ᠠ ᠠᠭᠴᠢ ᠡᠷ᠎ᠡ ᠬᠡᠦᠬᠡᠳ ᠢ ᠠᠯᠠᠭᠤᠯᠪᠠᠢ ᠅ 17᠂ ᠲᠡᠷᠡ ᠴᠠᠭ ᠲᠤᠷ ᠶᠢᠷᠢᠮᠢᠶᠡ ᠹᠣᠷᠣᠹᠢᠳ ᠤᠨ ᠥᠭᠦᠯᠡᠭᠰᠡᠨ ᠢᠨᠦ ᠪᠦᠲᠦᠪᠡᠢ᠃ ᠲᠡᠷᠡ ᠬᠡᠮᠡᠪᠡᠰᠦ ᠡᠶᠢᠨ᠃ 18᠂ ᠷᠠ᠋ ᠮᠠ᠋ ᠶᠢᠨ ᠳᠣᠲᠣᠷ᠎ᠠ ᠨᠢᠭᠡ ᠳᠠᠭᠤ ᠬᠡᠮᠡᠪᠡᠰᠦ᠂ ᠴᠤᠷᠬᠢᠷᠠᠬᠤᠢ ᠬᠢᠭᠡᠳ ᠤᠶᠢᠯᠠᠬᠤᠢ ᠪᠠ ᠶᠡᠬᠡ ᠬᠠᠶᠢᠯᠠᠯᠳᠤᠬᠤᠢ ᠠᠨᠤ ᠰᠣᠨᠣᠰᠳᠠᠪᠠᠢ᠃ ᠷᠠᠺᠢᠯ ᠠᠨᠤ ᠥᠪᠡᠷᠦᠨ ᠬᠡᠦᠬᠡᠳ ᠦᠨ ᠤᠴᠢᠷ᠎ᠠ ᠦᠢᠯᠡᠨ᠂ ᠲᠡᠳᠡᠨ ᠦ ᠦᠭᠡᠢ ᠪᠣᠯᠤᠭᠰᠠᠨ ᠤ ᠲᠤᠯᠠ ᠠᠮᠤᠭᠤᠯᠤᠭᠳᠠᠬᠤᠶᠠ ᠡᠰᠡ ᠳᠤᠷᠠᠰᠢᠮᠤᠢ᠃ ᠬᠡᠮᠡᠯᠦᠭᠡ ᠅ 19᠂ ᠵᠦᠭᠡᠷ ᠾᠢᠷᠣᠳ᠋ ᠤᠨ ᠨᠥᠭᠴᠢᠭᠰᠡᠨ ᠦ ᠬᠣᠶᠢᠨᠠ᠂ ᠮᠠᠨ᠎ᠠ᠂ ᠡᠵᠡᠨ ᠦ ᠠᠩᠭᠢᠯ ᠠᠨᠤ ᠶᠣᠰᠢᠪ ᠲᠤᠷ ᠢᠺᠢᠹᠡᠳ ᠦᠨ ᠳᠣᠲᠣᠷ᠎ᠠ ᠵᠡᠭᠦᠳᠦᠨ ᠢᠶᠡᠷ ᠦᠵᠡᠭᠳᠡᠨ ᠡᠶᠢᠨ ᠥᠭᠦᠯᠡᠷ ᠦᠨ᠃ 20᠂ ᠪᠣᠰᠤᠭᠠᠳ᠂ ᠬᠡᠦᠬᠡᠨ ᠬᠢᠭᠡᠳ ᠲᠡᠭᠦᠨ ᠦ ᠡᠬᠡ ᠶᠢ ᠠᠪᠤᠭᠠᠳ᠂ ᠢᠰᠷᠠᠶᠢᠯ ᠤᠨ ᠭᠠᠵᠠᠷ ᠲᠤᠷ ᠤᠳ᠃ ᠲᠡᠷᠡ ᠶᠠᠭᠤᠨ ᠤ ᠲᠤᠯᠠ ᠬᠡᠮᠡᠪᠡᠰᠦ᠂ ᠬᠡᠦᠬᠡᠨ ᠦ ᠠᠮᠢᠨ ᠢ ᠪᠡᠳᠡᠷᠢᠭᠰᠡᠳ ᠢᠨᠦ ᠨᠥᠭᠴᠢᠪᠡᠢ᠃ 21᠂ ᠬᠡᠮᠡᠭᠰᠡᠨ ᠳᠦᠷ ᠲᠡᠷᠡ ᠢᠨᠦ ᠪᠣᠰᠤᠭᠠᠳ᠂ ᠬᠡᠦᠬᠡᠨ ᠬᠢᠭᠡᠳ ᠲᠡᠭᠦᠨ ᠦ ᠡᠬᠡ ᠶᠢ ᠠᠪᠤᠭᠠᠳ᠂ ᠢᠰᠷᠠᠶᠢᠯ ᠤᠨ ᠭᠠᠵᠠᠷ ᠲᠤᠷ ᠣᠳᠪᠠᠢ ᠅ 22᠂ ᠲᠡᠶᠢᠨ ᠪᠣᠯᠪᠠᠴᠤ ᠲᠡᠷᠡ ᠢᠨᠦ ᠠᠷᠬᠢᠯᠠᠤᠰ ᠤᠨ ᠡᠴᠢᠭᠡ ᠶᠦᠭᠡᠨ ᠣᠷᠣᠨᠳᠠ ᠶᠦᠳᠢᠶ᠎ᠡ ᠳᠦᠷ ᠬᠠᠭᠠᠨ ᠪᠣᠯᠤᠭᠰᠠᠨ ᠢ ᠰᠣᠨᠣᠰᠤᠭᠠᠳ᠂ ᠲᠡᠨᠳᠡ ᠣᠳᠬᠤᠢ ᠠᠴᠠ ᠠᠶᠤᠪᠠᠢ᠃ ᠬᠠᠷᠢᠨ ᠵᠡᠭᠦᠳᠦᠨ ᠢᠶᠡᠷ ᠰᠤᠷᠭᠠᠭᠳᠠᠭᠠᠳ᠂ ᠲᠡᠷᠡ ᠢᠨᠦ ᠺᠠᠯᠢᠯᠢᠶ᠎ᠠ ᠶᠢᠨ ᠵᠦᠭ ᠲᠦᠷ ᠣᠳᠤᠭᠠᠳ᠂ ᠨᠠᠵᠠᠷᠢᠳ ᠬᠡᠮᠡᠭᠴᠢ ᠪᠠᠯᠭᠠᠰᠤᠨ ᠳᠤᠷ ᠨᠤᠲᠤᠭᠯᠠᠪᠠᠢ ᠅ 23᠂ ᠡᠨᠡ ᠮᠡᠲᠦ ᠪᠡᠷ᠂ ᠲᠡᠷᠡ ᠢᠨᠦ ᠨᠠᠵᠠᠷᠢᠳ ᠤᠨ ᠠᠶᠢᠮᠠᠭ ᠲᠤ ᠬᠡᠮᠡᠨ ᠨᠡᠷᠡᠶᠢᠳᠦᠭᠳᠡᠬᠦ ᠪᠤᠢ᠂ ᠬᠡᠮᠡᠨ ᠹᠣᠷᠣᠹᠢᠳ ᠤᠨ ᠥᠭᠦᠯᠡᠭᠰᠡᠨ ᠢᠨᠦ ᠪᠦᠲᠦᠪᠡᠢ ᠅
Nu geselecteerd:
ᠮᠠᠳᠲ᠋ᠢᠢ 2: MB1840
Markering
Deel
Kopiëren
Wil je jouw markerkingen op al je apparaten opslaan? Meld je aan of log in
Digital edition of the Mongolian translation published in 1840 (the Old Testament) and 1846 (the New Testament) by Edward Stallybrass and William Swan. Created by Bayarjargal Garamtseren and Simon Wong. Digital edition © United Bible Societies, 2020.

: