1
ᠢᠣᠸᠠᠨ 1:12
Mongolian Bible (1840)
ᠵᠦᠭᠡᠷ ᠠᠯᠢ ᠬᠡᠳ ᠲᠡᠭᠦᠨ ᠢ ᠠᠪᠤᠭᠴᠢᠳ ᠬᠡᠮᠡᠪᠡᠰᠦ᠂ ᠲᠡᠭᠦᠨ ᠦ ᠨᠡᠷ᠎ᠡ ᠳᠦᠷ ᠢᠲᠡᠭᠡᠭᠴᠢᠳ ᠲᠦᠷ ᠲᠡᠷᠡ ᠢᠨᠦ ᠪᠤᠷᠬᠠᠨ ᠤ ᠬᠡᠦᠬᠡᠳ ᠪᠣᠯᠬᠤᠢ ᠴᠢᠳᠠᠯ ᠢ ᠥᠭᠪᠡᠢ᠃
Porównaj
Przeglądaj ᠢᠣᠸᠠᠨ 1:12
2
ᠢᠣᠸᠠᠨ 1:1
ᠡᠬᠢᠨ ᠳᠦᠷ ᠯᠣᠭᠣᠰ ᠪᠤᠢ ᠪᠥᠯᠦᠭᠡ᠃ ᠯᠣᠭᠣᠰ ᠠᠨᠤ ᠪᠤᠷᠬᠠᠨ ᠯᠤᠭ᠎ᠠ ᠠᠭᠰᠠᠨ ᠪᠥᠭᠡᠳ᠂ ᠯᠣᠭᠣᠰ ᠠᠨᠤ ᠪᠤᠷᠬᠠᠨ ᠪᠥᠯᠦᠭᠡ᠃
Przeglądaj ᠢᠣᠸᠠᠨ 1:1
3
ᠢᠣᠸᠠᠨ 1:5
ᠲᠡᠶᠢᠨ ᠪᠥᠭᠡᠳ ᠭᠡᠷᠡᠯ ᠢᠨᠦ ᠬᠠᠷᠠᠩᠭᠤᠢ ᠳᠤᠷ ᠭᠡᠭᠡᠷᠡᠪᠡᠢ᠃ ᠬᠠᠷᠢᠨ ᠬᠠᠷᠠᠩᠭᠤᠢ ᠠᠨᠤ ᠲᠡᠭᠦᠨ ᠢ ᠡᠰᠡ ᠣᠷᠣᠭᠤᠯᠪᠠᠢ ᠅
Przeglądaj ᠢᠣᠸᠠᠨ 1:5
4
ᠢᠣᠸᠠᠨ 1:14
ᠯᠣᠭᠣᠰ ᠠᠨᠤ ᠮᠢᠬᠠᠨ (ᠴᠢᠰᠤᠨ ᠤ ᠲᠥᠷᠥᠯ ᠲᠦ) ᠪᠣᠯᠤᠭᠠᠳ ᠪᠢᠳᠡᠨ ᠦ ᠳᠣᠲᠣᠷ᠎ᠠ ᠨᠤᠲᠤᠭᠯᠠᠪᠠᠢ᠃ ᠲᠡᠶᠢᠨ ᠬᠦ ᠪᠢᠳᠡ ᠪᠡᠷ ᠡᠴᠢᠭᠡ ᠶᠢᠨ ᠣᠨᠴᠠ ᠲᠥᠷᠥᠭᠳᠡᠭᠰᠡᠨ ᠦ ᠴᠣᠭ ᠵᠢᠪᠬᠤᠯᠠᠩ ᠮᠡᠲᠦ᠂ ᠲᠡᠭᠦᠨ ᠦ ᠬᠠᠶᠢᠷ᠎ᠠ ᠬᠢᠭᠡᠳ ᠦᠨᠡᠨ ᠢᠶᠡᠷ ᠲᠦᠭᠡᠮᠡᠯ ᠴᠣᠭ ᠵᠢᠪᠬᠤᠯᠠᠩ ᠢ ᠦᠵᠡᠪᠡᠢ᠃
Przeglądaj ᠢᠣᠸᠠᠨ 1:14
5
ᠢᠣᠸᠠᠨ 1:3-4
ᠬᠠᠮᠤᠭ ᠶᠠᠭᠤᠮᠠᠳ ᠠᠨᠤ ᠲᠡᠭᠦᠨ ᠢᠶᠡᠷ ᠪᠣᠯᠪᠠᠰᠤᠷᠠᠭᠤᠯᠤᠭᠳᠠᠪᠠᠢ᠃ ᠲᠡᠭᠦᠨ ᠦᠭᠡᠢ ᠪᠡᠷ ᠪᠣᠯᠪᠠᠰᠤᠷᠠᠭᠰᠠᠨ ᠶᠠᠭᠤᠨ ᠴᠤ ᠡᠰᠡ ᠪᠣᠯᠪᠠᠰᠤᠷᠠᠭᠤᠯᠤᠭᠳᠠᠪᠠᠢ᠃ ᠲᠡᠭᠦᠨ ᠦ ᠳᠣᠲᠣᠷ᠎ᠠ ᠠᠮᠢᠨ ᠠᠭᠰᠠᠨ ᠪᠥᠭᠡᠳ᠂ ᠲᠡᠷᠡ ᠬᠦ ᠠᠮᠢᠨ ᠠᠨᠤ ᠬᠦᠮᠦᠨ ᠦ ᠭᠡᠷᠡᠯ ᠮᠥᠨ ᠪᠥᠯᠦᠭᠡ᠃
Przeglądaj ᠢᠣᠸᠠᠨ 1:3-4
6
ᠢᠣᠸᠠᠨ 1:29
ᠲᠡᠷᠡ ᠡᠳᠦᠷ ᠦᠨ ᠮᠠᠨᠠᠭᠠᠷ ᠢᠣᠸᠠᠨ ᠠᠨᠤ ᠢᠢᠰᠦᠰ ᠦᠨ ᠲᠡᠭᠦᠨ ᠳᠦᠷ ᠢᠷᠡᠬᠦᠢ ᠶᠢ ᠦᠵᠡᠭᠡᠳ ᠥᠭᠦᠯᠡᠷᠦᠨ᠃ ᠪᠤᠷᠬᠠᠨ ᠤ ᠬᠤᠷᠢᠭᠠᠨ ᠢ ᠦᠵᠡᠲᠦᠭᠡᠢ᠃ ᠲᠡᠷᠡ ᠢᠨᠦ ᠶᠢᠷᠲᠢᠨᠴᠦ ᠶᠢᠨ ᠬᠢᠯᠢᠨᠴᠡ ᠶᠢ ᠳᠠᠭᠠᠭᠠᠭᠴᠢ ᠮᠥᠨ᠃
Przeglądaj ᠢᠣᠸᠠᠨ 1:29
7
ᠢᠣᠸᠠᠨ 1:10-11
ᠲᠡᠷᠡ ᠢᠨᠦ ᠶᠢᠷᠲᠢᠨᠴᠦ ᠳᠦᠷ ᠠᠭᠰᠠᠨ ᠪᠥᠭᠡᠳ᠂ ᠶᠢᠷᠲᠢᠨᠴᠦ ᠴᠤ ᠲᠡᠭᠦᠨ ᠢᠶᠡᠷ ᠪᠣᠯᠪᠠᠰᠤᠷᠠᠭᠤᠯᠤᠭᠳᠠᠪᠠᠢ᠃ ᠬᠠᠷᠢᠨ ᠶᠢᠷᠲᠢᠨᠴᠦ ᠢᠨᠦ ᠲᠡᠭᠦᠨ ᠢ ᠡᠰᠡ ᠲᠠᠨᠢᠪᠠᠢ᠃ ᠲᠡᠷᠡ ᠢᠨᠦ ᠥᠪᠡᠷ ᠦᠨ (ᠣᠷᠣᠨ) ᠳᠤᠷ ᠥᠭᠡᠳᠡ ᠪᠣᠯᠪᠠᠢ᠃ ᠬᠠᠷᠢᠨ ᠲᠡᠭᠦᠨ ᠦ ᠤᠯᠤᠰ ᠠᠨᠤ ᠲᠡᠭᠦᠨ ᠢ ᠡᠰᠡ ᠲᠠᠭᠠᠯᠠᠨ ᠠᠪᠤᠪᠠᠢ᠃
Przeglądaj ᠢᠣᠸᠠᠨ 1:10-11
8
ᠢᠣᠸᠠᠨ 1:9
ᠶᠢᠷᠲᠢᠨᠴᠦ ᠳᠦᠷ ᠢᠷᠡᠭᠴᠢ ᠦᠨᠡᠨ ᠭᠡᠷᠡᠯ ᠢᠨᠦ ᠠᠯᠢᠪᠠ ᠬᠦᠮᠦᠨ ᠢ ᠭᠡᠶᠢᠭᠦᠯᠦᠭᠴᠢ ᠮᠥᠨ᠃
Przeglądaj ᠢᠣᠸᠠᠨ 1:9
9
ᠢᠣᠸᠠᠨ 1:17
ᠲᠡᠷᠡ ᠶᠠᠭᠤᠨ ᠤ ᠲᠤᠯᠠ ᠬᠡᠮᠡᠪᠡᠰᠦ᠂ ᠲᠣᠭᠲᠠᠭᠠᠯ ᠬᠡᠮᠡᠪᠡᠰᠦ ᠮᠣᠰᠢ ᠪᠠᠷ ᠥᠭᠲᠡᠪᠡᠢ᠃ ᠬᠠᠶᠢᠷ᠎ᠠ ᠬᠢᠭᠡᠳ ᠦᠨᠡᠨ ᠢᠨᠦ ᠢᠢᠰᠦᠰ ᠬᠡᠷᠢᠰᠲ᠋ᠣᠰ ᠢᠶᠠᠷ ᠪᠣᠯᠤᠭᠰᠠᠨ ᠪᠤᠢ᠃
Przeglądaj ᠢᠣᠸᠠᠨ 1:17
Strona główna
Biblia
Plany
Nagrania wideo