1
ᠯᠦᠺᠡ 22:42
Mongolian Bible (1840)
᠂ ᠡᠴᠢᠭᠡ ᠡ᠂ ᠬᠡᠷᠪᠡ ᠴᠢᠨᠦ ᠲᠠᠭᠠᠯᠠᠯ ᠠᠨᠤ ᠲᠡᠶᠢᠮᠦ ᠪᠣᠯᠪᠠᠰᠤ᠂ ᠡᠨᠡ ᠬᠦ ᠠᠶᠠᠭᠠᠨ ᠢ ᠨᠠᠳᠠᠴᠠ ᠬᠠᠭᠠᠴᠠᠭᠤᠯᠤᠨ ᠰᠣᠶᠤᠷᠬ᠎ᠠ᠃ ᠲᠡᠶᠢᠨ ᠪᠣᠯᠪᠠᠴᠤ ᠮᠢᠨᠦ ᠳᠤᠷ᠎ᠠ ᠪᠠᠷ ᠦᠯᠦ ᠪᠣᠯᠤᠨ᠂ ᠴᠢᠨᠦ ᠲᠠᠭᠠᠯᠠᠯ ᠠᠨᠤ ᠪᠦᠲᠦᠬᠦ ᠪᠣᠯᠲᠤᠭᠠᠢ᠃
Porównaj
Przeglądaj ᠯᠦᠺᠡ 22:42
2
ᠯᠦᠺᠡ 22:32
᠂ ᠵᠦᠭᠡᠷ ᠴᠢᠨᠦ ᠢᠲᠡᠭᠡᠯ ᠦᠨ ᠦᠯᠦ ᠪᠠᠭᠤᠷᠠᠬᠤ ᠶᠢᠨ ᠲᠤᠯᠠ ᠪᠢ ᠪᠡᠷ ᠴᠢᠨᠦ ᠤᠴᠢᠷ᠎ᠠ ᠵᠠᠯᠪᠠᠷᠢᠭᠰᠠᠨ ᠪᠤᠢ᠃ ᠲᠡᠶᠢᠨ ᠬᠦ ᠴᠢ ᠪᠡᠷ ᠤᠷᠪᠠᠨ ᠪᠢᠰᠢᠷᠡᠬᠦᠢ ᠳᠡᠭᠡᠨ ᠠᠬ᠎ᠠ ᠳᠡᠭᠦᠦ ᠨᠠᠷ ᠢᠶᠠᠨ ᠲᠡᠩᠬᠡᠷᠡᠭᠦᠯᠦᠨ ᠦᠢᠯᠡᠳ᠃
Przeglądaj ᠯᠦᠺᠡ 22:32
3
ᠯᠦᠺᠡ 22:19
᠂ ᠵᠢᠴᠢ ᠪᠣᠭᠤᠷᠰᠤᠭ ᠢ ᠠᠪᠤᠭᠠᠳ ᠮᠠᠭᠲᠠᠭᠠᠯ ᠢ ᠡᠷᠭᠦᠭᠡᠳ᠂ ᠬᠤᠭᠤᠯᠤᠨ ᠲᠡᠳᠡᠨ ᠳᠦᠷ ᠥᠭᠭᠦᠨ ᠡᠶᠢᠨ ᠵᠠᠷᠯᠢᠭ ᠪᠣᠯᠤᠷᠤᠨ᠃ ᠡᠨᠡ ᠢᠨᠦ ᠮᠠᠬᠠᠪᠣᠳ ᠪᠡᠶ᠎ᠡ ᠮᠥᠨ᠃ ᠲᠡᠷᠡ ᠢᠨᠦ ᠲᠠᠨ ᠤ ᠲᠤᠯᠠ ᠥᠭᠳᠡᠮᠦᠢ᠃ ᠨᠠᠮᠠᠶᠢ ᠰᠠᠨᠠᠬᠤ ᠶᠢᠨ ᠲᠤᠯᠠ ᠡᠭᠦᠨ ᠢ ᠦᠢᠯᠡᠳᠳᠦᠭᠲᠦᠨ᠃
Przeglądaj ᠯᠦᠺᠡ 22:19
4
ᠯᠦᠺᠡ 22:20
᠂ ᠵᠢᠴᠢ ᠦᠳᠡᠰᠢ ᠶᠢᠨ ᠵᠣᠭᠤᠭ ᠠᠴᠠ ᠬᠣᠶᠢᠨᠠ ᠲᠡᠷᠡ ᠢᠨᠦ ᠠᠶᠠᠭᠠᠨ ᠢ ᠠᠪᠤᠭᠠᠳ ᠡᠶᠢᠨ ᠵᠠᠷᠯᠢᠭ ᠪᠣᠯᠤᠷᠤᠨ᠃ ᠡᠨᠡ ᠢᠨᠦ ᠮᠢᠨᠦ ᠴᠢᠰᠤᠨ ᠤ ᠳᠣᠲᠣᠷ᠎ᠠ ᠰᠢᠨ᠎ᠡ ᠭᠡᠷᠢᠶᠡᠰ ᠲᠣᠭᠲᠠᠭᠠᠯ ᠮᠥᠨ᠃ ᠲᠡᠷᠡ ᠢᠨᠦ ᠲᠠᠨ ᠤ ᠲᠤᠯᠠ ᠠᠰᠬᠠᠭᠳᠠᠮᠤᠢ᠃
Przeglądaj ᠯᠦᠺᠡ 22:20
5
ᠯᠦᠺᠡ 22:44
᠂ ᠲᠡᠷᠡ ᠢᠨᠦ ᠶᠡᠬᠡ ᠭᠠᠰᠠᠯᠠᠩ ᠲᠤ ᠪᠣᠯᠤᠭᠠᠳ᠂ ᠮᠠᠰᠢᠳᠠ ᠵᠢᠳᠬᠦᠨ ᠵᠠᠯᠪᠠᠷᠢᠪᠠᠢ᠃ ᠲᠡᠭᠦᠨ ᠦ ᠬᠥᠯᠥᠰᠦᠨ ᠴᠤ ᠴᠢᠰᠤᠨ ᠤ ᠳᠤᠰᠤᠯ ᠮᠡᠲᠦ ᠪᠡᠷ ᠭᠠᠵᠠᠷ ᠲᠤᠷ ᠴᠤᠪᠤᠷᠢᠨ ᠤᠨᠠᠯᠤᠭᠠ᠃
Przeglądaj ᠯᠦᠺᠡ 22:44
6
ᠯᠦᠺᠡ 22:26
᠂ ᠵᠦᠭᠡᠷ ᠲᠠ ᠪᠡᠷ ᠲᠡᠶᠢᠨ ᠪᠤᠰᠤ᠂ ᠬᠠᠷᠢᠨ ᠲᠠᠨ ᠠᠴᠠ ᠠᠯᠢ ᠬᠡᠨ ᠦᠯᠡᠮᠵᠢ ᠶᠡᠬᠡ ᠠᠭᠴᠢ ᠠᠨᠤ ᠬᠠᠮᠤᠭ ᠠᠴᠠ ᠥᠴᠦᠬᠡᠨ ᠮᠡᠲᠦ ᠪᠣᠯᠬᠤ ᠪᠥᠭᠡᠳ᠂ ᠠᠬᠠᠯᠠᠨ ᠤᠳᠤᠷᠢᠳᠤᠭᠴᠢ ᠴᠤ ᠵᠠᠷᠤᠴᠠ ᠮᠡᠲᠦ ᠪᠣᠯᠬᠤ ᠪᠣᠯᠲᠤᠭᠠᠢ᠃
Przeglądaj ᠯᠦᠺᠡ 22:26
7
ᠯᠦᠺᠡ 22:34
᠂ ᠬᠡᠮᠡᠨ ᠠᠶᠢᠯᠠᠳᠬᠠᠭᠰᠠᠨ ᠳᠤᠷ ᠢᠢᠰᠦᠰ ᠢᠨᠦ ᠵᠠᠷᠯᠢᠭ ᠪᠣᠯᠤᠷᠤᠨ᠃ ᠹᠢᠲ᠋ᠢᠷ ᠡ᠂ ᠮᠢᠨᠦ ᠴᠢᠮᠠᠳᠤᠷ ᠥᠭᠦᠯᠡᠬᠦᠢ ᠢᠨᠦ ᠡᠳᠦᠭᠡ ᠡᠳᠦᠷ᠎ᠡ ᠴᠢᠨᠦ ᠨᠠᠮᠠᠶᠢ ᠦᠯᠦ ᠲᠠᠨᠢᠬᠤᠢ ᠶᠢ ᠭᠤᠷᠪᠠᠨ ᠲᠠ ᠥᠭᠦᠯᠡᠬᠦ ᠡᠴᠡ ᠤᠷᠢᠳᠠ ᠡᠷ᠎ᠡ ᠲᠠᠬᠢᠶ᠎ᠠ ᠠᠨᠤ ᠦᠯᠦ ᠳᠣᠩᠭᠤᠳᠬᠤ ᠪᠤᠢ ᠅
Przeglądaj ᠯᠦᠺᠡ 22:34
Strona główna
Biblia
Plany
Nagrania wideo