ᠢᠣᠸᠠᠨ 2
2
ᠬᠣᠶᠠᠳᠤᠭᠠᠷ ᠪᠦᠯᠦᠭ ᠅
1ᠭᠤᠷᠪᠠᠳᠤᠭᠠᠷ ᠡᠳᠦᠷ᠎ᠡ ᠺᠠᠯᠢᠯᠢᠶ᠎ᠠ ᠶᠢᠨ ᠺᠠᠨᠠ᠋ ᠳᠤᠷ ᠨᠢᠭᠡᠨ ᠬᠤᠷᠢᠮ ᠪᠣᠯᠪᠠᠢ᠃ ᠢᠢᠰᠦᠰ ᠦᠨ ᠡᠬᠡ ᠢᠨᠦ ᠲᠡᠨᠳᠡ ᠪᠥᠯᠦᠭᠡ᠃ 2ᠪᠠᠰᠠ ᠢᠢᠰᠦᠰ ᠬᠢᠭᠡᠳ ᠲᠡᠭᠦᠨ ᠦ ᠱᠠᠪᠢᠨᠠᠷ ᠠᠨᠤ ᠲᠡᠷᠡ ᠬᠦ ᠬᠤᠷᠢᠮ ᠳᠤᠷ ᠤᠷᠢᠭᠳᠠᠪᠠᠢ᠃ 3ᠦᠵᠦᠮ ᠦᠨ ᠤᠮᠳᠠᠭᠠᠨ ᠤ ᠳᠤᠲᠠᠭᠰᠠᠨ ᠳᠤᠷ ᠢᠢᠰᠦᠰ ᠦᠨ ᠡᠬᠡ ᠢᠨᠦ ᠲᠡᠭᠦᠨ ᠳᠦᠷ ᠠᠶᠢᠯᠠᠳᠬᠠᠷᠤᠨ᠃ ᠲᠡᠳᠡᠨ ᠳᠦᠷ ᠦᠵᠦᠮ ᠦᠨ ᠤᠮᠳᠠᠭᠠᠨ ᠦᠭᠡᠢ ᠪᠤᠢ᠃ 4ᠢᠢᠰᠦᠰ ᠢᠨᠦ ᠲᠡᠭᠦᠨ ᠳᠦᠷ ᠵᠠᠷᠯᠢᠭ ᠪᠣᠯᠤᠷᠤᠨ᠃ ᠡᠮ᠎ᠡ ᠡ᠂ ᠪᠢ ᠪᠡᠷ ᠴᠢᠮᠠᠳᠤᠷ ᠶᠠᠭᠤᠨ ᠬᠡᠷᠡᠭ ᠲᠦ ᠪᠤᠶᠤ᠃ ᠮᠢᠨᠦ ᠴᠠᠭ ᠢᠷᠡᠭᠡ ᠡᠳᠦᠢ᠃ 5ᠲᠡᠭᠦᠨ ᠦ ᠡᠬᠡ ᠢᠨᠦ ᠵᠠᠷᠤᠴᠠᠨᠠᠷ ᠲᠤᠷ ᠡᠶᠢᠨ᠃ ᠲᠡᠭᠦᠨ ᠦ ᠲᠠᠨ ᠳᠤᠷ ᠶᠠᠭᠤᠨ ᠵᠠᠷᠯᠢᠭ ᠪᠣᠯᠬᠤᠢ ᠶᠢ ᠪᠦᠲᠦᠭᠡᠭᠲᠦᠨ᠂ ᠬᠡᠮᠡᠯᠦᠭᠡ᠃ 6ᠶᠦᠳᠠᠲᠠᠨ ᠤ ᠤᠬᠢᠶᠠᠯ ᠤᠨ ᠶᠣᠰᠤᠭᠠᠷ ᠲᠡᠨᠳᠡ ᠵᠢᠷᠭᠤᠭᠠᠨ ᠰᠢᠪᠠᠷ ᠬᠤᠮᠬ᠎ᠠ ᠠᠨᠤ ᠲᠠᠯᠪᠢᠭᠳᠠᠭᠰᠠᠨ ᠪᠥᠯᠦᠭᠡ᠃ ᠬᠤᠮᠬ᠎ᠠ ᠪᠦᠷᠢ ᠬᠣᠰᠢᠶᠠᠭᠠᠳ ᠭᠤᠷᠪᠠᠭᠠᠳ ᠲᠣᠷᠬᠤᠨ ᠤ ᠲᠡᠳᠦᠢ ᠴᠢᠨᠡᠭᠡᠨ ᠪᠠᠭᠲᠠᠭᠠᠳᠠᠭ ᠠᠵᠢᠭᠤ᠃ 7ᠢᠢᠰᠦᠰ ᠢᠨᠦ ᠲᠡᠳᠡᠨ ᠳᠦᠷ ᠡᠶᠢᠨ᠃ ᠬᠤᠮᠬ᠎ᠠ ᠨᠤᠭᠤᠳ ᠢ ᠤᠰᠤᠨ ᠢᠶᠠᠷ ᠳᠦᠭᠦᠷᠭᠡᠭᠲᠦᠨ᠂ ᠬᠡᠮᠡᠨ ᠵᠠᠷᠯᠢᠭ ᠪᠣᠯᠪᠠᠢ᠃ ᠲᠡᠳᠡ ᠴᠤ (ᠬᠤᠮᠬ᠎ᠠ) ᠨᠤᠭᠤᠳ ᠢ ᠠᠮᠠᠰᠠᠷ ᠬᠦᠷᠲᠡᠯ᠎ᠡ ᠳᠦᠭᠦᠷᠭᠡᠪᠡᠢ᠃ 8ᠪᠠᠰᠠ ᠲᠡᠷᠡ ᠢᠨᠦ ᠲᠡᠳᠡᠨ ᠳᠦᠷ ᠡᠶᠢᠨ᠃ ᠡᠳᠦᠭᠡ ᠤᠳᠬᠤᠭᠠᠳ ᠬᠤᠷᠢᠮ ᠢ ᠪᠡᠯᠡᠳᠦᠭᠴᠢ ᠳᠦᠷ ᠪᠠᠷᠢᠭᠲᠤᠨ᠃ ᠬᠡᠮᠡᠨ ᠵᠠᠷᠯᠢᠭ ᠪᠣᠯᠤᠭᠰᠠᠨ ᠳᠤᠷ ᠲᠡᠳᠡ ᠢᠨᠦ ᠪᠠᠷᠢᠪᠠᠢ᠃ 9ᠲᠡᠨᠳᠡ ᠬᠤᠷᠢᠮ ᠢ ᠪᠡᠯᠡᠳᠦᠭᠴᠢ ᠢᠨᠦ ᠦᠵᠦᠮ ᠦᠨ ᠤᠮᠳᠠᠭᠠᠨ ᠳᠤᠷ ᠬᠤᠪᠢᠯᠭᠠᠭᠳᠠᠭᠰᠠᠨ ᠤᠰᠤᠨ ᠠᠴᠠ ᠠᠮᠰᠠᠪᠠᠢ᠃ ᠤᠰᠤᠨ ᠢ ᠤᠳᠬᠤᠭᠰᠠᠨ ᠵᠠᠷᠤᠴᠠᠨᠠᠷ ᠠᠨᠤ ᠡᠨᠡ ᠮᠡᠲᠦ ᠬᠠᠮᠢᠭ᠎ᠠ ᠠᠴᠠ ᠪᠣᠯᠤᠭᠰᠠᠨ ᠢ ᠮᠡᠳᠡᠪᠡᠴᠦ᠂ ᠵᠣᠭᠤᠭ ᠢ ᠪᠡᠯᠡᠳᠦᠭᠴᠢ ᠢᠨᠦ ᠡᠰᠡ ᠮᠡᠳᠡᠭᠡᠳ᠂ ᠲᠤᠰᠢᠶ᠎ᠠ ᠲᠤ ᠡᠷ᠎ᠡ ᠶᠢ ᠳᠠᠭᠤᠳᠠᠵᠤ ᠲᠡᠭᠦᠨ ᠳᠦᠷ ᠡᠶᠢᠨ᠃ 10ᠠᠯᠢᠪᠠ ᠬᠦᠮᠦᠨ ᠢᠨᠦ ᠤᠷᠢᠳᠠᠭᠠᠷ ᠰᠠᠶᠢᠨ ᠤᠮᠳᠠᠭᠠᠨ ᠢ ᠥᠭᠭᠦᠭᠡᠳ ᠵᠣᠴᠢᠳ ᠤᠨ ᠶᠡᠬᠡ ᠤᠭᠤᠭᠰᠠᠨ ᠤ ᠬᠣᠶᠢᠨᠠ ᠮᠠᠭᠤ ᠶᠢ ᠥᠭᠭᠦᠳᠡᠭ᠃ (ᠵᠦᠭᠡᠷ) ᠴᠢ ᠪᠡᠷ ᠰᠠᠶᠢᠨ ᠤᠮᠳᠠᠭᠠᠨ ᠢ ᠡᠳᠦᠭᠡ ᠪᠣᠯᠲᠠᠯ᠎ᠠ ᠬᠠᠳᠠᠭᠠᠯᠠᠭᠰᠠᠨ ᠪᠤᠢ᠃ ᠬᠡᠮᠡᠯᠦᠭᠡ᠃ 11ᠢᠢᠰᠦᠰ ᠢᠨᠦ ᠡᠨᠡ ᠲᠡᠷᠢᠭᠦᠨ ᠪᠡᠯᠭᠡ ᠶᠢ ᠺᠠᠯᠢᠯᠢᠶ᠎ᠠ ᠶᠢᠨ ᠺᠠᠨᠠ᠋ ᠳᠤᠷ ᠦᠢᠯᠡᠳᠴᠦ ᠴᠣᠭ ᠵᠢᠪᠬᠤᠯᠠᠩ ᠢᠶᠠᠨ ᠢᠯᠡᠷᠬᠡᠶᠢᠯᠡᠪᠡᠢ᠃ ᠲᠡᠶᠢᠨ ᠪᠥᠭᠡᠳ ᠲᠡᠭᠦᠨ ᠦ ᠱᠠᠪᠢᠨᠠᠷ ᠠᠨᠤ ᠲᠡᠭᠦᠨ ᠳᠦᠷ ᠢᠲᠡᠭᠡᠵᠦᠬᠦᠢ ᠅ 12ᠲᠡᠨᠳᠡᠴᠡ ᠲᠡᠷᠡ ᠬᠢᠭᠡᠳ ᠲᠡᠭᠦᠨ ᠦ ᠡᠬᠡ ᠪᠠ ᠳᠡᠭᠦᠦ ᠨᠡᠷ ᠬᠢᠭᠡᠳ ᠱᠠᠪᠢᠨᠠᠷ ᠴᠤ ᠺᠠᠹᠢᠷᠨᠠ᠋ ᠦᠮ ᠳᠤᠷ ᠥᠭᠡᠳᠡ ᠪᠣᠯᠪᠠᠢ᠃ ᠬᠠᠷᠢᠨ ᠲᠡᠳᠡ ᠢᠨᠦ ᠲᠡᠨᠳᠡ ᠣᠯᠠᠨ ᠡᠳᠦᠷ᠎ᠡ ᠡᠰᠡ ᠪᠠᠶᠢᠯᠤᠭ᠎ᠠ ᠅ 13ᠲᠡᠷᠡ ᠬᠦ ᠴᠠᠭ ᠲᠤᠷ ᠶᠦᠳᠠᠲᠠᠨ ᠤ ᠹᠠᠰᠬᠠ ᠠᠨᠤ ᠰᠢᠳᠠᠷ ᠪᠥᠯᠦᠭᠡ᠃ ᠲᠡᠶᠢᠨ ᠬᠦ ᠢᠢᠰᠦᠰ ᠢᠨᠦ ᠶᠢᠷᠤᠰᠠᠯᠢᠮ ᠳᠤᠷ ᠥᠭᠡᠳᠡ ᠪᠣᠯᠤᠭᠠᠳ᠃ 14ᠰᠦᠮ᠎ᠡ ᠶᠢᠨ ᠳᠣᠲᠣᠷ᠎ᠠ ᠦᠬᠡᠷ ᠬᠢᠭᠡᠳ ᠬᠣᠨᠢᠨ ᠪᠠ ᠬᠡᠭᠦᠷᠵᠡᠭᠡᠨ᠋ᠡ ᠨᠤᠭᠤᠳ ᠢ ᠬᠤᠳᠠᠯᠳᠤᠭᠴᠢᠳ ᠬᠢᠭᠡᠳ ᠮᠥᠩᠭᠦᠨ ᠢ ᠠᠷᠠᠯᠵᠢᠭᠴᠢᠳ ᠤᠨ ᠰᠠᠭᠤᠭᠰᠠᠨ ᠢ ᠣᠯᠪᠠᠢ᠃ 15ᠲᠡᠶᠢᠨ ᠬᠦ ᠲᠡᠷᠡ ᠢᠨᠦ ᠣᠯᠤᠰᠤ ᠪᠠᠷ ᠲᠠᠰᠢᠭᠤᠷ ᠢ ᠬᠢᠵᠦ᠂ ᠲᠡᠳᠡ ᠪᠦᠭᠦᠳᠡᠭᠡᠷ ᠬᠢᠭᠡᠳ ᠬᠣᠨᠢᠳ ᠪᠠ ᠦᠬᠡᠷ ᠦᠳ ᠢ ᠰᠦᠮ᠎ᠡ ᠡᠴᠡ ᠭᠠᠷᠭᠠᠭᠠᠳ᠂ ᠮᠥᠩᠭᠦᠨ ᠢ ᠠᠷᠠᠯᠵᠢᠭᠴᠢᠳ ᠤᠨ ᠮᠥᠩᠭᠦᠨ ᠢ ᠲᠠᠷᠬᠠᠭᠠᠨ᠂ ᠰᠢᠷᠡᠭᠡᠳ ᠢ ᠬᠥᠮᠦᠷᠢᠭᠦᠯᠦᠨ᠃ 16ᠬᠡᠭᠦᠷᠵᠡᠭᠡᠨ᠋ᠡ ᠨᠤᠭᠤᠳ ᠢ ᠬᠤᠳᠠᠯᠳᠤᠭᠴᠢᠳ ᠲᠤᠷ ᠡᠶᠢᠨ᠃ ᠡᠳᠡᠨ ᠢ ᠡᠨᠳᠡᠴᠡ ᠠᠪᠤᠭᠲᠤᠨ᠃ ᠮᠢᠨᠦ ᠡᠴᠢᠭᠡ ᠶᠢᠨ ᠭᠡᠷ ᠢ ᠬᠤᠳᠠᠯᠳᠤᠭᠠᠨ ᠤ ᠭᠡᠷ ᠪᠦᠦ ᠪᠣᠯᠭᠠᠭᠲᠤᠨ᠂ ᠬᠡᠮᠡᠨ ᠵᠠᠷᠯᠢᠭ ᠪᠣᠯᠪᠠᠢ᠃ 17ᠲᠡᠶᠢᠨ ᠠᠬᠤᠶ᠎ᠠ ᠴᠢᠨᠦ ᠭᠡᠷ ᠦᠨ ᠤᠴᠢᠷ᠎ᠠ ᠵᠢᠳᠬᠦᠯᠭᠡ ᠢᠨᠦ ᠨᠠᠮᠠᠶᠢ ᠢᠳᠡᠪᠡᠢ᠂ ᠬᠡᠮᠡᠨ ᠪᠢᠴᠢᠭᠳᠡᠭᠰᠡᠨ ᠢ ᠲᠡᠭᠦᠨ ᠦ ᠱᠠᠪᠢᠨᠠᠷ ᠠᠨᠤ ᠰᠠᠨᠠᠯᠤᠭᠠ᠃ 18ᠲᠡᠶᠢᠨ ᠪᠥᠭᠡᠲᠡᠯ᠎ᠡ ᠶᠦᠳᠠᠲᠠᠨ ᠢᠨᠦ ᠲᠡᠭᠦᠨ ᠳᠦᠷ ᠬᠠᠷᠢᠭᠤ ᠥᠭᠦᠯᠡᠷᠦᠨ᠃ ᠴᠢ ᠪᠡᠷ ᠡᠨᠡ ᠮᠡᠲᠦ ᠶᠢ ᠦᠢᠯᠡᠳᠦᠨ ᠠᠲᠠᠯ᠎ᠠ ᠪᠢᠳᠡᠨ ᠳᠦᠷ ᠶᠠᠮᠪᠠᠷ ᠪᠡᠯᠭᠡ ᠶᠢ ᠦᠵᠡᠭᠦᠯᠦᠮᠦᠶᠦ᠃ 19ᠢᠢᠰᠦᠰ ᠢᠨᠦ ᠲᠡᠳᠡᠨ ᠳᠦᠷ ᠬᠠᠷᠢᠭᠤ ᠡᠶᠢᠨ᠃ ᠡᠨᠡ ᠬᠦ ᠰᠦᠮ᠎ᠡ ᠶᠢ ᠡᠪᠳᠡᠭᠲᠦᠨ᠃ ᠲᠡᠶᠢᠨ ᠬᠦ ᠭᠤᠷᠪᠠᠨ ᠬᠣᠨᠣᠭ ᠲᠤᠷ ᠪᠢ ᠪᠡᠷ ᠲᠡᠭᠦᠨ ᠢ ᠡᠭᠦᠳᠰᠦ᠃ 20ᠬᠡᠮᠡᠨ ᠵᠠᠷᠯᠢᠭ ᠪᠣᠯᠤᠭᠰᠠᠨ ᠳᠤᠷ ᠶᠦᠳᠠᠲᠠᠨ ᠢᠨᠦ ᠲᠡᠭᠦᠨ ᠳᠦᠷ ᠡᠶᠢᠨ᠃ ᠡᠨᠡ ᠬᠦ ᠰᠦᠮ᠎ᠡ ᠢᠨᠦ ᠳᠥᠴᠢᠨ ᠵᠢᠷᠭᠤᠭᠠᠨ ᠵᠢᠯ ᠦᠨ ᠲᠡᠳᠦᠶᠡ ᠡᠭᠦᠳᠦᠭᠳᠡᠨ ᠠᠪᠠᠢ᠃ ᠴᠢ ᠪᠡᠷ ᠲᠡᠭᠦᠨ ᠢ ᠭᠤᠷᠪᠠᠨ ᠡᠳᠦᠷ᠎ᠡ ᠡᠭᠦᠳᠬᠦ ᠪᠤᠶᠤ᠃ ᠬᠡᠮᠡᠪᠡᠢ᠃ 21ᠵᠦᠭᠡᠷ ᠲᠡᠷᠡ ᠢᠨᠦ ᠥᠪᠡᠷ ᠦᠨ ᠪᠡᠶ᠎ᠡ ᠶᠢ ᠰᠦᠮ᠎ᠡ ᠪᠣᠯᠭᠠᠨ ᠵᠠᠷᠯᠢᠭ ᠪᠣᠯᠪᠠᠢ᠃ 22ᠲᠡᠶᠢᠮᠦ ᠶᠢᠨ ᠲᠤᠯᠠ ᠲᠡᠭᠦᠨ ᠦ ᠦᠬᠦᠭᠰᠡᠳ ᠡᠴᠡ ᠠᠮᠢᠳᠤᠷᠠᠭᠰᠠᠨ ᠤ ᠬᠣᠶᠢᠨᠠ ᠲᠡᠭᠦᠨ ᠦ ᠱᠠᠪᠢᠨᠠᠷ ᠠᠨᠤ ᠲᠡᠭᠦᠨ ᠦ ᠡᠨᠡ ᠵᠠᠷᠯᠢᠭ ᠪᠣᠯᠤᠭᠰᠠᠨ ᠢ ᠰᠠᠨᠠᠭᠠᠳ᠂ ᠪᠢᠴᠢᠭᠳᠡᠭᠰᠡᠨ ᠬᠢᠭᠡᠳ ᠢᠢᠰᠦᠰ ᠦᠨ ᠵᠠᠷᠯᠢᠭ ᠪᠣᠯᠤᠭᠰᠠᠨ ᠢ ᠢᠲᠡᠭᠡᠪᠡᠢ᠃ 23ᠹᠠᠰᠬᠠ ᠨᠠᠶᠢᠷ ᠤᠨ ᠴᠠᠭ᠋ᠠ ᠲᠡᠭᠦᠨ ᠦ ᠶᠢᠷᠤᠰᠠᠯᠢᠮ ᠤᠨ ᠳᠣᠲᠣᠷ᠎ᠠ ᠠᠬᠤᠢ ᠳᠤᠷ ᠣᠯᠠᠨ ᠠᠨᠤ ᠲᠡᠭᠦᠨ ᠦ ᠦᠢᠯᠡᠳᠦᠭᠰᠡᠨ ᠪᠡᠯᠭᠡᠰ ᠢ ᠦᠵᠡᠭᠡᠳ ᠲᠡᠭᠦᠨ ᠳᠦᠷ ᠢᠲᠡᠭᠡᠪᠡᠢ᠃ 24ᠵᠦᠭᠡᠷ ᠢᠢᠰᠦᠰ ᠢᠨᠦ ᠪᠡᠶ᠎ᠡ ᠪᠡᠨ ᠲᠡᠳᠡᠨ ᠳᠦᠷ ᠡᠰᠡ ᠢᠲᠡᠭᠡᠪᠡᠢ᠃ ᠲᠡᠷᠡ ᠶᠠᠭᠤᠨ ᠤ ᠲᠤᠯᠠ ᠬᠡᠮᠡᠪᠡᠰᠦ᠂ ᠲᠡᠷᠡ ᠢᠨᠦ ᠬᠦᠮᠦᠨ ᠪᠦᠭᠦᠳᠡᠭᠡᠷ ᠢ ᠲᠠᠨᠢᠵᠤ᠃ 25ᠬᠦᠮᠦᠨ ᠦ ᠳᠣᠲᠣᠷ᠎ᠠ ᠶᠠᠭᠤᠨ ᠠᠬᠤᠢ ᠶᠢ ᠮᠡᠳᠡᠭᠡᠳ᠂ ᠬᠦᠮᠦᠨ ᠦ ᠤᠴᠢᠷ᠎ᠠ ᠭᠡᠷᠡᠴᠢᠯᠡᠯᠭᠡᠨ ᠢ ᠡᠰᠡ ᠬᠡᠷᠡᠭᠯᠡᠯᠦᠭᠡ ᠅
Obecnie wybrane:
ᠢᠣᠸᠠᠨ 2: MB1840
Podkreślenie
Udostępnij
Kopiuj
Chcesz, aby twoje zakreślenia były zapisywane na wszystkich twoich urządzeniach? Zarejestruj się lub zaloguj
Digital edition of the Mongolian translation published in 1840 (the Old Testament) and 1846 (the New Testament) by Edward Stallybrass and William Swan. Created by Bayarjargal Garamtseren and Simon Wong. Digital edition © United Bible Societies, 2020.