4
ᠳᠥᠷᠪᠡᠳᠦᠭᠡᠷ ᠪᠦᠯᠦᠭ ᠅
1ᠢᠢᠰᠦᠰ ᠥᠪᠡᠷ ᠪᠤᠰᠤ᠂ ᠬᠠᠷᠢᠨ ᠲᠡᠭᠦᠨ ᠦ ᠱᠠᠪᠢᠨᠠᠷ ᠠᠨᠤ ᠪᠠᠹᠲ᠋ᠢᠰᠯᠠᠭᠰᠠᠨ ᠪᠣᠯᠪᠠᠴᠤ᠃ 2ᠢᠢᠰᠦᠰ ᠢᠨᠦ ᠢᠣᠸᠠᠨ ᠠᠴᠠ ᠣᠯᠠᠨ ᠱᠠᠪᠢᠨᠠᠷ ᠪᠣᠯᠭᠠᠳ ᠪᠠᠹᠲ᠋ᠢᠰᠯᠠᠭᠰᠠᠨ ᠪᠤᠢ᠃ ᠬᠡᠮᠡᠨ ᠹᠠᠷᠢᠰᠢ ᠨᠠᠷ ᠤᠨ ᠰᠣᠨᠣᠰᠤᠭᠰᠠᠨ ᠢ ᠡᠵᠡᠨ ᠢᠨᠦ ᠠᠶᠢᠯᠠᠳᠤᠭᠠᠳ᠃ 3ᠶᠦᠳᠢᠶᠠ ᠠᠴᠠ ᠬᠠᠭᠠᠴᠠᠭᠠᠳ᠂ ᠺᠠᠯᠢᠯᠢᠶ᠎ᠠ ᠳᠤᠷ ᠥᠭᠡᠳᠡ ᠪᠣᠯᠪᠠᠢ᠃ 4ᠲᠡᠷᠡ ᠢᠨᠦ ᠰᠠᠮᠠᠷᠢᠶ᠎ᠠ ᠶᠢ ᠠᠯᠤᠰᠳᠠᠬᠤᠶᠠ ᠬᠡᠷᠡᠭᠲᠦ ᠪᠣᠯᠤᠭᠠᠳ᠃ 5ᠶᠠᠺᠣᠪ ᠤᠨ ᠶᠣᠰᠢᠪ ᠬᠥᠪᠡᠭᠦᠨ ᠳᠡᠭᠡᠨ ᠥᠭᠭᠦᠭᠰᠡᠨ ᠭᠠᠵᠠᠷ ᠤᠨ ᠣᠶᠢᠷ᠎ᠠ ᠠᠭᠰᠠᠨ ᠰᠠᠮᠠᠷᠢᠶ᠎ᠠ ᠶᠢᠨ ᠰᠢᠢᠺᠠᠷ ᠬᠡᠮᠡᠬᠦ ᠨᠢᠭᠡᠨ ᠪᠠᠯᠭᠠᠰᠤᠨ ᠳᠤᠷ ᠬᠦᠷᠪᠡᠢ᠃ 6ᠶᠠᠺᠣᠪ ᠤᠨ ᠬᠤᠳᠳᠤᠭ ᠠᠨᠤ ᠲᠡᠨᠳᠡ ᠪᠥᠯᠦᠭᠡ᠃ ᠲᠡᠶᠢᠨ ᠬᠦ ᠢᠢᠰᠦᠰ ᠢᠨᠦ ᠵᠣᠷᠢᠯᠭᠠᠨ ᠠᠴᠠ ᠡᠴᠡᠭᠡᠳ᠂ ᠵᠢᠷᠭᠤᠳᠤᠭᠠᠷ ᠴᠠᠭ ᠪᠣᠯᠤᠭᠰᠠᠨ᠋ᠠ ᠬᠤᠳᠳᠤᠭ ᠤᠨ ᠵᠠᠬ᠎ᠠ ᠳᠤᠷ ᠰᠠᠭᠤᠪᠠᠢ᠃ 7ᠲᠡᠭᠦᠨ ᠦ ᠱᠠᠪᠢᠨᠠᠷ ᠠᠨᠤ ᠬᠦᠨᠡᠰᠦᠨ ᠢ ᠬᠤᠳᠠᠯᠳᠤᠵᠤ ᠠᠪᠤᠷᠠ ᠪᠠᠯᠭᠠᠰᠤᠨ ᠳᠤᠷ ᠣᠳᠤᠭᠰᠠᠨ ᠪᠥᠯᠦᠭᠡ᠃ ᠰᠠᠮᠠᠷᠢᠶ᠎ᠠ ᠶᠢᠨ ᠨᠢᠭᠡᠨ ᠡᠮ᠎ᠡ ᠢᠨᠦ ᠤᠰᠤᠨ ᠢ ᠤᠳᠬᠤᠷᠠ ᠢᠷᠡᠪᠡᠢ᠃ 8ᠢᠢᠰᠦᠰ ᠢᠨᠦ ᠲᠡᠭᠦᠨ ᠳᠦᠷ ᠵᠠᠷᠯᠢᠭ ᠪᠣᠯᠤᠷᠤᠨ᠃ (ᠤᠰᠤᠨ ᠠᠴᠠ) ᠨᠠᠳᠤᠷ ᠥᠭᠴᠦ ᠤᠭᠤᠯᠭᠠ᠃ 9ᠰᠠᠮᠠᠷᠢᠶ᠎ᠠ ᠶᠢᠨ ᠡᠮ᠎ᠡ ᠢᠨᠦ ᠬᠠᠷᠢᠭᠤ ᠠᠶᠢᠯᠠᠳᠬᠠᠷᠤᠨ᠃ ᠴᠢ ᠪᠡᠷ ᠶᠦᠳᠠ᠋ ᠶᠢᠨ ᠬᠦᠮᠦᠨ ᠪᠥᠭᠡᠲᠡᠯ᠎ᠡ᠂ ᠰᠠᠮᠠᠷᠢᠶ᠎ᠠ ᠶᠢᠨ ᠡᠮ᠎ᠡ ᠠᠭᠴᠢ ᠨᠠᠳᠠᠴᠠ ᠤᠮᠳᠠᠭᠠᠨ ᠤᠭᠤᠬᠤᠢ ᠶᠢ ᠶᠠᠬᠢᠨ ᠡᠷᠢᠮᠦᠶᠦ᠃ ᠬᠡᠮᠡᠪᠡᠰᠦ᠂ ᠶᠦᠳᠠᠲᠠᠨ ᠢᠨᠦ ᠰᠠᠮᠠᠷᠢᠶ᠎ᠠ ᠶᠢᠨ ᠤᠯᠤᠰ ᠯᠤᠭ᠎ᠠ ᠡᠰᠡ ᠨᠥᠬᠥᠴᠡᠯᠳᠦᠮᠦᠢ᠃ 10ᠢᠢᠰᠦᠰ ᠢᠨᠦ ᠲᠡᠭᠦᠨ ᠳᠦᠷ ᠬᠠᠷᠢᠭᠤ ᠵᠠᠷᠯᠢᠭ ᠪᠣᠯᠤᠷᠤᠨ᠃ ᠬᠡᠷᠪᠡ ᠴᠢ ᠪᠡᠷ ᠪᠤᠷᠬᠠᠨ ᠤ ᠥᠭᠯᠢᠭᠡ ᠶᠢ ᠮᠡᠳᠡᠨ᠂ ᠤᠰᠤᠨ ᠢ ᠤᠭᠤᠯᠭᠠ ᠬᠡᠮᠡᠨ ᠴᠢᠮᠠᠴᠠ ᠡᠷᠢᠭ᠍ᠴᠢ ᠶᠢ ᠲᠠᠨᠢᠪᠠᠰᠤ᠂ ᠴᠢ ᠪᠡᠷ ᠲᠡᠭᠦᠨ ᠡᠴᠡ ᠡᠷᠢᠬᠦ ᠪᠥᠯᠦᠭᠡ᠃ ᠲᠡᠶᠢᠨ ᠪᠡᠷ ᠲᠡᠷᠡ ᠢᠨᠦ ᠴᠢᠮᠠᠳᠤᠷ ᠠᠮᠢᠳᠤ ᠤᠰᠤᠨ ᠢ ᠥᠭᠬᠦ ᠪᠥᠯᠦᠭᠡ᠃ 11ᠡᠮ᠎ᠡ ᠢᠨᠦ ᠲᠡᠭᠦᠨ ᠳᠦᠷ ᠠᠶᠢᠯᠠᠳᠬᠠᠷᠤᠨ᠃ ᠡᠵᠡᠨ ᠡ᠂ ᠴᠢᠮᠠᠳᠤᠷ ᠤᠳᠬᠤᠭᠤᠷ ᠦᠭᠡᠢ ᠪᠥᠭᠡᠳ᠂ ᠬᠤᠳᠳᠤᠭ ᠴᠤ ᠭᠦᠨ ᠪᠥᠭᠡᠲᠡᠯ᠎ᠡ᠂ ᠴᠢᠮᠠᠳᠤᠷ ᠲᠡᠷᠡ ᠬᠦ ᠠᠮᠢᠳᠤ ᠤᠰᠤᠨ ᠠᠨᠤ ᠬᠠᠮᠢᠭ᠎ᠠ ᠠᠴᠠ ᠪᠤᠢ ᠪᠤᠶᠤ᠃ 12ᠴᠢ ᠪᠡᠷ ᠪᠢᠳᠡᠨ ᠳᠦᠷ ᠡᠨᠡ ᠬᠤᠳᠳᠤᠭ ᠢ ᠥᠭᠭᠦᠭᠰᠡᠨ ᠪᠢᠳᠡᠨ ᠦ ᠶᠠᠺᠣᠪ ᠡᠴᠢᠭᠡ ᠡᠴᠡ ᠶᠡᠬᠡ ᠪᠤᠶᠤ᠃ ᠲᠡᠷᠡ ᠬᠢᠭᠡᠳ ᠲᠡᠭᠦᠨ ᠦ ᠬᠥᠪᠡᠭᠦᠳ ᠪᠠ ᠲᠡᠭᠦᠨ ᠦ ᠮᠠᠯ ᠠᠨᠤ ᠲᠡᠭᠦᠨ ᠡᠴᠡ ᠤᠭᠤᠳᠠᠭ ᠪᠥᠯᠦᠭᠡ᠃ 13ᠢᠢᠰᠦᠰ ᠢᠨᠦ ᠲᠡᠭᠦᠨ ᠳᠦᠷ ᠬᠠᠷᠢᠭᠤ ᠵᠠᠷᠯᠢᠭ ᠪᠣᠯᠤᠷᠤᠨ᠃ ᠡᠨᠡ ᠬᠦ ᠤᠰᠤᠨ ᠠᠴᠠ ᠠᠯᠢᠪᠠ ᠤᠭᠤᠭᠴᠢ ᠠᠨᠤ ᠳ᠋ᠠᠬᠢᠨ ᠤᠮᠳᠠᠭᠠᠰᠬᠤ ᠪᠣᠯᠤᠶᠤ᠃ 14ᠵᠦᠭᠡᠷ ᠮᠢᠨᠦ ᠥᠭᠬᠦ ᠤᠰᠤᠨ ᠠᠴᠠ ᠠᠯᠢ ᠬᠡᠨ ᠤᠭᠤᠪᠠᠰᠤ᠂ ᠮᠥᠩᠬᠡ ᠳᠡ ᠦᠯᠦ ᠤᠮᠳᠠᠭᠠᠰᠬᠤ᠃ ᠬᠠᠷᠢᠨ ᠮᠢᠨᠦ ᠲᠡᠭᠦᠨ ᠳᠦᠷ ᠥᠭᠬᠦ ᠤᠰᠤᠨ ᠠᠨᠤ ᠲᠡᠭᠦᠨ ᠦ ᠳᠣᠲᠣᠷ᠎ᠠ ᠮᠥᠩᠬᠡ ᠠᠮᠢᠨ ᠳᠤᠷ ᠤᠷᠤᠰᠬᠤ ᠪᠤᠯᠠᠭ ᠪᠣᠯᠬᠤ ᠪᠤᠢ᠃ 15ᠡᠮ᠎ᠡ ᠢᠨᠦ ᠲᠡᠭᠦᠨ ᠳᠦᠷ ᠠᠶᠢᠯᠠᠳᠬᠠᠷᠤᠨ᠃ ᠡᠵᠡᠨ ᠡ᠂ ᠮᠢᠨᠦ ᠦᠯᠦ ᠤᠮᠳᠠᠭᠠᠰᠴᠤ᠂ ᠡᠨᠳᠡ ᠤᠳᠬᠤᠷᠠ ᠦᠯᠦ ᠢᠷᠡᠬᠦ ᠶᠢᠨ ᠲᠤᠯᠠ ᠲᠡᠷᠡ ᠬᠦ ᠤᠰᠤᠨ ᠠᠴᠠ ᠨᠠᠳᠤᠷ ᠥᠭᠭᠦᠨ ᠰᠣᠶᠤᠷᠬ᠎ᠠ᠃ 16ᠢᠢᠰᠦᠰ ᠢᠨᠦ ᠲᠡᠭᠦᠨ ᠳᠦᠷ ᠵᠠᠷᠯᠢᠭ ᠪᠣᠯᠤᠷᠤᠨ᠃ ᠣᠳᠤᠭᠠᠳ᠂ ᠡᠷ᠎ᠡ ᠪᠡᠨ ᠳᠠᠭᠤᠳᠠᠭᠠᠳ ᠢᠨᠠᠭᠰᠢ ᠢᠷᠡᠲᠦᠭᠡᠢ᠃ 17ᠡᠮ᠎ᠡ ᠢᠨᠦ ᠬᠠᠷᠢᠭᠤ ᠥᠭᠦᠯᠡᠷᠦᠨ᠃ ᠨᠠᠳᠤᠷ ᠡᠷ᠎ᠡ ᠦᠭᠡᠢ᠃ ᠢᠢᠰᠦᠰ ᠢᠨᠦ ᠲᠡᠭᠦᠨ ᠳᠦᠷ ᠵᠠᠷᠯᠢᠭ ᠪᠣᠯᠤᠷᠤᠨ᠃ ᠨᠠᠳᠤᠷ ᠡᠷ᠎ᠡ ᠦᠭᠡᠢ ᠬᠡᠮᠡᠨ ᠴᠢ ᠪᠡᠷ ᠦᠨᠡᠨ ᠢᠶᠡᠷ ᠥᠭᠦᠯᠡᠪᠡᠢ᠃ 18ᠲᠡᠷᠡ ᠶᠠᠭᠤᠨ ᠤ ᠲᠤᠯᠠ ᠬᠡᠮᠡᠪᠡᠰᠦ᠂ ᠴᠢᠮᠠᠳᠤᠷ ᠲᠠᠪᠤᠨ ᠡᠷ᠎ᠡ ᠠᠭᠰᠠᠨ ᠪᠤᠢ᠃ ᠡᠳᠦᠭᠡ ᠴᠢᠮᠠᠯᠤᠭ᠎ᠠ ᠨᠥᠬᠥᠴᠡᠭᠰᠡᠨ ᠢᠨᠦ ᠴᠢᠨᠦ ᠡᠷ᠎ᠡ ᠪᠤᠰᠤ᠃ ᠴᠢ ᠪᠡᠷ ᠦᠨᠡᠨ ᠦᠭᠡ ᠥᠭᠦᠯᠡᠪᠡᠢ᠃ 19ᠡᠮ᠎ᠡ ᠢᠨᠦ ᠲᠡᠭᠦᠨ ᠳᠦᠷ ᠠᠶᠢᠯᠠᠳᠬᠠᠷᠤᠨ᠃ ᠡᠵᠡᠨ ᠡ᠂ ᠴᠢᠮᠠᠶᠢ ᠹᠣᠷᠣᠹᠢᠳ ᠮᠥᠨ ᠬᠡᠮᠡᠨ ᠪᠢ ᠪᠡᠷ ᠠᠵᠢᠭᠯᠠᠮᠤᠢ᠃ 20ᠪᠢᠳᠡᠨ ᠦ ᠣᠪᠤᠭ ᠡᠴᠢᠭᠡᠨᠠᠷ ᠢᠨᠦ ᠡᠨᠡ ᠬᠦ ᠠᠭᠤᠯᠠᠨ ᠤ ᠳᠡᠭᠡᠷ᠎ᠡ ᠰᠢᠲᠦᠵᠦ ᠵᠠᠯᠪᠠᠷᠢᠳᠠᠭ ᠪᠥᠯᠦᠭᠡ᠃ ᠬᠠᠷᠢᠨ ᠲᠠᠨᠤ ᠥᠭᠦᠯᠡᠬᠦᠢ ᠪᠡᠷ ᠰᠢᠲᠦᠵᠦ ᠵᠠᠯᠪᠠᠷᠢᠬᠤ ᠶᠣᠰᠤ ᠲᠤ ᠣᠷᠣᠨ ᠠᠨᠤ ᠶᠢᠷᠤᠰᠠᠯᠢᠮ ᠳᠤᠷ ᠪᠤᠢ᠃ 21ᠢᠢᠰᠦᠰ ᠢᠨᠦ ᠲᠡᠭᠦᠨ ᠳᠦᠷ ᠵᠠᠷᠯᠢᠭ ᠪᠣᠯᠤᠷᠤᠨ᠃ ᠡᠮ᠎ᠡ ᠡ᠂ ᠲᠠᠨᠤ ᠡᠴᠢᠭᠡ ᠳᠦᠷ (ᠢᠮᠠᠭᠲᠠ) ᠡᠨᠡ ᠬᠦ ᠠᠭᠤᠯᠠᠨ ᠤ ᠳᠡᠭᠡᠷ᠎ᠡ᠂ (ᠢᠮᠠᠭᠲᠠ) ᠶᠢᠷᠤᠰᠠᠯᠢᠮ ᠳᠤᠷ ᠴᠤ ᠦᠯᠦ ᠰᠢᠲᠦᠵᠦ ᠵᠠᠯᠪᠠᠷᠢᠬᠤᠢ ᠴᠠᠭ ᠢᠷᠡᠬᠦ ᠪᠣᠯᠪᠠᠢ᠃ ᠮᠢᠨᠦ ᠬᠡᠮᠡᠭᠰᠡᠨ ᠢ ᠢᠲᠡᠭᠡᠨ ᠦᠢᠯᠡᠳ᠃ 22ᠲᠠ ᠪᠡᠷ ᠡᠰᠡ ᠮᠡᠳᠡᠭᠰᠡᠨ ᠳᠦᠷ ᠢᠶᠡᠷ ᠰᠢᠲᠦᠵᠦ ᠵᠠᠯᠪᠠᠷᠢᠮᠤᠢ᠃ ᠪᠢᠳᠡ ᠪᠡᠷ ᠮᠡᠳᠡᠭᠰᠡᠨ ᠳᠦᠷ ᠰᠢᠲᠦᠵᠦ ᠵᠠᠯᠪᠠᠷᠢᠮᠤᠢ ᠬᠡᠮᠡᠪᠡᠰᠦ᠂ ᠲᠣᠨᠢᠯᠭᠠᠯ ᠠᠨᠤ ᠶᠦᠳᠠᠲᠠᠨ ᠠᠴᠠ ᠭᠠᠷᠤᠮᠤᠢ᠃ 23ᠵᠦᠭᠡᠷ ᠦᠨᠡᠨ ᠰᠢᠲᠦᠵᠦ ᠵᠠᠯᠪᠠᠷᠢᠭᠴᠢᠳ ᠤᠨ ᠲᠣᠳᠤᠳᠬᠠᠯ ᠬᠢᠭᠡᠳ ᠦᠨᠡᠨ ᠢᠶᠡᠷ ᠡᠴᠢᠭᠡ ᠳᠦᠷ ᠰᠢᠲᠦᠵᠦ ᠵᠠᠯᠪᠠᠷᠢᠬᠤᠢ ᠴᠠᠭ ᠠᠨᠤ ᠰᠢᠳᠠᠷᠳᠠᠮᠤᠢ᠃ ᠡᠳᠦᠭᠡ ᠴᠤ ᠪᠤᠢ᠃ ᠲᠡᠷᠡ ᠶᠠᠭᠤᠨ ᠤ ᠲᠤᠯᠠ ᠬᠡᠮᠡᠪᠡᠰᠦ᠂ ᠡᠨᠡ ᠮᠡᠲᠦᠰ ᠢ ᠡᠴᠢᠭᠡ ᠢᠨᠦ ᠭᠡᠭᠡᠬᠡᠨ ᠪᠡᠶ᠎ᠡ ᠳᠡᠭᠡᠨ ᠰᠢᠲᠦᠵᠦ ᠵᠠᠯᠪᠠᠷᠢᠬᠤᠶᠠ ᠬᠡᠷᠡᠭᠯᠡᠮᠦᠢ᠃ 24ᠪᠤᠷᠬᠠᠨ ᠠᠨᠤ ᠲᠣᠳᠤᠳᠬᠠᠯ ᠪᠤᠢ ᠪᠥᠭᠡᠳ᠂ ᠲᠡᠭᠦᠨ ᠳᠦᠷ ᠰᠢᠲᠦᠵᠦ ᠵᠠᠯᠪᠠᠷᠢᠭᠴᠢᠳ ᠠᠨᠤ ᠲᠣᠳᠤᠳᠬᠠᠯ ᠬᠢᠭᠡᠳ ᠦᠨᠡᠨ ᠢᠶᠡᠷ ᠲᠡᠭᠦᠨ ᠳᠦᠷ ᠰᠢᠲᠦᠵᠦ ᠵᠠᠯᠪᠠᠷᠢᠬᠤ ᠶᠣᠰᠤ ᠲᠤ᠃ 25ᠡᠮ᠎ᠡ ᠢᠨᠦ ᠲᠡᠭᠦᠨ ᠳᠦᠷ ᠠᠶᠢᠯᠠᠳᠬᠠᠷᠤᠨ᠃ ᠬᠡᠷᠢᠰᠲ᠋ᠣᠰ ᠬᠡᠮᠡᠭᠴᠢ ᠮᠢᠰᠢᠶᠠ ᠠᠨᠤ ᠢᠷᠡᠮᠦᠢ᠂ ᠬᠡᠮᠡᠨ ᠪᠢ ᠪᠡᠷ ᠮᠡᠳᠡᠮᠦᠢ᠃ ᠲᠡᠷᠡ ᠢᠨᠦ ᠢᠷᠡᠭᠡᠳ ᠬᠠᠮᠤᠭ ᠢ ᠪᠢᠳᠡᠨ ᠳᠦᠷ ᠮᠡᠳᠡᠭᠦᠯᠬᠦ ᠪᠤᠢ᠃ 26ᠢᠢᠰᠦᠰ ᠢᠨᠦ ᠲᠡᠭᠦᠨ ᠳᠦᠷ ᠵᠠᠷᠯᠢᠭ ᠪᠣᠯᠤᠷᠤᠨ᠃ ᠴᠢᠮᠠᠳᠤᠷ ᠥᠭᠦᠯᠡᠭᠴᠢ ᠪᠢ ᠪᠡᠷ ᠲᠡᠷᠡ ᠮᠥᠨ᠃ 27ᠬᠡᠮᠡᠨ ᠵᠠᠷᠯᠢᠭ ᠪᠣᠯᠵᠤ ᠠᠲᠠᠯ᠎ᠠ ᠲᠡᠭᠦᠨ ᠦ ᠱᠠᠪᠢᠨᠠᠷ ᠠᠨᠤ ᠢᠷᠡᠭᠡᠳ᠂ ᠲᠡᠭᠦᠨ ᠦ ᠡᠮ᠎ᠡ ᠯᠦᠭᠡ ᠬᠡᠯᠡᠯᠴᠡᠭᠰᠡᠨ᠋ᠡ ᠭᠠᠶᠢᠬᠠᠪᠠᠴᠤ᠂ ᠴᠢ ᠪᠡᠷ ᠶᠠᠭᠤᠨ ᠢ ᠡᠷᠢᠮᠦᠶᠦ᠂ ᠡᠰᠡᠪᠡᠰᠦ ᠴᠢ ᠪᠡᠷ ᠲᠡᠭᠦᠨ ᠯᠦᠭᠡ ᠶᠠᠭᠤᠨ ᠵᠠᠷᠯᠢᠭ ᠪᠣᠯᠤᠮᠤᠶᠤ᠂ ᠬᠡᠮᠡᠨ ᠬᠡᠨ ᠴᠤ ᠡᠰᠡ ᠠᠰᠠᠭᠤᠪᠠᠢ᠃ 28ᠲᠡᠶᠢᠨ ᠪᠥᠭᠡᠳ ᠡᠮ᠎ᠡ ᠢᠨᠦ ᠰᠠᠪᠠ ᠪᠠᠨ ᠣᠷᠬᠢᠨ᠂ ᠪᠠᠯᠭᠠᠰᠤᠨ ᠳᠤᠷ ᠣᠳᠤᠭᠠᠳ᠂ (ᠲᠡᠨᠳᠡᠬᠢ) ᠬᠦᠮᠦᠨ ᠨᠦᠭᠦᠳ ᠲᠦᠷ ᠥᠭᠦᠯᠡᠷᠦᠨ᠃ 29ᠢᠷᠡᠭᠲᠦᠨ᠃ ᠮᠢᠨᠦ ᠬᠠᠮᠤᠭ ᠦᠢᠯᠡᠳᠦᠭᠰᠡᠨ ᠢ ᠨᠠᠳᠤᠷ ᠥᠭᠦᠯᠡᠭᠰᠡᠨ ᠬᠦᠮᠦᠨ ᠢ ᠦᠵᠡᠭᠲᠦᠨ᠃ ᠲᠡᠷᠡ ᠢᠨᠦ ᠬᠡᠷᠢᠰᠲ᠋ᠣᠰ ᠪᠢᠰᠢᠶᠦ᠃ 30ᠬᠡᠮᠡᠭᠰᠡᠨ ᠳᠦᠷ ᠲᠡᠳᠡ ᠢᠨᠦ ᠪᠠᠯᠭᠠᠰᠤᠨ ᠠᠴᠠ ᠭᠠᠷᠤᠭᠠᠳ ᠲᠡᠭᠦᠨ ᠳᠦᠷ ᠢᠷᠡᠪᠡᠢ᠃ 31ᠲᠡᠷᠡ ᠵᠠᠭᠤᠷ᠎ᠠ ᠱᠠᠪᠢᠨᠠᠷ ᠠᠨᠤ ᠭᠤᠶᠤᠵᠤ ᠲᠡᠭᠦᠨ ᠳᠦᠷ ᠠᠶᠢᠯᠠᠳᠬᠠᠷᠤᠨ᠃ ᠡᠵᠡᠨ ᠡ᠂ ᠵᠣᠭᠤᠭᠯᠠᠨ ᠰᠣᠶᠤᠷᠬ᠎ᠠ᠃ 32ᠲᠡᠷᠡ ᠢᠨᠦ ᠲᠡᠳᠡᠨ ᠳᠦᠷ ᠵᠠᠷᠯᠢᠭ ᠪᠣᠯᠤᠷᠤᠨ᠃ ᠨᠠᠳᠤᠷ ᠢᠳᠡᠬᠦ ᠢᠳᠡᠭᠡᠨ ᠪᠤᠢ ᠪᠣᠯᠠᠢ᠃ ᠲᠡᠭᠦᠨ ᠢ ᠲᠠ ᠪᠡᠷ ᠡᠰᠡ ᠮᠡᠳᠡᠮᠦᠢ᠃ 33ᠬᠡᠮᠡᠨ ᠵᠠᠷᠯᠢᠭ ᠪᠣᠯᠤᠭᠰᠠᠨ ᠳᠤᠷ ᠱᠠᠪᠢᠨᠠᠷ ᠠᠨᠤ ᠥᠪᠡᠷ ᠵᠠᠭᠤᠷ᠎ᠠ ᠪᠠᠨ ᠥᠭᠦᠯᠡᠯᠳᠦᠷᠦᠨ᠃ ᠲᠡᠭᠦᠨ ᠳᠦᠷ ᠢᠳᠡᠭᠡᠨ ᠢ ᠬᠡᠨ ᠡᠷᠭᠦᠪᠦᠦ᠃ 34ᠢᠢᠰᠦᠰ ᠢᠨᠦ ᠲᠡᠳᠡᠨ ᠳᠦᠷ ᠵᠠᠷᠯᠢᠭ ᠪᠣᠯᠤᠷᠤᠨ᠃ ᠨᠠᠮᠠᠶᠢ ᠢᠯᠡᠭᠡᠭᠰᠡᠨ ᠦ ᠲᠠᠭᠠᠯᠠᠯ ᠢ ᠪᠦᠲᠦᠭᠡᠬᠦᠢ ᠬᠢᠭᠡᠳ ᠲᠡᠭᠦᠨ ᠦ ᠦᠢᠯᠡ ᠶᠢ ᠲᠡᠭᠦᠰᠬᠡᠬᠦᠢ ᠢᠨᠦ ᠮᠢᠨᠦ ᠢᠳᠡᠭᠡᠨ ᠮᠥᠨ᠃ 35ᠳᠥᠷᠪᠡᠨ ᠰᠠᠷ᠎ᠠ ᠪᠣᠯᠤᠭᠠᠳ ᠬᠠᠳᠤᠬᠤᠢ ᠴᠠᠭ ᠢᠷᠡᠬᠦ ᠪᠤᠢ᠂ ᠬᠡᠮᠡᠨ ᠲᠠ ᠪᠡᠷ ᠥᠭᠦᠯᠡᠳᠡᠭ ᠪᠢᠰᠢᠶᠦ᠃ ᠮᠢᠨᠦ ᠲᠠᠨ ᠳᠤᠷ ᠥᠭᠦᠯᠡᠬᠦᠢ ᠢᠨᠦ᠂ ᠮᠡᠨᠡ᠂ ᠨᠢᠳᠦᠨ ᠢᠶᠡᠷ ᠢᠶᠡᠨ ᠰᠢᠷᠲᠡᠨ᠂ ᠲᠠᠷᠢᠶᠠᠯᠠᠩ ᠤᠳ ᠢ ᠦᠵᠡᠭᠲᠦᠨ᠃ ᠲᠡᠳᠡ ᠢᠨᠦ ᠡᠳᠦᠭᠡ ᠴᠤ ᠰᠢᠷᠠᠯᠠᠵᠤ ᠬᠠᠳᠤᠭᠳᠠᠬᠤᠶᠠ ᠪᠡᠯᠡᠨ ᠪᠣᠯᠪᠠᠢ᠃ 36ᠬᠠᠳᠤᠭᠴᠢ ᠠᠨᠤ ᠬᠥᠯᠦᠰᠦᠨ ᠢ ᠠᠪᠤᠨ᠂ ᠮᠥᠩᠬᠡ ᠠᠮᠢᠨ ᠤ ᠲᠤᠯᠠ ᠦᠷᠡᠰ ᠢ ᠬᠤᠷᠢᠶᠠᠮᠤᠢ᠃ ᠲᠡᠷᠡ ᠬᠡᠮᠡᠪᠡᠰᠦ ᠲᠠᠷᠢᠭᠴᠢ ᠬᠠᠳᠤᠭᠴᠢ ᠬᠣᠶᠠᠷ ᠤᠨ ᠬᠠᠮᠲᠤ ᠪᠠᠶᠠᠰᠤᠯᠴᠠᠬᠤ ᠶᠢᠨ ᠲᠤᠯᠠ ᠪᠣᠯᠠᠢ᠃ 37ᠲᠡᠷᠡ ᠶᠠᠭᠤᠨ ᠤ ᠲᠤᠯᠠ ᠬᠡᠮᠡᠪᠡᠰᠦ᠂ ᠡᠭᠦᠨ ᠢᠶᠡᠷ ᠨᠢᠭᠡᠨ ᠢᠨᠦ ᠲᠠᠷᠢᠮᠤᠢ᠂ ᠪᠤᠰᠤ ᠨᠢᠭᠡᠨ ᠢᠨᠦ ᠬᠠᠳᠤᠮᠤᠢ᠂ ᠬᠡᠮᠡᠭᠰᠡᠨ ᠢᠨᠦ ᠪᠦᠲᠦᠭᠰᠡᠨ ᠪᠤᠢ᠃ 38ᠪᠢ ᠪᠡᠷ ᠲᠠᠨᠤ ᠡᠰᠡ ᠲᠠᠷᠢᠭᠰᠠᠨ ᠢ ᠬᠠᠳᠤᠬᠤ ᠶᠢᠨ ᠲᠤᠯᠠ ᠲᠠᠨ ᠢ ᠢᠯᠡᠭᠡᠪᠡᠢ᠃ ᠪᠤᠰᠤᠳ ᠠᠨᠤ ᠬᠥᠳᠡᠯᠦᠭᠰᠡᠨ ᠪᠥᠭᠡᠳ᠂ ᠲᠠ ᠪᠡᠷ ᠲᠡᠳᠡᠨ ᠦ ᠬᠥᠳᠦᠯᠮᠦᠷᠢᠨ ᠳᠦᠷ ᠣᠷᠣᠭᠰᠠᠨ ᠪᠤᠢ᠃ ᠬᠡᠮᠡᠨ ᠵᠠᠷᠯᠢᠭ ᠪᠣᠯᠪᠠᠢ᠃ 39ᠲᠡᠨᠳᠡ ᠲᠡᠷᠡ ᠢᠨᠦ ᠮᠢᠨᠦ ᠬᠠᠮᠤᠭ ᠦᠢᠯᠡᠳᠦᠭᠰᠡᠨ ᠢ ᠨᠠᠳᠤᠷ ᠥᠭᠦᠯᠡᠪᠡᠢ ᠬᠡᠮᠡᠨ ᠲᠡᠷᠡ ᠡᠮ᠎ᠡ ᠶᠢᠨ ᠭᠡᠷᠡᠴᠢᠯᠡᠭᠰᠡᠨ ᠦ ᠲᠤᠯᠠ ᠲᠡᠷᠡ ᠪᠠᠯᠭᠠᠰᠤᠨ ᠤ ᠰᠠᠮᠠᠷᠢᠶ᠎ᠠ ᠲᠠᠨ ᠠᠴᠠ ᠣᠯᠠᠨ ᠠᠨᠤ ᠲᠡᠭᠦᠨ ᠳᠦᠷ ᠢᠲᠡᠭᠡᠪᠡᠢ᠃ 40ᠲᠡᠶᠢᠨ ᠬᠦ ᠲᠡᠳᠡ ᠰᠠᠮᠠᠷᠢᠶ᠎ᠠ ᠲᠠᠨ ᠠᠨᠤ ᠢᠢᠰᠦᠰ ᠲᠦᠷ ᠢᠷᠡᠭᠡᠳ᠂ ᠪᠢᠳᠡᠨ ᠯᠤᠭ᠎ᠠ ᠪᠠᠶᠢᠵᠤ ᠰᠣᠶᠤᠷᠬ᠎ᠠ᠂ ᠬᠡᠮᠡᠨ ᠭᠤᠶᠤᠪᠠᠢ᠃ ᠲᠡᠷᠡ ᠴᠤ ᠲᠡᠨᠳᠡ ᠬᠣᠶᠠᠷ ᠬᠣᠨᠣᠭ᠋ᠠ ᠪᠠᠶᠢᠪᠠᠢ᠃ 41ᠲᠡᠶᠢᠨ ᠪᠥᠭᠡᠳ ᠮᠠᠰᠢ ᠣᠯᠠᠨ ᠠᠨᠤ ᠲᠡᠭᠦᠨ ᠦ ᠵᠠᠷᠯᠢᠭ ᠤᠨ ᠲᠤᠯᠠ᠂ ᠢᠲᠡᠭᠡᠵᠦ᠃ 42ᠡᠮ᠎ᠡ ᠳᠦᠷ ᠡᠶᠢᠨ᠃ ᠡᠳᠦᠭᠡ ᠪᠢᠳᠡ ᠪᠡᠷ ᠴᠢᠨᠦ ᠦᠭᠡ ᠶᠢᠨ ᠲᠤᠯᠠ ᠪᠤᠰᠤ᠂ ᠬᠠᠷᠢᠨ ᠪᠢᠳᠡ ᠥᠪᠡᠰᠦᠪᠡᠨ ᠰᠣᠨᠣᠰᠤᠭᠠᠳ᠂ ᠡᠨᠡ ᠢᠨᠦ ᠬᠡᠷᠢᠰᠲ᠋ᠣᠰ ᠪᠣᠯᠤᠨ ᠶᠢᠷᠲᠢᠨᠴᠦ ᠶᠢᠨ ᠲᠣᠨᠢᠯᠭᠠᠭᠴᠢ ᠮᠥᠨ ᠠᠬᠤᠢ ᠶᠢ ᠮᠡᠳᠡᠮᠦᠢ ᠅ 43ᠲᠡᠶᠢᠨ ᠪᠥᠭᠡᠳ ᠬᠣᠶᠠᠷ ᠡᠳᠦᠷ ᠦᠨ ᠬᠣᠶᠢᠨᠠ ᠲᠡᠷᠡ ᠢᠨᠦ ᠲᠡᠨᠳᠡᠴᠡ ᠭᠠᠷᠤᠭᠠᠳ᠂ ᠺᠠᠯᠢᠯᠢᠶ᠎ᠠ ᠳᠤᠷ ᠥᠭᠡᠳᠡ ᠪᠣᠯᠪᠠᠢ᠃ 44ᠲᠡᠷᠡ ᠶᠠᠭᠤᠨ ᠤ ᠲᠤᠯᠠ ᠬᠡᠮᠡᠪᠡᠰᠦ᠂ ᠢᠢᠰᠦᠰ ᠥᠪᠡᠷ ᠭᠡᠷᠡᠴᠢᠯᠡᠨ᠂ ᠹᠣᠷᠣᠹᠢᠳ ᠠᠨᠤ ᠥᠪᠡᠷ ᠦᠨ ᠲᠥᠷᠥᠯᠬᠢ ᠭᠠᠵᠠᠷ ᠲᠤᠷ ᠬᠦᠨᠳᠦᠯᠡᠯ ᠦᠭᠡᠢ ᠪᠤᠢ᠂ ᠬᠡᠮᠡᠨ ᠵᠠᠷᠯᠢᠭ ᠪᠣᠯᠪᠠᠢ᠃ 45ᠲᠡᠶᠢᠨ ᠬᠦ ᠲᠡᠭᠦᠨ ᠦ ᠺᠠᠯᠢᠯᠢᠶ᠎ᠠ ᠳᠤᠷ ᠬᠦᠷᠦᠭᠰᠡᠨ ᠳᠦᠷ ᠺᠠᠯᠢᠯᠢᠶ᠎ᠠ ᠲᠠᠨ ᠠᠨᠤ ᠶᠢᠷᠤᠰᠠᠯᠢᠮ ᠳᠤᠷ ᠨᠠᠶᠢᠷ ᠤᠨ ᠴᠠᠭ ᠲᠤᠷ ᠲᠡᠭᠦᠨ ᠦ ᠬᠠᠮᠤᠭ ᠦᠢᠯᠡᠳᠦᠭᠰᠡᠨ ᠢ ᠦᠵᠡᠭᠡᠳ᠂ ᠲᠡᠭᠦᠨ ᠢ ᠬᠦᠨᠳᠦᠯᠡᠨ ᠠᠪᠤᠪᠠᠢ᠃ ᠲᠡᠳᠡ ᠬᠡᠮᠡᠪᠡᠰᠦ ᠨᠠᠶᠢᠷ ᠲᠤᠷ ᠣᠳᠤᠳᠠᠭ ᠪᠥᠯᠦᠭᠡ᠃ 46ᠲᠡᠨᠳᠡᠴᠡ ᠢᠢᠰᠦᠰ ᠢᠨᠦ ᠤᠰᠤᠨ ᠢ ᠦᠵᠦᠮ ᠦᠨ ᠤᠮᠳᠠᠭᠠᠨ ᠳᠤᠷ ᠬᠤᠪᠢᠯᠭᠠᠭᠰᠠᠨ ᠺᠠᠯᠢᠯᠢᠶ᠎ᠠ ᠶᠢᠨ ᠺᠠᠨᠠ᠋ ᠳᠤᠷ ᠳ᠋ᠠᠬᠢᠨ ᠥᠭᠡᠳᠡ ᠪᠣᠯᠪᠠᠢ᠃ ᠲᠡᠶᠢᠨ ᠬᠦ ᠬᠠᠭᠠᠨ ᠤ ᠨᠢᠭᠡᠨ ᠲᠦᠰᠢᠮᠡᠯ ᠦᠨ ᠬᠥᠪᠡᠭᠦᠨ ᠢᠨᠦ ᠺᠠᠹᠢᠷᠨᠠ᠋ ᠦᠮ ᠳᠤᠷ ᠡᠪᠡᠳᠴᠦ ᠬᠡᠪᠲᠡᠪᠡᠢ᠃ 47ᠲᠡᠷᠡ (ᠲᠦᠰᠢᠮᠡᠯ) ᠢᠨᠦ ᠢᠢᠰᠦᠰ ᠦᠨ ᠶᠦᠳᠢᠶᠠ ᠠᠴᠠ ᠺᠠᠯᠢᠯᠢᠶ᠎ᠠ ᠳᠤᠷ ᠥᠭᠡᠳᠡ ᠪᠣᠯᠤᠭᠰᠠᠨ ᠢ ᠰᠣᠨᠣᠰᠤᠭᠠᠳ ᠲᠡᠭᠦᠨ ᠳᠦᠷ ᠣᠳᠴᠤ᠃ ᠦᠬᠦᠯ ᠦᠨ ᠣᠶᠢᠷ᠎ᠠ ᠬᠦᠷᠦᠭᠰᠡᠨ ᠢᠨᠦ ᠬᠥᠪᠡᠭᠦᠨ ᠢ ᠡᠳᠡᠭᠡᠭᠡᠬᠦᠶᠡ ᠥᠭᠡᠳᠡ ᠪᠣᠯᠤᠨ ᠰᠣᠶᠤᠷᠬ᠎ᠠ᠃ ᠬᠡᠮᠡᠨ ᠠᠶᠢᠯᠠᠳᠬᠠᠪᠠᠢ᠃ 48ᠢᠢᠰᠦᠰ ᠢᠨᠦ ᠲᠡᠭᠦᠨ ᠳᠦᠷ ᠵᠠᠷᠯᠢᠭ ᠪᠣᠯᠤᠷᠤᠨ᠃ ᠲᠠ ᠪᠡᠷ ᠪᠡᠯᠭᠡᠰ ᠬᠢᠭᠡᠳ ᠭᠠᠶᠢᠬᠠᠮᠰᠢᠭ ᠤᠳ ᠢ ᠡᠰᠡ ᠦᠵᠡᠪᠡᠰᠦ᠂ ᠦᠯᠦ ᠢᠲᠡᠭᠡᠬᠦ ᠪᠤᠢ᠃ 49ᠲᠦᠰᠢᠮᠡᠯ ᠢᠨᠦ ᠲᠡᠭᠦᠨ ᠳᠦᠷ ᠡᠶᠢᠨ᠃ ᠡᠵᠡᠨ ᠡ᠂ ᠮᠢᠨᠦ ᠬᠥᠪᠡᠭᠦᠨ ᠦ ᠦᠬᠦᠬᠦ ᠡᠴᠡ ᠤᠷᠢᠳᠠ ᠥᠭᠡᠳᠡ ᠪᠣᠯᠤᠨ ᠰᠣᠶᠤᠷᠬ᠎ᠠ᠃ 50ᠬᠡᠮᠡᠭᠰᠡᠨ ᠳᠦᠷ ᠢᠢᠰᠦᠰ ᠢᠨᠦ ᠲᠡᠭᠦᠨ ᠳᠦᠷ ᠵᠠᠷᠯᠢᠭ ᠪᠣᠯᠤᠷᠤᠨ᠃ ᠣᠳᠲᠤᠭᠠᠢ᠃ ᠴᠢᠨᠦ ᠬᠥᠪᠡᠭᠦᠨ ᠢᠨᠦ ᠠᠮᠤᠷ ᠪᠣᠯᠪᠠᠢ᠂ ᠬᠡᠮᠡᠨ ᠢᠢᠰᠦᠰ ᠦᠨ ᠲᠡᠭᠦᠨ ᠳᠦᠷ ᠵᠠᠷᠯᠢᠭ ᠪᠣᠯᠤᠭᠰᠠᠨ ᠢ ᠲᠡᠷᠡ ᠬᠦᠮᠦᠨ ᠢᠨᠦ ᠢᠲᠡᠭᠡᠵᠦ ᠬᠠᠷᠢᠨ ᠵᠣᠷᠴᠢᠪᠠᠢ᠃ 51ᠲᠡᠭᠦᠨ ᠦ ᠶᠠᠪᠤᠨ ᠠᠲᠠᠯ᠎ᠠ ᠲᠡᠭᠦᠨ ᠦ ᠪᠣᠭᠣᠯ ᠤᠳ ᠠᠨᠤ ᠲᠡᠭᠦᠨ ᠢ ᠤᠭᠲᠤᠨ᠂ ᠴᠢᠨᠦ ᠬᠥᠪᠡᠭᠦᠨ ᠢᠨᠦ ᠠᠮᠤᠷ ᠪᠣᠯᠪᠠᠢ᠂ ᠬᠡᠮᠡᠨ ᠲᠡᠭᠦᠨ ᠳᠦᠷ ᠥᠭᠦᠯᠡᠭᠰᠡᠨ ᠳᠦᠷ᠃ 52ᠲᠡᠷᠡ ᠢᠨᠦ ᠲᠡᠳᠡᠨ ᠡᠴᠡ ᠲᠡᠭᠦᠨ ᠦ ᠠᠮᠤᠷᠠᠭᠰᠠᠨ ᠴᠠᠭ ᠢ ᠠᠰᠠᠭᠤᠪᠠᠢ᠃ ᠲᠡᠳᠡ ᠢᠨᠦ ᠲᠡᠭᠦᠨ ᠳᠦᠷ ᠥᠭᠦᠯᠡᠷᠦᠨ᠃ ᠥᠴᠦᠭᠦᠯᠳᠦᠷ ᠦᠨ ᠳᠣᠯᠣᠳᠤᠭᠠᠷ ᠴᠠᠭ ᠲᠤᠷ ᠬᠠᠯᠠᠭᠤᠨ ᠠᠨᠤ ᠦᠭᠡᠢ ᠪᠣᠯᠪᠠᠢ᠃ 53ᠬᠡᠮᠡᠭᠰᠡᠨ ᠳᠦᠷ ᠡᠴᠢᠭᠡ ᠢᠨᠦ ᠴᠢᠨᠦ ᠬᠥᠪᠡᠭᠦᠨ ᠠᠮᠤᠷ ᠪᠣᠯᠪᠠᠢ᠂ ᠬᠡᠮᠡᠨ ᠢᠢᠰᠦᠰ ᠲᠡᠭᠦᠨ ᠳᠦᠷ ᠵᠠᠷᠯᠢᠭ ᠪᠣᠯᠤᠭᠰᠠᠨ ᠴᠠᠭ ᠮᠥᠨ ᠠᠭᠰᠠᠨ ᠢ ᠮᠡᠳᠡᠪᠡᠢ᠃ ᠲᠡᠶᠢᠨ ᠪᠥᠭᠡᠳ ᠲᠡᠷᠡ ᠬᠢᠭᠡᠳ ᠲᠡᠭᠦᠨ ᠦ ᠪᠦᠯᠡᠰ ᠪᠦᠭᠦᠳᠡᠭᠡᠷ ᠢᠲᠡᠭᠡᠪᠡᠢ᠃ 54ᠢᠢᠰᠦᠰ ᠢᠨᠦ ᠶᠦᠳᠢᠶᠠ ᠠᠴᠠ ᠺᠠᠯᠢᠯᠢᠶ᠎ᠠ ᠳᠤᠷ ᠥᠭᠡᠳᠡ ᠪᠣᠯᠤᠭᠠᠳ ᠡᠨᠡ ᠬᠣᠶᠠᠳᠤᠭᠠᠷ ᠭᠠᠶᠢᠬᠠᠮᠰᠢᠭ ᠲᠤ ᠦᠢᠯᠡ ᠶᠢ ᠦᠢᠯᠡᠳᠪᠡᠢ ᠅