ᠢᠣᠸᠠᠨ 14
14
ᠠᠷᠪᠠᠨ ᠳᠥᠷᠪᠡᠳᠦᠭᠡᠷ ᠪᠦᠯᠦᠭ ᠅
1ᠲᠠᠨᠤ ᠵᠢᠷᠦᠬᠡᠨ ᠢᠨᠦ ᠦᠯᠦ ᠲᠦᠭᠰᠢᠬᠦ ᠪᠣᠯᠲᠤᠭᠠᠢ᠃ ᠲᠠ ᠪᠡᠷ ᠪᠤᠷᠬᠠᠨ ᠳᠤᠷ ᠢᠲᠡᠭᠡᠵᠦ᠂ ᠨᠠᠳᠤᠷ ᠴᠤ ᠢᠲᠡᠭᠡᠭᠲᠦᠨ᠃ 2ᠮᠢᠨᠦ ᠡᠴᠢᠭᠡ ᠶᠢᠨ ᠭᠡᠷ ᠲᠦᠷ ᠣᠯᠠᠨ ᠣᠷᠣᠰᠢᠬᠤ ᠣᠷᠣᠳ ᠪᠤᠢ ᠠᠮᠤᠢ᠃ ᠬᠡᠷᠪᠡ ᠲᠡᠷᠡ ᠮᠡᠲᠦ ᠪᠤᠰᠤ ᠪᠣᠯᠪᠠᠰᠤ ᠡᠯ᠎ᠡ᠂ ᠪᠢ ᠪᠡᠷ ᠲᠠᠨ ᠳᠤᠷ ᠥᠭᠦᠯᠡᠬᠦ ᠪᠥᠯᠦᠭᠡ᠃ ᠪᠢ ᠪᠡᠷ ᠲᠠᠨ ᠤ ᠲᠤᠯᠠ ᠣᠷᠣᠨ ᠢ ᠪᠡᠯᠡᠳᠬᠦᠶᠡ ᠣᠳᠤᠮᠤᠢ᠃ 3ᠲᠡᠶᠢᠨ ᠪᠥᠭᠡᠳ ᠪᠢ ᠪᠡᠷ ᠣᠳᠤᠭᠠᠳ ᠲᠠᠨ ᠤ ᠲᠤᠯᠠ ᠣᠷᠣᠨ ᠢ ᠪᠡᠯᠡᠳᠬᠦ ᠪᠥᠭᠡᠰᠦ ᠡᠯ᠎ᠡ᠂ ᠪᠤᠴᠠᠵᠤ ᠢᠷᠡᠭᠡᠳ ᠲᠠᠨ ᠢ ᠪᠡᠶ᠎ᠡ ᠳᠡᠭᠡᠨ ᠠᠪᠰᠤ᠃ ᠲᠡᠶᠢᠨ ᠬᠦ ᠮᠢᠨᠦ ᠬᠠᠮᠢᠭ᠎ᠠ ᠪᠦᠬᠦᠢ ᠲᠡᠨᠳᠡ ᠲᠠ ᠴᠤ ᠪᠣᠯᠬᠤ ᠪᠣᠯᠠᠢ᠃ 4ᠮᠢᠨᠦ ᠬᠠᠮᠢᠭᠠᠰᠢ ᠣᠳᠬᠤᠢ ᠶᠢ ᠲᠠ ᠪᠡᠷ ᠮᠡᠳᠡᠨ᠂ ᠵᠠᠮ ᠢ ᠴᠤ ᠮᠡᠳᠡᠮᠦᠢ᠃ 5ᠲᠣᠮᠠ᠋ ᠠᠨᠤ ᠲᠡᠭᠦᠨ ᠳᠦᠷ ᠠᠶᠢᠯᠠᠳᠬᠠᠷᠤᠨ᠃ ᠡᠵᠡᠨ ᠡ᠂ ᠴᠢᠨᠦ ᠬᠠᠮᠢᠭᠠᠰᠢ ᠣᠳᠬᠤᠢ ᠶᠢ ᠪᠢᠳᠡ ᠪᠡᠷ ᠡᠰᠡ ᠮᠡᠳᠡᠮᠦᠢ᠃ ᠲᠡᠶᠢᠨ ᠠᠲᠠᠯ᠎ᠠ ᠪᠢᠳᠡ ᠪᠡᠷ ᠵᠠᠮ ᠢ ᠶᠠᠬᠢᠵᠢ ᠮᠡᠳᠡᠵᠦ ᠴᠢᠳᠠᠮᠤᠶᠤ᠃ 6ᠢᠢᠰᠦᠰ ᠢᠨᠦ ᠲᠡᠭᠦᠨ ᠳᠦᠷ ᠵᠠᠷᠯᠢᠭ ᠪᠣᠯᠤᠷᠤᠨ᠃ ᠪᠢ ᠪᠡᠷ ᠵᠠᠮ ᠬᠢᠭᠡᠳ ᠦᠨᠡᠨ ᠪᠠ ᠠᠮᠢᠨ ᠮᠥᠨ᠃ ᠨᠠᠳᠠᠴᠠ ᠪᠤᠰᠤ ᠪᠠᠷ ᠬᠡᠨ ᠴᠤ ᠡᠴᠢᠭᠡ ᠳᠦᠷ ᠬᠦᠷᠴᠦ ᠡᠰᠡ ᠴᠢᠳᠠᠮᠤᠢ᠃ 7ᠬᠡᠷᠪᠡ ᠲᠠ ᠪᠡᠷ ᠨᠠᠮᠠᠶᠢ ᠲᠠᠨᠢᠭᠰᠠᠨ ᠪᠣᠯᠪᠠᠰᠤ᠂ ᠲᠠ ᠢᠨᠦ ᠡᠴᠢᠭᠡ ᠶᠢ ᠴᠤ ᠲᠠᠨᠢᠬᠤ ᠪᠥᠯᠦᠭᠡ᠃ ᠲᠡᠶᠢᠨ ᠪᠡᠷ ᠡᠨᠡ ᠴᠠᠭ ᠠᠴᠠ ᠠᠪᠤᠨ ᠲᠠ ᠪᠡᠷ ᠲᠡᠭᠦᠨ ᠢ ᠲᠠᠨᠢᠨ ᠦᠵᠡᠭᠰᠡᠨ ᠪᠤᠢ᠃ 8ᠹᠢᠯᠢᠪ ᠠᠨᠤ ᠲᠡᠭᠦᠨ ᠳᠦᠷ ᠠᠶᠢᠯᠠᠳᠬᠠᠷᠤᠨ᠃ ᠡᠵᠡᠨ ᠡ᠂ ᠪᠢᠳᠡᠨ ᠳᠦᠷ ᠡᠴᠢᠭᠡ ᠶᠢ ᠦᠵᠡᠭᠦᠯᠦᠨ ᠰᠣᠶᠤᠷᠬ᠎ᠠ᠃ ᠲᠡᠶᠢᠨ ᠪᠡᠷ ᠪᠢᠳᠡᠨ ᠦ ᠰᠡᠳᠬᠢᠯ ᠢᠨᠦ ᠬᠠᠩᠬᠤ ᠪᠤᠢ᠃ 9ᠢᠢᠰᠦᠰ ᠢᠨᠦ ᠲᠡᠭᠦᠨ ᠳᠦᠷ ᠵᠠᠷᠯᠢᠭ ᠪᠣᠯᠤᠷᠤᠨ᠃ ᠹᠢᠯᠢᠪ ᠡ᠃ ᠪᠢ ᠪᠡᠷ ᠡᠨᠡ ᠮᠡᠲᠦ ᠤᠳᠠᠭᠠᠨ ᠲᠠᠨ ᠯᠤᠭ᠎ᠠ ᠪᠠᠶᠢᠭᠰᠠᠨ ᠪᠣᠯᠪᠠᠴᠤ᠂ ᠴᠢ ᠪᠡᠷ ᠨᠠᠮᠠᠶᠢ ᠡᠰᠡ ᠲᠠᠨᠢᠮᠤᠶᠤ᠃ ᠠᠯᠢ ᠬᠡᠨ ᠨᠠᠮᠠᠶᠢ ᠦᠵᠡᠭᠴᠢ ᠢᠨᠦ ᠡᠴᠢᠭᠡ ᠶᠢ ᠴᠤ ᠦᠵᠡᠭᠰᠡᠨ ᠪᠤᠢ᠃ ᠲᠡᠶᠢᠨ ᠠᠲᠠᠯ᠎ᠠ ᠪᠢᠳᠡᠨ ᠳᠦᠷ ᠡᠴᠢᠭᠡ ᠶᠢ ᠦᠵᠡᠭᠦᠯᠦᠨ ᠰᠣᠶᠤᠷᠬ᠎ᠠ᠂ ᠬᠡᠮᠡᠨ ᠴᠢ ᠪᠡᠷ ᠶᠠᠬᠢᠨ ᠥᠭᠦᠯᠡᠮᠦᠶᠦ᠃ 10ᠪᠢ ᠪᠡᠷ ᠡᠴᠢᠭᠡ ᠶᠢᠨ ᠳᠣᠲᠣᠷ᠎ᠠ ᠪᠤᠢ ᠪᠥᠭᠡᠳ᠂ ᠡᠴᠢᠭᠡ ᠴᠤ ᠮᠢᠨᠦ ᠳᠣᠲᠣᠷ᠎ᠠ ᠪᠤᠢ᠃ ᠬᠡᠮᠡᠨ ᠴᠢ ᠪᠡᠷ ᠡᠰᠡ ᠢᠲᠡᠭᠡᠮᠦᠶᠦ᠃ ᠮᠢᠨᠦ ᠲᠠᠨ ᠳᠤᠷ ᠥᠭᠦᠯᠡᠭᠰᠡᠨ ᠦᠭᠡᠰ ᠢ ᠪᠢ ᠪᠡᠷ ᠥᠪᠡᠷ ᠦᠨ ᠪᠡᠶ᠎ᠡ ᠡᠴᠡ ᠡᠰᠡ ᠥᠭᠦᠯᠡᠮᠦᠢ᠃ ᠬᠠᠷᠢᠨ ᠮᠢᠨᠦ ᠳᠣᠲᠣᠷ᠎ᠠ ᠪᠠᠶᠢᠭᠴᠢ ᠡᠴᠢᠭᠡ ᠢᠨᠦ ᠲᠡᠳᠡ ᠦᠢᠯᠡᠰ ᠢ ᠦᠢᠯᠡᠳᠦᠮᠦᠢ᠃ 11ᠪᠢ ᠪᠡᠷ ᠡᠴᠢᠭᠡ ᠶᠢᠨ ᠳᠣᠲᠣᠷ᠎ᠠ ᠪᠤᠢ ᠪᠥᠭᠡᠳ᠂ ᠡᠴᠢᠭᠡ ᠴᠤ ᠮᠢᠨᠦ ᠳᠣᠲᠣᠷ᠎ᠠ ᠪᠤᠢ ᠬᠡᠮᠡᠨ ᠨᠠᠳᠤᠷ ᠢᠲᠡᠭᠡᠭᠲᠦᠨ᠃ ᠲᠡᠶᠢᠨ ᠪᠤᠰᠤ ᠪᠣᠯᠪᠠᠴᠤ ᠲᠡᠳᠡ ᠦᠢᠯᠡᠰ ᠦᠨ ᠲᠤᠯᠠᠳᠠ ᠨᠠᠳᠤᠷ ᠢᠲᠡᠭᠡᠭᠲᠦᠨ᠃ 12ᠮᠢᠨᠦ ᠲᠠᠨ ᠳᠤᠷ ᠮᠠᠭᠠᠳᠯᠠᠨ ᠥᠭᠦᠯᠡᠬᠦᠢ ᠢᠨᠦ᠂ ᠨᠠᠳᠤᠷ ᠢᠲᠡᠭᠡᠭᠴᠢ ᠢᠨᠦ ᠮᠢᠨᠦ ᠦᠢᠯᠡᠳᠦᠭᠰᠡᠨ ᠦᠢᠯᠡᠰ ᠢ ᠦᠢᠯᠡᠳᠦᠨ᠂ ᠡᠳᠡᠨ ᠡᠴᠡ ᠦᠯᠡᠮᠵᠢ ᠶᠡᠬᠡ (ᠦᠢᠯᠡᠰ) ᠢ ᠦᠢᠯᠡᠳᠬᠦ ᠪᠤᠢ᠃ ᠲᠡᠷᠡ ᠶᠠᠭᠤᠨ ᠤ ᠲᠤᠯᠠ ᠬᠡᠮᠡᠪᠡᠰᠦ᠂ ᠪᠢ ᠪᠡᠷ ᠡᠴᠢᠭᠡ ᠳᠡᠭᠡᠨ ᠣᠳᠤᠮᠤᠢ᠃ 13ᠲᠡᠶᠢᠨ ᠬᠦ ᠡᠴᠢᠭᠡ ᠬᠥᠪᠡᠭᠦᠨ ᠢᠶᠡᠷ ᠠᠯᠳᠠᠷᠰᠢᠭᠤᠯᠤᠭᠳᠠᠬᠤ ᠪᠣᠯᠲᠤᠭᠠᠢ ᠬᠡᠮᠡᠨ᠂ ᠮᠢᠨᠦ ᠨᠡᠷ᠎ᠡ ᠪᠡᠷ ᠲᠠᠨᠤ ᠶᠠᠭᠤᠨ ᠢ ᠴᠤ ᠡᠷᠢᠬᠦᠢ ᠶᠢ ᠪᠢ ᠪᠡᠷ ᠪᠦᠲᠦᠭᠡᠰᠦ᠃ 14ᠬᠡᠷᠪᠡ ᠲᠠ ᠪᠡᠷ ᠮᠢᠨᠦ ᠨᠡᠷ᠎ᠡ ᠪᠡᠷ ᠶᠠᠭᠤᠨ ᠢ ᠡᠷᠢᠬᠦ ᠪᠥᠭᠡᠰᠦ᠂ ᠪᠢ ᠪᠡᠷ ᠪᠦᠲᠦᠭᠡᠰᠦ᠃ 15ᠬᠡᠷᠪᠡ ᠲᠠ ᠪᠡᠷ ᠨᠠᠮᠠᠶᠢ ᠢᠨᠠᠭᠯᠠᠪᠠᠰᠤ᠂ ᠮᠢᠨᠦ ᠵᠠᠬᠢᠶ᠎ᠠ ᠨᠤᠭᠤᠳ ᠢ ᠰᠠᠬᠢᠭᠲᠤᠨ᠃ 16ᠵᠢᠴᠢ ᠪᠢ ᠪᠡᠷ ᠡᠴᠢᠭᠡ ᠳᠦᠷ ᠵᠠᠯᠪᠠᠷᠢᠬᠤ ᠪᠥᠭᠡᠳ᠂ ᠲᠡᠷᠡ ᠢᠨᠦ ᠲᠠᠨ ᠯᠤᠭ᠎ᠠ ᠨᠠᠰᠤᠳᠠ ᠪᠠᠶᠢᠬᠤᠢ ᠠᠮᠤᠷᠠᠭᠤᠯᠤᠭᠴᠢ ᠶᠢ ᠲᠠᠨ ᠳᠤᠷ ᠥᠭᠬᠦ ᠪᠣᠯᠤᠶᠤ᠃ 17ᠲᠡᠷᠡ ᠬᠡᠮᠡᠪᠡᠰᠦ ᠦᠨᠡᠨ ᠦ ᠲᠣᠳᠤᠳᠬᠠᠯ ᠪᠣᠯᠠᠢ᠃ ᠲᠡᠭᠦᠨ ᠢ ᠶᠢᠷᠲᠢᠨᠴᠦ ᠢᠨᠦ ᠡᠰᠡ ᠦᠵᠡᠭᠰᠡᠨ ᠬᠢᠭᠡᠳ ᠡᠰᠡ ᠲᠠᠨᠢᠭᠰᠠᠨ ᠤ ᠲᠤᠯᠠ ᠲᠣᠭᠲᠠᠭᠠᠨ ᠠᠪᠴᠤ ᠡᠰᠡ ᠴᠢᠳᠠᠮᠤᠢ᠃ ᠬᠠᠷᠢᠨ ᠲᠠ ᠪᠡᠷ ᠲᠡᠭᠦᠨ ᠢ ᠲᠠᠨᠢᠮᠤᠢ᠃ ᠲᠡᠷᠡ ᠶᠠᠭᠤᠨ ᠤ ᠲᠤᠯᠠ ᠬᠡᠮᠡᠪᠡᠰᠦ᠂ ᠲᠡᠷᠡ ᠢᠨᠦ ᠲᠠᠨ ᠯᠤᠭ᠎ᠠ ᠪᠠᠶᠢᠵᠤ᠂ ᠲᠠᠨ ᠤ ᠳᠣᠲᠣᠷ᠎ᠠ ᠪᠣᠯᠬᠤ ᠪᠤᠢ᠃ 18ᠪᠢ ᠪᠡᠷ ᠲᠠᠨ ᠢ ᠥᠨᠦᠴᠢᠳ ᠪᠣᠯᠭᠠᠨ ᠦᠯᠦ ᠣᠷᠬᠢᠨ᠂ ᠲᠠᠨ ᠳᠤᠷ ᠢᠷᠡᠰᠦ᠃ 19ᠡᠭᠦᠨᠴᠡ ᠬᠣᠶᠢᠨᠠ ᠥᠴᠦᠬᠡᠨ ᠴᠠᠭ ᠲᠤᠷ ᠶᠢᠷᠲᠢᠨᠴᠦ ᠢᠨᠦ ᠨᠠᠮᠠᠶᠢ ᠳ᠋ᠠᠬᠢᠨ ᠦᠯᠦ ᠦᠵᠡᠬᠦ᠃ ᠬᠠᠷᠢᠨ ᠲᠠ ᠪᠡᠷ ᠨᠠᠮᠠᠶᠢ ᠦᠵᠡᠬᠦ ᠪᠤᠢ᠃ ᠮᠢᠨᠦ ᠠᠮᠢᠳᠤ ᠪᠠᠶᠢᠬᠤ ᠶᠢᠨ ᠰᠢᠯᠲᠠᠭᠠᠪᠠᠷ ᠲᠠ ᠴᠤ ᠠᠮᠢᠳᠤ ᠪᠠᠶᠢᠬᠤ ᠪᠣᠯᠤᠶᠤ᠃ 20ᠪᠢ ᠪᠡᠷ ᠥᠪᠡᠷ ᠦᠨ ᠡᠴᠢᠭᠡ ᠶᠢᠨ ᠳᠣᠲᠣᠷ᠎ᠠ ᠪᠤᠢ ᠪᠥᠭᠡᠳ᠂ ᠲᠠ ᠢᠨᠦ ᠳᠣᠲᠣᠷ᠎ᠠ ᠪᠤᠢ ᠪᠠ᠂ ᠪᠢ ᠴᠤ ᠲᠠᠨ ᠤ ᠳᠣᠲᠣᠷ᠎ᠠ ᠪᠤᠢ᠂ ᠬᠡᠮᠡᠨ ᠲᠠ ᠪᠡᠷ ᠲᠡᠷᠡ ᠬᠦ ᠴᠠᠭ ᠲᠤᠷ ᠮᠡᠳᠡᠬᠦ ᠪᠤᠢ᠃ 21ᠮᠢᠨᠦ ᠵᠠᠬᠢᠶ᠎ᠠ ᠨᠤᠭᠤᠳ ᠲᠤ ᠪᠣᠯᠤᠭᠠᠳ ᠲᠡᠳᠡᠨ ᠢ ᠰᠠᠬᠢᠭᠴᠢ ᠠᠨᠤ ᠨᠠᠮᠠᠶᠢ ᠢᠨᠠᠭᠯᠠᠮᠤᠢ᠃ ᠵᠢᠴᠢ ᠨᠠᠮᠠᠶᠢ ᠢᠨᠠᠭᠯᠠᠭᠴᠢ ᠶᠢ ᠮᠢᠨᠦ ᠡᠴᠢᠭᠡ ᠢᠨᠦ ᠢᠨᠠᠭᠯᠠᠬᠤ ᠪᠥᠭᠡᠳ᠂ ᠪᠢ ᠴᠤ ᠲᠡᠭᠦᠨ ᠢ ᠢᠨᠠᠭᠯᠠᠨ ᠲᠡᠭᠦᠨ ᠳᠦᠷ ᠪᠡᠶ᠎ᠡ ᠪᠡᠨ ᠢᠯᠡᠷᠬᠡᠶᠢᠯᠡᠬᠦ ᠪᠣᠯᠤᠶᠤ᠃ 22ᠢᠰᠺᠠᠷᠢᠶᠣᠳ ᠠᠴᠠ ᠥᠪᠡᠷ᠎ᠡ ᠶᠦᠳᠠ᠋ ᠠᠨᠤ ᠠᠶᠢᠯᠠᠳᠬᠠᠷᠤᠨ᠃ ᠡᠵᠡᠨ ᠡ᠂ ᠴᠢ ᠪᠡᠷ ᠪᠡᠶ᠎ᠡ ᠪᠡᠨ ᠶᠢᠷᠲᠢᠨᠴᠦ ᠳᠦᠷ ᠪᠤᠰᠤ᠂ ᠬᠠᠷᠢᠨ ᠪᠢᠳᠡᠨ ᠳᠦᠷ ᠢᠯᠡᠷᠬᠡᠶᠢᠯᠡᠬᠦ ᠰᠢᠯᠲᠠᠭ᠎ᠠ ᠶᠠᠭᠤᠨ ᠪᠤᠶᠤ᠃ 23ᠬᠡᠮᠡᠨ ᠠᠶᠢᠯᠠᠳᠬᠠᠭᠰᠠᠨ ᠳᠤᠷ ᠢᠢᠰᠦᠰ ᠢᠨᠦ ᠲᠡᠭᠦᠨ ᠳᠦᠷ ᠵᠠᠷᠯᠢᠭ ᠪᠣᠯᠤᠷᠤᠨ᠃ ᠬᠡᠷᠪᠡ ᠠᠯᠢ ᠬᠡᠨ ᠨᠠᠮᠠᠶᠢ ᠢᠨᠠᠭᠯᠠᠪᠠᠰᠤ᠂ ᠲᠡᠷᠡ ᠢᠨᠦ ᠵᠠᠷᠯᠢᠭ ᠢ ᠰᠠᠬᠢᠵᠤ ᠪᠥᠭᠡᠳ᠂ ᠮᠢᠨᠦ ᠡᠴᠢᠭᠡ ᠢᠨᠦ ᠲᠡᠭᠦᠨ ᠢ ᠢᠨᠠᠭᠯᠠᠬᠤ ᠪᠤᠢ᠃ ᠪᠠᠰᠠ ᠪᠢᠳᠡ ᠪᠡᠷ ᠲᠡᠭᠦᠨ ᠳᠦᠷ ᠢᠷᠡᠭᠡᠳ᠂ ᠲᠡᠭᠦᠨ ᠯᠦᠭᠡ ᠪᠠᠶᠢᠬᠤ ᠪᠣᠯᠤᠶᠤ᠃ 24ᠨᠠᠮᠠᠶᠢ ᠡᠰᠡ ᠢᠨᠠᠭᠯᠠᠭᠴᠢ ᠠᠨᠤ ᠮᠢᠨᠦ ᠵᠠᠷᠯᠢᠭ ᠢ ᠡᠰᠡ ᠰᠠᠬᠢᠮᠤᠢ᠃ ᠬᠠᠷᠢᠨ ᠲᠠᠨᠤ ᠰᠣᠨᠣᠰᠤᠭᠰᠠᠨ ᠵᠠᠷᠯᠢᠭ ᠬᠡᠮᠡᠪᠡᠰᠦ ᠮᠢᠨᠦ ᠪᠤᠰᠤ ᠪᠣᠯᠤᠭᠠᠳ᠂ ᠨᠠᠮᠠᠶᠢ ᠢᠯᠡᠭᠡᠭᠰᠡᠨ ᠦ (ᠵᠠᠷᠯᠢᠭ) ᠪᠣᠯᠠᠢ᠃ 25ᠡᠨᠡ ᠮᠡᠲᠦ ᠨᠤᠭᠤᠳ ᠢ ᠪᠢ ᠪᠡᠷ ᠲᠠᠨ ᠤ ᠳᠣᠲᠣᠷ᠎ᠠ ᠪᠠᠶᠢᠬᠤᠯ᠎ᠠ ᠥᠭᠦᠯᠡᠭᠰᠡᠨ ᠪᠤᠢ᠃ 26ᠵᠦᠭᠡᠷ ᠡᠴᠢᠭᠡ ᠶᠢᠨ ᠮᠢᠨᠦ ᠨᠡᠷ᠎ᠡ ᠪᠡᠷ ᠢᠯᠡᠭᠡᠬᠦᠢ ᠠᠮᠤᠷᠠᠭᠤᠯᠤᠭᠴᠢ ᠬᠡᠮᠡᠪᠡᠰᠦ᠂ ᠠᠷᠢᠭᠤᠨ ᠲᠣᠳᠤᠳᠬᠠᠯ ᠠᠨᠤ ᠲᠠᠨ ᠳᠤᠷ ᠬᠠᠮᠤᠭ ᠢ ᠰᠤᠷᠭᠠᠵᠤ᠂ ᠮᠢᠨᠦ ᠲᠠᠨ ᠳᠤᠷ ᠬᠠᠮᠤᠭ ᠥᠭᠦᠯᠡᠭᠰᠡᠨ ᠢ ᠲᠠᠨ ᠢ ᠰᠠᠨᠠᠭᠤᠯᠬᠤ ᠪᠣᠯᠤᠶᠤ᠃ 27ᠪᠢ ᠪᠡᠷ ᠠᠮᠤᠷ ᠢ ᠲᠠᠨ ᠯᠤᠭ᠎ᠠ ᠪᠠᠶᠢᠯᠭᠠᠨ᠂ ᠥᠪᠡᠷ ᠦᠨ ᠠᠮᠤᠷ ᠢ ᠲᠠᠨ ᠳᠤᠷ ᠥᠭᠭᠦᠮᠦᠢ᠃ ᠪᠢ ᠪᠡᠷ ᠶᠢᠷᠲᠢᠨᠴᠦ ᠶᠢᠨ ᠥᠭᠬᠦᠢ ᠶᠣᠰᠤᠭᠠᠷ ᠥᠭᠬᠦ ᠪᠤᠰᠤ᠃ ᠲᠠᠨ ᠤ ᠵᠢᠷᠦᠬᠡᠨ ᠢᠨᠦ ᠦᠯᠦ ᠲᠦᠭᠰᠢᠨ᠂ ᠦᠯᠦ ᠠᠶᠤᠬᠤ ᠪᠣᠯᠲᠤᠭᠠᠢ᠃ 28ᠪᠢ ᠪᠡᠷ ᠣᠳᠤᠭᠠᠳ ᠲᠠᠨ ᠳᠤᠷ ᠬᠠᠷᠢᠵᠤ ᠢᠷᠡᠰᠦ᠂ ᠬᠡᠮᠡᠨ ᠮᠢᠨᠦ ᠥᠭᠦᠯᠡᠭᠰᠡᠨ ᠢ ᠲᠠ ᠪᠡᠷ ᠰᠣᠨᠣᠰᠪᠠᠢ᠃ ᠬᠡᠷᠪᠡ ᠲᠠ ᠪᠡᠷ ᠨᠠᠮᠠᠶᠢ ᠢᠨᠠᠭᠯᠠᠪᠠᠰᠤ᠂ ᠮᠢᠨᠦ ᠡᠴᠢᠭᠡ ᠳᠡᠭᠡᠨ ᠣᠳᠬᠤ ᠶᠢᠨ ᠤᠴᠢᠷ᠎ᠠ ᠲᠠ ᠪᠡᠷ ᠪᠠᠶᠠᠰᠬᠤ ᠪᠥᠯᠦᠭᠡ᠃ ᠲᠡᠷᠡ ᠶᠠᠭᠤᠨ ᠤ ᠲᠤᠯᠠ ᠬᠡᠮᠡᠪᠡᠰᠦ᠂ ᠮᠢᠨᠦ ᠡᠴᠢᠭᠡ ᠢᠨᠦ ᠨᠠᠳᠠᠴᠠ ᠳᠡᠭᠡᠷ᠎ᠡ ᠪᠣᠯᠠᠢ᠃ 29ᠡᠭᠦᠨ ᠦ ᠤᠴᠢᠷᠠᠬᠤᠢ ᠳᠤᠷ ᠲᠠᠨ ᠤ ᠢᠲᠡᠭᠡᠬᠦ ᠶᠢᠨ ᠲᠤᠯᠠ᠂ ᠤᠴᠢᠷᠠᠬᠤ ᠠᠴᠠ ᠤᠷᠢᠳᠠ ᠪᠢ ᠪᠡᠷ ᠲᠠᠨ ᠳᠤᠷ ᠥᠭᠦᠯᠡᠪᠡᠢ᠃ 30ᠡᠭᠦᠨᠴᠡ ᠬᠣᠶᠢᠨᠠ ᠪᠢ ᠪᠡᠷ ᠲᠠᠨ ᠳᠤᠷ ᠣᠯᠠᠨ ᠢ ᠦᠯᠦ ᠥᠭᠦᠯᠡᠬᠦ ᠪᠤᠢ᠃ ᠲᠡᠷᠡ ᠶᠠᠭᠤᠨ ᠤ ᠲᠤᠯᠠ ᠬᠡᠮᠡᠪᠡᠰᠦ᠂ ᠡᠨᠡ ᠶᠢᠷᠲᠢᠨᠴᠦ ᠶᠢᠨ ᠲᠡᠷᠢᠭᠦᠯᠡᠭᠴᠢ ᠢᠨᠦ ᠢᠷᠡᠮᠦᠢ᠃ ᠬᠠᠷᠢᠨ ᠲᠡᠷᠡ ᠢᠨᠦ ᠮᠢᠨᠦ ᠳᠣᠲᠣᠷ᠎ᠠ ᠶᠠᠭᠤᠨ ᠢ ᠴᠤ ᠦᠯᠦ ᠣᠯᠬᠤ ᠪᠤᠢ᠃ 31ᠵᠦᠭᠡᠷ ᠪᠢ ᠪᠡᠷ ᠡᠴᠢᠭᠡ ᠪᠡᠨ ᠢᠨᠠᠭᠯᠠᠨ᠂ ᠲᠡᠭᠦᠨ ᠦ ᠨᠠᠳᠤᠷ ᠵᠠᠬᠢᠭᠰᠠᠨ ᠮᠡᠲᠦ ᠪᠡᠷ ᠪᠦᠲᠦᠭᠡᠮᠦᠢ᠂ ᠬᠡᠮᠡᠨ ᠶᠢᠷᠲᠢᠨᠴᠦ ᠶᠢᠨ ᠮᠡᠳᠡᠬᠦ ᠶᠢᠨ ᠲᠤᠯᠠ (ᠡᠨᠡ ᠮᠡᠲᠦ ᠪᠣᠯᠪᠠᠢ)᠃ ᠪᠣᠰᠤᠭᠲᠤᠨ᠃ ᠡᠨᠳᠡᠴᠡ ᠭᠠᠷᠤᠶ᠎ᠠ ᠅
Currently Selected:
ᠢᠣᠸᠠᠨ 14: MB1840
Highlight
Share
Copy
Want to have your highlights saved across all your devices? Sign up or sign in
Digital edition of the Mongolian translation published in 1840 (the Old Testament) and 1846 (the New Testament) by Edward Stallybrass and William Swan. Created by Bayarjargal Garamtseren and Simon Wong. Digital edition © United Bible Societies, 2020.