ᠢᠣᠸᠠᠨ 18
18
ᠠᠷᠪᠠᠨ ᠨᠠᠶᠢᠮᠠᠳᠤᠭᠠᠷ ᠪᠦᠯᠦᠭ ᠅
1ᠡᠨᠡ ᠮᠡᠲᠦᠰ ᠢ ᠥᠭᠦᠯᠡᠭᠡᠳ ᠢᠢᠰᠦᠰ ᠢᠨᠦ ᠱᠠᠪᠢᠨᠠᠷ ᠢᠶᠠᠨ ᠳᠠᠭᠠᠭᠤᠯᠤᠨ ᠭᠢᠳ᠋ᠷᠣᠨ ᠬᠡᠮᠡᠬᠦ ᠭᠣᠷᠤᠬᠠᠨ ᠢ ᠭᠠᠲᠤᠯᠪᠠᠢ᠃ ᠲᠡᠨᠳᠡ ᠨᠢᠭᠡᠨ ᠬᠦᠷᠢᠶᠡᠯᠡᠩ ᠪᠥᠯᠦᠭᠡ᠃ ᠲᠡᠭᠦᠨ ᠳᠦᠷ ᠲᠡᠷᠡ ᠢᠨᠦ ᠱᠠᠪᠢᠨᠠᠷ ᠯᠤᠭ᠎ᠠ ᠣᠷᠣᠪᠠᠢ᠃ 2ᠲᠡᠭᠦᠨ ᠢ ᠪᠠᠷᠢᠭᠤᠯᠤᠭᠴᠢ ᠶᠦᠳᠠ᠋ ᠠᠨᠤ ᠲᠡᠷᠡ ᠬᠦ ᠣᠷᠣᠨ ᠢ ᠲᠠᠨᠢᠪᠠᠢ᠃ ᠲᠡᠷᠡ ᠶᠠᠭᠤᠨ ᠤ ᠲᠤᠯᠠ ᠬᠡᠮᠡᠪᠡᠰᠦ᠂ ᠢᠢᠰᠦᠰ ᠢᠨᠦ ᠱᠠᠪᠢᠨᠠᠷ ᠯᠤᠭ᠎ᠠ ᠪᠠᠨ ᠲᠡᠨᠳᠡ ᠣᠯᠠᠨᠲᠠ ᠥᠭᠡᠳᠡ ᠪᠣᠯᠤᠭᠰᠠᠨ ᠪᠥᠯᠦᠭᠡ᠃ 3ᠲᠡᠶᠢᠨ ᠪᠥᠭᠡᠳ ᠶᠦᠳᠠ᠋ ᠠᠨᠤ ᠴᠢᠷᠢᠭ ᠦᠨ ᠴᠢᠭᠤᠯᠭᠠᠨ ᠬᠢᠭᠡᠳ ᠬᠥᠲᠦᠴᠢᠨᠠᠷ ᠢ ᠲᠡᠷᠢᠭᠦᠨ ᠯᠠᠮᠠᠨᠠᠷ ᠬᠢᠭᠡᠳ ᠹᠠᠷᠢᠰᠢ ᠨᠠᠷ ᠠᠴᠠ ᠠᠪᠤᠭᠠᠳ᠂ ᠲᠡᠨᠳᠡ ᠵᠤᠯᠠ ᠬᠢᠭᠡᠳ ᠭᠡᠷᠡᠪᠴᠢ ᠪᠠ ᠵᠡᠪᠰᠡᠭ ᠲᠦ ᠪᠡᠷ ᠢᠷᠡᠪᠡᠢ᠃ 4ᠲᠡᠶᠢᠨ ᠪᠥᠭᠡᠳ ᠢᠢᠰᠦᠰ ᠢᠨᠦ ᠪᠡᠶ᠎ᠡ ᠳᠡᠭᠡᠨ ᠠᠯᠢᠪᠠ ᠤᠴᠢᠷᠠᠬᠤᠢ ᠶᠢ ᠮᠡᠳᠡᠨ ᠠᠶᠢᠯᠠᠳᠤᠭᠠᠳ᠂ ᠭᠠᠷᠤᠨ ᠲᠡᠳᠡᠨ ᠳᠦᠷ ᠵᠠᠷᠯᠢᠭ ᠪᠣᠯᠤᠷᠤᠨ᠃ ᠲᠠ ᠪᠡᠷ ᠬᠡᠨ ᠢ ᠪᠡᠳᠡᠷᠢᠮᠦᠶᠦ᠃ 5ᠬᠡᠮᠡᠨ ᠵᠠᠷᠯᠢᠭ ᠪᠣᠯᠤᠭᠰᠠᠨ ᠳᠤᠷ ᠲᠡᠳᠡ ᠢᠨᠦ ᠡᠶᠢᠨ᠃ ᠨᠠᠵᠠᠷᠢᠳ ᠤᠨ ᠢᠢᠰᠦᠰ ᠢ (ᠪᠡᠳᠡᠷᠢᠮᠦᠢ)᠃ ᠬᠡᠮᠡᠨ ᠥᠭᠦᠯᠡᠭᠰᠡᠨ ᠳᠦᠷ ᠢᠢᠰᠦᠰ ᠢᠨᠦ ᠲᠡᠳᠡᠨ ᠳᠦᠷ ᠡᠶᠢᠨ᠃ ᠲᠡᠷᠡ ᠪᠢ ᠮᠥᠨ᠃ ᠬᠡᠮᠡᠨ ᠵᠠᠷᠯᠢᠭ ᠪᠣᠯᠪᠠᠢ᠃ ᠲᠡᠶᠢᠨ ᠠᠬᠤᠶ᠎ᠠ ᠲᠡᠭᠦᠨ ᠢ ᠪᠠᠷᠢᠭᠤᠯᠤᠭᠴᠢ ᠶᠦᠳᠠ᠋ ᠠᠨᠤ ᠲᠡᠳᠡᠨ ᠯᠦᠭᠡ ᠪᠠᠶᠢᠯᠴᠠᠪᠠᠢ᠃ 6(ᠢᠢᠰᠦᠰ ᠦᠨ) ᠲᠡᠷᠡ ᠪᠢ ᠮᠥᠨ ᠬᠡᠮᠡᠨ ᠵᠠᠷᠯᠢᠭ ᠪᠣᠯᠤᠭᠰᠠᠨ ᠯᠤᠭ᠎ᠠ ᠰᠠᠴᠠ᠂ ᠲᠡᠳᠡ ᠢᠨᠦ ᠬᠡᠲᠦᠷᠭᠡ ᠪᠡᠨ ᠣᠳᠳᠤᠨ ᠭᠠᠵᠠᠷ ᠲᠤᠷ ᠤᠨᠠᠪᠠᠢ᠃ 7ᠲᠡᠶᠢᠨ ᠪᠥᠭᠡᠲᠡᠯ᠎ᠡ ᠲᠡᠷᠡ ᠢᠨᠦ ᠳ᠋ᠠᠬᠢᠨ ᠡᠶᠢᠨ᠃ ᠲᠠ ᠪᠡᠷ ᠬᠡᠨ ᠢ ᠪᠡᠳᠡᠷᠢᠮᠦᠶᠦ᠃ ᠬᠡᠮᠡᠨ ᠠᠰᠠᠭᠤᠭᠰᠠᠨ ᠳᠤᠷ ᠲᠡᠳᠡ ᠢᠨᠦ ᠠᠶᠢᠯᠠᠳᠬᠠᠷᠤᠨ᠃ ᠪᠢᠳᠡ ᠨᠠᠵᠠᠷᠢᠳ ᠤᠨ ᠢᠢᠰᠦᠰ ᠢ (ᠪᠡᠳᠡᠷᠢᠮᠦᠢ)᠃ 8ᠬᠡᠮᠡᠭᠰᠡᠨ ᠳᠦᠷ ᠢᠢᠰᠦᠰ ᠢᠨᠦ ᠵᠠᠷᠯᠢᠭ ᠪᠣᠯᠤᠷᠤᠨ᠃ ᠲᠡᠷᠡ ᠪᠢ ᠮᠥᠨ᠂ ᠬᠡᠮᠡᠨ ᠪᠢ ᠪᠡᠷ ᠲᠠᠨ ᠳᠤᠷ ᠥᠭᠦᠯᠡᠪᠡᠢ᠃ ᠲᠡᠶᠢᠮᠦ ᠶᠢᠨ ᠲᠤᠯᠠ ᠬᠡᠷᠪᠡ ᠲᠠ ᠪᠡᠷ ᠨᠠᠮᠠᠶᠢ ᠪᠡᠳᠡᠷᠢᠪᠡᠰᠦ᠂ ᠡᠳᠡᠨ ᠢ ᠶᠠᠪᠤᠭᠤᠯᠤᠨ ᠲᠠᠯᠪᠢᠭᠲᠤᠨ᠃ 9ᠬᠡᠮᠡᠭᠰᠡᠨ ᠢᠶᠡᠷ ᠴᠢᠨᠦ ᠨᠠᠳᠤᠷ ᠥᠭᠭᠦᠭᠰᠡᠨ ᠡᠴᠡ ᠪᠢ ᠪᠡᠷ ᠨᠢᠭᠡᠨ ᠢ ᠴᠤ ᠡᠰᠡ ᠭᠡᠭᠡᠭᠰᠡᠨ ᠪᠤᠢ᠂ ᠬᠡᠮᠡᠨ ᠲᠡᠭᠦᠨ ᠦ ᠵᠠᠷᠯᠢᠭ ᠪᠣᠯᠤᠭᠰᠠᠨ ᠠᠨᠤ ᠪᠦᠲᠦᠪᠡᠢ᠃ 10ᠲᠡᠨᠳᠡ ᠰᠢᠢᠮᠣᠨ ᠹᠢᠲ᠋ᠢᠷ ᠠᠨᠤ ᠢᠯᠳᠦ ᠲᠦ ᠪᠣᠯᠤᠭᠠᠳ᠂ ᠲᠡᠭᠦᠨ ᠢ ᠰᠤᠭᠤᠯᠤᠨ ᠲᠡᠷᠢᠭᠦᠨ ᠯᠠᠮᠠ ᠶᠢᠨ ᠨᠢᠭᠡᠨ ᠪᠣᠭᠣᠯ ᠢ ᠳᠡᠯᠡᠳᠳᠦᠨ᠂ ᠲᠡᠭᠦᠨ ᠦ ᠪᠠᠷᠠᠭᠤᠨ ᠴᠢᠬᠢᠨ ᠢ ᠲᠠᠰᠤ ᠴᠠᠪᠴᠢᠪᠠᠢ᠃ ᠲᠡᠷᠡ ᠬᠦ ᠵᠠᠷᠤᠴᠠ ᠶᠢᠨ ᠨᠡᠷ᠎ᠡ ᠢᠨᠦ ᠮᠠᠯᠺᠤᠰ ᠪᠥᠯᠦᠭᠡ᠃ 11ᠲᠡᠨᠳᠡ ᠢᠢᠰᠦᠰ ᠢᠨᠦ ᠹᠢᠲ᠋ᠢᠷ ᠲᠦᠷ ᠡᠶᠢᠨ᠃ ᠢᠯᠳᠦ ᠪᠡᠨ ᠲᠡᠭᠦᠨ ᠦ ᠭᠡᠷ ᠲᠦᠷ ᠳᠦᠷᠦ᠃ ᠡᠴᠢᠭᠡ ᠶᠢᠨ ᠨᠠᠳᠤᠷ ᠥᠭᠭᠦᠭᠰᠡᠨ ᠠᠶᠠᠭ᠎ᠠ ᠠᠴᠠ ᠪᠢ ᠪᠡᠷ ᠦᠯᠦ ᠤᠭᠤᠬᠤ ᠪᠤᠶᠤ᠃ ᠬᠡᠮᠡᠨ ᠵᠠᠷᠯᠢᠭ ᠪᠣᠯᠪᠠᠢ᠃ 12ᠲᠡᠶᠢᠨ ᠪᠥᠭᠡᠳ ᠴᠢᠷᠢᠭ ᠦᠨ ᠴᠢᠭᠤᠯᠭᠠᠨ ᠬᠢᠭᠡᠳ ᠲᠦᠰᠢᠮᠡᠳ ᠪᠠ ᠶᠦᠳᠠᠲᠠᠨ ᠤ ᠳᠠᠷᠤᠭᠠᠨᠠᠷ ᠠᠨᠤ ᠢᠢᠰᠦᠰ ᠢ ᠪᠠᠷᠢᠵᠤ ᠬᠦᠯᠢᠭᠡᠳ᠃ 13ᠠᠨᠠᠰ ᠲᠤᠷ ᠬᠥᠳᠡᠯᠵᠦ ᠠᠪᠠᠭᠠᠴᠢᠪᠠᠢ᠃ ᠲᠡᠷᠡ ᠶᠠᠭᠤᠨ ᠤ ᠲᠤᠯᠠ ᠬᠡᠮᠡᠪᠡᠰᠦ᠂ ᠠᠨᠠᠰ ᠠᠨᠤ ᠲᠡᠷᠡ ᠬᠦ ᠵᠢᠯ ᠳᠦᠷ ᠲᠡᠷᠢᠭᠦᠨ ᠯᠠᠮᠠ ᠪᠣᠯᠤᠭᠰᠠᠨ ᠺᠠᠶᠠᠹᠠᠰ ᠬᠡᠮᠡᠭᠴᠢ ᠶᠢᠨ ᠬᠠᠳᠤᠮ ᠡᠴᠢᠭᠡ ᠪᠥᠯᠦᠭᠡ᠃ 14ᠲᠡᠷᠡ ᠺᠠᠶᠠᠹᠠᠰ ᠬᠡᠮᠡᠪᠡᠰᠦ ᠶᠦᠳᠠᠲᠠᠨ ᠯᠦᠭᠡ ᠵᠥᠪᠯᠡᠯᠳᠦᠨ᠂ ᠤᠯᠤᠰ ᠤᠨ ᠣᠷᠣᠨᠳᠤ ᠨᠢᠭᠡᠨ ᠬᠦᠮᠦᠨ ᠦ ᠦᠬᠦᠬᠦᠢ ᠢᠨᠦ ᠬᠡᠷᠡᠭᠲᠦ᠂ ᠬᠡᠮᠡᠨ ᠥᠭᠦᠯᠡᠭᠴᠢ ᠮᠥᠨ ᠪᠥᠯᠦᠭᠡ ᠅ 15ᠰᠢᠢᠮᠣᠨ ᠹᠢᠲ᠋ᠢᠷ ᠬᠢᠭᠡᠳ ᠪᠤᠰᠤ ᠨᠢᠭᠡᠨ ᠱᠠᠪᠢ ᠠᠨᠤ ᠢᠢᠰᠦᠰ ᠢ ᠳᠠᠭᠠᠪᠠᠢ᠃ ᠲᠡᠷᠡ ᠬᠦ ᠪᠤᠰᠤ ᠱᠠᠪᠢ ᠠᠨᠤ ᠲᠡᠷᠢᠭᠦᠨ ᠯᠠᠮᠠ ᠳᠤᠷ ᠲᠠᠨᠢᠭᠳᠠᠭᠠᠳ᠂ ᠲᠡᠭᠦᠨ ᠦ ᠣᠷᠳᠤ ᠬᠠᠷᠰᠢᠨ ᠳᠤᠷ ᠢᠢᠰᠦᠰ ᠯᠦᠭᠡ ᠣᠷᠣᠯᠴᠠᠪᠠᠢ᠃ 16ᠵᠦᠭᠡᠷ ᠹᠢᠲ᠋ᠢᠷ ᠠᠨᠤ ᠡᠭᠦᠳᠡᠨ ᠦ ᠡᠮᠦᠨ᠎ᠡ ᠵᠣᠭᠰᠤᠵᠤ ᠪᠠᠶᠢᠪᠠᠢ᠃ ᠲᠡᠶᠢᠮᠦ ᠶᠢᠨ ᠲᠤᠯᠠ ᠲᠡᠷᠢᠭᠦᠨ ᠯᠠᠮᠠ ᠳᠤᠷ ᠲᠠᠨᠢᠭᠳᠠᠭᠰᠠᠨ ᠨᠥᠭᠦᠭᠡ ᠱᠠᠪᠢ ᠠᠨᠤ ᠡᠭᠦᠳᠡᠨ ᠢ ᠰᠠᠬᠢᠭᠴᠢ (ᠰᠢᠪᠡᠭᠴᠢᠨ) ᠳᠦᠷ ᠥᠭᠦᠯᠡᠭᠡᠳ ᠹᠢᠲ᠋ᠢᠷ ᠢ ᠣᠷᠣᠭᠤᠯᠪᠠᠢ᠃ 17ᠲᠡᠶᠢᠨ ᠪᠥᠭᠡᠳ ᠲᠡᠷᠡ ᠡᠭᠦᠳᠡᠨ ᠢ ᠰᠠᠬᠢᠭᠴᠢ ᠰᠢᠪᠡᠭᠴᠢᠨ ᠢᠨᠦ ᠹᠢᠲ᠋ᠢᠷ ᠲᠦᠷ ᠥᠭᠦᠯᠡᠷᠦᠨ᠃ ᠪᠠᠰᠠ ᠴᠢ ᠪᠡᠷ ᠡᠨᠡ ᠬᠦᠮᠦᠨ ᠦ ᠱᠠᠪᠢᠨᠠᠷ ᠠᠴᠠ ᠨᠢᠭᠡᠨ ᠪᠢᠰᠢᠶᠦ᠃ ᠬᠡᠮᠡᠭᠰᠡᠨ ᠳᠦᠷ ᠲᠡᠷᠡ ᠢᠨᠦ ᠪᠢ ᠪᠤᠰᠤ᠂ ᠬᠡᠮᠡᠨ ᠥᠭᠦᠯᠡᠪᠡᠢ᠃ 18ᠲᠡᠨᠳᠡ ᠬᠦᠢᠲᠡᠨ ᠠᠭᠰᠠᠨ ᠤ ᠲᠤᠯᠠ ᠪᠣᠭᠣᠯ ᠤᠳ ᠬᠢᠭᠡᠳ ᠬᠥᠲᠦᠴᠢᠨᠠᠷ ᠢᠨᠦ ᠭᠠᠯ ᠲᠦᠯᠡᠵᠦ ᠪᠡᠶ᠎ᠡ ᠪᠡᠨ ᠳᠤᠯᠠᠭᠠᠴᠠᠵᠤ ᠪᠠᠶᠢᠪᠠᠢ᠃ ᠹᠢᠲ᠋ᠢᠷ ᠴᠤ ᠲᠡᠳᠡᠨ ᠯᠦᠭᠡ ᠵᠣᠭᠰᠤᠨ ᠪᠡᠶ᠎ᠡ ᠪᠡᠨ ᠳᠤᠯᠠᠭᠠᠴᠠᠯᠴᠠᠪᠠᠢ᠃ 19ᠲᠡᠷᠡ ᠴᠠᠭ ᠲᠤᠷ ᠲᠡᠷᠢᠭᠦᠨ ᠯᠠᠮᠠ ᠠᠨᠤ ᠲᠡᠭᠦᠨ ᠦ ᠱᠠᠪᠢᠨᠠᠷ ᠤᠨ ᠤᠴᠢᠷ᠎ᠠ ᠬᠢᠭᠡᠳ ᠰᠤᠷᠭᠠᠯ ᠤᠨ ᠤᠴᠢᠷ᠎ᠠ ᠢᠢᠰᠦᠰ ᠡᠴᠡ ᠠᠰᠠᠭᠤᠪᠠᠢ᠃ 20ᠢᠢᠰᠦᠰ ᠢᠨᠦ ᠲᠡᠭᠦᠨ ᠳᠦᠷ ᠬᠠᠷᠢᠭᠤ ᠵᠠᠷᠯᠢᠭ ᠪᠣᠯᠤᠷᠤᠨ᠃ ᠪᠢ ᠪᠡᠷ ᠶᠢᠷᠲᠢᠨᠴᠦ ᠳᠦᠷ ᠢᠯᠡᠷᠬᠡᠢ ᠪᠡᠷ ᠥᠭᠦᠯᠡᠵᠦ᠂ ᠶᠦᠳᠠᠲᠠᠨ ᠤ ᠴᠢᠭᠤᠯᠤᠳᠠᠭ ᠬᠤᠷᠠᠯ ᠬᠢᠭᠡᠳ ᠰᠦᠮ᠎ᠡ ᠶᠢᠨ ᠳᠣᠲᠣᠷ᠎ᠠ ᠦᠷᠭᠦᠯᠵᠢᠳᠡ ᠰᠤᠷᠭᠠᠨ᠂ ᠨᠢᠭᠤᠴᠠ ᠪᠠᠷ ᠶᠠᠭᠤᠨ ᠢ ᠴᠤ ᠡᠰᠡ ᠥᠭᠦᠯᠡᠪᠡᠢ᠃ 21ᠴᠢ ᠪᠡᠷ ᠨᠠᠳᠠᠴᠠ ᠶᠠᠭᠤᠨ ᠤ ᠲᠤᠯᠠ ᠠᠰᠠᠭᠤᠮᠤᠶᠤ᠃ ᠨᠠᠮᠠᠶᠢ ᠰᠣᠨᠣᠰᠤᠭᠴᠢᠳ ᠠᠴᠠ ᠮᠢᠨᠦ ᠲᠡᠳᠡᠨ ᠳᠦᠷ ᠶᠠᠭᠤᠨ ᠥᠭᠦᠯᠡᠭᠰᠡᠨ ᠢ ᠠᠰᠠᠭᠤᠨ ᠦᠢᠯᠡᠳ᠃ ᠮᠢᠨᠦ ᠥᠭᠦᠯᠡᠭᠰᠡᠨ ᠢ ᠲᠡᠳᠡ ᠢᠨᠦ ᠮᠡᠳᠡᠮᠦᠢ᠃ 22ᠬᠡᠮᠡᠨ ᠵᠠᠷᠯᠢᠭ ᠪᠣᠯᠤᠭᠰᠠᠨ ᠳᠤᠷ ᠬᠥᠲᠦᠴᠢᠨᠠᠷ ᠠᠴᠠ ᠨᠢᠭᠡᠨ ᠢᠨᠦ ᠢᠢᠰᠦᠰ ᠢ ᠠᠯᠠᠭᠠᠳᠠᠭᠠᠳ ᠡᠶᠢᠨ᠃ ᠴᠢ ᠪᠡᠷ ᠲᠡᠷᠢᠭᠦᠨ ᠯᠠᠮᠠ ᠳᠤᠷ ᠡᠨᠡ ᠮᠡᠲᠦ ᠪᠡᠷ ᠬᠠᠷᠢᠭᠤ ᠥᠭᠦᠯᠡᠮᠦᠶᠦ᠃ 23ᠬᠡᠮᠡᠭᠰᠡᠨ ᠳᠦᠷ ᠢᠢᠰᠦᠰ ᠢᠨᠦ ᠲᠡᠭᠦᠨ ᠳᠦᠷ ᠵᠠᠷᠯᠢᠭ ᠪᠣᠯᠤᠷᠤᠨ᠃ ᠬᠡᠷᠪᠡ ᠪᠢ ᠪᠡᠷ ᠪᠤᠷᠤᠭᠤ ᠪᠠᠷ ᠥᠭᠦᠯᠡᠪᠡᠰᠦ᠂ ᠲᠡᠷᠡ ᠬᠦ ᠪᠤᠷᠤᠭᠤ ᠶᠢᠨ ᠤᠴᠢᠷ᠎ᠠ ᠭᠡᠷᠡᠴᠢᠯᠡᠨ ᠦᠢᠯᠡᠳ᠃ ᠵᠦᠭᠡᠷ ᠬᠡᠷᠪᠡ ᠪᠢ ᠵᠥᠪ ᠢᠶᠡᠷ ᠥᠭᠦᠯᠡᠪᠡᠰᠦ᠂ ᠴᠢ ᠪᠡᠷ ᠨᠠᠮᠠᠶᠢ ᠶᠠᠭᠤᠨ ᠤ ᠲᠤᠯᠠ ᠴᠣᠬᠢᠮᠤᠶᠤ᠃ 24ᠠᠨᠠᠰ ᠠᠨᠤ ᠲᠡᠭᠦᠨ ᠢ ᠬᠦᠯᠢᠭᠡ ᠲᠦ ᠪᠡᠷ ᠺᠠᠶᠠᠹᠠᠰ ᠲᠤᠷ ᠢᠯᠡᠭᠡᠭᠰᠡᠨ ᠪᠥᠯᠦᠭᠡ ᠅ 25ᠲᠡᠨᠳᠡ ᠰᠢᠢᠮᠣᠨ ᠹᠢᠲ᠋ᠢᠷ ᠠᠨᠤ ᠪᠡᠶ᠎ᠡ ᠪᠡᠨ ᠳᠤᠯᠠᠭᠠᠴᠠᠨ ᠠᠪᠠᠢ᠃ ᠲᠡᠳᠡ ᠢᠨᠦ ᠲᠡᠭᠦᠨ ᠳᠦᠷ ᠡᠶᠢᠨ᠃ ᠪᠠᠰᠠ ᠴᠢ ᠪᠡᠷ ᠲᠡᠭᠦᠨ ᠦ ᠱᠠᠪᠢᠨᠠᠷ ᠠᠴᠠ ᠨᠢᠭᠡᠨ ᠪᠢᠰᠢᠶᠦ᠃ ᠬᠡᠮᠡᠨ ᠥᠭᠦᠯᠡᠭᠰᠡᠨ ᠳᠦᠷ ᠲᠡᠷᠡ ᠢᠨᠦ ᠮᠡᠯᠵᠢᠨ ᠡᠶᠢᠨ᠃ ᠪᠢ ᠪᠤᠰᠤ᠃ 26ᠬᠡᠮᠡᠭᠰᠡᠨ ᠳᠦᠷ ᠲᠡᠷᠢᠭᠦᠨ ᠯᠠᠮᠠ ᠶᠢᠨ ᠪᠣᠭᠣᠯ ᠤᠳ ᠠᠴᠠ ᠨᠢᠭᠡᠨ ᠪᠥᠭᠡᠲᠡᠯ᠎ᠡ᠂ ᠹᠢᠲ᠋ᠢᠷ ᠦᠨ ᠴᠢᠬᠢᠨ ᠢ ᠴᠠᠪᠴᠢᠭᠰᠠᠨ ᠬᠦᠮᠦᠨ ᠦ ᠲᠥᠷᠥᠯ ᠢᠨᠦ ᠥᠭᠦᠯᠡᠷᠦᠨ᠃ ᠪᠢ ᠪᠡᠷ ᠲᠡᠭᠦᠨ ᠯᠦᠭᠡ ᠬᠠᠮᠲᠤ ᠬᠦᠷᠢᠶᠡᠯᠡᠩ ᠦᠨ ᠳᠣᠲᠣᠷ᠎ᠠ ᠴᠢᠮᠠᠶᠢ ᠦᠵᠡᠭᠰᠡᠨ ᠪᠢᠰᠢᠶᠦ᠃ 27ᠬᠡᠮᠡᠭᠰᠡᠨ ᠳᠦᠷ ᠹᠢᠲ᠋ᠢᠷ ᠦᠨ ᠳ᠋ᠠᠬᠢᠨ ᠮᠡᠯᠵᠢᠨ ᠥᠭᠦᠯᠡᠭᠰᠡᠨ ᠯᠦᠭᠡ ᠰᠠᠴᠠ ᠡᠷ᠎ᠡ ᠲᠠᠬᠢᠶ᠎ᠠ ᠠᠨᠤ ᠳᠣᠩ᠋ᠭᠤᠳᠪᠠᠢ᠃ 28ᠲᠡᠶᠢᠨ ᠪᠥᠭᠡᠳ ᠲᠡᠳᠡ ᠢᠨᠦ ᠢᠢᠰᠦᠰ ᠢ ᠺᠠᠶᠠᠹᠠᠰ ᠤᠨ ᠭᠡᠷ ᠡᠴᠡ ᠵᠠᠷᠭᠤᠨ ᠤ ᠣᠷᠳᠤ ᠬᠠᠷᠰᠢᠨ ᠳᠤᠷ ᠬᠥᠳᠡᠯᠵᠦ ᠠᠪᠠᠭᠠᠴᠢᠪᠠᠢ᠃ ᠲᠡᠷᠡ ᠴᠠᠭ ᠲᠤᠷ ᠡᠷᠲᠡ ᠪᠥᠯᠦᠭᠡ᠃ ᠲᠡᠶᠢᠨ ᠬᠦ ᠶᠦᠳᠠᠲᠠᠨ ᠢᠨᠦ ᠪᠡᠶ᠎ᠡ ᠪᠡᠨ ᠦᠯᠦ ᠪᠤᠵᠠᠷᠯᠠᠭᠤᠯᠤᠨ᠂ ᠹᠠᠰᠬᠠ ᠶᠢ ᠢᠳᠡᠬᠦᠢ ᠶᠣᠰᠤᠨ ᠢ ᠬᠢᠴᠢᠶᠡᠬᠦ ᠶᠢᠨ ᠲᠤᠯᠠ ᠵᠠᠷᠭᠤᠨ ᠤ ᠬᠠᠷᠰᠢ ᠶᠢᠨ ᠳᠣᠲᠣᠷ᠎ᠠ ᠡᠰᠡ ᠣᠷᠣᠪᠠᠢ᠃ 29ᠲᠡᠶᠢᠮᠦ ᠶᠢᠨ ᠲᠤᠯᠠᠳᠠ ᠹᠢᠯᠠᠳ ᠠᠨᠤ ᠲᠡᠳᠡᠨ ᠳᠦᠷ ᠭᠠᠷᠤᠭᠠᠳ ᠡᠶᠢᠨ᠃ ᠡᠨᠡ ᠬᠦᠮᠦᠨ ᠦ ᠲᠤᠰ ᠲᠠᠨᠤ ᠪᠤᠷᠤᠭᠤᠰᠢᠶᠠᠯ ᠠᠨᠤ ᠶᠠᠭᠤᠨ ᠪᠤᠶᠤ᠃ 30ᠬᠡᠮᠡᠭᠰᠡᠨ ᠳᠦᠷ ᠲᠡᠳᠡ ᠢᠨᠦ ᠥᠭᠦᠯᠡᠷᠦᠨ᠃ ᠬᠡᠷᠪᠡ ᠲᠡᠷᠡ ᠢᠨᠦ ᠪᠤᠷᠤᠭᠤ ᠲᠤ ᠪᠤᠰᠤ ᠠᠭᠰᠠᠨ ᠪᠣᠯᠪᠠᠰᠤ᠂ ᠪᠢᠳᠡ ᠪᠡᠷ ᠲᠡᠭᠦᠨ ᠢ ᠴᠢᠮᠠᠳᠤᠷ ᠦᠯᠦ ᠬᠦᠷᠭᠡᠬᠦ ᠪᠥᠯᠦᠭᠡ᠃ 31ᠬᠡᠮᠡᠭᠰᠡᠨ ᠳᠦᠷ ᠹᠢᠯᠠᠳ ᠠᠨᠤ ᠲᠡᠳᠡᠨ ᠳᠦᠷ ᠥᠭᠦᠯᠡᠷᠦᠨ᠃ ᠲᠠ ᠪᠡᠷ ᠲᠡᠭᠦᠨ ᠢ ᠠᠪᠤᠭᠠᠳ᠂ ᠥᠪᠡᠷ ᠦᠨ ᠲᠣᠭᠲᠠᠭᠠᠯ ᠤᠨ ᠶᠣᠰᠤᠭᠠᠷ ᠲᠡᠭᠦᠨ ᠢ ᠰᠢᠭᠦᠭᠲᠦᠨ᠃ ᠬᠡᠮᠡᠭᠰᠡᠨ ᠳᠦᠷ ᠶᠦᠳᠠᠲᠠᠨ ᠢᠨᠦ ᠲᠡᠭᠦᠨ ᠳᠦᠷ ᠡᠶᠢᠨ᠃ ᠪᠢᠳᠡᠨ ᠳᠦᠷ ᠬᠦᠮᠦᠨ ᠢ ᠦᠬᠦᠭᠦᠯᠬᠦᠢ ᠡᠷᠬᠡ ᠦᠭᠡᠢ᠃ ᠬᠡᠮᠡᠨ ᠥᠭᠦᠯᠡᠪᠡᠢ᠃ 32ᠡᠭᠦᠪᠡᠷ ᠢᠢᠰᠦᠰ ᠦᠨ ᠶᠠᠮᠪᠠᠷ ᠦᠬᠦᠯ ᠢᠶᠡᠷ ᠨᠥᠭᠴᠢᠬᠦᠢ ᠪᠡᠨ ᠵᠢᠭᠠᠵᠤ ᠵᠠᠷᠯᠢᠭ ᠪᠣᠯᠤᠭᠰᠠᠨ ᠠᠨᠤ ᠪᠦᠲᠦᠪᠡᠢ᠃ 33ᠲᠡᠨᠳᠡᠴᠡ ᠹᠢᠯᠠᠳ ᠠᠨᠤ ᠵᠠᠷᠭᠤᠨ ᠤ ᠣᠷᠳᠤ ᠬᠠᠷᠰᠢᠨ ᠳᠤᠷ ᠳ᠋ᠠᠬᠢᠨ ᠣᠷᠣᠭᠠᠳ᠂ ᠢᠢᠰᠦᠰ ᠢ ᠳᠠᠭᠤᠳᠠᠭᠠᠳ ᠡᠶᠢᠨ᠃ ᠴᠢ ᠪᠡᠷ ᠶᠦᠳᠠᠲᠠᠨ ᠤ ᠬᠠᠭᠠᠨ ᠮᠥᠨ ᠪᠤᠶᠤ᠃ 34ᠬᠡᠮᠡᠨ ᠥᠭᠦᠯᠡᠭᠰᠡᠨ ᠳᠦᠷ ᠢᠢᠰᠦᠰ ᠢᠨᠦ ᠲᠡᠭᠦᠨ ᠳᠦᠷ ᠵᠠᠷᠯᠢᠭ ᠪᠣᠯᠤᠷᠤᠨ᠃ ᠴᠢ ᠪᠡᠷ ᠥᠪᠡᠷ ᠦᠨ ᠪᠡᠶ᠎ᠡ ᠡᠴᠡ ᠡᠭᠦᠨ ᠢ ᠥᠭᠦᠯᠡᠮᠦᠶᠦ᠃ ᠡᠰᠡᠪᠡᠰᠦ ᠪᠤᠰᠤᠳ ᠠᠨᠤ ᠮᠢᠨᠦ ᠤᠴᠢᠷ᠎ᠠ ᠴᠢᠮᠠᠳᠤᠷ ᠮᠡᠳᠡᠭᠦᠯᠪᠦᠦ᠃ 35ᠬᠡᠮᠡᠨ ᠵᠠᠷᠯᠢᠭ ᠪᠣᠯᠤᠭᠰᠠᠨ ᠳᠤᠷ ᠹᠢᠯᠠᠳ ᠠᠨᠤ ᠥᠭᠦᠯᠡᠷᠦᠨ᠃ ᠪᠢ ᠪᠡᠷ ᠶᠦᠳᠠᠲᠠᠨ ᠤ ᠠᠶᠢᠮᠠᠭ ᠲᠤ ᠪᠤᠶᠤ᠃ ᠴᠢᠨᠦ ᠤᠯᠤᠰ ᠬᠢᠭᠡᠳ ᠲᠡᠷᠢᠭᠦᠨ ᠯᠠᠮᠠᠨᠠᠷ ᠠᠨᠤ ᠴᠢᠮᠠᠶᠢ ᠨᠠᠳᠤᠷ ᠲᠤᠰᠢᠶᠠᠵᠤ ᠥᠭᠭᠦᠭᠰᠡᠨ ᠪᠤᠢ᠃ ᠴᠢ ᠪᠡᠷ ᠶᠠᠭᠤᠨ ᠢ ᠦᠢᠯᠡᠳᠦᠭᠰᠡᠨ ᠪᠤᠶᠤ᠃ 36ᠬᠡᠮᠡᠭᠰᠡᠨ ᠳᠦᠷ ᠢᠢᠰᠦᠰ ᠢᠨᠦ ᠵᠠᠷᠯᠢᠭ ᠪᠣᠯᠤᠷᠤᠨ᠃ ᠮᠢᠨᠦ ᠡᠵᠡᠯᠡᠭᠦᠷᠢ ᠢᠨᠦ ᠡᠨᠡ ᠶᠢᠷᠲᠢᠨᠴᠦ ᠡᠴᠡ ᠪᠤᠰᠤ ᠪᠣᠯᠠᠢ᠃ ᠬᠡᠷᠪᠡ ᠮᠢᠨᠦ ᠡᠵᠡᠯᠡᠭᠦᠷᠢ ᠢᠨᠦ ᠡᠨᠡ ᠶᠢᠷᠲᠢᠨᠴᠦ ᠡᠴᠡ ᠠᠭᠰᠠᠨ ᠪᠣᠯᠪᠠᠰᠤ᠂ ᠮᠢᠨᠦ ᠵᠠᠷᠤᠴᠠᠨᠠᠷ ᠠᠨᠤ ᠨᠠᠮᠠᠶᠢ ᠶᠦᠳᠠᠲᠠᠨ ᠳᠤᠷ ᠦᠯᠦ ᠪᠠᠷᠢᠭᠤᠯᠬᠤ ᠶᠢᠨ ᠲᠤᠯᠠ ᠳᠠᠶᠢᠯᠠᠬᠤ ᠪᠥᠯᠦᠭᠡ᠃ ᠵᠦᠭᠡᠷ ᠡᠳᠦᠭᠡ ᠮᠢᠨᠦ ᠡᠵᠡᠯᠡᠭᠦᠷᠢ ᠢᠨᠦ ᠡᠨᠳᠡᠴᠡ ᠪᠤᠰᠤ ᠪᠣᠯᠠᠢ᠃ 37ᠬᠡᠮᠡᠨ ᠵᠠᠷᠯᠢᠭ ᠪᠣᠯᠤᠭᠰᠠᠨ ᠳᠤᠷ ᠹᠢᠯᠠᠳ ᠠᠨᠤ ᠥᠭᠦᠯᠡᠷᠦᠨ᠃ ᠲᠡᠶᠢᠨ ᠬᠦ ᠴᠢ ᠪᠡᠷ ᠨᠢᠭᠡ ᠬᠠᠭᠠᠨ ᠪᠤᠶᠤ᠃ ᠬᠡᠮᠡᠭᠰᠡᠨ ᠳᠦᠷ ᠢᠢᠰᠦᠰ ᠢᠨᠦ ᠵᠠᠷᠯᠢᠭ ᠪᠣᠯᠤᠷᠤᠨ᠃ ᠨᠠᠮᠠᠶᠢ ᠬᠠᠭᠠᠨ ᠮᠥᠨ ᠬᠡᠮᠡᠨ ᠴᠢ ᠪᠡᠷ ᠥᠭᠦᠯᠡᠮᠦᠢ᠃ ᠪᠢ ᠪᠡᠷ ᠦᠨᠡᠨ ᠳᠦᠷ ᠭᠡᠷᠡᠴᠢᠯᠡᠬᠦ ᠶᠢᠨ ᠲᠤᠯᠠᠳᠠ ᠲᠥᠷᠥᠭᠳᠡᠭᠡᠳ ᠡᠨᠡ ᠶᠢᠷᠲᠢᠨᠴᠦ ᠳᠦᠷ ᠢᠷᠡᠭᠰᠡᠨ ᠪᠤᠢ᠃ ᠠᠯᠢ ᠬᠡᠨ ᠦᠨᠡᠨ ᠦ ᠬᠤᠪᠢ ᠲᠤ ᠠᠭᠴᠢ ᠠᠨᠤ ᠨᠠᠮᠠᠶᠢ ᠰᠣᠨᠣᠰᠤᠮᠤᠢ᠃ 38ᠬᠡᠮᠡᠨ ᠵᠠᠷᠯᠢᠭ ᠪᠣᠯᠤᠭᠰᠠᠨ ᠳᠤᠷ ᠹᠢᠯᠠᠳ ᠠᠨᠤ ᠲᠡᠭᠦᠨ ᠳᠦᠷ ᠥᠭᠦᠯᠡᠷᠦᠨ᠃ ᠦᠨᠡᠨ ᠢᠨᠦ ᠶᠠᠭᠤᠨ ᠪᠤᠶᠤ᠃ ᠬᠡᠮᠡᠭᠡᠳ ᠳ᠋ᠠᠬᠢᠨ ᠶᠦᠳᠠᠲᠠᠨ ᠳᠤᠷ ᠭᠠᠷᠤᠭᠠᠳ ᠲᠡᠳᠡᠨ ᠳᠦᠷ ᠥᠭᠦᠯᠡᠷᠦᠨ᠃ ᠡᠨᠡ ᠬᠦ (ᠬᠦᠮᠦᠨ) ᠳᠦᠷ ᠪᠢ ᠪᠡᠷ ᠪᠤᠷᠤᠭᠤ ᠶᠢ ᠡᠰᠡ ᠣᠯᠪᠠᠢ᠃ 39ᠬᠠᠷᠢᠨ ᠹᠠᠰᠬᠠ ᠳᠤᠷ ᠨᠢᠭᠡᠨ (ᠬᠦᠮᠦᠨ) ᠢ ᠮᠢᠨᠦ ᠲᠠᠪ ᠳᠤᠷ ᠲᠠᠯᠪᠢᠵᠤ ᠥᠭᠬᠦᠢ ᠶᠣᠰᠤᠨ ᠪᠤᠢ ᠶᠢᠨ ᠲᠤᠯᠠ᠂ ᠶᠦᠳᠠᠲᠠᠨ ᠤ ᠬᠠᠭᠠᠨ ᠢ ᠮᠢᠨᠦ ᠲᠠᠨ ᠳᠤᠷ ᠲᠠᠯᠪᠢᠵᠤ ᠥᠭᠬᠦᠢ ᠶᠢ ᠲᠠ ᠪᠡᠷ ᠬᠡᠷᠡᠭᠯᠡᠮᠦᠶᠦ᠃ 40ᠬᠡᠮᠡᠨ ᠥᠭᠦᠯᠡᠭᠰᠡᠨ ᠳᠦᠷ ᠲᠡᠷᠡ ᠪᠦᠭᠦᠳᠡᠭᠡᠷ ᠶᠡᠬᠡ ᠳᠠᠭᠤ ᠭᠠᠷᠤᠯᠴᠠᠨ ᠡᠶᠢᠨ᠃ ᠡᠨᠡ ᠬᠦᠮᠦᠨ ᠪᠤᠰᠤ᠃ ᠬᠠᠷᠢᠨ ᠪᠠᠷᠠᠪᠠᠰ ᠢ ᠲᠠᠯᠪᠢᠨ ᠥᠭᠲᠦᠭᠡᠢ᠃ ᠬᠡᠮᠡᠨ ᠥᠭᠦᠯᠡᠯᠳᠦᠪᠡᠢ᠃ ᠲᠡᠷᠡ ᠬᠦ ᠪᠠᠷᠠᠪᠠᠰ ᠠᠨᠤ ᠳᠡᠭᠡᠷᠮᠡᠴᠢ ᠬᠦᠮᠦᠨ ᠪᠥᠯᠦᠭᠡ ᠅
Currently Selected:
ᠢᠣᠸᠠᠨ 18: MB1840
Highlight
Share
Copy
Want to have your highlights saved across all your devices? Sign up or sign in
Digital edition of the Mongolian translation published in 1840 (the Old Testament) and 1846 (the New Testament) by Edward Stallybrass and William Swan. Created by Bayarjargal Garamtseren and Simon Wong. Digital edition © United Bible Societies, 2020.