ᠯᠦᠺᠡ 12
12
ᠠᠷᠪᠠᠨ ᠬᠣᠶᠠᠳᠤᠭᠠᠷ ᠪᠦᠯᠦᠭ ᠅
1᠂ ᠲᠡᠷᠡ ᠴᠠᠭ ᠲᠤᠷ ᠣᠯᠠᠨ ᠮᠢᠩᠭᠠᠨ ᠤᠯᠤᠰ ᠤᠨ ᠴᠢᠭᠤᠯᠤᠨ ᠢᠷᠡᠭᠡᠳ᠂ ᠨᠢᠭᠡᠨ ᠨᠢᠭᠡᠨ ᠢᠶᠡᠨ ᠭᠢᠱᠬᠢᠨ ᠠᠬᠤᠶ᠎ᠠ᠂ ᠲᠡᠷᠡ ᠢᠨᠦ ᠱᠠᠪᠢᠨᠠᠷ ᠲᠠᠭᠠᠨ ᠡᠬᠢᠨ ᠲᠡᠷᠢᠭᠦᠨ᠋ᠡ ᠡᠶᠢᠨ ᠵᠠᠷᠯᠢᠭ ᠪᠣᠯᠤᠷᠤᠨ᠃ ᠹᠠᠷᠢᠰᠢ ᠨᠠᠷ ᠤᠨ ᠢᠰᠬᠡᠭᠡᠰᠡᠨ ᠭᠤᠯᠢᠷ ᠠᠴᠠ ᠬᠢᠴᠢᠶᠡᠭᠲᠦᠨ᠃ ᠲᠡᠷᠡ ᠢᠨᠦ ᠮᠡᠬᠡᠲᠦ ᠨᠢᠭᠤᠷ ᠮᠥᠨ᠃ 2᠂ ᠲᠡᠷᠡ ᠶᠠᠭᠤᠨ ᠤ ᠲᠤᠯᠠ ᠬᠡᠮᠡᠪᠡᠰᠦ᠂ ᠦᠯᠦ ᠢᠯᠡᠷᠬᠡᠶᠢᠯᠡᠭᠳᠡᠬᠦᠢ ᠶᠠᠭᠤᠨ ᠴᠤ ᠳᠠᠯᠳᠠᠯᠠᠭᠳᠠᠭᠰᠠᠨ ᠪᠤᠰᠤ ᠪᠥᠭᠡᠳ᠂ ᠦᠯᠦ ᠮᠡᠳᠡᠭᠳᠡᠬᠦᠢ ᠶᠠᠭᠤᠨ ᠴᠤ ᠨᠢᠭᠤᠭᠳᠠᠭᠰᠠᠨ ᠪᠤᠰᠤ᠃ 3᠂ ᠲᠡᠶᠢᠮᠦ ᠶᠢᠨ ᠲᠤᠯᠠ ᠬᠠᠷᠠᠩᠭᠤᠢ ᠶᠢᠨ ᠳᠣᠲᠣᠷ᠎ᠠ ᠲᠠᠨᠤ ᠶᠠᠭᠤᠨ ᠥᠭᠦᠯᠡᠭᠰᠡᠨ ᠢᠨᠦ ᠭᠡᠷᠡᠯ ᠦᠨ ᠳᠣᠲᠣᠷ᠎ᠠ ᠰᠣᠨᠣᠰᠳᠠᠬᠤ ᠪᠥᠭᠡᠳ᠂ ᠳᠣᠲᠣᠭᠠᠳᠤ ᠲᠠᠰᠤᠭ ᠤᠳ ᠤᠨ ᠳᠣᠲᠣᠷ᠎ᠠ ᠲᠠᠨᠤ ᠰᠢᠪᠡᠨᠢᠭ᠌ᠰᠡᠨ [ᠰᠢᠪᠡᠨᠢᠭᠰᠡᠨ] ᠠᠨᠤ ᠭᠡᠷ ᠦᠨ ᠳᠡᠭᠡᠯᠪᠦᠷ ᠦᠳ ᠦᠨ ᠳᠡᠭᠡᠷ᠎ᠡ ᠳᠡᠯᠭᠡᠷᠡᠭᠦᠯᠦᠭᠳᠡᠬᠦ ᠪᠣᠯᠤᠶᠤ᠃ 4᠂ ᠮᠢᠨᠦ ᠢᠨᠠᠭ ᠤᠳ ᠠ᠋᠂ ᠮᠢᠨᠦ ᠲᠠᠨ ᠳᠤᠷ ᠥᠭᠦᠯᠡᠬᠦᠢ ᠢᠨᠦ ᠮᠠᠬᠠᠪᠣᠳ ᠪᠡᠶ᠎ᠡ ᠶᠢ ᠦᠬᠦᠭᠦᠯᠦᠭᠰᠡᠨ ᠦ ᠬᠣᠶᠢᠨᠠ ᠪᠤᠰᠤ ᠶᠠᠭᠤᠨ ᠢ ᠴᠤ ᠦᠢᠯᠡᠳᠴᠦ ᠡᠰᠡ ᠴᠢᠳᠠᠭᠴᠢᠳ ᠠᠴᠠ ᠪᠦᠦ ᠠᠶᠤᠭᠲᠤᠨ᠃ 5᠂ ᠵᠦᠭᠡᠷ ᠬᠡᠨ ᠡᠴᠡ ᠲᠠᠨᠤ ᠠᠶᠤᠬᠤ ᠵᠥᠪ ᠲᠦ ᠶᠢ ᠪᠢ ᠪᠡᠷ ᠲᠠᠨ ᠳᠤᠷ ᠦᠵᠡᠭᠦᠯᠰᠦ ᠬᠡᠮᠡᠪᠡᠰᠦ᠂ ᠦᠬᠦᠭᠦᠯᠦᠭᠰᠡᠨ ᠦ ᠬᠣᠶᠢᠨᠠ ᠲᠠᠮᠤ ᠳᠤᠷ ᠬᠠᠶᠠᠵᠤ ᠴᠢᠳᠠᠭᠴᠢ ᠠᠴᠠ ᠠᠶᠤᠭᠲᠤᠨ᠃ ᠦᠨᠡᠬᠡᠷ ᠲᠡᠭᠦᠨ ᠡᠴᠡ ᠠᠶᠤᠭᠲᠤᠨ᠂ ᠬᠡᠮᠡᠨ ᠪᠢ ᠪᠡᠷ ᠲᠠᠨ ᠳᠤᠷ ᠥᠭᠦᠯᠡᠮᠦᠢ᠃ 6᠂ ᠲᠠᠪᠤᠨ ᠪᠣᠭᠰᠢᠷᠭ᠎ᠠ ᠠᠨᠤ ᠬᠣᠶᠠᠷ ᠮᠥᠩᠭᠦᠪᠡᠷ ᠬᠤᠳᠠᠯᠳᠤᠭᠳᠠᠳᠠᠭ ᠪᠢᠰᠢᠶᠦ᠃ ᠲᠡᠶᠢᠨ ᠪᠣᠯᠪᠠᠴᠤ ᠲᠡᠳᠡᠨ ᠡᠴᠡ ᠨᠢᠭᠡᠨ ᠴᠤ ᠪᠤᠷᠬᠠᠨ ᠤ ᠡᠮᠦᠨ᠎ᠡ ᠡᠰᠡ ᠮᠠᠷᠲᠠᠭᠳᠠᠮᠤᠢ᠃ 7᠂ ᠵᠦᠭᠡᠷ ᠲᠠᠨᠤ ᠲᠣᠯᠤᠭᠠᠢ ᠳᠠᠬᠢ ᠬᠠᠮᠤᠭ ᠦᠰᠦᠨ ᠴᠤ ᠲᠣᠭᠠᠯᠠᠭᠳᠠᠭᠰᠠᠨ ᠮᠥᠨ᠃ ᠲᠡᠶᠢᠮᠦ ᠶᠢᠨ ᠲᠤᠯᠠ ᠪᠦᠦ ᠠᠶᠤᠭᠲᠤᠨ᠃ ᠲᠠ ᠪᠡᠷ ᠣᠯᠠᠨ ᠪᠣᠭᠰᠢᠷᠭ᠎ᠠ ᠠᠴᠠ ᠦᠯᠡᠮᠵᠢ ᠦᠨ᠎ᠡ ᠲᠦ ᠪᠣᠯᠠᠢ᠃ 8᠂ ᠵᠢᠴᠢ ᠮᠢᠨᠦ ᠲᠠᠨ ᠳᠤᠷ ᠥᠭᠦᠯᠡᠬᠦᠢ ᠢᠨᠦ ᠠᠯᠢ ᠬᠡᠨ ᠨᠠᠮᠠᠶᠢ ᠬᠦᠮᠦᠨ ᠨᠦᠭᠦᠳ ᠦᠨ ᠡᠮᠦᠨ᠎ᠡ ᠲᠠᠨᠢᠭᠤᠯᠤᠭᠴᠢ ᠶᠢ ᠬᠦᠮᠦᠨ ᠲᠥᠷᠥᠯᠬᠢᠲᠦ ᠴᠤ ᠪᠤᠷᠬᠠᠨ ᠤ ᠠᠩᠭᠢᠯ ᠤᠳ ᠤᠨ ᠡᠮᠦᠨ᠎ᠡ ᠲᠠᠨᠢᠭᠤᠯᠬᠤ ᠪᠣᠯᠤᠶᠤ᠃ 9᠂ ᠵᠦᠭᠡᠷ ᠠᠯᠢ ᠬᠡᠨ ᠪᠡᠷ ᠬᠦᠮᠦᠨ ᠨᠦᠭᠦᠳ ᠦᠨ ᠡᠮᠦᠨ᠎ᠡ ᠨᠠᠳᠠᠴᠠ ᠮᠡᠯᠵᠢᠭ᠍ᠴᠢ ᠢᠨᠦ ᠪᠤᠷᠬᠠᠨ ᠤ ᠠᠩᠭᠢᠯ ᠤᠳ ᠤᠨ ᠡᠮᠦᠨ᠎ᠡ ᠮᠡᠯᠵᠢᠭᠳᠡᠬᠦ ᠪᠤᠢ᠃ 10᠂ ᠵᠢᠴᠢ ᠬᠦᠮᠦᠨ ᠲᠥᠷᠥᠯᠬᠢᠲᠦ ᠶᠢᠨ ᠲᠤᠰ ᠠᠯᠢ ᠬᠡᠨ ᠦᠭᠡ ᠶᠢ ᠥᠭᠦᠯᠡᠬᠦ ᠪᠥᠭᠡᠰᠦ ᠡᠯ᠎ᠡ᠂ (ᠲᠡᠭᠦᠨ ᠦ ᠬᠢᠯᠢᠨᠴᠡ) ᠢᠨᠦ ᠬᠡᠯᠲᠦᠷᠢᠭᠦᠯᠦᠭᠳᠡᠬᠦ ᠪᠣᠯᠤᠶᠤ᠃ ᠵᠦᠭᠡᠷ ᠠᠷᠢᠭᠤᠨ ᠲᠣᠳᠤᠳᠬᠠᠯ ᠤᠨ ᠲᠤᠰ ᠣᠯᠬᠢᠶᠠᠨ ᠦᠭᠡ ᠶᠢ ᠥᠭᠦᠯᠡᠭᠴᠢ ᠢᠨᠦ ᠦᠯᠦ ᠬᠡᠯᠲᠦᠷᠢᠭᠦᠯᠦᠭᠳᠡᠬᠦ ᠪᠤᠢ ᠅ 11᠂ ᠲᠠ ᠪᠡᠷ ᠬᠤᠷᠠᠯ ᠤᠳ ᠬᠢᠭᠡᠳ ᠲᠡᠷᠢᠭᠦᠯᠡᠭᠴᠢᠳ ᠪᠠ ᠡᠷᠬᠡ ᠲᠡᠨ ᠦ ᠡᠮᠦᠨ᠎ᠡ ᠬᠥᠳᠡᠯᠦᠭᠳᠡᠬᠦᠢ ᠳᠡᠭᠡᠨ ᠶᠠᠮᠪᠠᠷ ᠬᠠᠷᠢᠭᠤ ᠡᠰᠡᠪᠡᠰᠦ ᠶᠠᠭᠤᠨ ᠥᠭᠦᠯᠡᠬᠦ ᠶᠢᠨ ᠤᠴᠢᠷ᠎ᠠ ᠪᠦᠦ ᠰᠠᠨᠠᠭᠠᠴᠢᠯᠠᠭᠲᠤᠨ᠃ 12᠂ ᠲᠡᠷᠡ ᠶᠠᠭᠤᠨ ᠤᠨ ᠲᠤᠯᠠ ᠬᠡᠮᠡᠪᠡᠰᠦ᠂ ᠲᠡᠷᠡ ᠬᠦ ᠴᠠᠭ ᠲᠤᠷ ᠠᠷᠢᠭᠤᠨ ᠲᠣᠳᠤᠳᠬᠠᠯ ᠠᠨᠤ ᠲᠠᠨᠤ ᠶᠠᠭᠤᠨ ᠥᠭᠦᠯᠡᠬᠦ ᠶᠣᠰᠤ ᠲᠤ ᠶᠢ ᠲᠠᠨ ᠳᠤᠷ ᠰᠤᠷᠭᠠᠬᠤ ᠪᠣᠯᠤᠶᠤ ᠅ 13᠂ ᠲᠡᠨᠳᠡ ᠤᠯᠤᠰ ᠠᠴᠠ ᠨᠢᠭᠡᠨ ᠢᠨᠦ ᠲᠡᠭᠦᠨ ᠳᠦᠷ ᠡᠶᠢᠨ᠃ ᠪᠠᠭᠰᠢ ᠠ᠋᠂ ᠥᠮᠴᠡ ᠶᠢ ᠨᠠᠳᠠ ᠯᠤᠭ᠎ᠠ ᠬᠤᠪᠢᠶᠠᠯᠴᠠᠬᠤᠢ ᠶᠢ ᠮᠢᠨᠦ ᠠᠬ᠎ᠠ ᠳᠤᠷ ᠵᠠᠷᠯᠢᠭ ᠪᠣᠯᠤᠨ ᠰᠣᠶᠤᠷᠬ᠎ᠠ᠃ 14᠂ ᠬᠡᠮᠡᠨ ᠠᠶᠢᠯᠠᠳᠬᠠᠭᠰᠠᠨ ᠳᠤᠷ ᠲᠡᠷᠡ ᠢᠨᠦ ᠲᠡᠭᠦᠨ ᠳᠦᠷ ᠡᠶᠢᠨ᠃ ᠬᠦᠮᠦᠨ ᠡ᠂ ᠬᠡᠨ ᠨᠠᠮᠠᠶᠢ ᠲᠠᠨᠤ ᠳᠡᠭᠡᠷ᠎ᠡ ᠰᠢᠭᠦᠭᠴᠢ ᠬᠢᠭᠡᠳ ᠬᠤᠪᠢᠶᠠᠭᠴᠢ ᠪᠣᠯᠭᠠᠭᠰᠠᠨ ᠪᠤᠶᠤ᠃ 15᠂ ᠬᠡᠮᠡᠨ ᠵᠠᠷᠯᠢᠭ ᠪᠣᠯᠤᠭᠠᠳ ᠪᠠᠰᠠ ᠲᠡᠳᠡᠨ ᠳᠦᠷ ᠵᠠᠷᠯᠢᠭ ᠪᠣᠯᠪᠠᠢ᠃ ᠰᠢᠨᠤᠬᠠᠶᠢᠷᠠᠯ ᠠᠴᠠ ᠬᠢᠴᠢᠶᠡᠨ ᠰᠡᠷᠡᠩᠭᠦᠢᠯᠡᠭᠲᠦᠨ᠃ ᠲᠡᠷᠡ ᠶᠠᠭᠤᠨ ᠤ ᠲᠤᠯᠠ ᠬᠡᠮᠡᠪᠡᠰᠦ᠂ ᠡᠳ᠋ᠯᠡᠬᠦ ᠡᠳ᠋ ᠠᠭᠤᠷᠰᠤᠨ ᠤ ᠶᠡᠬᠡ ᠪᠣᠯᠤᠭᠰᠠᠨ ᠢᠶᠠᠷ ᠬᠡᠨ ᠴᠤ ᠠᠮᠢᠨ ᠢᠶᠠᠨ ᠦᠯᠦ ᠠᠪᠤᠷᠠᠬᠤ ᠪᠤᠢ᠃ 16᠂ ᠵᠢᠴᠢ ᠲᠡᠷᠡ ᠢᠨᠦ ᠲᠡᠳᠡᠨ ᠳᠦᠷ ᠦᠯᠢᠭᠡᠷ ᠢᠶᠡᠷ ᠡᠶᠢᠨ ᠵᠠᠷᠯᠢᠭ ᠪᠣᠯᠤᠷᠤᠨ᠃ ᠨᠢᠭᠡ ᠪᠠᠶᠠᠨ ᠬᠦᠮᠦᠨ ᠦ ᠲᠠᠷᠢᠶᠠᠯᠠᠩ ᠠᠨᠤ ᠶᠡᠬᠡ ᠦᠷ᠎ᠡ ᠶᠢ ᠤᠷᠭᠤᠭᠤᠯᠤᠳᠠᠭ ᠪᠥᠯᠦᠭᠡ᠃ 17᠂ ᠲᠡᠶᠢᠨ ᠬᠦ ᠲᠡᠷᠡ ᠢᠨᠦ ᠳᠣᠲᠣᠷ᠎ᠠ ᠪᠠᠨ ᠡᠶᠢᠨ ᠰᠡᠳᠬᠢᠷᠦᠨ᠃ ᠪᠢ ᠪᠡᠷ ᠶᠠᠭᠤᠨ ᠢ ᠦᠢᠯᠡᠳᠬᠦ ᠪᠤᠶᠤ ᠬᠡᠮᠡᠪᠡᠰᠦ᠂ ᠨᠠᠳᠤᠷ ᠵᠢᠮᠡᠰ ᠢᠶᠡᠨ ᠬᠤᠷᠢᠶᠠᠬᠤ ᠵᠠᠢ ᠦᠭᠡᠢ ᠪᠣᠯᠪᠠᠢ᠃ 18᠂ ᠬᠡᠮᠡᠨ ᠰᠡᠳᠬᠢᠭᠡᠳ ᠪᠠᠰᠠ ᠥᠭᠦᠯᠡᠷᠦᠨ᠃ ᠪᠢ ᠪᠡᠷ ᠡᠭᠦᠨ ᠢ ᠦᠢᠯᠡᠳᠬᠦ ᠬᠡᠮᠡᠪᠡᠰᠦ᠂ ᠵᠢᠮᠡᠰ ᠢ ᠬᠠᠳᠠᠭᠠᠯᠳᠠᠭ ᠭᠡᠷ ᠦᠳ ᠢᠶᠡᠨ ᠡᠪᠳᠡᠭᠡᠳ᠂ ᠲᠡᠳᠡᠨ ᠡᠴᠡ ᠠᠭᠤᠵᠢᠮ ᠨᠤᠭᠤᠳ ᠢ ᠡᠭᠦᠳᠦᠰᠦ᠃ ᠲᠡᠶᠢᠨ ᠪᠥᠭᠡᠳ ᠬᠠᠮᠤᠭ ᠵᠢᠮᠡᠰ ᠬᠢᠭᠡᠳ ᠡᠳ᠋ ᠠᠭᠤᠷᠰᠤᠨ ᠢᠶᠠᠨ ᠲᠡᠨᠳᠡ ᠬᠠᠳᠠᠭᠠᠯᠠᠰᠤ᠃ 19᠂ ᠵᠢᠴᠢ ᠰᠦᠨᠡᠰᠦᠨ ᠳᠡᠭᠡᠨ ᠡᠶᠢᠨ᠃ ᠰᠦᠨᠡᠰᠦᠨ ᠡ᠂ ᠴᠢᠮᠠᠳᠤᠷ ᠣᠯᠠᠨ ᠵᠢᠯ ᠳᠦᠷ ᠡᠳ᠋ᠯᠡᠬᠦᠢ ᠡᠳ᠋ ᠠᠭᠤᠷᠰᠤᠨ ᠬᠠᠳᠠᠭᠠᠯᠠᠭᠳᠠᠪᠠᠢ᠂ ᠠᠮᠤᠷᠠᠵᠤ᠂ ᠢᠳᠡᠨ ᠤᠭᠤᠨ ᠵᠢᠷᠭᠠᠲᠤᠭᠠᠢ᠂ ᠬᠡᠮᠡᠨ ᠥᠭᠦᠯᠡᠰᠦ᠃ ᠬᠡᠮᠡᠯᠦᠭᠡ᠃ 20᠂ ᠵᠦᠭᠡᠷ ᠪᠤᠷᠬᠠᠨ ᠠᠨᠤ ᠲᠡᠭᠦᠨ ᠳᠦᠷ ᠡᠶᠢᠨ᠃ ᠤᠬᠠᠭᠠᠨ ᠦᠭᠡᠢ ᠡ᠂ ᠡᠨᠡ ᠬᠦ ᠰᠥᠨᠢᠨ ᠳᠡᠭᠡᠨ ᠴᠢᠨᠦ ᠰᠦᠨᠡᠰᠦᠨ ᠢᠨᠦ ᠴᠢᠮᠠᠴᠠ ᠬᠠᠭᠠᠴᠠᠭᠤᠯᠤᠭᠳᠠᠬᠤ ᠪᠣᠯᠤᠶᠤ᠃ ᠲᠡᠶᠢᠨ ᠬᠦ ᠴᠢᠨᠦ ᠪᠡᠯᠡᠳᠦᠭᠰᠡᠨ ᠢᠨᠦ ᠬᠡᠨ ᠦ ᠪᠣᠯᠬᠤ ᠪᠤᠶᠤ᠃ ᠬᠡᠮᠡᠨ ᠵᠠᠷᠯᠢᠭ ᠪᠣᠯᠪᠠᠢ᠃ 21᠂ ᠡᠨᠡ ᠮᠡᠲᠦ ᠪᠡᠷ ᠪᠤᠷᠬᠠᠨ ᠳᠤᠷ ᠦᠯᠦ ᠪᠠᠶᠠᠵᠢᠨ᠂ ᠥᠪᠡᠷ ᠲᠦᠷ ᠰᠠᠩ ᠢ ᠬᠤᠷᠢᠶᠠᠭᠴᠢ ᠯᠤᠭ᠎ᠠ ᠤᠴᠢᠷᠠᠯᠳᠤᠬᠤ ᠪᠣᠯᠤᠶᠤ᠃ 22᠂ ᠬᠡᠮᠡᠨ ᠵᠠᠷᠯᠢᠭ ᠪᠣᠯᠤᠭᠠᠳ ᠱᠠᠪᠢᠨᠠᠷ ᠲᠠᠭᠠᠨ ᠡᠶᠢᠨ ᠵᠠᠷᠯᠢᠭ ᠪᠣᠯᠤᠷᠤᠨ᠃ ᠲᠡᠶᠢᠮᠦ ᠶᠢᠨ ᠲᠤᠯᠠ ᠮᠢᠨᠦ ᠲᠠᠨ ᠳᠤᠷ ᠥᠭᠦᠯᠡᠬᠦᠢ ᠢᠨᠦ᠂ ᠪᠢᠳᠡ ᠪᠡᠷ ᠶᠠᠭᠤᠨ ᠢ ᠢᠳᠡᠬᠦ᠂ ᠬᠡᠮᠡᠨ ᠥᠪᠡᠷ ᠦᠨ ᠠᠮᠢᠨ ᠤ ᠤᠴᠢᠷ᠎ᠠ ᠦᠯᠦ ᠰᠠᠨᠠᠭᠠᠴᠢᠯᠠᠨ᠂ ᠪᠢᠳᠡ ᠪᠡᠷ ᠶᠠᠭᠤᠨ ᠢ ᠡᠮᠦᠰᠬᠦ ᠬᠡᠮᠡᠨ ᠪᠡᠶ᠎ᠡ ᠶᠢᠨ ᠤᠴᠢᠷ᠎ᠠ ᠪᠦᠦ ᠰᠠᠨᠠᠭᠠᠴᠢᠯᠠᠭᠲᠤᠨ᠃ 23᠂ ᠠᠮᠢᠨ ᠠᠨᠤ ᠲᠡᠵᠢᠭᠡᠯ ᠡᠴᠡ ᠳᠡᠭᠡᠷ᠎ᠡ ᠪᠤᠢ ᠪᠥᠭᠡᠳ᠂ ᠪᠡᠶ᠎ᠡ ᠢᠨᠦ ᠬᠤᠪᠴᠠᠰᠤᠨ ᠠᠴᠠ ᠳᠡᠭᠡᠷ᠎ᠡ ᠪᠣᠯᠠᠢ᠃ 24᠂ ᠬᠡᠷᠢᠶ᠎ᠡ ᠨᠦᠭᠦᠳ ᠢ ᠠᠵᠢᠭᠯᠠᠭᠲᠤᠨ᠃ ᠲᠡᠳᠡ ᠢᠨᠦ ᠡᠰᠡ ᠲᠠᠷᠢᠨ ᠡᠰᠡ ᠬᠠᠳᠤᠳᠠᠭ ᠪᠥᠭᠡᠳ᠂ ᠲᠡᠳᠡᠨ ᠳᠦᠷ ᠬᠤᠷᠢᠶᠠᠨ ᠬᠠᠳᠠᠭᠠᠯᠠᠬᠤᠢ ᠭᠡᠷ ᠴᠤ ᠦᠭᠡᠢ ᠪᠥᠭᠡᠲᠡᠯ᠎ᠡ᠂ ᠪᠤᠷᠬᠠᠨ ᠠᠨᠤ ᠲᠡᠳᠡᠨ ᠢ ᠲᠡᠵᠢᠭᠡᠳᠡᠭ᠃ ᠲᠠ ᠪᠡᠷ ᠰᠢᠪᠠᠭᠤᠳ ᠠᠴᠠ ᠦᠯᠡᠮᠵᠢ ᠳᠡᠭᠡᠷ᠎ᠡ ᠪᠢᠰᠢᠶᠦ᠃ 25᠂ ᠵᠢᠴᠢ ᠲᠠᠨ ᠠᠴᠠ ᠬᠡᠨ ᠪᠡᠷ ᠰᠠᠨᠠᠭᠠᠴᠢᠯᠠᠭᠰᠠᠨ ᠢᠶᠠᠷ ᠪᠡᠶ᠎ᠡ ᠳᠡᠭᠡᠨ ᠨᠢᠭᠡᠨ ᠲᠣᠬᠤᠢ ᠶᠢ ᠴᠤ ᠨᠡᠮᠡᠨ ᠴᠢᠳᠠᠬᠤ ᠪᠤᠶᠤ᠃ 26᠂ ᠲᠡᠶᠢᠮᠦ ᠶᠢᠨ ᠲᠤᠯᠠ ᠬᠡᠷᠪᠡ ᠲᠠ ᠪᠡᠷ ᠪᠠᠭᠠᠬᠠᠨ ᠢ ᠡᠰᠡ ᠴᠢᠳᠠᠪᠠᠰᠤ᠂ ᠪᠤᠰᠤ ᠶᠠᠭᠤᠮᠠᠳ ᠤᠨ ᠤᠴᠢᠷ᠎ᠠ ᠶᠠᠭᠤᠨ ᠤ ᠲᠤᠯᠠ ᠰᠠᠨᠠᠭᠠᠴᠢᠯᠠᠮᠤᠶᠤ᠃ 27᠂ ᠯᠢᠯᠢ ᠴᠢᠴᠢᠭ ᠦᠳ ᠦᠨ ᠶᠠᠬᠢᠨ ᠤᠷᠭᠤᠬᠤᠢ ᠶᠢ ᠠᠵᠢᠭᠯᠠᠭᠲᠤᠨ᠃ ᠲᠡᠳᠡᠭᠡᠷ ᠢᠨᠦ ᠦᠯᠦ ᠬᠥᠳᠦᠯᠦᠨ᠂ ᠦᠯᠦ ᠡᠭᠡᠷᠡᠳᠡᠭ᠃ ᠲᠡᠶᠢᠨ ᠪᠣᠯᠪᠠᠴᠤ ᠮᠢᠨᠦ ᠲᠠᠨ ᠳᠤᠷ ᠥᠭᠦᠯᠡᠬᠦᠢ ᠢᠨᠦ᠂ ᠰᠣᠯᠣᠮᠣᠨ ᠠᠨᠤ ᠬᠠᠮᠤᠭ ᠴᠣᠭ ᠵᠠᠯᠢ ᠪᠠᠷ ᠢᠶᠠᠨ ᠲᠡᠳᠡᠨ ᠦ ᠨᠢᠭᠡᠨ ᠮᠡᠲᠦ ᠡᠰᠡ ᠴᠢᠮᠡᠭᠳᠡᠭᠰᠡᠨ ᠪᠥᠯᠦᠭᠡ᠃ 28᠂ ᠲᠡᠶᠢᠮᠦ ᠶᠢᠨ ᠲᠤᠯᠠ ᠪᠤᠷᠬᠠᠨ ᠠᠨᠤ ᠡᠳᠦᠭᠡ ᠡᠳᠦᠷ᠎ᠡ ᠠᠭᠴᠢ᠂ ᠬᠠᠷᠢᠨ ᠮᠠᠨᠠᠭᠠᠷ ᠡᠳᠦᠷ᠎ᠡ ᠭᠠᠤ (ᠭᠠᠯ) ᠳᠤᠷ ᠬᠠᠶᠠᠭᠳᠠᠬᠤᠢ ᠬᠡᠭᠡᠷ᠎ᠡ ᠶᠢᠨ ᠡᠪᠡᠰᠦᠨ ᠢ ᠲᠡᠷᠡ ᠮᠡᠲᠦ ᠪᠡᠷ ᠴᠢᠮᠡᠳᠡᠭ ᠪᠥᠭᠡᠲᠡᠯ᠎ᠡ᠂ ᠠᠶ᠎ᠠ ᠥᠴᠦᠬᠡᠨ ᠢᠲᠡᠭᠡᠯ ᠲᠡᠨ ᠡ᠂ ᠲᠡᠷᠡ ᠢᠨᠦ ᠲᠠᠨ ᠢ ᠦᠯᠡᠮᠵᠢ (ᠡᠮᠦᠰᠬᠡᠬᠦ) ᠪᠢᠰᠢᠶᠦ᠃ 29᠂ ᠲᠡᠶᠢᠮᠦ ᠶᠢᠨ ᠲᠤᠯᠠ ᠪᠢᠳᠡ ᠪᠡᠷ ᠶᠠᠭᠤᠨ ᠢ ᠢᠳᠡᠨ ᠶᠠᠭᠤᠨ ᠢ ᠤᠭᠤᠬᠤ ᠪᠤᠶᠤ᠂ ᠬᠡᠮᠡᠨ ᠪᠦᠦ ᠡᠷᠢᠭᠲᠦᠨ᠃ ᠪᠠᠰᠠ ᠰᠡᠵᠢᠭᠯᠡᠨ ᠪᠦᠦ ᠰᠠᠨᠠᠭᠠᠯᠵᠠᠭᠲᠤᠨ᠃ 30᠂ ᠲᠡᠷᠡ ᠶᠠᠭᠤᠨ ᠤ ᠲᠤᠯᠠ ᠬᠡᠮᠡᠪᠡᠰᠦ᠂ ᠡᠨᠡ ᠬᠦ ᠶᠢᠷᠲᠢᠨᠴᠦ ᠶᠢᠨ ᠤᠯᠤᠰ ᠤᠳ ᠠᠨᠤ ᠡᠳᠡ ᠬᠠᠮᠤᠭ ᠶᠠᠭᠤᠮᠠᠳ ᠢ ᠡᠷᠢᠳᠡᠭ᠃ ᠬᠠᠷᠢᠨ ᠡᠳᠡ ᠢᠨᠦ ᠲᠠᠨ ᠳᠤᠷ ᠬᠡᠷᠡᠭ ᠲᠦ ᠪᠤᠢ ᠬᠡᠮᠡᠨ᠂ ᠲᠠᠨᠤ ᠣᠭᠲᠠᠷᠭᠤᠢ ᠳᠠᠬᠢ ᠡᠴᠢᠭᠡ ᠢᠨᠦ ᠮᠡᠳᠡᠮᠦᠢ᠃ 31᠂ ᠬᠠᠷᠢᠨ ᠪᠤᠷᠬᠠᠨ ᠤ ᠡᠵᠡᠯᠡᠭᠦᠷᠢᠨ ᠢ ᠦᠯᠡᠮᠵᠢ ᠡᠷᠢᠭᠲᠦᠨ᠃ ᠲᠡᠶᠢᠨ ᠬᠦ ᠡᠯ᠎ᠡ ᠡᠳᠡ ᠪᠦᠭᠦᠳᠡᠭᠡᠷ ᠢᠨᠦ ᠲᠠᠨ ᠳᠤᠷ ᠥᠭᠳᠡᠬᠦ ᠪᠣᠯᠤᠶᠤ ᠅ 32᠂ ᠥᠴᠦᠬᠡᠨ ᠰᠦᠷᠦᠭ ᠡ᠂ ᠪᠦᠦ ᠠᠶᠤᠲᠤᠭᠠᠢ᠃ ᠲᠡᠷᠡ ᠶᠠᠭᠤᠨ ᠤ ᠲᠤᠯᠠ ᠬᠡᠮᠪᠡᠰᠦ᠂ ᠡᠵᠡᠯᠡᠭᠦᠷᠢᠨ ᠢ ᠲᠠᠨ ᠳᠤᠷ ᠥᠭᠬᠦᠢ ᠢᠨᠦ ᠲᠠᠨᠤ ᠡᠴᠢᠭᠡ ᠶᠢᠨ ᠲᠠᠭᠠᠯᠠᠯ ᠪᠣᠯᠠᠢ ᠅ 33᠂ ᠡᠳ᠋ ᠠᠭᠤᠷᠰᠤᠨ ᠢᠶᠠᠨ ᠬᠤᠳᠠᠯᠳᠤᠭᠠᠳ ᠥᠭᠯᠢᠭᠡ ᠶᠢ ᠥᠭᠭᠦᠨ᠂ ᠦᠯᠦ ᠬᠠᠭᠤᠴᠢᠷᠠᠬᠤᠢ ᠲᠠᠭᠠᠷᠴᠤᠭ ᠤᠳ ᠢ ᠪᠡᠯᠡᠳᠦᠨ᠂ ᠣᠭᠲᠠᠷᠭᠤᠢ ᠳᠤᠷ ᠨᠠᠰᠤᠳᠠ ᠦᠯᠦ ᠬᠣᠮᠰᠠᠳᠬᠤᠢ ᠰᠠᠩ ᠢ ᠪᠡᠯᠡᠳᠦᠭᠲᠦᠨ᠃ ᠲᠡᠨᠳᠡ ᠬᠤᠯᠠᠭᠠᠶᠢᠴᠢ ᠦᠯᠦ ᠬᠦᠷᠬᠦ ᠪᠥᠭᠡᠳ᠂ ᠬᠣᠷᠣᠬᠠᠢ ᠴᠤ ᠦᠯᠦ ᠢᠳᠡᠬᠦ ᠪᠤᠢ᠃ 34᠂ ᠲᠡᠷᠡ ᠶᠠᠭᠤᠨ ᠤ ᠲᠤᠯᠠ ᠬᠡᠮᠡᠪᠡᠰᠦ᠂ ᠲᠠᠨᠤ ᠰᠠᠩ ᠤᠨ ᠬᠠᠮᠢᠭ᠎ᠠ ᠪᠦᠬᠦᠢ ᠲᠡᠨᠳᠡ ᠲᠠᠨᠤ ᠵᠢᠷᠦᠬᠡᠨ ᠴᠤ ᠪᠣᠯᠬᠤ ᠪᠣᠯᠤᠶᠤ᠃ 35᠂ ᠲᠠᠨᠤ ᠪᠡᠯᠬᠡᠭᠦᠰᠦᠨ ᠢᠨᠦ ᠪᠦᠰᠡᠯᠡᠭᠳᠡᠭᠰᠡᠭᠡᠷ ᠪᠠᠶᠢᠬᠤ ᠪᠥᠭᠡᠳ᠂ ᠲᠠᠨᠤ ᠵᠤᠯᠠ ᠴᠤ ᠰᠢᠲᠠᠭᠰᠠᠭᠠᠷ ᠪᠠᠶᠢᠬᠤ ᠪᠣᠯᠲᠤᠭᠠᠢ᠃ ᠵᠢᠴᠢ ᠥᠪᠡᠷ ᠦᠨ ᠭᠡᠷ ᠦᠨ ᠡᠵᠡᠨ ᠦ ᠲᠣᠢ ᠬᠣᠷᠢᠮ ᠠᠴᠠ ᠪᠤᠴᠠᠵᠤ ᠢᠷᠡᠬᠦᠢ ᠶᠢ ᠬᠦᠯᠢᠶᠡᠭᠴᠢ ᠬᠦᠮᠦᠨ ᠨᠦᠭᠦᠳ ᠯᠦᠭᠡ ᠠᠳᠠᠯᠢ ᠠᠭᠲᠤᠨ᠃ ᠲᠡᠶᠢᠨ ᠬᠦ ᠲᠡᠭᠦᠨ ᠦ ᠢᠷᠡᠭᠡᠳ ᠳᠡᠯᠡᠳᠳᠦᠭᠰᠡᠨ ᠯᠦᠭᠡ ᠰᠠᠴᠠ ᠡᠭᠦᠳᠡ ᠢᠨᠦ ᠨᠡᠭᠡᠭᠳᠡᠬᠦ ᠪᠣᠯᠲᠤᠭᠠᠢ᠃ 36᠂ ᠭᠡᠷ ᠦᠨ ᠡᠵᠡᠨ ᠦ ᠢᠷᠡᠬᠦᠢ ᠳᠦᠷ ᠰᠠᠬᠢᠭᠰᠠᠭᠠᠷ ᠣᠯᠳᠤᠭᠰᠠᠨ ᠪᠣᠭᠣᠯ ᠤᠳ ᠠᠨᠤ ᠠᠮᠤᠭᠤᠯᠠᠩ ᠮᠥᠨ᠃ 37᠂ ᠮᠢᠨᠦ ᠲᠠᠨᠳᠤᠷ ᠮᠠᠭᠠᠳᠯᠠᠨ ᠥᠭᠦᠯᠡᠬᠦᠢ ᠢᠨᠦ᠂ ᠲᠡᠷᠡ ᠢᠨᠦ ᠪᠡᠶ᠎ᠡ ᠪᠡᠨ ᠪᠦᠰᠡᠯᠡᠭᠡᠳ ᠲᠡᠳᠡᠨ ᠢ ᠰᠠᠭᠤᠯᠭᠠᠨ᠂ ᠲᠡᠳᠡᠨ ᠳᠦᠷ ᠦᠢᠯᠡᠴᠢᠯᠡᠨ ᠬᠦᠨᠳᠦᠯᠡᠬᠦ ᠪᠣᠯᠤᠶᠤ᠃ 38᠂ ᠬᠡᠷᠪᠡ ᠲᠡᠷᠡ ᠢᠨᠦ ᠰᠥᠨᠢ ᠶᠢᠨ ᠬᠣᠶᠠᠳᠤᠭᠠᠷ ᠬᠠᠷᠠᠭᠤᠯ ᠪᠤᠶᠤ᠂ ᠭᠤᠷᠪᠠᠳᠤᠭᠠᠷ ᠬᠠᠷᠠᠭᠤᠯ ᠤᠨ ᠴᠠᠭ ᠲᠤᠷ ᠢᠷᠡᠭᠡᠳ ᠲᠡᠳᠡᠨ ᠢ ᠲᠡᠷᠡ ᠮᠡᠲᠦ ᠪᠡᠷ ᠣᠯᠬᠤ ᠪᠥᠭᠡᠰᠦ᠂ ᠲᠡᠳᠡ ᠪᠣᠭᠣᠯ ᠤᠳ ᠠᠨᠤ ᠠᠮᠤᠭᠤᠯᠠᠩ ᠮᠥᠨ᠃ 39᠂ ᠪᠠᠰᠠ ᠬᠡᠷᠪᠡ ᠭᠡᠷ ᠦᠨ ᠡᠵᠡᠨ ᠢᠨᠦ ᠬᠤᠯᠠᠭᠠᠶᠢᠴᠢ ᠶᠢᠨ ᠢᠷᠡᠬᠦᠢ ᠴᠠᠭ ᠢ ᠮᠡᠳᠡᠭᠰᠡᠨ ᠪᠣᠯᠪᠠᠰᠤ ᠡᠯ᠎ᠡ᠂ ᠰᠡᠷᠢᠵᠦ ᠪᠠᠶᠢᠭᠠᠳ ᠭᠡᠷ ᠢᠶᠡᠨ ᠦᠯᠦ ᠡᠪᠳᠡᠭᠦᠯᠬᠦ ᠪᠥᠯᠦᠭᠡ᠃ ᠬᠡᠮᠡᠨ ᠮᠡᠳᠡᠭᠲᠦᠨ᠃ 40᠂ ᠲᠡᠶᠢᠮᠦ ᠶᠢᠨ ᠲᠤᠯᠠ ᠲᠠ ᠴᠤ ᠪᠡᠯᠡᠨ ᠪᠠᠶᠢᠭᠲᠤᠨ᠃ ᠲᠡᠷᠡ ᠶᠠᠭᠤᠨ ᠤ ᠲᠤᠯᠠ ᠬᠡᠮᠡᠪᠡᠰᠦ᠂ ᠬᠦᠮᠦᠨ ᠲᠥᠷᠥᠯᠬᠢᠲᠦ ᠢᠨᠦ ᠲᠠᠨᠤ ᠦᠯᠦ ᠰᠡᠳᠬᠢᠬᠦᠢ ᠴᠠᠭ ᠲᠤᠷ ᠥᠭᠡᠳᠡ ᠪᠣᠯᠤᠨ ᠢᠷᠡᠬᠦ ᠪᠣᠯᠤᠶᠤ᠃ 41᠂ ᠬᠡᠮᠡᠨ ᠵᠠᠷᠯᠢᠭ ᠪᠣᠯᠤᠭᠰᠠᠨ ᠳᠤᠷ ᠹᠢᠲ᠋ᠢᠷ ᠠᠨᠤ ᠲᠡᠭᠦᠨ ᠳᠦᠷ ᠠᠶᠢᠯᠠᠳᠬᠠᠷᠤᠨ᠃ ᠡᠵᠡᠨ ᠡ᠂ ᠴᠢ ᠪᠡᠷ ᠡᠨᠡ ᠬᠦ ᠦᠯᠢᠭᠡᠷ ᠢ ᠢᠮᠠᠭᠲᠠ ᠪᠢᠳᠡᠨ ᠳᠦᠷ᠂ ᠡᠰᠡᠪᠡᠰᠦ ᠪᠦᠭᠦᠳᠡᠭᠡᠷ ᠲᠦᠷ ᠵᠠᠷᠯᠢᠭ ᠪᠣᠯᠤᠮᠤᠶᠤ᠃ 42᠂ ᠡᠵᠡᠨ ᠢᠨᠦ ᠬᠠᠷᠢᠭᠤ ᠵᠠᠷᠯᠢᠭ ᠪᠣᠯᠤᠷᠤᠨ᠃ ᠭᠡᠷ ᠦᠨ ᠪᠦᠯᠡᠰ ᠦᠨ ᠢᠳᠡᠬᠦᠢ ᠴᠠᠭ ᠲᠤᠷ ᠲᠡᠵᠢᠭᠡᠯ ᠢ ᠲᠡᠳᠡᠨ ᠳᠦᠷ ᠬᠤᠪᠢᠶᠠᠨ ᠥᠭᠬᠦ ᠢᠶᠨ ᠲᠤᠯᠠ᠂ ᠡᠵᠡᠨ ᠦ ᠮᠡᠳᠡᠭᠴᠢ ᠪᠣᠯᠭᠠᠨ ᠲᠣᠭᠲᠠᠭᠠᠭᠰᠠᠨ ᠦᠨᠡᠨᠴᠢ ᠬᠢᠭᠡᠳ ᠤᠬᠠᠭᠠᠨ ᠲᠤ ᠵᠠᠷᠤᠴᠠ ᠬᠡᠨ ᠪᠤᠶᠤ᠃ 43᠂ ᠭᠡᠷ ᠦᠨ ᠡᠵᠡᠨ ᠦ ᠢᠷᠡᠬᠦᠢ ᠳᠦᠷ ᠲᠡᠷᠡ ᠮᠡᠲᠦ ᠪᠡᠷ ᠦᠢᠯᠡᠳᠦᠭᠰᠡᠭᠡᠷ ᠣᠯᠳᠤᠭᠰᠠᠨ ᠪᠣᠭᠣᠯ ᠠᠨᠤ ᠠᠮᠤᠭᠤᠯᠠᠩ ᠮᠥᠨ᠃ 44᠂ ᠲᠡᠷᠡ ᠢᠨᠦ ᠲᠡᠭᠦᠨ ᠳᠦᠷ ᠬᠠᠮᠤᠭ ᠪᠤᠢ ᠡᠳ᠋ ᠠᠭᠤᠷᠰᠤᠨ ᠢᠶᠠᠨ ᠳᠠᠭᠠᠭᠠᠯᠭᠠᠬᠤ ᠪᠣᠯᠤᠶᠤ᠃ ᠬᠡᠮᠡᠨ ᠪᠢ ᠪᠡᠷ ᠲᠠᠨ ᠳᠤᠷ ᠮᠠᠭᠠᠳᠯᠠᠵᠤ ᠥᠭᠦᠯᠡᠮᠦᠢ᠃ 45᠂ ᠵᠦᠭᠡᠷ ᠬᠡᠷᠪᠡ ᠲᠡᠷᠡ ᠬᠦ ᠪᠣᠭᠣᠯ ᠠᠨᠤ ᠵᠢᠷᠦᠬᠡᠨ ᠳᠡᠭᠡᠨ ᠡᠶᠢᠨ᠃ ᠮᠢᠨᠦ ᠡᠵᠡᠨ ᠢᠨᠦ ᠰᠠᠶ᠎ᠠ ᠦᠯᠦ ᠢᠷᠡᠬᠦ ᠪᠤᠢ ᠵᠠ᠂ ᠬᠡᠮᠡᠨ ᠥᠭᠦᠯᠡᠭᠡᠳ᠂ ᠵᠠᠷᠤᠴᠠᠨᠠᠷ ᠬᠢᠭᠡᠳ ᠰᠢᠪᠡᠭᠴᠢᠳ ᠢ ᠭᠦᠪᠴᠢᠨ᠂ ᠢᠳᠡᠨ ᠪᠠ ᠤᠭᠤᠨ ᠠᠷᠬᠢᠳᠠᠨ ᠦᠢᠯᠡᠳᠬᠦ ᠪᠥᠭᠡᠰᠦ᠃ 46᠂ ᠲᠡᠷᠡ ᠬᠦ ᠪᠣᠭᠣᠯ ᠤᠨ ᠡᠵᠡᠨ ᠢᠨᠦ ᠲᠡᠭᠦᠨ ᠦ ᠡᠰᠡ ᠬᠦᠯᠢᠶᠡᠭᠰᠡᠨ ᠡᠳᠦᠷ ᠬᠢᠭᠡᠳ ᠡᠰᠡ ᠮᠡᠳᠡᠭᠰᠡᠨ ᠴᠠᠭ ᠲᠤᠷ ᠢᠷᠡᠭᠡᠳ᠂ ᠲᠡᠭᠦᠨ ᠢ ᠲᠠᠰᠤ ᠴᠠᠪᠴᠢᠭᠤᠯᠤᠭᠠᠳ᠂ ᠢᠲᠡᠭᠡᠯ ᠦᠭᠡᠢ ᠨᠤᠭᠤᠳ ᠯᠤᠭ᠎ᠠ ᠬᠤᠪᠢ ᠶᠢ ᠲᠣᠭᠲᠠᠭᠠᠬᠤ ᠪᠣᠯᠤᠶᠤ᠃ 47᠂ ᠥᠪᠡᠷ ᠦᠨ ᠡᠵᠡᠨ ᠦ ᠳᠤᠷᠠᠨ ᠢ ᠮᠡᠳᠡᠭᠰᠡᠨ ᠪᠣᠯᠪᠠᠴᠤ ᠡᠰᠡ ᠪᠡᠯᠡᠳᠦᠨ᠂ ᠲᠡᠭᠦᠨ ᠦ ᠲᠠᠭᠠᠯᠠᠯ ᠢ ᠡᠰᠡ ᠦᠢᠯᠡᠳᠦᠭᠰᠡᠨ ᠪᠣᠭᠣᠯ ᠠᠨᠤ ᠶᠡᠬᠡᠳᠡ ᠴᠣᠬᠢᠭᠳᠠᠬᠤ ᠪᠣᠯᠤᠶᠤ᠃ 48᠂ ᠵᠦᠭᠡᠷ ᠡᠰᠡ ᠮᠡᠳᠡᠭᠰᠡᠨ ᠪᠣᠭᠣᠯ ᠠᠨᠤ ᠵᠠᠰᠬᠠᠯᠠᠭᠳᠠᠬᠤ ᠲᠡᠩᠰᠡᠭᠦᠷᠢᠲᠦ ᠶᠢ ᠦᠢᠯᠡᠳᠪᠡᠴᠦ᠂ ᠥᠴᠦᠬᠡᠨ ᠲᠡ ᠴᠣᠬᠢᠭᠳᠠᠬᠤ ᠪᠣᠯᠤᠶᠤ᠃ ᠲᠡᠷᠡ ᠶᠠᠭᠤᠨ ᠤ ᠲᠤᠯᠠ ᠬᠡᠮᠡᠪᠡᠰᠦ᠂ ᠠᠯᠢ ᠬᠡᠨ ᠳᠦᠷ ᠣᠯᠠᠨ ᠠᠨᠤ ᠥᠭᠳᠡᠭᠰᠡᠨ ᠪᠣᠯᠪᠠᠰᠤ ᠲᠡᠭᠦᠨ ᠡᠴᠡ ᠣᠯᠠᠨ ᠴᠤ ᠡᠷᠢᠭᠳᠡᠬᠦ᠃ ᠠᠯᠢ ᠬᠡᠨ ᠳᠦᠷ ᠣᠯᠠᠨ ᠠᠨᠤ ᠳᠠᠭᠠᠭᠠᠯᠭᠠᠭᠳᠠᠭᠰᠠᠨ ᠪᠣᠯᠪᠠᠰᠤ᠂ ᠲᠡᠭᠦᠨ ᠡᠴᠡ ᠣᠯᠠᠨ ᠠᠨᠤ ᠨᠡᠬᠡᠭᠳᠡᠬᠦ ᠪᠣᠯᠤᠶᠤ ᠅ 49᠂ ᠪᠢ ᠪᠡᠷ ᠳᠡᠯᠡᠬᠡᠢ ᠶᠢᠨ ᠳᠡᠭᠡᠷ᠎ᠡ ᠭᠠᠯ ᠢ ᠲᠠᠯᠪᠢᠬᠤ ᠶᠢᠨ ᠲᠤᠯᠠ ᠢᠷᠡᠭᠰᠡᠨ ᠪᠤᠢ᠃ ᠲᠡᠶᠢᠨ ᠬᠦ ᠲᠡᠭᠦᠨ ᠦ ᠡᠳᠦᠭᠡ ᠰᠢᠲᠠᠬᠤᠢ ᠶᠢ ᠪᠢ ᠪᠡᠷ ᠬᠡᠷ ᠬᠦᠰᠡᠨᠡᠮ᠃ 50᠂ ᠵᠦᠭᠡᠷ ᠪᠢ ᠪᠡᠷ ᠨᠢᠭᠡᠨ ᠪᠠᠹᠲ᠋ᠢᠰᠮᠠ ᠪᠠᠷ ᠪᠠᠹᠲ᠋ᠢᠰᠯᠠᠭᠳᠠᠬᠤ ᠶᠣᠰᠤ ᠲᠤ ᠪᠣᠯᠤᠭᠠᠳ᠂ ᠲᠡᠭᠦᠨ ᠦ ᠪᠦᠲᠦᠭᠡᠭᠳᠡᠬᠦ ᠪᠣᠯᠲᠠᠯ᠎ᠠ ᠬᠡᠷ ᠬᠠᠰᠢᠭᠳᠠᠨᠠᠮ᠃ 51᠂ ᠲᠠ ᠪᠡᠷ ᠨᠠᠮᠠᠶᠢ ᠶᠢᠷᠲᠢᠨᠴᠦ ᠳᠦᠷ ᠡᠯ ᠡᠪ ᠢ ᠵᠣᠬᠢᠶᠠᠬᠤ ᠶᠢᠨ ᠲᠤᠯᠠ ᠢᠷᠡᠭᠰᠡᠨ ᠪᠤᠢ ᠬᠡᠮᠡᠨ ᠰᠠᠨᠠᠮᠤᠶᠤ᠃ ᠲᠡᠶᠢᠨ ᠪᠤᠰᠤ᠃ ᠬᠠᠷᠢᠨ ᠠᠩᠭᠢᠳᠠ (ᠪᠣᠯᠭᠠᠬᠤ ᠶᠢᠨ ᠲᠤᠯᠠ ᠢᠷᠡᠭᠰᠡᠨ ᠪᠣᠯᠠᠢ) ᠬᠡᠮᠡᠨ ᠪᠢ ᠪᠡᠷ ᠲᠠᠨ ᠳᠤᠷ ᠥᠭᠦᠯᠡᠮᠦᠢ ᠬᠡᠮᠡᠪᠡᠰᠦ᠂ 52᠂ ᠡᠳᠦᠭᠡ ᠡᠴᠡ ᠡᠬᠢᠯᠡᠨ ᠨᠢᠭᠡ ᠭᠡᠷ ᠦᠨ ᠲᠠᠪᠤᠨ ᠬᠦᠮᠦᠨ ᠡᠴᠡ ᠭᠤᠷᠪᠠᠨ ᠠᠨᠤ ᠬᠣᠶᠠᠷ ᠤᠨ ᠲᠤᠰ ᠬᠢᠭᠡᠳ ᠬᠣᠶᠠᠷ ᠠᠨᠤ ᠭᠤᠷᠪᠠᠨ ᠤ ᠲᠤᠰ ᠠᠩᠭᠢ ᠪᠣᠯᠤᠯᠴᠠᠬᠤ ᠪᠤᠢ᠃ 53᠂ ᠡᠴᠢᠭᠡ ᠢᠨᠦ ᠬᠥᠪᠡᠭᠦᠨ ᠦ ᠲᠤᠰ᠂ ᠬᠥᠪᠡᠭᠦᠨ ᠢᠨᠦ ᠡᠴᠢᠭᠡ ᠶᠢᠨ ᠲᠤᠰ᠂ ᠡᠬᠡ ᠢᠨᠦ ᠥᠬᠢᠨ ᠦ ᠲᠤᠰ᠂ ᠥᠬᠢᠨ ᠢᠨᠦ ᠡᠬᠡ ᠶᠢᠨ ᠲᠤᠰ᠂ ᠬᠠᠳᠠᠮ ᠡᠬᠡ ᠢᠨᠦ ᠪᠡᠷᠢ ᠶᠢᠨ ᠲᠤᠰ᠂ ᠪᠡᠷᠢ ᠢᠨᠦ ᠬᠠᠳᠠᠮ ᠡᠬᠡ ᠶᠢᠨ ᠲᠤᠰ (ᠠᠩᠭᠢ ᠪᠣᠯᠤᠯᠴᠠᠬᠤ ᠪᠤᠢ)᠃ ᠬᠡᠮᠡᠨ ᠵᠠᠷᠯᠢᠭ ᠪᠤᠠᠪᠠᠢ [ᠪᠣᠯᠪᠠᠢ] ᠅ 54᠂ ᠵᠢᠴᠢ ᠲᠡᠷᠡ ᠢᠨᠦ ᠲᠡᠷᠡ ᠬᠦ ᠤᠯᠤᠰ ᠲᠤᠷ ᠡᠶᠢᠨ᠃ ᠲᠠ ᠪᠡᠷ ᠪᠠᠷᠠᠭᠤᠨ ᠵᠦᠭ ᠡᠴᠡ ᠡᠭᠦᠯᠡᠨ ᠦ ᠭᠠᠷᠬᠤᠢ ᠶᠢ ᠦᠵᠡᠬᠦᠢ ᠳᠡᠭᠡᠨ ᠪᠣᠷᠣᠭ᠎ᠠ ᠣᠷᠣᠬᠤ᠂ ᠬᠡᠮᠡᠨ ᠳᠠᠷᠤᠢ ᠥᠭᠦᠯᠡᠯᠴᠡᠳᠡᠭ᠃ ᠲᠡᠷᠡ ᠲᠡᠭᠦᠨᠴᠢᠯᠡᠨ ᠮᠥᠨ ᠪᠣᠯᠠᠢ᠃ 55᠂ ᠵᠢᠴᠢ ᠡᠮᠦᠨ᠎ᠡ ᠵᠦᠭ ᠡᠴᠡ ᠰᠠᠯᠬᠢᠨ ᠤ ᠰᠠᠯᠬᠢᠯᠠᠬᠤᠢ ᠳᠤᠷ ᠲᠠ ᠪᠡᠷ ᠬᠠᠯᠠᠭᠤᠨ (ᠡᠳᠦᠷ) ᠪᠣᠯᠬᠤ᠂ ᠬᠡᠮᠡᠨ ᠥᠭᠦᠯᠡᠯᠴᠡᠳᠡᠭ᠃ ᠲᠡᠷᠡ ᠲᠡᠭᠦᠨᠴᠢᠯᠡᠨ ᠬᠦ ᠮᠥᠨ ᠪᠣᠯᠠᠢ᠃ 56᠂ ᠮᠡᠬᠡ ᠲᠦ ᠨᠢᠭᠤᠷ ᠲᠠᠨ ᠠ᠋᠂ ᠲᠠ ᠪᠡᠷ ᠭᠠᠵᠠᠷ ᠤᠨ ᠬᠢᠭᠡᠳ ᠣᠭᠲᠠᠷᠭᠤᠢ ᠶᠢᠨ ᠪᠠᠶᠢᠳᠠᠯ ᠢ ᠰᠢᠭᠦᠬᠦᠢ ᠶᠢ ᠮᠡᠳᠡᠳᠡᠭ᠂ ᠬᠠᠷᠢᠨ ᠲᠠ ᠪᠡᠷ ᠡᠳᠦᠭᠡᠬᠢ ᠴᠠᠭ ᠢ ᠶᠠᠬᠢᠨ ᠡᠰᠡ ᠰᠢᠭᠦᠮᠦᠶᠦ᠃ 57᠂ ᠵᠢᠴᠢ ᠲᠠ ᠪᠡᠷ ᠥᠪᠡᠷ ᠦᠨ ᠪᠡᠶ᠎ᠡ ᠡᠴᠡ ᠶᠠᠭᠤᠨ ᠵᠥᠪ ᠲᠦ ᠶᠢ ᠶᠠᠬᠢᠨ ᠡᠰᠡ ᠰᠢᠭᠢᠳᠬᠡᠮᠦᠶᠦ᠃ 58᠂ ᠴᠢ ᠪᠡᠷ ᠴᠢᠮᠠᠴᠠ ᠨᠡᠬᠡᠭᠴᠢ ᠬᠦᠮᠦᠨ ᠯᠦᠭᠡ ᠲᠡᠷᠢᠭᠦᠯᠡᠭᠴᠢ ᠨᠣᠶᠠᠨ ᠳᠤᠷ ᠣᠳᠤᠯᠴᠠᠨ ᠠᠬᠤᠶ᠎ᠠ᠂ ᠲᠡᠭᠦᠨ ᠯᠦᠭᠡ ᠡᠪᠰᠡᠯᠳᠡᠬᠦᠢ ᠠᠷᠭ᠎ᠠ ᠶᠢ ᠪᠡᠳᠡᠷᠢᠲᠦᠭᠡᠢ᠃ ᠲᠡᠶᠢᠨ ᠪᠤᠰᠤ ᠪᠥᠭᠡᠰᠦ ᠡᠯ᠎ᠡ᠂ ᠲᠡᠷᠡ ᠢᠨᠦ ᠴᠢᠮᠠᠶᠢ ᠵᠠᠷᠤᠭ᠋ᠴᠢ ᠳᠤᠷ ᠴᠢᠷᠬᠦ ᠪᠥᠭᠡᠳ᠂ ᠵᠠᠷᠤᠭ᠋ᠴᠢ ᠠᠨᠤ ᠴᠢᠮᠠᠶᠢ ᠶᠠᠷᠭᠠᠴᠢᠨ ᠳᠤᠷ ᠥᠭᠬᠦ ᠪᠠ᠂ ᠶᠠᠷᠭᠠᠴᠢᠨ ᠠᠨᠤ ᠴᠢᠮᠠᠶᠢ ᠭᠢᠨᠳᠠᠨ ᠤ ᠳᠣᠲᠣᠷ᠎ᠠ ᠬᠠᠭᠠᠬᠤ ᠪᠣᠯᠤᠭᠤᠵᠠᠢ᠃ 59᠂ ᠮᠢᠨᠦ ᠴᠢᠮᠠᠳᠤᠷ ᠥᠭᠦᠯᠡᠬᠦ ᠢᠨᠦ᠂ ᠴᠢ ᠪᠡᠷ ᠡᠴᠦᠰᠳᠡᠬᠢ ᠮᠥᠩᠭᠦᠨ ᠢ ᠥᠭᠲᠡᠯ᠎ᠡ ᠲᠡᠨᠳᠡᠴᠡ ᠦᠯᠦ ᠭᠠᠷᠬᠤ ᠪᠤᠢ᠃ ᠬᠡᠮᠡᠨ ᠵᠠᠷᠯᠢᠭ ᠪᠣᠯᠪᠠᠢ ᠅
Currently Selected:
ᠯᠦᠺᠡ 12: MB1840
Highlight
Share
Copy
Want to have your highlights saved across all your devices? Sign up or sign in
Digital edition of the Mongolian translation published in 1840 (the Old Testament) and 1846 (the New Testament) by Edward Stallybrass and William Swan. Created by Bayarjargal Garamtseren and Simon Wong. Digital edition © United Bible Societies, 2020.

: