ᠯᠦᠺᠡ 13
13
ᠠᠷᠪᠠᠨ ᠭᠤᠷᠪᠠᠳᠤᠭᠠᠷ ᠪᠦᠯᠦᠭ ᠅
1᠂ ᠲᠡᠷᠡ ᠬᠦ ᠴᠠᠭ ᠲᠤᠷ ᠲᠡᠨᠳᠡ ᠠᠭᠰᠠᠳ ᠠᠴᠠ ᠵᠠᠷᠢᠮ ᠤᠳ ᠠᠨᠤ ᠹᠢᠯᠠᠳ ᠤᠨ ᠺᠠᠯᠢᠯᠢᠶ᠎ᠠ ᠲᠠᠨ ᠤ ᠴᠢᠰᠤᠨ ᠢ ᠲᠡᠳᠡᠨ ᠦ ᠲᠠᠬᠢᠯ ᠤᠳ ᠯᠤᠭ᠎ᠠ ᠬᠣᠯᠢᠴᠠᠭᠤᠯᠤᠭᠰᠠᠨ ᠤ ᠤᠴᠢᠷ᠎ᠠ ᠲᠡᠭᠦᠨ ᠳᠦᠷ ᠠᠶᠢᠯᠠᠳᠬᠠᠪᠠᠢ᠃ 2᠂ ᠢᠢᠰᠦᠰ ᠢᠨᠦ ᠲᠡᠳᠡᠨ ᠳᠦᠷ ᠬᠠᠷᠢᠭᠤ ᠵᠠᠷᠯᠢᠭ ᠪᠣᠯᠤᠷᠤᠨ᠃ ᠲᠡᠳᠡᠭᠡᠷ ᠺᠠᠯᠢᠯᠢᠶ᠎ᠠ ᠲᠠᠨ ᠠᠨᠤ ᠲᠡᠷᠡ ᠮᠡᠲᠦ (ᠵᠣᠪᠠᠯᠠᠩ) ᠢ ᠡᠳ᠋ᠯᠡᠭᠰᠡᠨ ᠦ ᠲᠤᠯᠠᠳᠠ ᠬᠠᠮᠤᠭ ᠺᠠᠯᠢᠯᠢᠶ᠎ᠠ ᠲᠠᠨ ᠠᠴᠠ ᠦᠯᠡᠮᠵᠢ ᠬᠢᠯᠢᠨᠴᠡᠲᠦ ᠠᠭᠰᠠᠨ ᠪᠤᠢ ᠵᠠ ᠬᠡᠮᠡᠨ ᠲᠠ ᠪᠡᠷ ᠰᠡᠳᠬᠢᠮᠦᠶᠦ᠃ 3᠂ ᠲᠡᠷᠡ ᠲᠡᠶᠢᠨ ᠪᠤᠰᠤ᠃ ᠬᠠᠷᠢᠨ ᠬᠡᠷᠪᠡ ᠲᠠ ᠪᠡᠷ ᠦᠯᠦ ᠭᠡᠮᠰᠢᠬᠦ ᠪᠥᠭᠡᠰᠦ ᠡᠯ᠎ᠡ᠂ ᠲᠠ ᠪᠦᠭᠦᠳᠡᠭᠡᠷ ᠲᠡᠷᠡ ᠮᠡᠲᠦ ᠪᠡᠷ ᠬᠣᠬᠢᠷᠠᠬᠤ ᠪᠣᠯᠤᠶᠤ ᠬᠡᠮᠡᠨ ᠪᠢ ᠲᠠᠨ ᠳᠤᠷ ᠥᠭᠦᠯᠡᠮᠦᠢ᠃ 4᠂ ᠵᠢᠴᠢ ᠰᠢᠯᠤ ᠠᠮ ᠤᠨ ᠠᠰᠠᠷ ᠠᠨᠤ ᠠᠷᠪᠠᠨ ᠨᠠᠶᠢᠮᠠᠨ ᠬᠦᠮᠦᠨ ᠦ ᠳᠡᠭᠡᠷ᠎ᠡ ᠤᠨᠠᠭᠠᠳ ᠲᠡᠳᠡᠨ ᠢ ᠠᠯᠠᠪᠠᠢ᠃ ᠲᠡᠳᠡ ᠢᠨᠦ ᠶᠢᠷᠤᠰᠠᠯᠢᠮ ᠤᠨ ᠳᠣᠲᠣᠷ᠎ᠠ ᠬᠠᠮᠤᠭ ᠰᠠᠭᠤᠭᠴᠢ ᠬᠦᠮᠦᠨ ᠨᠦᠭᠦᠳ ᠡᠴᠡ ᠦᠯᠡᠮᠵᠢ ᠭᠡᠮ ᠲᠦ ᠠᠭᠰᠠᠨ ᠪᠤᠢ ᠵᠠ᠂ ᠬᠡᠮᠡᠨ ᠲᠠ ᠪᠡᠷ ᠰᠡᠳᠬᠢᠮᠦᠶᠦ᠃ 5᠂ ᠲᠡᠶᠢᠨ ᠪᠤᠰᠤ᠃ ᠬᠠᠷᠢᠨ ᠬᠡᠷᠪᠡ ᠲᠠ ᠪᠡᠷ ᠦᠯᠦ ᠭᠡᠮᠰᠢᠬᠦ ᠪᠥᠭᠡᠰᠦ ᠡᠯ᠎ᠡ᠂ ᠲᠠ ᠪᠦᠭᠦᠳᠡᠭᠡᠷ ᠲᠡᠷᠡ ᠮᠡᠲᠦ ᠪᠡᠷ ᠬᠣᠬᠢᠷᠠᠬᠤ ᠪᠣᠯᠤᠶᠤ᠃ 6᠂ ᠬᠡᠮᠡᠨ ᠵᠠᠷᠯᠢᠭ ᠪᠣᠯᠤᠭᠠᠳ ᠡᠨᠡ ᠬᠦ ᠦᠯᠢᠭᠡᠷ ᠵᠠᠷᠯᠢᠭ ᠪᠣᠯᠤᠷᠤᠨ᠃ ᠨᠢᠭᠡᠨ ᠬᠦᠮᠦᠨ ᠢᠨᠦ ᠦᠵᠦᠮ ᠦᠨ ᠲᠠᠷᠢᠶᠠᠯᠠᠩ ᠳᠤᠷ ᠢᠶᠠᠨ ᠰᠠᠭᠤᠯᠭᠠᠭᠳᠠᠭᠰᠠᠨ ᠲᠣᠰᠢᠯᠤᠭ ᠤᠨ ᠮᠣᠳᠤ ᠲᠤ ᠪᠣᠯᠤᠭᠠᠳ᠂ ᠲᠡᠭᠦᠨ ᠡᠴᠡ ᠵᠢᠮᠡᠰ ᠢ ᠪᠡᠳᠡᠷᠢᠨ ᠢᠷᠡᠭᠡᠳ᠂ ᠡᠰᠡ ᠬᠦ ᠣᠯᠪᠠᠢ᠃ 7᠂ ᠲᠡᠶᠢᠨ ᠪᠥᠭᠡᠳ ᠲᠡᠷᠡ ᠢᠨᠦ ᠦᠵᠦᠮᠴᠢ ᠳᠦᠷ ᠥᠭᠦᠯᠡᠷᠦᠨ᠃ ᠪᠢ ᠪᠡᠷ ᠭᠤᠷᠪᠠᠨ ᠵᠢᠯ ᠦᠨ ᠤᠳᠠᠭᠠᠪᠠᠷ ᠡᠨᠡ ᠬᠦ ᠲᠣᠰᠢᠯᠤᠭ ᠤᠨ ᠮᠣᠳᠤᠨ ᠠᠴᠠ ᠵᠢᠮᠡᠰ ᠢ ᠪᠡᠳᠡᠷᠢᠨ ᠢᠷᠡᠭᠰᠡᠨ ᠪᠣᠯᠪᠠᠴᠤ ᠡᠰᠡ ᠬᠦ ᠣᠯᠪᠠᠢ᠃ ᠲᠡᠭᠦᠨ ᠢ ᠣᠭᠲᠤᠯᠲᠤᠭᠠᠢ᠃ ᠲᠤᠰᠠ ᠦᠭᠡᠢ ᠵᠠᠢ ᠪᠣᠯᠢᠵᠤ ᠪᠠᠶᠢᠬᠤᠢ ᠠᠨᠤ ᠶᠠᠭᠤᠨ ᠬᠡᠷᠡᠭ᠃ 8᠂ ᠬᠡᠮᠡᠭᠰᠡᠨ ᠳᠦᠷ (ᠦᠵᠦᠮᠴᠢ) ᠢᠨᠦ ᠲᠡᠭᠦᠨ ᠳᠦᠷ ᠬᠠᠷᠢᠭᠤ ᠥᠭᠦᠯᠡᠷᠦᠨ᠃ ᠡᠵᠡᠨ ᠡ᠂ ᠲᠡᠭᠦᠨ ᠢ ᠪᠠᠰᠠ ᠡᠨᠡ ᠬᠦ ᠵᠢᠯ ᠳᠦᠷ ᠪᠠᠶᠢᠯᠭ᠎ᠠ᠃ ᠲᠡᠶᠢᠨ ᠬᠦ ᠪᠢ ᠪᠡᠷ ᠲᠡᠭᠦᠨ ᠦ ᠲᠣᠭᠤᠷᠢᠨ᠍ᠠ ᠮᠠᠯᠲᠠᠨ ᠥᠲᠦᠭ ᠬᠣᠬᠢᠷ ᠢᠶᠠᠷ ᠵᠠᠰᠠᠰᠤᠭᠠᠢ᠃ 9᠂ ᠲᠡᠶᠢᠨ ᠬᠦ ᠡᠯ᠎ᠡ ᠬᠡᠷᠪᠡ ᠲᠡᠷᠡ ᠢᠨᠦ ᠵᠢᠮᠡᠰ ᠢ ᠡᠭᠦᠰᠬᠡᠬᠦ ᠪᠥᠭᠡᠰᠦ ᠰᠠᠶᠢᠨ ᠠᠮᠤᠢ ᠵᠠ᠃ ᠦᠯᠦ (ᠡᠭᠦᠰᠬᠡᠬᠦ) ᠪᠥᠭᠡᠰᠦ ᠬᠣᠶᠢᠨᠠ ᠲᠡᠭᠦᠨ ᠢ ᠣᠭᠲᠤᠯᠲᠤᠭᠠᠢ ᠬᠡᠮᠡᠯᠦᠭᠡ ᠅ 10᠂ ᠲᠡᠨᠳᠡᠴᠡ ᠲᠡᠷᠡ ᠢᠨᠦ ᠨᠢᠭᠡᠨ ᠰᠠᠪᠠᠳ ᠡᠳᠦᠷ᠎ᠡ ᠬᠤᠷᠠᠯ ᠤᠨ ᠳᠣᠲᠣᠷ᠎ᠠ ᠰᠤᠷᠭᠠᠨ ᠠᠪᠠᠢ᠃ 11᠂ ᠲᠡᠡᠶᠢᠨ [ᠲᠡᠶᠢᠨ] ᠬᠦ ᠠᠷᠪᠠᠨ ᠨᠠᠶᠢᠮᠠᠨ ᠵᠢᠯ ᠦᠨ ᠲᠤᠷᠰᠢ ᠪᠠᠷ ᠲᠡᠩᠬᠡᠭᠡ ᠦᠭᠡᠢ ᠡᠪᠡᠳᠴᠢᠨ ᠲᠦ ᠨᠢᠭᠡᠨ ᠡᠮ᠎ᠡ ᠪᠥᠯᠦᠭᠡ᠃ ᠲᠡᠷᠡ ᠢᠨᠦ ᠪᠦᠭᠦᠳᠡᠷ ᠪᠡᠶ᠎ᠡ ᠲᠦ ᠪᠣᠯᠤᠭᠠᠳ᠂ ᠪᠣᠰᠴᠤ ᠴᠢᠭᠡ ᠪᠠᠶᠢᠵᠤ ᠡᠰᠡ ᠴᠢᠳᠠᠳᠠᠭ ᠪᠥᠯᠦᠭᠡ᠃ 12᠂ ᠢᠢᠰᠦᠰ ᠢᠨᠦ ᠲᠡᠭᠦᠨ ᠢ ᠦᠵᠡᠭᠡᠳ᠂ ᠳᠡᠷᠭᠡᠳᠡ ᠪᠡᠨ ᠢᠷᠡᠭᠦᠯᠦᠨ ᠡᠶᠢᠨ᠃ ᠡᠮ᠎ᠡ ᠡ᠂ ᠴᠢ ᠪᠡᠷ ᠲᠡᠩᠬᠡᠭᠡ ᠦᠭᠡᠢ ᠡᠴᠡ ᠠᠪᠤᠷᠠᠭᠳᠠᠮᠤᠢ᠃ 13᠂ ᠬᠡᠮᠡᠨ ᠵᠠᠷᠯᠢᠭ ᠪᠣᠯᠤᠭᠠᠳ ᠲᠡᠭᠦᠨ ᠦ ᠳᠡᠭᠡᠷ᠎ᠡ ᠮᠤᠲᠤᠷ ᠢᠶᠠᠨ ᠲᠠᠯᠪᠢᠪᠠᠢ᠃ ᠲᠡᠷᠡ ᠴᠤ ᠳᠠᠷᠤᠢ ᠴᠢᠬᠡ ᠪᠣᠯᠵᠤ ᠪᠤᠷᠬᠠᠨ ᠢ ᠮᠠᠭᠲᠠᠪᠠᠢ᠃ 14᠂ ᠵᠦᠭᠡᠷ ᠬᠤᠷᠠᠯ ᠤᠨ ᠲᠡᠷᠢᠭᠦᠯᠡᠭᠴᠢ ᠢᠨᠦ ᠢᠢᠰᠦᠰ ᠦᠨ ᠰᠠᠪᠠᠳ ᠡᠳᠦᠷ᠎ᠡ ᠡᠪᠡᠳᠴᠢᠲᠡᠨ ᠢ ᠡᠳᠡᠭᠡᠭᠡᠭᠰᠡᠨ ᠦ ᠲᠤᠯᠠ ᠠᠭᠤᠷᠯᠠᠭᠠᠳ ᠤᠯᠤᠰ ᠲᠤᠷ ᠥᠭᠦᠯᠡᠷᠦᠨ᠃ ᠬᠥᠳᠦᠯᠦᠨ ᠦᠢᠯᠡᠳᠬᠦᠢ ᠵᠢᠷᠭᠤᠭᠠᠨ ᠡᠳᠦᠷ ᠪᠤᠢ᠃ ᠲᠡᠳᠡ ᠡᠳᠦᠷ ᠦᠳᠡ ᠡᠳᠡᠭᠡᠭᠡᠭᠳᠡᠬᠦ ᠶᠢᠨ ᠲᠤᠯᠠ ᠢᠷᠡᠨ᠂ ᠰᠠᠪᠠᠳ ᠡᠳᠦᠷ᠎ᠡ ᠪᠦᠦ ᠢᠷᠡᠭᠲᠦᠨ᠃ 15᠂ ᠬᠡᠮᠡᠨ ᠥᠭᠦᠯᠡᠭᠰᠡᠨ ᠳᠦᠷ ᠡᠵᠡᠨ ᠢᠨᠦ ᠲᠡᠭᠦᠨ ᠳᠦᠷ ᠬᠠᠷᠢᠭᠤ ᠵᠠᠷᠯᠢᠭ ᠪᠣᠯᠤᠷᠤᠨ᠃ ᠮᠡᠬᠡ ᠲᠦ ᠨᠢᠭᠤᠷ ᠲᠤ ᠠ᠋᠂ ᠲᠠᠨ ᠠᠴᠠ ᠲᠤᠰᠪᠦᠷᠢ ᠠᠨᠤ ᠦᠬᠡᠷ ᠡᠰᠡᠪᠡᠰᠦ ᠡᠯᠵᠢᠭᠡᠨ ᠢᠶᠡᠨ ᠢᠳᠡᠭᠦᠯᠬᠦᠢ ᠢᠳᠡᠭᠦᠷ ᠡᠴᠡ ᠲᠠᠶᠢᠯᠤᠨ᠂ ᠣᠰᠤᠯᠠᠷᠠ ᠬᠥᠳᠡᠯᠦᠳᠡᠭ ᠪᠢᠰᠢᠶᠦ᠃ 16᠂ ᠲᠡᠶᠢᠨ ᠬᠦ ᠡᠨᠡ ᠢᠨᠦ ᠠᠪᠷᠠᠾᠠᠮ ᠤᠨ ᠨᠢᠭᠡᠨ ᠥᠬᠢᠨ ᠮᠥᠨ ᠪᠥᠭᠡᠲᠡᠯ᠎ᠡ᠂ ᠠᠷᠪᠠᠨ ᠨᠠᠶᠢᠮᠠᠨ ᠵᠢᠯ ᠦᠨ ᠲᠤᠷᠰᠢ ᠪᠠᠷ ᠰᠠᠲ᠋ᠠᠨᠠ ᠳᠤᠷ ᠬᠦᠯᠢᠭᠳᠡᠭᠰᠡᠨ ᠦ ᠬᠣᠶᠢᠨᠠ᠂ ᠲᠡᠷᠡ ᠬᠦ ᠬᠦᠯᠢᠶᠡᠰᠦᠨ ᠡᠴᠡ ᠰᠠᠪᠠᠳ ᠡᠳᠦᠷ᠎ᠡ ᠲᠣᠨᠢᠯᠬᠤᠢ ᠶᠣᠰᠤ ᠲᠤ ᠪᠢᠰᠢᠶᠦ᠃ 17᠂ ᠬᠡᠮᠡᠨ ᠵᠠᠷᠯᠢᠭ ᠪᠣᠯᠤᠭᠰᠠᠨ ᠳᠤᠷ ᠲᠡᠭᠦᠨ ᠳᠦᠷ ᠬᠠᠮᠤᠭ ᠡᠰᠡᠷᠭᠦᠴᠡᠭᠴᠢᠳ ᠢᠨᠦ ᠢᠴᠢᠪᠡᠢ᠃ ᠪᠦᠬᠦ ᠤᠯᠤᠰ ᠴᠤ ᠲᠡᠭᠦᠨ ᠦ ᠦᠢᠯᠡᠳᠦᠭᠰᠡᠨ ᠬᠠᠮᠤᠭ ᠢᠯᠠᠩᠭᠤᠶ᠎ᠠ ᠦᠢᠯᠡᠰ ᠦᠨ ᠤᠴᠢᠷ᠎ᠠ ᠪᠠᠶᠠᠰᠬᠤᠯᠠᠩ ᠲᠤ ᠪᠣᠯᠪᠠᠢ ᠅ 18᠂ ᠵᠢᠴᠢ ᠲᠡᠷᠡ ᠢᠨᠦ ᠵᠠᠷᠯᠢᠭ ᠪᠣᠯᠤᠷᠤᠨ᠃ ᠪᠤᠷᠬᠠᠨ ᠤ ᠡᠵᠡᠯᠡᠭᠦᠷᠢ ᠢᠨᠦ ᠶᠠᠭᠤᠨ ᠯᠤᠭ᠎ᠠ ᠠᠳᠠᠯᠢ ᠪᠤᠶᠤ᠃ ᠪᠢ ᠪᠡᠷ ᠲᠡᠭᠦᠨ ᠢ ᠶᠠᠭᠤᠨ ᠯᠤᠭ᠎ᠠ ᠠᠳᠠᠯᠢᠳᠬᠠᠬᠠᠤ ᠪᠤᠶᠤ᠃ 19᠂ ᠲᠡᠷᠡ ᠢᠨᠦ ᠭᠠᠶᠢᠮᠤ ᠶᠢᠨ ᠬᠥᠷᠦᠩᠭᠡ ᠯᠦᠭᠡ ᠠᠳᠠᠯᠢ ᠪᠣᠯᠠᠢ᠃ ᠲᠡᠭᠦᠨ ᠢ ᠨᠢᠭᠡ ᠬᠦᠮᠦᠨ ᠢᠨᠦ ᠠᠪᠤᠭᠠᠳ ᠴᠢᠴᠢᠭ᠍ᠯᠢᠭ ᠳᠦᠷ ᠢᠶᠡᠨ ᠲᠠᠷᠢᠪᠠᠢ᠃ ᠲᠡᠶᠢᠨ ᠬᠦ ᠲᠡᠷᠡ ᠢᠨᠦ ᠤᠷᠭᠤᠭᠠᠳ ᠶᠡᠬᠡ ᠮᠣᠳᠤᠨ ᠪᠣᠯᠪᠠᠢ᠃ ᠣᠭᠲᠠᠷᠭᠤᠢ ᠪᠠᠷ ᠨᠢᠰᠦᠭᠴᠢ ᠰᠢᠪᠠᠭᠤᠳ ᠴᠤ ᠲᠡᠭᠦᠨ ᠦ ᠭᠡᠰᠢᠭᠦᠳ ᠦᠨ ᠳᠣᠣᠷ᠎ᠠ ᠰᠠᠭᠤᠵᠤ ᠪᠠᠶᠢᠪᠠᠢ᠃ 20᠂ ᠵᠢᠴᠢ ᠲᠡᠷᠡ ᠢᠨᠦ ᠳ᠋ᠠᠬᠢᠨ ᠵᠠᠷᠯᠢᠭ ᠪᠣᠯᠤᠷᠤᠨ᠃ ᠪᠢ ᠪᠡᠷ ᠪᠤᠷᠬᠠᠨ ᠤ ᠡᠵᠡᠯᠡᠭᠦᠷᠢᠨ ᠢ ᠶᠠᠭᠤᠨ ᠯᠤᠭ᠎ᠠ ᠠᠳᠠᠯᠢᠳᠬᠠᠬᠤ ᠪᠤᠶᠤ᠃ 21᠂ ᠲᠡᠷᠡ ᠢᠨᠦ ᠢᠰᠬᠡᠭᠰᠡᠨ ᠭᠤᠯᠢᠷ ᠯᠤᠭ᠎ᠠ ᠠᠳᠠᠯᠢ ᠪᠣᠯᠠᠢ᠃ ᠲᠡᠭᠦᠨ ᠢ ᠨᠢᠭᠡᠨ ᠡᠮ᠎ᠡ ᠢᠨᠦ ᠠᠪᠤᠭᠠᠳ᠂ ᠭᠤᠷᠪᠠᠨ ᠬᠡᠮᠵᠢᠭᠦᠷ ᠦᠨ ᠲᠡᠳᠦᠢ ᠭᠤᠯᠢᠷ ᠤᠨ ᠳᠣᠲᠣᠷ᠎ᠠ ᠨᠢᠭᠤᠨ᠂ ᠲᠡᠳᠡᠨ ᠦ ᠢᠰᠲᠡᠯᠡ ᠪᠠᠶᠢᠯᠭᠠᠪᠠᠢ ᠅ 22᠂ ᠲᠡᠨᠳᠡᠴᠡ (ᠢᠢᠰᠦᠰ) ᠢᠨᠦ ᠰᠤᠷᠭᠠᠵᠤ ᠶᠢᠷᠤᠰᠠᠯᠢᠮ ᠤᠨ ᠵᠦᠭ ᠲᠦᠷ ᠵᠣᠷᠴᠢᠨ ᠪᠠᠯᠭᠠᠳ ᠬᠢᠭᠡᠳ ᠬᠣᠲᠠᠳ ᠢ ᠠᠯᠤᠰᠳᠠᠪᠠᠢ᠃ 23᠂ ᠲᠡᠶᠢᠨ ᠠᠲᠠᠯ᠎ᠠ ᠨᠢᠭᠡᠨ ᠬᠦᠮᠦᠨ ᠢᠨᠦ ᠲᠡᠭᠦᠨ ᠳᠦᠷ ᠡᠶᠢᠨ᠃ ᠡᠵᠡᠨ ᠡ᠂ ᠲᠣᠨᠢᠯᠭᠠᠯ ᠢ ᠬᠦᠷᠲᠡᠭᠴᠢᠳ ᠢᠨᠦ ᠥᠴᠦᠬᠡᠨ ᠪᠤᠶᠤ᠃ ᠬᠡᠮᠡᠨ ᠠᠶᠢᠯᠠᠳᠬᠠᠭᠰᠠᠨ ᠳᠤᠷ ᠲᠡᠷᠡ ᠢᠨᠦ ᠲᠡᠳᠡᠨ ᠳᠦᠷ ᠡᠶᠢᠨ᠃ 24᠂ ᠤᠶᠢᠳᠠᠬᠠᠨ ᠡᠭᠦᠳᠡᠨ ᠢᠶᠡᠷ ᠣᠷᠣᠬᠤᠶ᠎ᠠ ᠵᠢᠳᠬᠦᠭᠲᠦᠨ᠂ ᠲᠡᠷᠡ ᠶᠠᠭᠤᠨ ᠤ ᠲᠤᠯᠠ ᠬᠡᠮᠡᠪᠡᠰᠦ᠂ ᠣᠯᠠᠨ ᠠᠨᠤ ᠣᠷᠣᠬᠤᠶ᠎ᠠ ᠡᠷᠢᠪᠡᠴᠦ ᠦᠯᠦ ᠴᠢᠳᠠᠬᠤ ᠪᠣᠯᠤᠶᠤ᠃ ᠬᠡᠮᠡᠨ ᠪᠢ ᠪᠡᠷ ᠲᠠᠠᠨ ᠳᠤᠷ [ᠲᠠᠨ ᠳᠤᠷ] ᠥᠭᠦᠯᠡᠮᠦᠢ᠃ 25᠂ ᠭᠡᠷ ᠦᠨ ᠡᠵᠡᠨ ᠦ ᠪᠣᠰᠤᠭᠠᠳ ᠡᠭᠦᠳᠡᠨ ᠢ ᠬᠠᠭᠠᠭᠰᠠᠨ ᠤ ᠬᠣᠶᠢᠨᠠ᠂ ᠲᠠ ᠪᠡᠷ ᠭᠠᠳᠠᠨ᠎ᠠ ᠪᠠᠶᠢᠵᠤ ᠳᠡᠯᠡᠳᠳᠦᠨ ᠡᠶᠢᠨ᠃ ᠡᠵᠡᠨ ᠡ᠂ ᠡᠵᠡᠨ ᠡ᠂ ᠪᠢᠳᠡᠨ ᠳᠦᠷ ᠨᠡᠭᠡᠨ ᠰᠣᠶᠤᠷᠬ᠎ᠠ᠂ ᠬᠡᠮᠡᠨ ᠥᠭᠦᠯᠡᠬᠦᠢ ᠳᠦᠷ ᠲᠡᠷᠡ ᠢᠨᠦ ᠲᠠᠨ ᠳᠤᠷ ᠡᠶᠢᠨ᠃ ᠪᠢ ᠪᠡᠷ ᠲᠠᠨ ᠢ ᠡᠰᠡ ᠲᠠᠨᠢᠨ ᠬᠠᠮᠢᠭ᠎ᠠ ᠠᠴᠠ (ᠢᠷᠡᠭᠰᠡᠨ ᠢ) ᠡᠰᠡ ᠮᠡᠳᠡᠮᠦᠢ᠃ 26᠂ ᠬᠡᠮᠡᠨ ᠵᠠᠷᠯᠢᠭ ᠪᠣᠯᠬᠤᠢ ᠳᠤᠷ ᠲᠠ ᠪᠡᠷ ᠡᠶᠢᠨ᠃ ᠪᠢᠳᠡ ᠪᠡᠷ ᠴᠢᠨᠦ ᠳᠡᠷᠭᠡᠳᠡ ᠢᠳᠡᠭᠰᠡᠨ ᠬᠢᠭᠡᠳ ᠤᠭᠤᠭᠰᠠᠨ ᠪᠥᠭᠡᠳ᠂ ᠴᠢ ᠴᠤ ᠪᠢᠳᠡᠨ ᠦ ᠵᠡᠭᠡᠯᠢᠨ ᠳᠦᠷ ᠰᠤᠷᠭᠠᠭᠰᠠᠨ ᠪᠤᠢ᠃ 27᠂ ᠬᠡᠮᠡᠨ ᠥᠭᠦᠯᠡᠬᠦᠢ ᠳᠦᠷ ᠲᠡᠷᠡ ᠢᠨᠦ ᠡᠶᠢᠨ᠃ ᠮᠢᠨᠦ ᠲᠠᠨ ᠳᠤᠷ ᠥᠭᠦᠯᠡᠬᠦᠢ ᠢᠨᠦ᠂ ᠪᠢ ᠪᠡᠷ ᠲᠠᠨ ᠢ ᠡᠰᠡ ᠲᠠᠨᠢᠨ᠂ ᠬᠠᠮᠢᠭ᠎ᠠ ᠠᠴᠠ (ᠢᠷᠡᠭᠰᠡᠨ ᠢ) ᠡᠰᠡ ᠮᠤᠳᠡᠮᠦᠢ [ᠮᠡᠳᠡᠮᠦᠢ]᠃ ᠪᠤᠷᠤᠭᠤ ᠦᠢᠯᠡᠳᠦᠭᠴᠢᠳ ᠡ᠂ ᠨᠠᠳᠠᠴᠠ ᠵᠠᠶᠢᠯᠠᠭᠲᠤᠨ ᠬᠡᠮᠡᠨ ᠥᠭᠦᠯᠡᠬᠦ ᠪᠤᠢ᠃ 28᠂ ᠲᠡᠨᠳᠡ ᠲᠠᠨᠤ ᠠᠪᠷᠠᠾᠠᠮ ᠬᠢᠭᠡᠳ ᠢᠰᠠᠬ ᠪᠠ ᠶᠠᠺᠣᠪ ᠬᠢᠭᠡᠳ ᠬᠠᠮᠤᠭ ᠹᠣᠷᠣᠹᠢᠳ ᠨᠠᠷ ᠤᠨ ᠪᠤᠷᠬᠠᠨ ᠤ ᠡᠵᠡᠯᠡᠭᠦᠷᠢᠨ ᠦ ᠳᠣᠲᠣᠷ᠎ᠠ ᠣᠷᠣᠰᠢᠭᠰᠠᠨ ᠬᠢᠭᠡᠳ᠂ ᠥᠪᠡᠷ᠎ᠡ ᠭᠠᠳᠠᠭᠰᠢ ᠬᠠᠷᠭᠠᠭᠳᠠᠭᠰᠠᠨ ᠢ ᠦᠵᠡᠬᠦᠢ ᠳᠦᠷ᠂ ᠤᠶᠢᠯᠠᠬᠤᠢ ᠬᠢᠭᠡᠳ ᠰᠢᠳᠦᠨ ᠦ ᠬᠠᠪᠴᠢᠭ᠍ᠢᠨᠠᠯᠭᠠ ᠪᠣᠯᠬᠤ ᠪᠤᠢ᠃ 29᠂ ᠲᠡᠨᠳᠡ ᠵᠡᠭᠦᠨ ᠬᠢᠭᠡᠳ ᠪᠠᠷᠠᠭᠤᠨ ᠪᠠ᠂ ᠬᠣᠶᠢᠳᠤ ᠬᠢᠭᠡᠳ ᠡᠮᠦᠨ᠎ᠡ ᠵᠦᠭ ᠦᠳ ᠡᠴᠡ ᠢᠷᠡᠭᠰᠡᠳ ᠢᠨᠦ ᠪᠤᠷᠬᠠᠨ ᠤ ᠡᠵᠡᠯᠡᠭᠦᠷᠢᠨ ᠦ ᠳᠣᠲᠣᠷ᠎ᠠ ᠰᠠᠭᠤᠬᠤ ᠪᠣᠯᠤᠶᠤ᠃ 30᠂ ᠲᠡᠶᠢᠨ ᠬᠦ ᠲᠡᠷᠢᠭᠦᠨ ᠳᠡᠬᠢ ᠨᠤᠭᠤᠳ ᠠᠨᠤ ᠡᠴᠦᠰᠳᠡᠬᠢ ᠪᠣᠯᠬᠤ ᠪᠥᠭᠡᠳ᠂ ᠡᠴᠦᠰᠳᠡᠬᠢ ᠨᠤᠭᠤᠳ ᠠᠨᠤ ᠲᠡᠷᠢᠭᠦᠨ ᠳᠡᠬᠢ ᠪᠣᠯᠬᠤ ᠪᠣᠯᠤᠶᠤ᠃ ᠬᠡᠮᠡᠨ ᠵᠠᠷᠯᠢᠭ ᠪᠣᠯᠪᠠᠢ ᠅ 31᠂ ᠮᠥᠨ ᠲᠡᠷᠡ ᠬᠦ ᠡᠳᠦᠷ᠎ᠡ ᠹᠠᠷᠢᠰᠢ ᠨᠠᠷ ᠠᠴᠠ ᠵᠠᠷᠢᠮ ᠤᠳ ᠠᠨᠤ ᠢᠷᠡᠭᠡᠳ ᠲᠡᠭᠦᠨ ᠳᠦᠷ ᠠᠶᠢᠯᠠᠳᠬᠠᠷᠤᠨ᠃ ᠡᠨᠳᠡᠴᠡ ᠭᠠᠷᠤᠭᠠᠳ ᠬᠣᠯᠠᠳᠠᠲᠤᠭᠠᠢ᠃ ᠲᠡᠷᠡ ᠶᠠᠭᠤᠨ ᠤ ᠲᠤᠯᠠ ᠬᠡᠮᠡᠪᠡᠰᠦ᠂ ᠾᠢᠷᠣᠳ᠋ ᠠᠨᠤ ᠴᠢᠮᠠᠶᠢ ᠠᠯᠠᠬᠤᠢ ᠶᠢ ᠬᠦᠰᠡᠮᠦᠢ᠃ 32᠂ ᠬᠡᠮᠡᠨ ᠠᠶᠢᠯᠠᠳᠬᠠᠭᠰᠠᠨ ᠳᠤᠷ ᠲᠡᠷᠡ ᠢᠨᠦ ᠵᠠᠷᠯᠢᠭ ᠪᠣᠯᠤᠷᠤᠨ᠃ ᠣᠳᠤᠭᠠᠳ ᠲᠡᠷᠡ ᠬᠦ ᠦᠨᠡᠭᠡᠨ ᠳᠦᠷ ᠡᠶᠢᠨ ᠥᠭᠦᠯᠡᠭᠲᠦᠨ᠃ ᠪᠢ ᠪᠡᠷ ᠡᠳᠦᠭᠡ ᠡᠳᠦᠷ᠎ᠡ ᠬᠢᠭᠡᠳ ᠮᠠᠨᠠᠭᠠᠷ ᠴᠢᠳᠬᠦᠳ ᠢ ᠵᠠᠶᠢᠯᠠᠭᠤᠯᠤᠨ᠂ ᠡᠪᠡᠳᠴᠢᠲᠡᠨ ᠢ ᠡᠳᠡᠭᠡᠭᠡᠨ᠂ ᠭᠤᠷᠪᠠᠳᠤᠭᠠᠷ ᠡᠳᠦᠷ᠎ᠡ ᠲᠡᠭᠦᠰᠬᠦ ᠪᠤᠢ᠃ 33᠂ ᠵᠦᠭᠡᠷ ᠡᠳᠦᠭᠡ ᠡᠳᠦᠷ᠎ᠡ ᠬᠢᠭᠡᠳ ᠮᠠᠨᠠᠭᠠᠷ ᠪᠠ ᠨᠥᠭᠦᠭᠡ ᠡᠳᠦᠷ᠎ᠡ ᠪᠢ ᠪᠡᠷ ᠶᠠᠪᠤᠬᠤ ᠬᠡᠷᠡᠭ ᠲᠦ᠃ ᠲᠡᠷᠡ ᠶᠠᠭᠤᠨ ᠤ ᠲᠤᠯᠠ ᠬᠡᠮᠡᠪᠡᠰᠦ᠂ ᠹᠣᠷᠣᠹᠢᠳ ᠠᠨᠤ ᠶᠢᠷᠤᠰᠠᠯᠢᠮ ᠠᠴᠠ ᠪᠤᠰᠤ ᠭᠠᠵᠠᠷ᠎ᠠ ᠦᠯᠦ ᠠᠯᠠᠭᠳᠠᠬᠤ ᠪᠤᠢ᠃ 34᠂ ᠠᠶ᠎ᠠ ᠶᠢᠷᠤᠰᠠᠯᠢᠮ᠂ ᠠᠶ᠎ᠠ ᠶᠢᠷᠤᠰᠠᠯᠢᠮ᠂ ᠴᠢ ᠪᠡᠷ ᠹᠣᠷᠣᠹᠢᠳ ᠨᠠᠷ ᠢ ᠠᠯᠠᠨ᠂ ᠴᠢᠮᠠᠳᠤᠷ ᠢᠯᠡᠭᠡᠭᠳᠡᠭᠰᠡᠳ ᠢ ᠴᠢᠯᠠᠭᠤᠨ ᠢᠶᠠᠷ ᠳᠡᠯᠡᠳᠳᠦᠨ ᠠᠯᠠᠭᠴᠢ ᠠ᠋᠂ ᠲᠠᠬᠢᠶ᠎ᠠ ᠠᠨᠤ ᠵᠤᠯᠵᠠᠭᠠᠳ ᠢᠶᠠᠨ ᠵᠢᠭᠦᠷ ᠶᠦᠭᠡᠨ ᠳᠣᠣᠷ᠎ᠠ ᠴᠤᠭᠯᠠᠭᠤᠯᠤᠳᠠᠭ ᠮᠡᠲᠦ᠂ ᠪᠢ ᠪᠡᠷ ᠬᠡᠳᠦᠨ ᠦᠶ᠎ᠡ ᠴᠢᠨᠦ ᠬᠡᠦᠬᠡᠳ ᠢ ᠴᠤᠭᠯᠠᠭᠤᠯᠠᠬᠤᠶᠠ ᠳᠤᠷᠠᠰᠢᠭᠰᠠᠨ ᠪᠤᠢ᠃ ᠬᠠᠷᠢᠨ ᠲᠠ ᠪᠡᠷ ᠡᠰᠡ ᠳᠤᠷᠠᠰᠢᠪᠠᠢ᠃ 35᠂ ᠮᠡᠨᠡ᠂ ᠲᠠᠨᠤ ᠭᠡᠷ ᠢᠨᠦ ᠲᠠᠨ ᠳᠤᠷ ᠬᠣᠭᠣᠰᠤᠨ ᠪᠣᠯᠤᠨ ᠣᠭᠤᠷᠤᠭᠳᠠᠬᠤ ᠪᠣᠯᠤᠶᠤ᠃ ᠵᠢᠴᠢ ᠮᠢᠨᠦ ᠲᠠᠨ ᠳᠤᠷ ᠥᠭᠦᠯᠡᠬᠦᠢ ᠢᠨᠦ᠂ ᠲᠠ ᠪᠡᠷ ᠡᠶᠢᠨ᠃ ᠪᠤᠷᠬᠠᠨ ᠤ ᠨᠡᠷ᠎ᠡ ᠪᠡᠷ ᠢᠷᠡᠭᠴᠢ ᠢᠨᠦ ᠠᠳᠢᠰᠲᠢᠳᠯᠠᠭᠳᠠᠬᠤ ᠪᠣᠯᠲᠤᠭᠠᠢ ᠬᠡᠮᠡᠨ ᠥᠭᠦᠯᠡᠬᠦ ᠴᠠᠭ ᠪᠣᠯᠲᠠᠯ᠎ᠠ ᠨᠠᠮᠠᠶᠢ ᠦᠯᠦ ᠦᠵᠡᠬᠦ ᠪᠣᠯᠤᠶᠤ ᠅
Currently Selected:
ᠯᠦᠺᠡ 13: MB1840
Highlight
Share
Copy
Want to have your highlights saved across all your devices? Sign up or sign in
Digital edition of the Mongolian translation published in 1840 (the Old Testament) and 1846 (the New Testament) by Edward Stallybrass and William Swan. Created by Bayarjargal Garamtseren and Simon Wong. Digital edition © United Bible Societies, 2020.

: