ᠯᠦᠺᠡ 14
14
ᠠᠷᠪᠠᠨ ᠳᠥᠷᠪᠡᠳᠦᠭᠡᠷ ᠪᠦᠯᠦᠭ ᠅
1᠂ ᠲᠡᠨᠳᠡᠴᠡ ᠨᠢᠭᠡ ᠰᠠᠪᠠᠳ ᠡᠳᠦᠷ᠎ᠡ ᠲᠡᠷᠡ ᠢᠨᠦ ᠲᠡᠷᠢᠭᠦᠯᠡᠭᠴᠢ ᠹᠠᠷᠢᠰᠢ ᠨᠠᠷ ᠠᠴᠠ ᠨᠢᠭᠡᠨ ᠦ ᠭᠡᠷ ᠲᠦᠷ ᠵᠣᠭᠤᠭᠯᠠᠷᠠ ᠥᠭᠡᠳᠡ ᠪᠣᠯᠪᠠᠢ᠃ ᠲᠡᠳᠡ ᠢᠨᠦ ᠲᠡᠭᠦᠨ ᠢ ᠣᠭ᠋ᠤᠴᠢᠯᠠᠨ [ᠣᠭᠤᠴᠢᠯᠠᠨ] ᠠᠵᠢᠭᠯᠠᠪᠠᠢ᠃ 2᠂ ᠲᠡᠶᠢᠨ ᠪᠥᠭᠡᠳ ᠮᠡᠨᠡ᠂ ᠨᠢᠭᠡ ᠤᠰᠤᠨ ᠬᠠᠪᠠᠩᠭᠤ ᠡᠪᠡᠳᠴᠢᠨ ᠲᠦ ᠬᠦᠮᠦᠨ ᠢᠨᠦ ᠲᠡᠭᠦᠨ ᠦ ᠡᠮᠦᠨ᠎ᠡ ᠪᠠᠶᠢᠪᠠᠢ᠃ 3᠂ ᠢᠢᠰᠦᠰ ᠢᠨᠦ ᠨᠣᠮ ᠤᠨ ᠪᠠᠭᠰᠢᠨᠠᠷ ᠬᠢᠭᠡᠳ ᠹᠠᠷᠢᠰᠠᠢ ᠨᠠᠷ ᠲᠤᠷ ᠡᠶᠢᠨ᠃ ᠰᠠᠪᠠᠳ ᠡᠳᠦᠷ᠎ᠡ ᠡᠪᠡᠳᠴᠢᠨ ᠢ ᠡᠳᠡᠭᠡᠭᠡᠬᠦᠢ ᠢᠨᠦ ᠵᠥᠪ ᠪᠤᠶᠤ᠃ 4᠂ ᠬᠡᠮᠡᠨ ᠵᠠᠷᠯᠢᠭ ᠪᠣᠯᠤᠭᠰᠠᠨ ᠳᠤᠷ ᠲᠡᠳᠡ ᠢᠨᠦ ᠳᠠᠭᠤᠨ ᠭᠠᠷᠤᠯ ᠦᠭᠡᠭᠦᠶ᠎ᠡ ᠪᠠᠶᠢᠪᠠᠢ᠃ ᠲᠡᠷᠡ ᠢᠨᠦ ᠲᠡᠷᠡ ᠬᠦ ᠬᠦᠮᠦᠨ ᠳᠦᠷ ᠭᠠᠷ ᠢᠶᠠᠨ ᠬᠦᠷᠭᠡᠵᠦ ᠡᠳᠡᠭᠡᠭᠡᠭᠡᠳ᠂ ᠲᠡᠭᠦᠨ ᠢ ᠬᠠᠷᠢᠭᠤᠯᠪᠠᠢ᠃ 5᠂ ᠵᠢᠴᠢ ᠲᠡᠷᠡ ᠢᠨᠦ ᠲᠡᠳᠡᠨ ᠳᠦᠷ ᠡᠶᠢᠨ ᠵᠠᠷᠯᠢᠭ ᠪᠣᠯᠤᠷᠤᠨ᠃ ᠲᠠᠨᠤ ᠡᠯᠵᠢᠭᠡᠨ ᠪᠤᠶᠤ ᠦᠭᠡᠢ ᠢᠨᠦ ᠬᠤᠳᠳᠤᠭ ᠲᠤᠷ ᠤᠨᠠᠪᠠᠰᠤ᠂ ᠲᠠ ᠪᠡᠷ ᠰᠠᠪᠠᠳ ᠡᠳᠦᠷ᠎ᠡ ᠪᠣᠯᠪᠠᠴᠤ ᠳᠠᠷᠤᠢ ᠲᠡᠳᠡᠨ ᠭᠠᠷᠭᠠᠬᠤ ᠪᠢᠰᠢᠶᠦ᠃ 6᠂ ᠬᠡᠮᠡᠨ ᠵᠠᠷᠯᠢᠭ ᠪᠣᠯᠤᠭᠰᠠᠨ ᠳᠤᠷ ᠲᠡᠳᠡ ᠢᠨᠦ ᠲᠡᠭᠦᠨ ᠳᠦᠷ ᠬᠠᠷᠢᠭᠤ ᠥᠭᠦᠯᠡᠵᠦ ᠡᠰᠡ ᠴᠢᠳᠠᠪᠠᠢ ᠅ 7᠂ ᠵᠢᠴᠢ ᠲᠡᠷᠡ ᠢᠨᠦ ᠲᠡᠨᠳᠡ ᠤᠷᠢᠭᠳᠠᠭᠰᠠᠨ ᠵᠣᠴᠢᠳ ᠤᠨ ᠲᠡᠷᠢᠭᠦᠨ ᠰᠠᠭᠤᠳᠠᠯ ᠤᠳ ᠢ ᠰᠣᠩᠭᠣᠭᠰᠠᠨ ᠢ ᠠᠵᠢᠭᠯᠠᠭᠠᠳ ᠲᠡᠳᠡᠨ ᠳᠦᠷ ᠦᠯᠢᠭᠡᠷ ᠢᠶᠡᠷ ᠡᠶᠢᠨ ᠵᠠᠷᠯᠢᠭ ᠪᠣᠯᠤᠷᠤᠨ᠃ 8᠂ ᠬᠤᠷᠢᠮ ᠳᠤᠷ ᠤᠷᠢᠭᠳᠠᠬᠤᠢ ᠳᠠᠭᠠᠨ ᠲᠡᠷᠢᠭᠦᠨ ᠰᠠᠭᠤᠳᠠᠯ ᠤᠨ ᠳᠡᠭᠡᠷ᠎ᠡ ᠪᠦᠦ ᠰᠠᠭᠤᠲᠤᠭᠠᠢ᠃ ᠲᠡᠷᠡ ᠶᠠᠭᠤᠨ ᠤ ᠲᠤᠯᠠ ᠬᠡᠮᠡᠪᠡᠰᠤ᠂ ᠬᠡᠷᠪᠡ ᠴᠢᠮᠠᠴᠠ ᠦᠯᠡᠮᠵᠢ ᠬᠦᠨᠳᠦ ᠲᠦ ᠨᠢᠭᠡᠨ ᠢᠨᠦ ᠲᠡᠨᠳᠡ ᠤᠷᠢᠭᠳᠠᠭᠰᠠᠨ ᠪᠣᠯᠪᠠᠰᠤ᠂ 9᠂ ᠴᠢᠮᠠᠶᠢ ᠬᠢᠭᠡᠳ ᠲᠡᠭᠦᠨ ᠢ ᠤᠷᠢᠭᠰᠠᠨ ᠬᠦᠮᠦᠨ ᠢᠨᠦ ᠢᠷᠡᠭᠡᠳ᠂ ᠲᠡᠷᠡ ᠬᠦ ᠰᠠᠭᠤᠳᠠᠯ ᠢ ᠡᠨᠡ ᠬᠦᠮᠦᠨ ᠳᠦᠷ ᠥᠭᠲᠦᠭᠡᠢ ᠬᠡᠮᠡᠨ ᠴᠢᠮᠠᠳᠤᠷ ᠥᠭᠦᠯᠡᠬᠦ ᠪᠥᠭᠡᠰᠦ᠂ ᠴᠢ ᠪᠡᠷ ᠢᠴᠢᠵᠦ ᠳᠣᠣᠷᠠᠳᠤ ᠰᠠᠭᠤᠳᠠᠯ ᠢ ᠠᠪᠬᠤ ᠪᠤᠢ ᠵᠠ᠃ 10᠂ ᠵᠦᠭᠡᠷ ᠴᠢ ᠪᠡᠷ ᠤᠷᠢᠭᠳᠠᠬᠤᠢ ᠳᠠᠭᠠᠨ ᠳᠣᠣᠷᠠᠳᠤ ᠰᠠᠭᠤᠳᠠᠯ ᠤᠨ ᠳᠡᠭᠡᠷ᠎ᠡ ᠰᠠᠭᠤᠲᠤᠭᠠᠢ᠃ ᠲᠡᠶᠢᠨ ᠬᠦ ᠴᠢᠮᠠᠶᠢ ᠤᠷᠢᠭᠰᠠᠨ ᠬᠦᠮᠦᠨ ᠦ ᠢᠷᠡᠭᠡᠳ ᠡᠶᠢᠨ᠃ ᠢᠨᠠᠭ ᠮᠢᠨᠦ᠂ ᠳᠡᠭᠡᠭᠰᠢᠬᠢ ᠰᠠᠭᠤᠳᠠᠯ ᠳᠤᠷ ᠰᠠᠭᠤᠲᠤᠭᠠᠢ᠂ ᠬᠡᠮᠡᠨ ᠴᠢᠮᠠᠳᠤᠷ ᠥᠭᠦᠯᠡᠬᠦᠢ ᠳᠦᠷ ᠴᠢᠮᠠᠯᠤᠭ᠎ᠠ ᠰᠠᠭᠤᠯᠴᠠᠭᠰᠠᠳ ᠤᠨ ᠡᠮᠦᠨ᠎ᠡ ᠴᠢᠮᠠᠳᠤᠷ ᠬᠦᠨᠳᠦᠯᠡᠯ ᠪᠣᠯᠬᠤ ᠪᠤᠢ᠃ 11᠂ ᠲᠡᠷᠡ ᠶᠠᠭᠤᠨ ᠤ ᠲᠤᠯᠠ ᠬᠡᠮᠡᠪᠡᠰᠦ᠂ ᠠᠯᠢᠪᠠ ᠪᠡᠶ᠎ᠡ ᠪᠡᠨ ᠶᠡᠬᠡᠮᠰᠦᠭ ᠪᠣᠯᠭᠠᠭᠴᠢ ᠠᠨᠤ ᠳᠣᠣᠷᠠᠳᠤ ᠪᠣᠯᠭᠠᠭᠳᠠᠬᠤ ᠪᠥᠭᠡᠳ᠂ ᠪᠡᠶ᠎ᠡ ᠪᠡᠨ ᠳᠣᠣᠷᠠᠳᠤ ᠪᠣᠯᠭᠠᠭᠴᠢ ᠠᠨᠤ ᠡᠷᠭᠦᠮᠵᠢᠯᠡᠭᠳᠡᠬᠦ ᠪᠣᠯᠤᠶᠤ ᠅ 12᠂ ᠵᠢᠴᠢ ᠲᠡᠷᠡ ᠢᠨᠦ ᠲᠡᠭᠦᠨ ᠢ ᠤᠷᠢᠭᠰᠠᠨ ᠬᠦᠮᠦᠨ ᠳᠦᠷ ᠡᠶᠢᠨ ᠵᠠᠷᠯᠢᠭ ᠪᠣᠯᠤᠷᠤᠨ᠃ ᠴᠢ ᠪᠡᠷ ᠦᠳᠡ ᠶᠢᠨ ᠵᠣᠭᠤᠭ ᠪᠤᠶᠤ ᠦᠳᠡᠰᠢ ᠶᠢᠨ ᠵᠣᠭᠤᠭ ᠢ ᠪᠡᠯᠡᠳᠬᠦᠢ ᠳᠦᠷ ᠢᠶᠡᠨ ᠪᠠᠶᠠᠨ ᠢᠨᠠᠭ ᠨᠥᠬᠥᠰ ᠬᠢᠭᠡᠳ ᠠᠬ᠎ᠠ ᠳᠡᠭᠦᠦ ᠨᠠᠷ ᠪᠠ᠂ ᠤᠷᠤᠭ ᠲᠥᠷᠥᠯ ᠬᠢᠭᠡᠳ ᠠᠶᠢᠯ ᠤᠳ ᠢᠶᠠᠨ ᠪᠦᠦ ᠤᠷᠢᠲᠤᠭᠠᠢ᠃ ᠲᠡᠷᠡ ᠶᠠᠭᠤᠨ ᠤ ᠲᠤᠯᠠ ᠬᠡᠮᠡᠪᠡᠰᠦ᠂ ᠲᠡᠳᠡ ᠢᠨᠦ ᠨᠢᠭᠡᠨ ᠴᠠᠭ ᠲᠤᠷ ᠴᠢᠮᠠᠶᠢ ᠤᠷᠢᠨ ᠱᠠᠩᠨᠠᠬᠤ ᠪᠣᠯᠤᠭᠤᠵᠠᠢ᠃ 13᠂ ᠵᠦᠭᠡᠷ ᠴᠢ ᠪᠡᠷ ᠨᠠᠶᠢᠷ ᠢ ᠦᠢᠯᠡᠳᠬᠦᠢ ᠳᠡᠭᠡᠨ᠂ ᠦᠭᠡᠭᠦᠦ ᠶᠠᠳᠠᠭᠤ ᠬᠢᠭᠡᠳ ᠡᠷᠡᠮᠳᠡᠭ ᠵᠡᠮᠳᠡᠭ ᠪᠠ ᠳᠣᠭᠣᠯᠠᠩ ᠬᠥᠯ ᠲᠦ ᠬᠢᠭᠡᠳ ᠰᠣᠬᠣᠷ ᠨᠤᠭᠤᠳ ᠢ ᠤᠷᠢᠲᠤᠭᠠᠢ᠃ 14᠂ ᠲᠡᠶᠢᠨ ᠬᠦ ᠴᠢ ᠪᠡᠷ ᠠᠳᠢᠰᠯᠠᠭᠳᠠᠬᠤ ᠪᠣᠯᠤᠶᠤ᠃ ᠲᠡᠷᠡ ᠶᠠᠭᠤᠨ ᠤ ᠲᠤᠯᠠ ᠬᠡᠮᠡᠪᠡᠰᠦ᠂ ᠲᠡᠳᠡ ᠢᠨᠦ ᠴᠢᠮᠠᠶᠢ ᠱᠠᠩᠨᠠᠵᠤ ᠦᠯᠦ ᠴᠢᠳᠠᠮᠤᠢ᠃ ᠵᠦᠭᠡᠷ ᠴᠢ ᠪᠡᠷ ᠵᠥᠪ ᠲᠡᠨ ᠦ ᠠᠮᠢᠳᠤᠷᠠᠬᠤᠢ ᠴᠠᠭ ᠲᠤᠷ ᠱᠠᠩᠨᠠᠭᠳᠠᠬᠤ ᠪᠣᠯᠤᠶᠤ᠃ 15᠂ ᠬᠡᠮᠡᠨ ᠵᠠᠷᠯᠢᠭ ᠪᠣᠯᠤᠭᠰᠠᠨ ᠢ ᠲᠡᠨᠳᠡ ᠲᠡᠭᠦᠨ ᠯᠦᠭᠡ ᠰᠠᠭᠤᠭᠴᠢᠳ ᠠᠴᠠ ᠨᠢᠭᠡᠨ ᠢᠨᠦ ᠰᠣᠨᠣᠰᠤᠭᠠᠳ ᠲᠡᠭᠦᠨ ᠳᠦᠷ ᠠᠶᠢᠯᠠᠳᠬᠠᠷᠤᠨ᠃ ᠪᠤᠷᠬᠠᠨ ᠤ ᠡᠵᠡᠯᠡᠭᠦᠷᠢᠨ ᠦ ᠳᠣᠲᠣᠷ᠎ᠠ ᠪᠣᠭᠤᠷᠰᠤᠭ ᠢ ᠢᠳᠡᠭᠴᠢ ᠢᠨᠦ ᠠᠮᠤᠭᠤᠯᠠᠩ ᠮᠥᠨ᠃ 16᠂ ᠬᠡᠮᠡᠨ ᠠᠶᠢᠯᠠᠳᠬᠠᠭᠰᠠᠨ ᠳᠤᠷ ᠲᠡᠷᠡ ᠢᠨᠦ ᠲᠡᠭᠦᠨ ᠳᠦᠷ ᠵᠠᠷᠯᠢᠭ ᠪᠣᠯᠤᠷᠤᠨ᠃ ᠨᠢᠭᠡᠨ ᠬᠦᠮᠦᠨ ᠢᠨᠦ ᠦᠳᠡᠰᠢ ᠶᠢᠨ ᠶᠡᠬᠡ ᠵᠣᠭᠤᠭ ᠪᠡᠯᠡᠳᠳᠦᠭᠡᠳ᠂ ᠣᠯᠠᠨ ᠢ ᠤᠷᠢᠭᠠᠳ᠃ 17᠂ ᠵᠣᠭᠤᠭᠯᠠᠬᠤᠢ ᠴᠠᠭ ᠤᠨ ᠪᠣᠯᠤᠭᠰᠠᠨ ᠳᠤᠷ ᠪᠣᠭᠣᠯ ᠢᠶᠠᠨ ᠤᠷᠢᠭᠳᠠᠭᠰᠠᠳ ᠲᠤᠷ ᠢᠯᠡᠭᠡᠨ ᠡᠶᠢᠨ᠃ ᠢᠷᠡᠭᠲᠦᠨ᠃ ᠲᠡᠷᠡ ᠶᠠᠭᠤᠨ ᠤ ᠲᠤᠯᠠ ᠬᠡᠮᠡᠪᠡᠰᠦ᠂ ᠬᠠᠮᠤᠭ ᠠᠨᠤ ᠪᠡᠯᠡᠨ ᠪᠣᠯᠠᠢ᠃ 18᠂ ᠬᠡᠮᠡᠨ ᠮᠡᠳᠡᠭᠦᠯᠦᠭᠰᠡᠨ ᠳᠦᠷ ᠲᠡᠳᠡ ᠪᠦᠭᠦᠳᠡᠭᠡᠷ ᠪᠢᠳᠡᠨ ᠢ ᠪᠦᠦ ᠮᠠᠭᠤᠯᠠᠲᠤᠭᠠᠢ᠃ ᠬᠡᠮᠡᠨ ᠨᠢᠭᠡᠳᠳᠦᠨ ᠥᠭᠦᠯᠡᠯᠦᠭᠡ᠃ ᠲᠡᠳᠡᠨ ᠡᠴᠡ ᠲᠡᠷᠢᠭᠦᠨ ᠳᠡᠬᠢ ᠢᠨᠦ ᠡᠶᠢᠨ᠃ ᠪᠢ ᠪᠡᠷ ᠨᠢᠭᠡ ᠲᠠᠷᠢᠶᠠᠯᠠᠩ ᠢ ᠬᠤᠳᠠᠯᠳᠤᠵᠤ ᠠᠪᠤᠭᠠᠳ᠂ ᠦᠵᠡᠷ᠎ᠡ ᠣᠳᠬᠤ ᠬᠡᠷᠡᠭ ᠲᠦ᠃ ᠲᠡᠶᠢᠮᠦ ᠶᠢᠨ ᠲᠤᠯᠠ ᠨᠠᠮᠠᠶᠢ ᠠᠭᠤᠴᠢᠯᠠᠨ ᠬᠠᠶᠢᠷᠠᠯᠠ᠂ ᠬᠡᠮᠡᠨ ᠥᠭᠦᠯᠡᠪᠡᠢ᠃ 19᠂ ᠪᠤᠰᠤ ᠨᠢᠭᠡᠨ ᠢᠨᠦ ᠡᠶᠢᠨ᠃ ᠪᠢ ᠪᠡᠷ ᠲᠠᠪᠤᠨ ᠬᠣᠰ ᠱᠠᠷ ᠢ ᠬᠤᠳᠠᠯᠳᠤᠵᠤ ᠠᠪᠤᠭᠠᠳ ᠲᠤᠷᠴᠢᠵᠤ ᠦᠵᠡᠷ᠎ᠡ ᠣᠳᠤᠮᠤᠢ᠃ ᠲᠡᠶᠢᠮᠦ ᠶᠢᠨ ᠲᠤᠯᠠ ᠨᠠᠮᠠᠶᠢ ᠠᠭᠤᠴᠢᠯᠠᠨ ᠬᠠᠶᠢᠷᠠᠯᠠ᠂ ᠬᠡᠮᠡᠨ ᠥᠭᠦᠯᠡᠪᠡᠢ᠃ 20᠂ ᠵᠢᠴᠢ ᠪᠤᠰᠤ ᠨᠢᠭᠡᠨ ᠢᠨᠦ ᠡᠶᠢᠨ᠃ ᠪᠢ ᠪᠡᠷ ᠭᠡᠷᠭᠡᠢ ᠶᠢ ᠠᠪᠤᠭᠠᠳ ᠣᠳᠴᠤ ᠦᠯᠦ ᠴᠢᠳᠠᠮᠤᠢ᠂ ᠬᠡᠮᠡᠨ ᠥᠭᠦᠯᠡᠪᠡᠢ᠃ 21᠂ ᠲᠡᠶᠢᠨ ᠪᠥᠭᠡᠳ ᠲᠡᠷᠡ ᠬᠦ ᠪᠣᠭᠣᠯ ᠠᠨᠤ ᠢᠷᠡᠭᠡᠳ ᠡᠵᠡᠨ ᠳᠡᠭᠡᠨ ᠡᠨᠡ ᠬᠦ ᠤᠴᠢᠷ ᠢ ᠮᠡᠳᠡᠭᠦᠯᠪᠡᠢ᠃ ᠭᠡᠷ ᠦᠨ ᠡᠵᠡᠨ ᠢᠨᠦ ᠬᠢᠯᠢᠩᠯᠡᠭᠡᠳ ᠪᠣᠭᠣᠯ ᠳᠠᠭᠠᠨ ᠥᠭᠦᠯᠡᠷᠦᠨ᠂ ᠦᠳᠲᠦᠷ ᠭᠠᠷᠤᠭᠠᠳ ᠪᠠᠯᠭᠠᠰᠤᠨ ᠤ ᠵᠡᠭᠡᠯᠢᠳ ᠬᠢᠭᠡᠳ ᠵᠡᠭᠡᠯᠢᠳ ᠦᠨ ᠪᠠᠯᠴᠢᠷ ᠤᠳ ᠲᠤᠷ ᠣᠳᠤᠭᠠᠳ᠂ ᠦᠭᠡᠭᠦᠦ ᠶᠠᠳᠠᠭᠤ ᠬᠢᠭᠡᠳ ᠡᠷᠡᠮᠳᠡᠭ ᠵᠡᠮᠳᠡᠭ ᠪᠠ ᠳᠣᠭᠣᠯᠠᠩ ᠬᠥᠯ ᠲᠦ ᠬᠢᠭᠡᠳ ᠰᠣᠬᠣᠷ ᠨᠤᠭᠤᠳ ᠢ ᠢᠨᠠᠭᠰᠢ ᠠᠴᠠᠷᠠᠴᠤ ᠣᠷᠣᠭᠤᠯᠲᠤᠭᠠᠢ᠃ ᠬᠡᠮᠡᠨ ᠵᠠᠬᠢᠪᠠᠢ᠃ 22᠂ ᠲᠡᠳᠡ ᠪᠣᠭᠣᠯ ᠠᠨᠤ ᠥᠭᠦᠯᠡᠷᠦᠨ᠃ ᠡᠵᠡᠨ ᠡ᠂ ᠴᠢᠨᠦ ᠵᠠᠬᠢᠭᠰᠠᠨ ᠮᠡᠲᠦ ᠪᠡᠷ ᠪᠦᠲᠦᠭᠡᠭᠳᠡᠭᠰᠡᠨ ᠪᠣᠯᠪᠠᠴᠤ᠂ ᠪᠠᠰᠠ ᠵᠠᠢ ᠪᠤᠢ ᠪᠣᠯᠠᠢ᠃ 23᠂ ᠬᠡᠮᠡᠨ ᠥᠭᠦᠯᠡᠭᠰᠡᠨ ᠳᠦᠷ ᠡᠵᠡᠨ ᠢᠨᠦ ᠪᠣᠭᠣᠯ ᠳᠠᠭᠠᠨ ᠥᠭᠦᠯᠡᠷᠦᠨ᠂ ᠵᠠᠮ ᠤᠳ ᠢᠶᠠᠷ ᠬᠢᠭᠡᠳ ᠲᠠᠷᠢᠶᠠᠯᠠᠩ ᠤᠨ ᠬᠦᠷᠢᠶ᠎ᠡ ᠨᠤᠭᠤᠳ ᠢᠶᠠᠷ ᠣᠳᠳᠤᠨ᠂ ᠮᠢᠨᠦ ᠭᠡᠷ ᠢ ᠳᠦᠭᠦᠷᠭᠡᠬᠦ ᠶᠢᠨ ᠲᠤᠯᠠ ᠦᠭᠡ ᠳᠡᠭᠡᠨ ᠣᠷᠣᠭᠤᠯᠤᠨ ᠢᠷᠡᠭᠦᠯᠲᠦᠭᠡᠢ᠃ 24᠂ ᠲᠡᠷᠡ ᠶᠠᠭᠤᠨ ᠤ ᠲᠤᠯᠠ ᠬᠡᠮᠡᠪᠡᠰᠦ᠂ ᠮᠢᠨᠦ ᠲᠠᠨ ᠳᠤᠷ ᠥᠭᠦᠯᠡᠬᠦᠢ ᠢᠨᠦ ᠲᠡᠳᠡ ᠤᠷᠢᠭᠳᠠᠭᠰᠠᠳ ᠠᠴᠠ ᠨᠢᠭᠡᠨ ᠴᠤ ᠮᠢᠨᠦ ᠦᠳᠡᠰᠢ ᠶᠢᠨ ᠵᠣᠭᠤᠭ ᠠᠴᠠ ᠦᠯᠦ ᠠᠮᠰᠠᠬᠤ ᠪᠤᠢ᠃ ᠬᠡᠮᠡᠨ ᠵᠠᠷᠯᠢᠭ ᠪᠣᠯᠪᠠᠢ ᠅ 25᠂ ᠲᠡᠨᠳᠡᠴᠡ ᠮᠠᠰᠢ ᠣᠯᠠᠨ ᠤᠯᠤᠰ ᠠᠨᠤ ᠲᠡᠭᠦᠨ ᠳᠦᠷ ᠭᠠᠷᠤᠯᠴᠠᠪᠠᠢ᠃ ᠲᠡᠷᠡ ᠢᠨᠦ ᠡᠷᠭᠢᠨ ᠲᠡᠳᠡᠨ ᠳᠦᠷ ᠵᠠᠷᠯᠢᠭ ᠪᠣᠯᠤᠷᠤᠨ᠃ 26᠂ ᠬᠡᠷᠪᠡ ᠠᠯᠢ ᠬᠡᠨ ᠨᠠᠳᠤᠷ ᠢᠷᠡᠵᠦ ᠥᠪᠡᠷ ᠦᠨ ᠡᠴᠢᠭᠡ ᠬᠢᠭᠡᠳ ᠡᠬᠡ ᠪᠠ ᠭᠡᠷᠭᠡᠢ ᠬᠢᠭᠡᠳ ᠬᠡᠦᠬᠡᠳ ᠪᠠ᠂ ᠠᠬ᠎ᠠ ᠳᠡᠭᠦᠦ ᠨᠠᠷ ᠬᠢᠭᠡᠳ ᠡᠭᠡᠴᠢ ᠳᠡᠭᠦᠦ ᠨᠠᠷ ᠪᠠ᠂ ᠠᠮᠢᠨ ᠢᠶᠠᠨ ᠴᠤ ᠦᠯᠦ ᠥᠰᠢᠶᠡᠯᠡᠪᠡᠰᠦ᠂ ᠮᠢᠨᠦ ᠱᠠᠪᠢ ᠪᠣᠯᠵᠤ ᠦᠯᠦ ᠪᠣᠯᠬᠤ᠃ 27᠂ ᠵᠢᠴᠢ ᠵᠠᠭᠤᠯᠮᠠᠶᠢᠯᠵᠢ ᠪᠠᠨ ᠡᠷᠭᠦᠭᠡᠳ ᠨᠠᠮᠠᠶᠢ ᠡᠰᠡ ᠳᠠᠭᠠᠭᠴᠢ ᠠᠨᠤ ᠮᠢᠨᠦ ᠱᠠᠪᠢ ᠪᠣᠯᠵᠤ ᠦᠯᠦ ᠪᠣᠯᠬᠤ᠃ 28᠂ ᠲᠡᠷᠡ ᠶᠠᠭᠤᠨ ᠤ ᠲᠤᠯᠠ ᠬᠡᠮᠡᠪᠡᠰᠦ᠂ ᠲᠠᠨ ᠠᠴᠠ ᠠᠯᠢ ᠬᠡᠨ ᠠᠰᠠᠷ ᠢ ᠡᠭᠦᠳᠬᠦᠶᠡ ᠲᠣᠭᠤᠷᠪᠢᠨ ᠠᠬᠤᠶ᠎ᠠ᠂ ᠤᠷᠢᠳᠠᠭᠠᠷ ᠰᠠᠭᠤᠵᠤ ᠲᠡᠭᠦᠨ ᠢ ᠳᠠᠭᠤᠰᠲᠠᠯ᠎ᠠ ᠬᠦᠷᠬᠦ (ᠮᠥᠩᠭᠦᠨ) ᠪᠤᠢ ᠪᠤᠶᠤ᠂ ᠦᠭᠡᠢ ᠪᠤᠶᠤ᠂ ᠬᠡᠮᠡᠨ ᠭᠠᠷᠭᠠᠰᠢ ᠶᠢᠨ ᠲᠣᠭ᠎ᠠ ᠶᠢ ᠪᠣᠳᠤᠬᠤ ᠪᠢᠰᠢᠶᠦ᠃ 29᠂ ᠲᠡᠶᠢᠨ ᠪᠤᠰᠤ ᠪᠥᠭᠡᠰᠦ ᠡᠯ᠎ᠡ᠂ ᠰᠠᠭᠤᠷᠢᠯᠠᠭᠰᠠᠨ ᠤ ᠬᠣᠶᠢᠨᠠ ᠳᠠᠭᠤᠰᠴᠤ ᠦᠯᠦ ᠴᠢᠳᠠᠪᠠᠰᠤ ᠡᠯ᠎ᠡ ᠡᠭᠦᠨ ᠢ ᠬᠠᠮᠤᠭ ᠦᠵᠡᠭᠴᠢᠳ ᠢᠨᠦ ᠲᠡᠭᠦᠨ ᠢ ᠡᠯᠡᠭᠯᠡᠨ ᠡᠶᠢᠨ᠃ 30᠂ ᠡᠨᠡ ᠬᠦ ᠬᠦᠮᠦᠨ ᠢᠨᠦ ᠡᠭᠦᠳᠴᠦ ᠡᠬᠢᠯᠡᠭᠡᠳ ᠳᠠᠭᠤᠰᠴᠤ ᠡᠰᠡ ᠴᠢᠳᠠᠪᠠᠢ᠃ ᠬᠡᠮᠡᠨ ᠥᠭᠦᠯᠡᠯᠳᠦᠬᠦ ᠪᠣᠯᠤᠭᠤᠵᠠᠢ᠃ 31᠂ ᠵᠢᠴᠢ ᠨᠢᠭᠡ ᠬᠠᠭᠠᠨ ᠠᠨᠤ ᠪᠤᠰᠤ ᠬᠠᠭᠠᠨ ᠤ ᠲᠤᠰ ᠳᠠᠶᠢᠯᠠᠬᠤᠶᠠ ᠰᠠᠨᠠᠵᠤ᠂ ᠤᠷᠢᠳᠠᠭᠠᠷ ᠰᠠᠭᠤᠵᠤ᠂ ᠮᠢᠨᠦ ᠲᠤᠰ ᠢᠷᠡᠭᠴᠢ ᠬᠣᠶᠠᠷ ᠲᠦᠮᠡᠨ ᠢ ᠪᠢ ᠪᠡᠷ ᠨᠢᠭᠡᠨ ᠲᠦᠮᠡᠨ ᠢᠶᠡᠷ ᠡᠰᠡᠷᠭᠦᠴᠡᠨ ᠤᠭᠲᠤᠵᠤ ᠴᠢᠳᠠᠬᠤ ᠪᠤᠶᠤ᠃ ᠦᠭᠡᠢ ᠪᠤᠶᠤ᠂ ᠬᠡᠮᠡᠨ ᠵᠥᠪᠯᠡᠯᠳᠦᠬᠦ ᠪᠢᠰᠢᠶᠦ᠃ 32᠂ ᠬᠡᠷᠪᠡ (ᠡᠰᠡᠷᠭᠦᠴᠡᠨ ᠦᠯᠦ ᠴᠢᠳᠠᠪᠠᠰᠤ) ᠲᠡᠷᠡ ᠢᠨᠦ ᠨᠥᠭᠦᠭᠡ ᠶᠢᠨ ᠬᠣᠯᠠ ᠠᠬᠤᠢ ᠴᠠᠭ ᠲᠤᠷ ᠡᠯᠴᠢᠰ ᠢ ᠢᠯᠡᠭᠡᠨ ᠡᠪ ᠢ ᠢᠷᠡᠬᠦ ᠪᠣᠯᠤᠶᠤ᠃ 33᠂ ᠲᠡᠭᠦᠨᠴᠢᠯᠡᠨ ᠬᠦ ᠲᠠᠨ ᠠᠴᠠ ᠬᠡᠨ ᠴᠤ ᠬᠠᠮᠤᠭ ᠪᠤᠢ ᠨᠤᠭᠤᠳ ᠢᠶᠠᠨ ᠣᠭᠤᠭᠠᠲᠠ ᠦᠯᠦ ᠣᠭᠤᠷᠬᠤ ᠪᠥᠭᠡᠰᠦ᠂ ᠲᠡᠷᠡ ᠢᠨᠦ ᠮᠢᠨᠦ ᠱᠠᠪᠢ ᠪᠣᠯᠵᠤ ᠦᠯᠦ ᠪᠣᠯᠬᠤ ᠅ 34᠂ ᠳᠠᠪᠠᠰᠤᠨ [ᠳᠠᠪᠤᠰᠤᠨ] ᠠᠨᠤ ᠰᠠᠶᠢᠨ ᠪᠤᠢ᠃ ᠬᠠᠷᠢᠨ ᠬᠡᠷᠪᠡ ᠳᠠᠪᠤᠰᠤᠨ ᠠᠨᠤ ᠠᠮᠲᠠᠨ ᠢᠶᠠᠨ ᠭᠡᠭᠡᠪᠡᠰᠦ᠂ ᠶᠠᠭᠤᠨ ᠢᠶᠠᠷ ᠵᠠᠰᠠᠭᠳᠠᠬᠤ ᠪᠤᠶᠤ᠃ 35᠂ ᠲᠡᠷᠡ ᠢᠨᠦ ᠭᠠᠵᠠᠷ ᠬᠢᠭᠡᠳ ᠥᠲᠦᠭ ᠬᠣᠬᠢᠷ ᠲᠤᠷ ᠴᠤ ᠬᠡᠷᠡᠭ ᠦᠭᠡᠢ ᠶᠢᠨ ᠲᠤᠯᠠ ᠬᠠᠶᠠᠭᠳᠠᠨ ᠣᠷᠬᠢᠭᠳᠠᠬᠤ ᠪᠤᠢ᠃ ᠠᠯᠢ ᠬᠡᠨ ᠰᠣᠨᠣᠰᠬᠤ ᠶᠢᠨ ᠲᠤᠯᠠ ᠴᠢᠬᠢ ᠲᠦ ᠪᠣᠯᠪᠠᠰᠤ᠂ ᠰᠣᠨᠣᠰᠬᠤ ᠪᠣᠯᠲᠤᠭᠠᠢ ᠅
Currently Selected:
ᠯᠦᠺᠡ 14: MB1840
Highlight
Share
Copy
Want to have your highlights saved across all your devices? Sign up or sign in
Digital edition of the Mongolian translation published in 1840 (the Old Testament) and 1846 (the New Testament) by Edward Stallybrass and William Swan. Created by Bayarjargal Garamtseren and Simon Wong. Digital edition © United Bible Societies, 2020.