ᠯᠦᠺᠡ 21
21
ᠬᠣᠷᠢᠨ ᠨᠢᠭᠡᠳᠦᠭᠡᠷ ᠪᠦᠯᠦᠭ ᠅
1᠂ ᠲᠡᠨᠳᠡᠴᠡ ᠲᠡᠷᠡ ᠢᠨᠦ ᠪᠠᠶᠠᠨ ᠤᠯᠤᠰ ᠤᠨ ᠥᠭᠯᠢᠭᠡ ᠪᠡᠨ ᠰᠠᠩ ᠳᠤᠷ ᠡᠷᠭᠦᠨ ᠲᠠᠯᠪᠢᠬᠤᠢ ᠶᠢ ᠰᠢᠷᠲᠡᠨ ᠠᠲᠠᠯ᠎ᠠ᠂ 2᠂ ᠨᠢᠭᠡᠨ ᠦᠭᠡᠭᠦᠦ ᠪᠡᠯᠪᠡᠰᠦᠨ ᠡᠮ᠎ᠡ ᠶᠢᠨ ᠬᠣᠶᠠᠷ ᠵᠡᠰ ᠢ ᠡᠷᠭᠦᠨ ᠲᠠᠯᠪᠢᠭᠰᠠᠨ ᠢ ᠦᠵᠡᠭᠡᠳ ᠡᠶᠢᠨ ᠵᠠᠷᠯᠢᠭ ᠪᠣᠯᠤᠷᠤᠨ᠃ 3᠂ ᠡᠨᠡ ᠬᠦ ᠦᠭᠡᠭᠦᠦ ᠪᠡᠯᠪᠡᠰᠦᠨ ᠡᠮ᠎ᠡ ᠢᠨᠦ ᠲᠡᠳᠡ ᠪᠦᠭᠦᠳᠡᠭᠡᠷ ᠡᠴᠡ ᠢᠯᠡᠭᠦᠦ ᠶᠢ ᠲᠠᠯᠪᠢᠪᠠᠢ᠃ 4᠂ ᠲᠡᠷᠡ ᠶᠠᠭᠤᠨ ᠤ ᠲᠤᠯᠠ ᠬᠡᠮᠡᠪᠡᠰᠦ᠂ ᠲᠡᠳᠡ ᠪᠦᠭᠦᠳᠡᠭᠡᠷ ᠢᠨᠦ ᠠᠭᠴᠢ ᠡᠯᠪᠡᠭ ᠡᠴᠡᠭᠡᠨ ᠪᠤᠷᠬᠠᠨ ᠳᠤᠷ ᠡᠷᠭᠦᠯ ᠦᠳ ᠢᠶᠡᠨ ᠡᠷᠭᠦᠨ ᠲᠠᠯᠪᠢᠭᠰᠠᠨ ᠪᠤᠢ᠃ ᠵᠦᠭᠡᠷ ᠲᠡᠷᠡ ᠢᠨᠦ ᠦᠭᠡᠭᠦᠦ ᠠᠵᠤ᠂ ᠪᠡᠶ᠎ᠡ ᠪᠡᠨ ᠲᠡᠵᠢᠭᠡᠬᠦᠢ ᠬᠠᠮᠤᠭ ᠠᠭᠰᠠᠨ ᠢᠶᠠᠨ ᠡᠷᠭᠦᠭᠰᠡᠨ ᠪᠤᠢ᠂ ᠬᠡᠮᠡᠨ ᠪᠢ ᠪᠡᠷ ᠲᠠᠨ ᠳᠤᠷ ᠮᠠᠭᠠᠳᠯᠠᠨ ᠥᠭᠦᠯᠡᠮᠦᠢ᠃ 5᠂ ᠲᠡᠨᠳᠡ ᠰᠦᠮ᠎ᠡ ᠶᠢᠨ ᠰᠠᠶᠢᠨ ᠴᠢᠯᠠᠭᠤᠳ ᠬᠢᠭᠡᠳ ᠡᠷᠭᠦᠯ ᠦᠳ ᠢᠶᠡᠷ ᠴᠢᠮᠡᠭᠳᠡᠭᠰᠡᠨ ᠢ ᠵᠠᠷᠢᠮ ᠤᠳ ᠤᠨ ᠠᠵᠢᠭᠯᠠᠭᠰᠠᠨ ᠳᠤᠷ᠂ ᠲᠡᠷᠡ ᠢᠨᠦ ᠵᠠᠷᠯᠢᠭ ᠪᠣᠯᠤᠷᠤᠨ᠃ 6᠂ ᠲᠠᠨᠤ ᠦᠵᠡᠭᠰᠡᠨ ᠡᠳᠡ ᠢᠨᠦ ᠡᠪᠳᠡᠷᠡᠨ ᠬᠣᠭᠣᠰᠤᠷᠠᠬᠤ ᠪᠥᠭᠡᠳ᠂ ᠨᠢᠭᠡ ᠴᠢᠯᠠᠭᠤᠨ ᠤ ᠪᠤᠰᠤ ᠴᠢᠯᠠᠭᠤᠨ ᠤ ᠳᠡᠭᠡᠷ᠎ᠡ ᠦᠯᠦ ᠦᠯᠡᠭᠡᠭᠳᠡᠬᠦ ᠴᠠᠭ ᠠᠨᠤ ᠢᠷᠡᠬᠦ ᠪᠣᠯᠤᠶᠤ᠃ 7᠂ ᠬᠡᠮᠡᠨ ᠵᠠᠷᠯᠢᠭ ᠪᠣᠯᠤᠭᠰᠠᠨ ᠳᠤᠷ ᠲᠡᠳᠡ ᠢᠨᠦ ᠲᠡᠭᠦᠨ ᠡᠴᠡ ᠡᠶᠢᠨ ᠠᠰᠠᠭᠤᠷᠤᠨ᠂ ᠪᠠᠭᠰᠢ ᠠ᠋᠂ ᠡᠳᠡ ᠢᠨᠦ ᠬᠡᠵᠢᠶ᠎ᠡ ᠪᠣᠯᠬᠤ ᠪᠥᠭᠡᠳ᠂ ᠡᠳᠡᠨ ᠦ ᠪᠦᠲᠦᠬᠦ ᠴᠠᠭ ᠤᠨ ᠪᠡᠯᠭᠡ ᠢᠨᠦ ᠶᠠᠭᠤᠨ ᠪᠣᠯᠬᠤ ᠪᠤᠶᠤ᠃ 8᠂ ᠬᠡᠮᠡᠨ ᠠᠶᠢᠯᠠᠳᠬᠠᠭᠰᠠᠨ ᠳᠤᠷ ᠲᠡᠷᠡ ᠢᠨᠦ ᠵᠠᠷᠯᠢᠭ ᠪᠣᠯᠤᠷᠤᠨ᠃ ᠤᠨᠲᠠᠭᠠᠳᠠᠭᠤᠯᠤᠭᠳᠠᠬᠤᠢ ᠠᠴᠠ ᠬᠢᠴᠢᠶᠡᠭᠲᠦᠨ᠃ ᠲᠡᠷᠡ ᠶᠠᠭᠤᠨ ᠤ ᠲᠤᠯᠠ ᠬᠡᠮᠡᠪᠡᠰᠦ᠂ ᠣᠯᠠᠨ ᠠᠨᠤ ᠮᠢᠨᠦ ᠨᠡᠷ᠎ᠡ ᠪᠡᠷ ᠢᠷᠡᠨ ᠡᠶᠢᠨ᠃ ᠪᠢ ᠪᠡᠷ (ᠬᠡᠷᠢᠰᠲ᠋ᠣᠰ)᠂ ᠬᠡᠮᠡᠨ ᠥᠭᠦᠯᠡᠬᠦ ᠪᠣᠯᠤᠶᠤ᠃ ᠲᠡᠷᠡ ᠬᠦ ᠴᠠᠭ ᠠᠨᠤ ᠰᠢᠳᠠᠷ ᠪᠣᠯᠪᠠᠢ᠃ ᠲᠡᠶᠢᠮᠦ ᠶᠢᠨ ᠲᠤᠯᠠ ᠲᠡᠳᠡᠨ ᠢ ᠪᠦᠦ ᠳᠠᠭᠠᠭᠲᠤᠨ᠃ 9᠂ ᠵᠦᠭᠡᠷ ᠲᠠ ᠪᠡᠷ ᠳ᠋ᠠᠶᠢᠨ ᠬᠢᠭᠡᠳ ᠬᠤᠳᠬᠤᠯᠠᠯ ᠢ ᠰᠣᠨᠣᠰᠬᠤᠢ ᠳᠠᠭᠠᠨ ᠪᠦᠦ ᠠᠶᠤᠭᠲᠤᠨ᠃ ᠲᠡᠷᠡ ᠶᠠᠭᠤᠨ ᠤ ᠲᠤᠯᠠ ᠬᠡᠮᠡᠪᠡᠰᠦ᠂ ᠡᠳᠡ ᠢᠨᠦ ᠤᠷᠢᠳᠠᠭᠠᠷ ᠪᠣᠯᠬᠤ ᠶᠣᠰᠤᠲᠤ᠃ ᠵᠦᠭᠡᠷ ᠡᠴᠦᠰ ᠢᠨᠦ ᠡᠳᠦᠢ ᠅ 10᠂ ᠪᠠᠰᠠ ᠡᠶᠢᠨ ᠪᠣᠯᠤᠷᠤᠨ᠃ ᠤᠯᠤᠰ ᠠᠨᠤ ᠤᠯᠤᠰ ᠤᠨ ᠲᠤᠰ ᠬᠢᠭᠡᠳ ᠡᠵᠡᠯᠡᠭᠦᠷᠢ ᠢᠨᠦ ᠡᠵᠡᠯᠡᠭᠦᠷᠢᠨ ᠦ ᠲᠤᠰ ᠡᠰᠡᠷᠭᠦᠴᠡᠯᠳᠦᠬᠦ ᠪᠣᠯᠤᠶᠤ᠃ 11᠂ ᠵᠢᠴᠢ ᠵᠠᠷᠢᠮ ᠵᠦᠭ ᠦᠳ ᠲᠦᠷ ᠭᠠᠵᠠᠷ ᠤᠨ ᠬᠥᠳᠡᠯᠬᠦᠢ ᠬᠢᠭᠡᠳ ᠵᠤᠳ ᠪᠠ ᠬᠠᠯᠳᠠᠪᠤᠷᠢ ᠲᠤ ᠡᠪᠡᠳᠴᠢᠨ ᠪᠣᠯᠬᠤ ᠪᠥᠭᠡᠳ᠂ ᠣᠭᠲᠠᠷᠭᠤᠢ ᠠᠴᠠ ᠠᠶᠤᠭᠤᠮᠰᠢᠭ ᠲᠤ ᠬᠢᠭᠡᠳ ᠢᠯᠠᠩᠭᠤᠶ᠎ᠠ ᠶᠡᠬᠡ ᠪᠡᠯᠭᠡᠰ ᠢᠨᠦ ᠪᠣᠯᠬᠤ ᠪᠤᠢ᠃ 12᠂ ᠵᠦᠭᠡᠷ ᠡᠳᠡ ᠬᠠᠮᠤᠭ ᠤᠨ ᠪᠦᠲᠦᠬᠦ ᠡᠴᠡ ᠤᠷᠢᠳᠠ ᠲᠠ ᠪᠡᠷ ᠪᠠᠷᠢᠭᠳᠠᠨ᠂ ᠴᠥᠬᠡᠭᠡᠭᠳᠡᠨ᠂ ᠬᠤᠷᠠᠯ ᠤᠳ ᠲᠤᠷ (ᠲᠤᠰᠢᠶᠠᠭᠳᠠᠨ)᠂ ᠭᠢᠨᠳᠠᠨ ᠳᠤᠷ ᠬᠣᠷᠢᠭᠤᠯᠤᠭᠳᠠᠨ᠂ ᠮᠢᠨᠦ ᠨᠡᠷ᠎ᠡ ᠶᠢᠨ ᠲᠤᠯᠠ ᠬᠠᠳ ᠬᠢᠭᠡᠳ ᠲᠦᠰᠢᠮᠡᠳ ᠦᠨ ᠡᠮᠦᠨ᠎ᠡ ᠬᠦᠷᠭᠡᠭᠳᠡᠬᠦ ᠪᠣᠯᠤᠶᠤ᠃ 13᠂ ᠲᠡᠶᠢᠨ ᠪᠥᠭᠡᠳ ᠡᠨᠡ ᠢᠨᠦ ᠲᠠᠨ ᠳᠤᠷ (ᠲᠡᠳᠡᠨ ᠦ ᠲᠤᠰ) ᠭᠡᠷᠡᠴᠢᠯᠡᠯᠭᠡ ᠪᠣᠯᠬᠤ ᠪᠤᠢ᠃ 14᠂ ᠲᠡᠶᠢᠮᠦ ᠶᠢᠨ ᠲᠤᠯᠠᠳᠠ ᠶᠠᠮᠪᠠᠷ ᠬᠠᠷᠢᠭᠤ ᠥᠭᠦᠯᠡᠬᠦᠢ ᠶᠢ ᠤᠷᠢᠳᠠ ᠪᠡᠯᠡᠳᠳᠦᠯ ᠦᠭᠡᠭᠦᠶ᠎ᠡ ᠵᠣᠷᠢᠮᠠᠭᠠᠢ ᠰᠡᠳᠬᠢᠯ ᠲᠦ ᠪᠡᠷ ᠪᠠᠶᠢᠭᠲᠤᠨ᠃ 15᠂ ᠲᠡᠷᠡ ᠶᠠᠭᠤᠨ ᠤ ᠲᠤᠯᠠ ᠬᠡᠮᠡᠪᠡᠰᠦ᠂ ᠪᠢ ᠪᠡᠷ ᠲᠠᠨᠤ ᠬᠠᠮᠤᠭ ᠳᠠᠶᠢᠰᠤᠳ ᠤᠨ ᠪᠤᠯᠢᠶᠠᠯᠳᠤᠨ ᠡᠰᠡᠷᠭᠦᠴᠡᠵᠦ ᠦᠯᠦ ᠴᠢᠳᠠᠬᠤᠢ ᠠᠮᠠ ᠬᠢᠭᠡᠳ ᠰᠡᠴᠡᠨ ᠪᠢᠯᠢᠭ ᠢ ᠲᠠᠨ ᠳᠤᠷ ᠥᠭᠰᠦ᠃ 16᠂ ᠪᠠᠰᠠ ᠲᠠ ᠪᠡᠷ ᠡᠴᠢᠭᠡ ᠡᠬᠡ ᠨᠠᠷ ᠬᠢᠭᠡᠳ ᠠᠬ᠎ᠠ ᠳᠡᠭᠦᠦ ᠨᠠᠷ ᠪᠠ᠂ ᠲᠥᠷᠥᠯ ᠦᠳ ᠬᠢᠭᠡᠳ ᠨᠥᠬᠥᠰ ᠢᠶᠡᠷ ᠪᠠᠷᠢᠭᠤᠯᠤᠭᠳᠠᠬᠤ ᠪᠤᠢ᠃ ᠲᠠᠨ ᠠᠴᠠ ᠵᠠᠷᠢᠮ ᠤᠳ ᠠᠨᠤ ᠦᠬᠦᠭᠦᠯᠦᠭᠳᠡᠬᠦ ᠴᠤ ᠪᠣᠯᠤᠶᠤ᠃ 17᠂ ᠪᠠᠰᠠ ᠲᠠ ᠪᠡᠷ ᠮᠢᠨᠦ ᠨᠡᠷ᠎ᠡ ᠶᠢᠨ ᠲᠤᠯᠠ ᠬᠠᠮᠤᠭ ᠲᠤᠷ ᠥᠰᠢᠶᠡᠯᠡᠭᠳᠡᠬᠦ ᠪᠣᠯᠤᠶᠤ᠃ 18᠂ ᠵᠦᠭᠡᠷ ᠲᠠᠨᠤ ᠲᠣᠯᠤᠭᠠᠢ ᠳᠠᠬᠢ ᠦᠰᠦᠨ ᠡᠴᠡ ᠭᠠᠭᠴᠠᠬᠠᠨ ᠴᠤ ᠦᠯᠦ ᠭᠡᠭᠡᠭᠳᠡᠷᠡᠬᠦ ᠪᠣᠯᠤᠶᠤ᠃ 19᠂ ᠰᠦᠨᠡᠰᠦᠨ ᠢᠶᠡᠨ ᠬᠦᠯᠢᠴᠡᠩᠭᠦᠢ ᠪᠡᠷ ᠢᠶᠡᠨ ᠰᠠᠬᠢᠨ ᠬᠢᠴᠢᠶᠡᠭᠲᠦᠨ᠃ 20᠂ ᠲᠠ ᠪᠡᠷ ᠶᠢᠷᠤᠰᠠᠯᠢᠮ ᠤᠨ ᠴᠢᠷᠢᠭ ᠦᠨ ᠴᠢᠭᠤᠯᠭᠠᠳ ᠲᠤᠷ ᠬᠦᠷᠢᠶᠡᠯᠡᠭᠳᠡᠭᠰᠡᠨ ᠢ ᠦᠵᠡᠬᠦᠢ ᠳᠡᠭᠡᠨ᠂ ᠲᠡᠭᠦᠨ ᠦ ᠬᠣᠭᠣᠰᠤᠷᠠᠬᠤᠢ ᠴᠠᠭ ᠤᠨ ᠰᠢᠳᠠᠷ ᠠᠬᠤᠢ ᠶᠢ ᠮᠡᠳᠡᠭᠲᠦᠨ᠃ 21᠂ ᠲᠡᠷᠡ ᠬᠦ ᠴᠠᠭ ᠲᠤᠷ ᠶᠦᠳᠢᠶᠠ ᠭᠠᠵᠠᠷ᠎ᠠ ᠠᠭᠴᠢᠳ ᠠᠨᠤ ᠠᠭᠤᠯᠠᠨ ᠳᠤᠷ ᠳᠤᠲᠠᠭᠠᠬᠤ ᠪᠥᠭᠡᠳ᠂ ᠲᠡᠭᠦᠨ ᠦ (ᠪᠠᠯᠭᠠᠰᠤᠨ) ᠤ ᠳᠣᠲᠣᠷ᠎ᠠ ᠠᠭᠴᠢᠳ ᠠᠨᠤ ᠭᠠᠷᠬᠤ ᠪᠥᠭᠡᠳ᠂ ᠬᠥᠳᠦᠭᠡ ᠳᠦᠷ ᠠᠭᠴᠢᠳ ᠠᠨᠤ ᠲᠡᠭᠦᠨ ᠳᠦᠷ ᠦᠯᠦ ᠪᠤᠴᠠᠬᠤ ᠪᠣᠯᠲᠤᠭᠠᠢ᠃ 22᠂ ᠲᠡᠷᠡ ᠶᠠᠭᠤᠨ ᠤ ᠲᠤᠯᠠ ᠬᠡᠮᠡᠪᠡᠰᠦ᠂ ᠲᠡᠷᠡ ᠢᠨᠦ ᠨᠡᠬᠡᠪᠦᠷᠢ ᠲᠦ ᠴᠠᠭ ᠪᠣᠯᠬᠤ ᠪᠤᠢ᠃ ᠲᠡᠶᠢᠨ ᠬᠦ ᠬᠠᠮᠤᠭ ᠪᠢᠴᠢᠭᠳᠡᠭᠰᠡᠨ ᠢᠨᠦ ᠪᠦᠲᠦᠬᠦ ᠪᠣᠯᠠᠢ᠃ 23᠂ ᠲᠡᠳᠡ ᠡᠳᠦᠷ ᠦᠳ ᠲᠦᠷ ᠵᠢᠷᠮᠦᠰᠦᠨ ᠬᠢᠭᠡᠳ ᠬᠥᠬᠥᠭᠦᠯᠦᠭᠴᠢ ᠡᠮᠡᠰ ᠲᠦᠷ ᠵᠣᠪᠠᠯᠠᠩ ᠪᠣᠯᠬᠤ᠃ ᠲᠡᠷᠡ ᠶᠠᠭᠤᠨ ᠤ ᠲᠤᠯᠠ ᠬᠡᠮᠡᠪᠡᠰᠦ᠂ ᠭᠠᠵᠠᠷ ᠤᠨ ᠳᠡᠭᠡᠷ᠎ᠡ ᠶᠡᠬᠡ ᠭᠠᠰᠢᠭᠤᠳᠠᠯ ᠪᠣᠯᠬᠤ ᠪᠥᠭᠡᠳ᠂ ᠤᠯᠤᠰ ᠤᠨ ᠳᠡᠭᠡᠷ᠎ᠡ ᠶᠡᠬᠡ ᠬᠢᠯᠢᠩ ᠪᠣᠯᠬᠤ ᠪᠤᠢ᠃ 24᠂ ᠲᠡᠳᠡ ᠢᠨᠦ ᠮᠡᠰᠡ ᠪᠡᠷ ᠤᠨᠠᠭᠠᠭᠳᠠᠨ᠂ ᠬᠠᠮᠤᠭ ᠤᠯᠤᠰ ᠤᠨ ᠡᠷᠬᠡ ᠳᠦᠷ ᠣᠷᠣᠵᠤ᠂ ᠨᠡᠭᠦᠯᠭᠡᠭᠳᠡᠬᠦ ᠪᠣᠯᠤᠶᠤ᠃ ᠲᠡᠶᠢᠨ ᠬᠦ ᠤᠯᠤᠰ ᠤᠳ ᠤᠨ ᠴᠠᠭ ᠤᠳ ᠤᠨ ᠥᠩᠭᠡᠷᠡᠲᠡᠯ᠎ᠡ ᠶᠢᠷᠤᠰᠠᠯᠢᠮ ᠠᠨᠤ ᠤᠯᠤᠰ ᠤᠳ ᠲᠤᠷ ᠭᠢᠱᠬᠢᠭᠳᠡᠬᠦ ᠪᠣᠯᠤᠶᠤ᠃ 25᠂ ᠵᠢᠴᠢ ᠨᠠᠷᠠ ᠬᠢᠭᠡᠳ ᠰᠠᠷ᠎ᠠ ᠪᠠ ᠣᠳᠤᠳ ᠤᠨ ᠳᠣᠲᠣᠷ᠎ᠠ ᠪᠡᠯᠭᠡᠰ ᠪᠣᠯᠬᠤ ᠪᠥᠭᠡᠳ᠂ ᠳᠡᠯᠡᠬᠡᠢ ᠶᠢᠨ ᠳᠡᠭᠡᠷ᠎ᠡ ᠤᠯᠤᠰ ᠤᠳ ᠤᠨ ᠤᠶᠢᠳᠬᠠᠷ ᠬᠢᠭᠡᠳ ᠰᠡᠵᠢᠭᠯᠡᠯ ᠪᠠ᠂ ᠳᠠᠯᠠᠢ ᠶᠢᠨ ᠬᠢᠭᠡᠳ ᠦᠶᠡᠷᠯᠡᠯ ᠦᠨ ᠴᠤᠤᠭᠢᠬᠤᠢ ᠪᠠ᠂ 26᠂ ᠶᠢᠷᠲᠢᠨᠴᠦ ᠶᠢᠨ ᠳᠡᠭᠡᠷ᠎ᠡ ᠢᠷᠡᠬᠦᠢ (ᠠᠶᠤᠭᠤᠮᠰᠢᠭ) ᠤᠳ ᠤᠨ ᠤᠴᠢᠷ᠎ᠠ ᠬᠦᠮᠦᠨ ᠨᠦᠭᠦᠳ ᠦᠨ ᠵᠢᠷᠦᠬᠡᠨ ᠦ ᠠᠯᠵᠢᠶᠠᠬᠤᠢ ᠠᠨᠤ ᠪᠣᠯᠬᠤ ᠪᠤᠢ᠃ ᠲᠡᠷᠡ ᠶᠠᠭᠤᠨ ᠤ ᠲᠤᠯᠠ ᠬᠡᠮᠡᠪᠡᠰᠦ᠂ ᠣᠭᠲᠠᠷᠭᠤᠢ ᠶᠢᠨ ᠬᠦᠴᠦᠳ ᠢᠨᠦ ᠬᠥᠳᠡᠯᠭᠡᠭᠳᠡᠬᠦ ᠪᠣᠯᠤᠶᠤ᠃ 27᠂ ᠲᠡᠷᠡ ᠴᠠᠭ ᠲᠤᠷ ᠲᠡᠳᠡ ᠢᠨᠦ ᠬᠦᠮᠦᠨ ᠲᠥᠷᠥᠯᠬᠢᠲᠦ ᠶᠢᠨ ᠡᠭᠦᠯᠡᠨ ᠦ ᠳᠡᠭᠡᠷ᠎ᠡ ᠢᠯᠠᠩᠭᠤᠶ᠎ᠠ ᠠᠤᠭ᠎ᠠ ᠬᠦᠴᠦᠨ ᠬᠢᠭᠡᠳ ᠴᠣᠭ ᠵᠢᠪᠬᠤᠯᠠᠩ ᠲᠤ ᠪᠠᠷ (ᠵᠠᠯᠠᠷᠠᠨ) ᠢᠷᠡᠬᠦᠢ ᠶᠢ ᠦᠵᠡᠬᠦ ᠪᠣᠯᠤᠶᠤ᠃ 28᠂ ᠡᠳᠡᠨ ᠦ ᠡᠬᠢᠯᠡᠵᠦ ᠪᠦᠲᠦᠬᠦᠢ ᠴᠠᠭ ᠲᠤᠷ ᠳᠡᠭᠡᠭᠰᠢᠳᠡ ᠰᠢᠷᠲᠡᠨ᠂ ᠲᠣᠯᠤᠭᠠᠢ ᠪᠠᠨ ᠡᠷᠭᠦᠭᠲᠦᠨ᠃ ᠲᠡᠷᠡ ᠶᠠᠭᠤᠨ ᠤ ᠲᠤᠯᠠ ᠬᠡᠮᠡᠪᠡᠰᠦ᠂ ᠲᠠᠨᠤ ᠠᠪᠤᠷᠠᠯ ᠠᠨᠤ ᠰᠢᠳᠠᠷᠳᠠᠮᠤᠢ ᠅ 29᠂ ᠬᠡᠮᠡᠨ ᠵᠠᠷᠯᠢᠭ ᠪᠣᠯᠤᠭᠠᠳ ᠪᠠᠰᠠ ᠦᠯᠢᠭᠡᠷ ᠢᠶᠡᠷ ᠲᠡᠳᠡᠨ ᠳᠦᠷ ᠵᠠᠷᠯᠢᠭ ᠪᠣᠯᠤᠷᠤᠨ᠃ ᠲᠣᠰᠢᠯᠤᠭ ᠤᠨ ᠮᠣᠳᠤᠨ ᠬᠢᠭᠡᠳ ᠬᠠᠮᠤᠭ ᠮᠣᠳᠤᠳ ᠢ ᠠᠵᠢᠭᠯᠠᠭᠲᠤᠨ᠃ 30᠂ ᠲᠡᠳᠡᠨ ᠦ ᠭᠥᠯᠥᠭᠡᠯᠡᠬᠦᠢ ᠶᠢ ᠦᠵᠡᠬᠦᠢ ᠳᠡᠭᠡᠨ᠂ ᠵᠤᠨ ᠤ ᠴᠠᠭ ᠰᠢᠳᠠᠷ ᠪᠣᠯᠪᠠᠢ ᠬᠡᠮᠡᠨ ᠲᠠ ᠥᠪᠡᠰᠦᠪᠡᠨ ᠮᠡᠳᠡᠮᠦᠢ᠃ 31᠂ ᠲᠡᠭᠦᠨᠴᠢᠯᠡᠨ ᠲᠠ ᠪᠡᠷ ᠡᠳᠡ ᠬᠠᠮᠤᠭ ᠢ ᠦᠵᠡᠬᠦᠢ ᠳᠡᠭᠡᠨ᠂ ᠪᠤᠷᠬᠠᠨ ᠤ ᠡᠵᠡᠯᠡᠭᠦᠷᠢᠨ ᠦ ᠰᠢᠳᠠᠷ ᠪᠣᠯᠤᠭᠰᠠᠨ ᠢ ᠮᠡᠳᠡᠭᠲᠦᠨ᠃ 32᠂ ᠡᠨᠡ ᠬᠠᠮᠤᠭ ᠤᠨ ᠪᠦᠲᠦᠬᠦ ᠪᠣᠯᠲᠠᠯ᠎ᠠ ᠡᠨᠡ ᠬᠦ ᠲᠥᠷᠥᠯ ᠢᠨᠦ ᠦᠯᠦ ᠥᠩᠭᠡᠷᠡᠬᠦ ᠪᠣᠯᠤᠶᠤ᠂ ᠬᠡᠮᠡᠨ ᠪᠢ ᠪᠡᠷ ᠲᠠᠨ ᠳᠤᠷ ᠮᠠᠭᠠᠳᠯᠠᠨ ᠥᠭᠦᠯᠡᠮᠦᠢ᠃ 33᠂ ᠣᠭᠲᠠᠷᠭᠤᠢ ᠬᠢᠭᠡᠳ ᠳᠡᠯᠡᠬᠡᠢ ᠢᠨᠦ ᠥᠩᠭᠡᠷᠡᠬᠦ ᠪᠣᠯᠪᠠᠴᠤ᠂ ᠮᠢᠨᠦ ᠵᠠᠷᠯᠢᠭ ᠠᠨᠤ ᠦᠯᠦ ᠥᠩᠭᠡᠷᠡᠬᠦ ᠪᠣᠯᠤᠶᠤ᠃ 34᠂ ᠲᠡᠶᠢᠮᠦ ᠶᠢᠨ ᠲᠤᠯᠠ ᠲᠠᠨᠤ ᠵᠢᠷᠦᠬᠡᠨ ᠢᠨᠦ ᠲᠠᠩᠰᠤᠭ ᠢᠳᠡᠭᠡᠨ ᠬᠢᠭᠡᠳ ᠤᠮᠳᠠᠭᠠᠨ ᠪᠠ᠂ ᠡᠨᠡ ᠬᠦ ᠨᠠᠰᠤᠨ ᠤ ᠰᠠᠨᠰᠤᠷ ᠤᠨ ᠡᠳ᠋ᠯᠡᠬᠦᠨ ᠢᠶᠡᠷ ᠦᠯᠦ ᠳᠠᠷᠤᠭᠳᠠᠬᠤ ᠪᠥᠭᠡᠳ᠂ ᠲᠡᠷᠡ ᠬᠦ ᠡᠳᠦᠷ ᠢᠨᠦ ᠲᠠᠨ ᠤ ᠳᠡᠭᠡᠷ᠎ᠡ ᠭᠡᠪ ᠭᠡᠨᠡᠳᠲᠡ ᠦᠯᠦ ᠢᠷᠡᠬᠦ ᠪᠣᠯᠲᠤᠭᠠᠢ᠂ ᠬᠡᠮᠡᠨ ᠬᠢᠴᠢᠶᠡᠨ ᠪᠠᠶᠢᠭᠲᠤᠨ᠃ 35᠂ ᠲᠡᠷᠡ ᠶᠠᠭᠤᠨ ᠤ ᠲᠤᠯᠠ ᠬᠡᠮᠡᠪᠡᠰᠦ᠂ ᠲᠡᠷᠡ ᠢᠨᠦ ᠳᠡᠯᠡᠬᠡᠢ ᠶᠢᠨ ᠬᠠᠮᠤᠭ ᠤᠯᠤᠰ ᠤᠨ ᠳᠡᠭᠡᠷ᠎ᠡ ᠤᠷᠠᠬ᠎ᠠ ᠮᠡᠲᠦ ᠢᠷᠡᠬᠦ ᠪᠣᠯᠤᠶᠤ᠃ 36᠂ ᠲᠡᠶᠢᠮᠦ ᠶᠢᠨ ᠲᠤᠯᠠ ᠤᠴᠢᠷᠠᠯᠳᠤᠬᠤᠢ ᠵᠣᠪᠠᠯᠠᠩ ᠠᠴᠠ ᠳᠤᠲᠠᠭᠠᠬᠤᠢ ᠬᠢᠭᠡᠳ ᠬᠦᠮᠦᠨ ᠲᠥᠷᠥᠯᠬᠢᠲᠦ ᠶᠢᠨ ᠡᠮᠦᠨ᠎ᠡ ᠪᠠᠶᠢᠬᠤᠶ᠎ᠠ ᠲᠡᠩᠰᠡᠭᠦᠷᠢ ᠲᠦ ᠪᠣᠯᠬᠤ ᠶᠢᠨ ᠲᠤᠯᠠ ᠦᠷᠭᠦᠯᠵᠢᠳᠡ ᠰᠡᠷᠡᠩᠭᠦᠶᠢᠯᠡᠨ ᠵᠠᠯᠪᠠᠷᠢᠭᠲᠤᠨ᠃ ᠬᠡᠮᠡᠨ ᠵᠠᠷᠯᠢᠭ ᠪᠣᠯᠪᠠᠢ ᠅ 37᠂ ᠲᠡᠷᠡ ᠮᠡᠲᠦ ᠪᠡᠷ (ᠢᠢᠰᠦᠰ) ᠢᠨᠦ ᠡᠳᠦᠷ ᠦᠨ ᠴᠠᠭ ᠲᠤᠷ ᠰᠦᠮ᠎ᠡ ᠶᠢᠨ ᠳᠣᠲᠣᠷ᠎ᠠ ᠰᠤᠷᠭᠠᠨ᠂ ᠰᠥᠨᠢ ᠶᠢᠨ ᠴᠠᠭ ᠲᠤᠷ ᠲᠣᠰᠤᠲᠤ ᠠᠭᠤᠯᠠᠨ ᠳᠤᠷ ᠭᠠᠷᠤᠭᠠᠳ᠂ ᠲᠡᠨᠳᠡ ᠬᠣᠨᠣᠯᠤᠭᠠ ᠅ 38᠂ ᠲᠡᠶᠢᠨ ᠪᠥᠭᠡᠳ ᠬᠠᠮᠤᠭ ᠤᠯᠤᠰ ᠠᠨᠤ ᠲᠡᠭᠦᠨ ᠦ ᠵᠠᠷᠯᠢᠭ ᠢ ᠰᠣᠨᠣᠰᠬᠤ ᠢᠨ ᠲᠤᠯᠠ ᠡᠷᠲᠡ ᠥᠷᠯᠦᠭᠡ ᠪᠡᠷ ᠰᠦᠮ᠎ᠡ ᠶᠢᠨ ᠳᠣᠲᠣᠷ᠎ᠠ ᠲᠡᠭᠦᠨ ᠳᠦᠷ ᠴᠢᠭᠤᠯᠪᠠᠢ ᠅
Currently Selected:
ᠯᠦᠺᠡ 21: MB1840
Highlight
Share
Copy
Want to have your highlights saved across all your devices? Sign up or sign in
Digital edition of the Mongolian translation published in 1840 (the Old Testament) and 1846 (the New Testament) by Edward Stallybrass and William Swan. Created by Bayarjargal Garamtseren and Simon Wong. Digital edition © United Bible Societies, 2020.

: