ᠯᠦᠺᠡ 22
22
ᠬᠣᠷᠢᠨ ᠬᠣᠶᠠᠳᠤᠭᠠᠷ ᠪᠦᠯᠦᠭ ᠅
1᠂ ᠲᠡᠨᠳᠡᠴᠡ ᠹᠠᠰᠬᠠ ᠬᠡᠮᠡᠬᠦ ᠡᠰᠡ ᠢᠰᠬᠡᠭᠰᠡᠨ ᠭᠤᠯᠢᠷ ᠤᠨ ᠨᠠᠶᠢᠷ ᠤᠨ ᠰᠢᠳᠠᠷᠳᠠᠨ ᠠᠬᠤᠶ᠎ᠠ᠃ 2᠂ ᠲᠡᠷᠢᠭᠦᠨ ᠯᠠᠮᠠᠨᠠᠷ ᠬᠢᠭᠡᠳ ᠨᠣᠮ ᠵᠢᠭᠠᠭᠴᠢᠨᠠᠷ ᠠᠨᠤ ᠲᠡᠭᠦᠨ ᠢ ᠶᠠᠬᠢᠨ ᠠᠯᠠᠬᠤᠢ ᠶᠢ ᠪᠡᠳᠡᠷᠢᠪᠡᠢ᠃ ᠲᠡᠷᠡ ᠶᠠᠭᠤᠨ ᠤ ᠲᠤᠯᠠ ᠬᠡᠮᠡᠪᠡᠰᠦ᠂ ᠲᠡᠳᠡ ᠢᠨᠦ ᠤᠯᠤᠰ ᠠᠴᠠ ᠠᠶᠤᠪᠠᠢ ᠅ 3᠂ ᠲᠡᠶᠢᠨ ᠪᠦᠬᠦᠶᠡ ᠰᠠᠲ᠋ᠠᠨᠠ ᠠᠨᠤ ᠠᠷᠪᠠᠨ ᠬᠣᠶᠠᠷ (ᠱᠠᠪᠢ) ᠠᠴᠠ ᠪᠣᠯᠤᠭᠰᠠᠨ ᠢᠰᠺᠠᠷᠢᠶᠣᠳ ᠬᠡᠮᠡᠭᠳᠡᠭᠰᠡᠨ ᠶᠦᠳᠠ ᠶᠢᠨ ᠳᠣᠲᠣᠷ᠎ᠠ ᠣᠷᠣᠪᠠᠢ᠃ 4᠂ ᠲᠡᠶᠢᠨ ᠪᠥᠭᠡᠳ ᠲᠡᠷᠡ ᠢᠨᠦ ᠣᠳᠤᠭᠠᠳ ᠲᠡᠷᠢᠭᠦᠨ ᠯᠠᠮᠠᠨᠠᠷ ᠬᠢᠭᠡᠳ ᠲᠡᠷᠢᠭᠦᠯᠡᠭᠴᠢᠳ ᠲᠦᠷ ᠢᠢᠰᠦᠰ ᠢ ᠪᠠᠷᠢᠭᠤᠯᠤᠨ ᠥᠭᠬᠦᠢ ᠠᠷᠭ᠎ᠠ ᠶᠢ ᠲᠡᠳᠡᠨ ᠯᠦᠭᠡ ᠵᠥᠪᠯᠡᠯᠳᠦᠪᠡᠢ᠃ 5᠂ ᠲᠡᠳᠡ ᠢᠨᠦ ᠪᠠᠶᠠᠰᠴᠤ᠂ ᠲᠡᠭᠦᠨ ᠳᠦᠷ ᠮᠥᠩᠭᠦᠨ ᠢ ᠥᠭᠬᠦᠢ ᠶᠢ ᠠᠮᠠᠯᠳᠤᠪᠠᠢ᠃ 6᠂ ᠶᠦᠳᠠ᠋ ᠴᠤ ᠵᠥᠪᠰᠢᠶᠡᠭᠡᠳ᠂ ᠢᠢᠰᠦᠰ ᠢ ᠤᠯᠤᠰ ᠤᠨ ᠦᠭᠡᠢ ᠠᠬᠤᠢ ᠳᠤᠷ ᠪᠠᠷᠢᠭᠤᠯᠤᠨ ᠥᠭᠬᠦ ᠵᠣᠬᠢᠰ ᠲᠤ ᠴᠠᠭ ᠢ ᠪᠡᠳᠡᠷᠢᠯᠦᠭᠡ ᠅ 7᠂ ᠲᠡᠶᠢᠨ ᠬᠦ ᠹᠠᠰᠬᠠ ᠶᠢ ᠠᠯᠠᠬᠤᠢ ᠶᠣᠰᠤ ᠲᠤ ᠡᠳᠦᠷ ᠪᠣᠯᠤᠨ᠂ ᠡᠰᠡ ᠢᠰᠬᠡᠭᠰᠡᠨ ᠭᠤᠯᠢᠷ ᠤᠨ ᠡᠳᠦᠷ ᠪᠣᠯᠤᠭᠰᠠᠨ ᠳᠤᠷ᠂ 8᠂ ᠢᠢᠰᠦᠰ ᠢᠨᠦ ᠹᠢᠲ᠋ᠢᠷ ᠢᠣᠸᠠᠨ ᠬᠣᠶᠠᠷ ᠢ ᠢᠯᠡᠭᠡᠨ ᠡᠶᠢᠨ᠃ ᠣᠳᠤᠭᠠᠳ ᠪᠢᠳᠡᠨ ᠦ ᠹᠠᠰᠬᠠ ᠶᠢ ᠢᠳᠡᠬᠦ ᠶᠢᠨ ᠲᠤᠯᠠ ᠪᠡᠯᠡᠳᠦᠭᠲᠦᠨ᠃ 9᠂ ᠬᠡᠮᠡᠨ ᠵᠠᠷᠯᠢᠭ ᠪᠣᠯᠤᠭᠰᠠᠨ ᠳᠤᠷ ᠲᠡᠳᠡ ᠢᠨᠦ ᠲᠡᠭᠦᠨ ᠳᠦᠷ ᠡᠶᠢᠨ᠃ ᠲᠡᠭᠦᠨ ᠢ ᠬᠠᠮᠢᠭ᠎ᠠ ᠪᠡᠯᠡᠳᠬᠦᠢ ᠶᠢ ᠪᠢᠳᠡᠨ ᠳᠦᠷ ᠵᠠᠷᠯᠢᠭ ᠪᠣᠯᠤᠨ ᠰᠣᠶᠤᠷᠬ᠎ᠠ᠃ 10᠂ ᠬᠡᠮᠡᠨ ᠠᠶᠢᠯᠠᠳᠬᠠᠭᠰᠠᠨ ᠳᠤᠷ ᠲᠡᠷᠡ ᠢᠨᠦ ᠡᠶᠢᠨ᠃ ᠲᠠ ᠪᠡᠷ ᠪᠠᠯᠭᠠᠰᠤᠨ ᠳᠤᠷ ᠣᠷᠣᠬᠤᠢ ᠳᠠᠭᠠᠨ ᠤᠰᠤ ᠲᠤ ᠪᠤᠮᠪᠠ ᠶᠢ ᠪᠠᠷᠢᠭᠴᠢ ᠨᠢᠭᠡᠨ ᠬᠦᠮᠦᠨ ᠯᠦᠭᠡ ᠤᠴᠢᠷᠠᠯᠳᠤᠬᠤ ᠪᠤᠢ᠃ ᠲᠡᠭᠦᠨ ᠢ ᠳᠠᠭᠠᠨ ᠲᠡᠭᠦᠨ ᠦ ᠬᠠᠮᠢᠭ᠎ᠠ ᠣᠷᠣᠬᠤ ᠭᠡᠷ ᠲᠦᠷ ᠣᠷᠣᠭᠠᠳ᠂ 11᠂ ᠲᠡᠷᠡ ᠬᠦ ᠭᠡᠷ ᠦᠨ ᠡᠵᠡᠨ ᠳᠦᠷ ᠡᠶᠢᠨ᠃ ᠪᠠᠭᠰᠢ ᠶᠢᠨ ᠴᠢᠮᠠᠳᠤᠷ ᠵᠠᠷᠯᠢᠭ ᠪᠣᠯᠤᠭᠰᠠᠨ ᠠᠨᠤ ᠡᠶᠢᠨ᠃ ᠮᠢᠨᠤ ᠱᠠᠪᠢᠨᠠᠷ ᠯᠤᠭ᠎ᠠ ᠪᠠᠨ ᠬᠠᠮᠲᠤ ᠹᠠᠰᠬᠠ ᠶᠢ ᠢᠳᠡᠬᠦ ᠲᠠᠰᠤᠭ ᠠᠨᠤ ᠬᠠᠮᠢᠭ᠎ᠠ ᠪᠤᠢ᠃ 12᠂ ᠬᠡᠮᠡᠨ ᠠᠰᠠᠭᠤᠬᠤᠢ ᠳᠤᠷ ᠲᠡᠷᠡ ᠢᠨᠦ ᠲᠠᠨ ᠳᠤᠷ ᠨᠢᠭᠡ ᠳᠡᠪᠢᠰᠦᠭᠳᠡᠭᠰᠡᠨ ᠳᠡᠭᠡᠷᠡᠬᠢ ᠶᠡᠬᠡ ᠲᠠᠰᠤᠭ ᠢ ᠵᠢᠭᠠᠬᠤ ᠪᠤᠢ᠃ ᠲᠡᠨᠳᠡ ᠪᠡᠯᠡᠳᠦᠭᠲᠦᠨ᠃ 13᠂ ᠬᠡᠮᠡᠨ ᠵᠠᠷᠯᠢᠭ ᠪᠣᠯᠤᠭᠰᠠᠨ ᠳᠤᠷ ᠲᠡᠳᠡ ᠢᠨᠦ ᠣᠳᠤᠭᠠᠳ᠂ ᠲᠡᠭᠦᠨ ᠦ ᠲᠡᠳᠡᠨ ᠳᠦᠷ ᠵᠠᠷᠯᠢᠭ ᠪᠣᠯᠤᠭᠰᠠᠨ ᠪᠦᠷᠢᠨ ᠢᠶᠡᠷ ᠣᠯᠤᠭᠠᠳ ᠹᠠᠰᠬᠠ ᠶᠢᠨ ᠪᠡᠯᠡᠳᠪᠡᠢ᠃ 14᠂ ᠲᠡᠶᠢᠨ ᠪᠥᠭᠡᠳ ᠴᠠᠭ ᠪᠣᠯᠤᠭᠰᠠᠨ ᠳᠤᠷ ᠲᠡᠷᠡ ᠢᠨᠦ ᠠᠷᠪᠠᠨ ᠬᠣᠶᠠᠷ ᠠᠹᠣᠰᠲ᠋ᠣᠯ ᠯᠤᠭ᠎ᠠ ᠰᠠᠭᠤᠭᠠᠳ ᠲᠡᠳᠡᠨ ᠳᠦᠷ ᠵᠠᠷᠯᠢᠭ ᠪᠣᠯᠤᠷᠤᠨ᠃ 15᠂ ᠪᠢ ᠪᠡᠷ ᠵᠣᠪᠠᠯᠠᠩ ᠢ ᠲᠡᠰᠬᠦ ᠡᠴᠡ ᠤᠷᠢᠳᠠ ᠡᠨᠡ ᠬᠦ ᠹᠠᠰᠬᠠ ᠶᠢ ᠲᠠᠨ ᠯᠤᠭ᠎ᠠ ᠢᠳᠡᠯᠴᠡᠬᠦᠢ ᠶᠢ ᠶᠡᠬᠡᠳᠡ ᠬᠦᠰᠡᠭᠰᠡᠨ ᠪᠤᠢ᠃ 16᠂ ᠲᠡᠷᠡ ᠶᠠᠭᠤᠨ ᠤ ᠲᠤᠯᠠ ᠬᠡᠮᠡᠪᠡᠰᠦ᠂ ᠪᠤᠷᠬᠠᠨ ᠤ ᠡᠵᠡᠯᠡᠭᠦᠷᠢᠨ ᠳᠦᠷ ᠪᠦᠲᠦᠭᠡᠭᠳᠡᠬᠦ ᠴᠠᠭ ᠪᠣᠯᠲᠠᠯ᠎ᠠ ᠪᠢ ᠪᠡᠷ ᠳ᠋ᠠᠬᠢᠨ ᠲᠡᠭᠦᠨ ᠡᠴᠡ ᠦᠯᠦ ᠢᠳᠡᠬᠦ ᠪᠤᠢ᠃ ᠬᠡᠮᠡᠨ ᠪᠢ ᠪᠡᠷ ᠲᠠᠨ ᠳᠤᠷ ᠥᠭᠦᠯᠡᠮᠦᠢ᠃ 17᠂ ᠪᠠᠰᠠ ᠠᠶᠠᠭᠠᠨ ᠢ ᠠᠪᠤᠨ᠂ ᠮᠠᠭᠲᠠᠭᠠᠯ ᠢ ᠡᠷᠭᠦᠭᠡᠳ ᠡᠶᠢᠨ ᠵᠠᠷᠯᠢᠭ ᠪᠣᠯᠤᠷᠤᠨ᠃ ᠡᠭᠦᠨ ᠢ ᠠᠪᠤᠭᠠᠳ ᠥᠪᠡᠷ ᠵᠠᠭᠤᠷᠠᠪᠠᠨ ᠬᠤᠪᠢᠶᠠᠭᠲᠤᠨ᠃ 18᠂ ᠲᠡᠷᠡ ᠶᠠᠭᠤᠨ ᠤ ᠲᠤᠯᠠ ᠬᠡᠮᠡᠪᠡᠰᠦ᠂ ᠪᠢ ᠪᠡᠷ ᠪᠤᠷᠬᠠᠨ ᠤ ᠡᠵᠡᠯᠡᠭᠦᠷᠢᠨ ᠦ ᠢᠷᠡᠬᠦ ᠪᠣᠯᠲᠠᠯ᠎ᠠ ᠦᠵᠦᠮ ᠦᠨ ᠵᠢᠮᠡᠰ ᠡᠴᠡ ᠳ᠋ᠠᠬᠢᠨ ᠦᠯᠦ ᠤᠭᠤᠬᠤ ᠪᠣᠯᠤᠶᠤ᠃ ᠬᠡᠮᠡᠨ ᠪᠢ ᠪᠡᠷ ᠲᠠᠨ ᠳᠤᠷ ᠥᠭᠦᠯᠡᠮᠦᠢ᠃ 19᠂ ᠵᠢᠴᠢ ᠪᠣᠭᠤᠷᠰᠤᠭ ᠢ ᠠᠪᠤᠭᠠᠳ ᠮᠠᠭᠲᠠᠭᠠᠯ ᠢ ᠡᠷᠭᠦᠭᠡᠳ᠂ ᠬᠤᠭᠤᠯᠤᠨ ᠲᠡᠳᠡᠨ ᠳᠦᠷ ᠥᠭᠭᠦᠨ ᠡᠶᠢᠨ ᠵᠠᠷᠯᠢᠭ ᠪᠣᠯᠤᠷᠤᠨ᠃ ᠡᠨᠡ ᠢᠨᠦ ᠮᠠᠬᠠᠪᠣᠳ ᠪᠡᠶ᠎ᠡ ᠮᠥᠨ᠃ ᠲᠡᠷᠡ ᠢᠨᠦ ᠲᠠᠨ ᠤ ᠲᠤᠯᠠ ᠥᠭᠳᠡᠮᠦᠢ᠃ ᠨᠠᠮᠠᠶᠢ ᠰᠠᠨᠠᠬᠤ ᠶᠢᠨ ᠲᠤᠯᠠ ᠡᠭᠦᠨ ᠢ ᠦᠢᠯᠡᠳᠳᠦᠭᠲᠦᠨ᠃ 20᠂ ᠵᠢᠴᠢ ᠦᠳᠡᠰᠢ ᠶᠢᠨ ᠵᠣᠭᠤᠭ ᠠᠴᠠ ᠬᠣᠶᠢᠨᠠ ᠲᠡᠷᠡ ᠢᠨᠦ ᠠᠶᠠᠭᠠᠨ ᠢ ᠠᠪᠤᠭᠠᠳ ᠡᠶᠢᠨ ᠵᠠᠷᠯᠢᠭ ᠪᠣᠯᠤᠷᠤᠨ᠃ ᠡᠨᠡ ᠢᠨᠦ ᠮᠢᠨᠦ ᠴᠢᠰᠤᠨ ᠤ ᠳᠣᠲᠣᠷ᠎ᠠ ᠰᠢᠨ᠎ᠡ ᠭᠡᠷᠢᠶᠡᠰ ᠲᠣᠭᠲᠠᠭᠠᠯ ᠮᠥᠨ᠃ ᠲᠡᠷᠡ ᠢᠨᠦ ᠲᠠᠨ ᠤ ᠲᠤᠯᠠ ᠠᠰᠬᠠᠭᠳᠠᠮᠤᠢ᠃ 21᠂ ᠵᠦᠭᠡᠷ ᠮᠡᠨᠡ᠂ ᠨᠠᠮᠠᠶᠢ ᠪᠠᠷᠢᠭᠤᠯᠤᠭᠴᠢ ᠶᠢᠨ ᠭᠠᠷ ᠠᠨᠤ ᠡᠨᠳᠡ ᠨᠠᠳᠠᠯᠤᠭᠠ ᠰᠢᠷᠡᠭᠡᠨ ᠦ ᠳᠡᠭᠡᠷ᠎ᠡ ᠪᠤᠢ᠃ 22᠂ ᠬᠦᠮᠦᠨ ᠲᠥᠷᠥᠯᠬᠢᠲᠦ ᠢᠨᠦ ᠤᠷᠢᠳᠠ ᠲᠣᠭᠲᠠᠭᠠᠭᠳᠠᠭᠰᠠᠨ ᠢᠶᠠᠷ ᠣᠳᠤᠮᠤᠢ᠃ ᠲᠡᠶᠢᠨ ᠪᠣᠯᠪᠠᠴᠤ ᠲᠡᠭᠦᠨ ᠢ ᠪᠠᠷᠢᠭᠤᠯᠤᠭᠴᠢ ᠬᠦᠮᠦᠨ ᠳᠦᠷ ᠵᠣᠪᠠᠯᠠᠩ ᠪᠣᠯᠬᠤ ᠪᠤᠢ᠃ 23᠂ ᠬᠡᠮᠡᠨ ᠵᠠᠷᠯᠢᠭ ᠪᠣᠯᠤᠭᠰᠠᠨ ᠳᠤᠷ ᠲᠡᠳᠡ ᠢᠨᠦ ᠥᠪᠡᠷ ᠵᠠᠭᠤᠷ᠎ᠠ ᠪᠠᠨ᠂ ᠪᠢᠳᠡᠨ ᠡᠴᠡ ᠲᠡᠷᠡ ᠮᠡᠲᠦ ᠶᠢ ᠦᠢᠯᠡᠳᠦᠭᠴᠢ ᠢᠨᠦ ᠬᠡᠨ ᠪᠤᠶᠤ᠂ ᠬᠡᠮᠡᠨ ᠠᠰᠠᠭᠤᠯᠴᠠᠨ ᠪᠠᠶᠢᠪᠠᠢ᠃ 24᠂ ᠪᠠᠰᠠ ᠪᠢᠳᠡᠨ ᠡᠴᠡ ᠬᠡᠨ ᠦᠯᠡᠮᠵᠢ ᠶᠡᠬᠡ ᠪᠣᠯᠬᠤ ᠶᠣᠰᠤ ᠲᠤ ᠪᠤᠶᠤ᠃ ᠬᠡᠮᠡᠨ ᠪᠤᠯᠢᠶᠠᠯᠳᠤᠯ ᠠᠨᠤ ᠲᠡᠳᠡᠨ ᠦ ᠳᠣᠲᠣᠷ᠎ᠠ ᠭᠠᠷᠪᠠᠢ᠃ 25᠂ ᠲᠡᠶᠢᠨ ᠬᠦ ᠲᠡᠷᠡ ᠢᠨᠦ ᠲᠡᠳᠡᠨ ᠳᠦᠷ ᠵᠠᠷᠯᠢᠭ ᠪᠣᠯᠤᠷᠤᠨ᠃ ᠤᠯᠤᠰ ᠤᠳ ᠤᠨ ᠬᠠᠳ ᠠᠨᠤ ᠲᠡᠳᠡᠨ ᠦ ᠳᠡᠭᠡᠷ᠎ᠡ ᠡᠵᠡᠯᠡᠳᠡᠭ᠃ ᠪᠠᠰᠠ ᠲᠡᠳᠡᠨ ᠦ ᠳᠡᠭᠡᠷ᠎ᠡ ᠨᠣᠶᠠᠯᠠᠭᠴᠢᠳ ᠠᠨᠤ ᠠᠰᠠᠷᠠᠯ ᠲᠤ᠂ ᠬᠡᠮᠡᠨ ᠨᠡᠷᠡᠶᠢᠳᠦᠭᠳᠡᠳᠡᠭ᠌᠃ 26᠂ ᠵᠦᠭᠡᠷ ᠲᠠ ᠪᠡᠷ ᠲᠡᠶᠢᠨ ᠪᠤᠰᠤ᠂ ᠬᠠᠷᠢᠨ ᠲᠠᠨ ᠠᠴᠠ ᠠᠯᠢ ᠬᠡᠨ ᠦᠯᠡᠮᠵᠢ ᠶᠡᠬᠡ ᠠᠭᠴᠢ ᠠᠨᠤ ᠬᠠᠮᠤᠭ ᠠᠴᠠ ᠥᠴᠦᠬᠡᠨ ᠮᠡᠲᠦ ᠪᠣᠯᠬᠤ ᠪᠥᠭᠡᠳ᠂ ᠠᠬᠠᠯᠠᠨ ᠤᠳᠤᠷᠢᠳᠤᠭᠴᠢ ᠴᠤ ᠵᠠᠷᠤᠴᠠ ᠮᠡᠲᠦ ᠪᠣᠯᠬᠤ ᠪᠣᠯᠲᠤᠭᠠᠢ᠃ 27᠂ ᠲᠡᠷᠡ ᠶᠠᠭᠤᠨ ᠤ ᠲᠤᠯᠠ ᠬᠡᠮᠡᠪᠡᠰᠦ᠂ ᠰᠢᠷᠡᠭᠡᠨ ᠳᠦᠷ ᠰᠠᠭᠤᠭᠴᠢ ᠬᠢᠭᠡᠳ ᠵᠠᠷᠤᠭᠳᠠᠭᠴᠢ ᠬᠣᠶᠠᠷ ᠠᠴᠠ ᠠᠯᠢ ᠠᠨᠤ ᠶᠡᠬᠡ ᠪᠤᠶᠤ᠃ ᠰᠢᠷᠡᠭᠡᠨ ᠳᠦᠷ ᠰᠠᠭᠤᠭᠴᠢ ᠠᠨᠤ (ᠶᠡᠬᠡ) ᠪᠢᠰᠢᠶᠦ᠃ ᠲᠡᠶᠢᠨ ᠪᠣᠯᠪᠠᠴᠤ ᠪᠢ ᠪᠡᠷ ᠲᠠᠨ ᠤ ᠳᠣᠲᠣᠷ᠎ᠠ ᠵᠠᠷᠤᠴᠠ ᠮᠡᠲᠦ ᠪᠣᠯᠪᠠᠢ᠃ 28᠂ ᠲᠠ ᠪᠡᠷ ᠮᠢᠨᠦ ᠵᠣᠪᠠᠯᠠᠩ ᠤᠳ ᠲᠤᠷ ᠨᠠᠳᠠᠯᠤᠭᠠ ᠪᠠᠶᠢᠭᠰᠠᠳ ᠪᠤᠢ᠃ 29᠂ ᠲᠡᠶᠢᠨ ᠬᠦ ᠮᠢᠨᠦ ᠡᠴᠢᠭᠡ ᠢᠨᠦ ᠨᠠᠳᠤᠷ ᠡᠵᠡᠯᠡᠭᠦᠷᠢᠨ ᠢ ᠲᠣᠭᠲᠠᠭᠠᠭᠰᠠᠨ ᠮᠡᠲᠦ᠂ ᠲᠡᠭᠦᠨᠴᠢᠯᠡᠨ ᠪᠢ ᠴᠤ ᠲᠠᠨ ᠳᠤᠷ ᠲᠣᠭᠲᠠᠭᠠᠮᠤᠢ ᠬᠡᠮᠡᠪᠡᠰᠤ᠃ 30ᠮᠢᠨᠦ ᠡᠵᠡᠯᠡᠭᠦᠷᠢᠨ ᠦ ᠳᠣᠲᠣᠷ᠎ᠠ ᠮᠢᠨᠦ ᠰᠢᠷᠡᠭᠡᠨ ᠳᠤᠷ ᠲᠠᠨᠤ ᠢᠳᠡᠬᠦᠢ ᠬᠢᠭᠡᠳ ᠤᠭᠤᠬᠤᠢ ᠪᠠ᠂ ᠢᠰᠷᠠᠶᠢᠯ ᠤᠨ ᠠᠷᠪᠠᠨ ᠬᠣᠶᠠᠷ ᠣᠪᠤᠭ ᠢ ᠰᠢᠭᠦᠬᠦᠶᠡ ᠰᠢᠷᠡᠭᠡᠳ ᠦᠨ ᠳᠡᠭᠡᠷ᠎ᠡ ᠰᠠᠭᠤᠬᠤ ᠶᠢᠨ ᠲᠤᠯᠠ ᠪᠣᠯᠠᠢ ᠅ 31᠂ ᠵᠢᠴᠢ ᠡᠵᠡᠨ ᠢᠨᠦ ᠵᠠᠷᠯᠢᠭ ᠪᠣᠯᠤᠷᠤᠨ᠃ ᠰᠢᠢᠮᠣᠨ ᠠ᠋᠂ ᠰᠢᠢᠮᠣᠨ ᠠ᠋᠂ ᠰᠠᠲ᠋ᠠᠨᠠ ᠠᠨᠤ ᠲᠠᠷᠢᠶᠠᠨ ᠮᠡᠲᠦ ᠴᠢᠮᠠᠶᠢ ᠰᠢᠭᠰᠢᠬᠦᠢ ᠶᠢ ᠬᠦᠰᠡᠭᠰᠡᠨ ᠪᠤᠢ᠃ 32᠂ ᠵᠦᠭᠡᠷ ᠴᠢᠨᠦ ᠢᠲᠡᠭᠡᠯ ᠦᠨ ᠦᠯᠦ ᠪᠠᠭᠤᠷᠠᠬᠤ ᠶᠢᠨ ᠲᠤᠯᠠ ᠪᠢ ᠪᠡᠷ ᠴᠢᠨᠦ ᠤᠴᠢᠷ᠎ᠠ ᠵᠠᠯᠪᠠᠷᠢᠭᠰᠠᠨ ᠪᠤᠢ᠃ ᠲᠡᠶᠢᠨ ᠬᠦ ᠴᠢ ᠪᠡᠷ ᠤᠷᠪᠠᠨ ᠪᠢᠰᠢᠷᠡᠬᠦᠢ ᠳᠡᠭᠡᠨ ᠠᠬ᠎ᠠ ᠳᠡᠭᠦᠦ ᠨᠠᠷ ᠢᠶᠠᠨ ᠲᠡᠩᠬᠡᠷᠡᠭᠦᠯᠦᠨ ᠦᠢᠯᠡᠳ᠃ 33᠂ ᠬᠡᠮᠡᠨ ᠵᠠᠷᠯᠢᠭ ᠪᠣᠯᠤᠭᠰᠠᠨ ᠳᠤᠷ ᠲᠡᠷᠡ ᠢᠨᠦ ᠲᠡᠭᠦᠨ ᠳᠦᠷ ᠡᠶᠢᠨ᠃ ᠡᠵᠡᠨ ᠡ᠂ ᠪᠢ ᠪᠡᠷ ᠴᠢᠮᠠᠯᠤᠭ᠎ᠠ ᠭᠢᠨᠳᠠᠨ ᠳᠤᠷ ᠬᠢᠭᠡᠳ ᠦᠬᠦᠯ ᠳᠦᠷ ᠣᠳᠤᠯᠴᠠᠬᠤᠶᠠ ᠪᠡᠯᠡᠨ ᠠᠮᠤᠢ᠃ 34᠂ ᠬᠡᠮᠡᠨ ᠠᠶᠢᠯᠠᠳᠬᠠᠭᠰᠠᠨ ᠳᠤᠷ ᠢᠢᠰᠦᠰ ᠢᠨᠦ ᠵᠠᠷᠯᠢᠭ ᠪᠣᠯᠤᠷᠤᠨ᠃ ᠹᠢᠲ᠋ᠢᠷ ᠡ᠂ ᠮᠢᠨᠦ ᠴᠢᠮᠠᠳᠤᠷ ᠥᠭᠦᠯᠡᠬᠦᠢ ᠢᠨᠦ ᠡᠳᠦᠭᠡ ᠡᠳᠦᠷ᠎ᠡ ᠴᠢᠨᠦ ᠨᠠᠮᠠᠶᠢ ᠦᠯᠦ ᠲᠠᠨᠢᠬᠤᠢ ᠶᠢ ᠭᠤᠷᠪᠠᠨ ᠲᠠ ᠥᠭᠦᠯᠡᠬᠦ ᠡᠴᠡ ᠤᠷᠢᠳᠠ ᠡᠷ᠎ᠡ ᠲᠠᠬᠢᠶ᠎ᠠ ᠠᠨᠤ ᠦᠯᠦ ᠳᠣᠩᠭᠤᠳᠬᠤ ᠪᠤᠢ ᠅ 35᠂ ᠵᠢᠴᠢ ᠲᠡᠳᠡᠨ ᠳᠦᠷ ᠡᠶᠢᠨ᠃ ᠮᠢᠨᠦ ᠲᠠᠨ ᠢ ᠲᠤᠯᠤᠮ ᠬᠢᠭᠡᠳ ᠤᠭᠤᠲᠠ ᠭᠤᠲᠤᠯ ᠦᠭᠡᠢ ᠪᠡᠷ ᠢᠯᠡᠭᠡᠭᠰᠡᠨ ᠳᠦᠷ ᠲᠠᠨᠤ ᠠᠯᠢᠪᠠ ᠶᠠᠭᠤᠮ᠎ᠠ ᠠᠨᠤ ᠳᠤᠲᠠᠭᠰᠠᠨ ᠪᠤᠶᠤ᠃ ᠬᠡᠮᠡᠨ ᠵᠠᠷᠯᠢᠭ ᠪᠣᠯᠤᠭᠰᠠᠨ ᠳᠤᠷ ᠲᠡᠳᠡ ᠢᠨᠦ ᠡᠶᠢᠨ᠃ ᠪᠢᠳᠡᠨ ᠦ ᠶᠠᠭᠤᠨ ᠴᠤ ᠳᠤᠲᠠᠪᠠᠢ᠃ 36᠂ ᠬᠡᠮᠡᠨ ᠠᠶᠢᠯᠠᠳᠬᠠᠭᠰᠠᠨ ᠳᠤᠷ ᠲᠡᠷᠡ ᠢᠨᠦ ᠲᠡᠳᠡᠨ ᠳᠦᠷ ᠡᠶᠢᠨ᠃ ᠲᠡᠶᠢᠨ ᠪᠣᠯᠪᠠᠴᠤ ᠡᠳᠦᠭᠡ ᠬᠡᠨ ᠳᠦᠷ ᠲᠤᠯᠤᠮ ᠪᠤᠢ ᠪᠣᠯᠪᠠᠰᠤ᠂ ᠲᠡᠭᠦᠨ ᠢ ᠠᠪᠤᠨ᠂ ᠲᠡᠷᠡ ᠮᠡᠲᠦ ᠪᠡᠷ ᠤᠭᠤᠲᠠ ᠪᠠᠨ ᠴᠤ ᠠᠪᠬᠤ ᠪᠣᠯᠲᠤᠭᠠᠢ᠃ ᠬᠡᠷᠪᠡ ᠠᠯᠢ ᠬᠡᠨ ᠳᠦᠷ ᠮᠡᠰᠡ ᠦᠭᠡᠢ ᠪᠣᠯᠪᠠᠰᠤ᠂ ᠳᠡᠪᠢᠯ ᠢᠶᠡᠨ ᠬᠤᠳᠠᠯᠳᠤᠭᠠᠳ (ᠮᠡᠰᠡ) ᠶᠢ ᠬᠤᠳᠠᠯᠳᠤᠵᠤ ᠠᠪᠬᠤ ᠪᠣᠯᠲᠤᠭᠠᠢ᠃ 37᠂ ᠲᠡᠷᠡ ᠶᠠᠭᠤᠨ ᠤ ᠲᠤᠯᠠ ᠬᠡᠮᠡᠪᠡᠰᠦ᠂ ᠲᠡᠷᠡ ᠢᠨᠦ ᠶᠠᠯ᠎ᠠ ᠲᠠᠨ ᠯᠤᠭ᠎ᠠ ᠲᠣᠭᠠᠭᠳᠠᠭᠰᠠᠨ ᠪᠤᠢ᠃ ᠬᠡᠮᠡᠨ ᠪᠢᠴᠢᠭᠳᠡᠭᠰᠡᠨ ᠢᠨᠦ ᠡᠳᠦᠭᠡ ᠨᠠᠳᠤᠷ ᠪᠦᠲᠦᠭᠡᠭᠳᠡᠬᠦ ᠶᠣᠰᠤ ᠲᠤ ᠪᠣᠯᠠᠢ᠂ ᠲᠡᠷᠡ ᠶᠠᠭᠤᠨ ᠤ ᠲᠤᠯᠠ ᠬᠡᠮᠡᠪᠡᠰᠦ᠂ ᠮᠢᠨᠦ ᠤᠴᠢᠷ᠎ᠠ ᠪᠢᠴᠢᠭᠳᠡᠭᠰᠡᠨ ᠢᠨᠦ ᠲᠡᠭᠦᠰᠬᠦ ᠪᠣᠯᠪᠠᠢ᠃ ᠬᠡᠮᠡᠨ ᠪᠢ ᠪᠡᠷ ᠲᠠᠨ ᠳᠤᠷ ᠵᠠᠷᠯᠢᠭ ᠪᠣᠯᠤᠮᠤᠢ᠃ 38᠂ ᠬᠡᠮᠡᠨ ᠵᠠᠷᠯᠢᠭ ᠪᠣᠯᠤᠭᠰᠠᠨ ᠳᠤᠷ ᠲᠡᠳᠡ ᠢᠨᠦ ᠡᠵᠡᠨ ᠡ᠂ ᠡᠨᠳᠡ ᠬᠣᠶᠠᠷ ᠮᠡᠰᠡ ᠪᠤᠢ᠂ ᠬᠡᠮᠡᠨ ᠠᠶᠢᠯᠠᠳᠬᠠᠭᠰᠠᠨ ᠳᠤᠷ ᠲᠡᠷᠡ ᠢᠨᠦ ᠲᠡᠳᠡᠨ ᠳᠦᠷ ᠡᠶᠢᠨ᠃ ᠬᠦᠷᠬᠦ ᠪᠤᠢ᠂ ᠬᠡᠮᠡᠨ ᠵᠠᠷᠯᠢᠭ ᠪᠣᠯᠪᠠᠢ᠃ 39᠂ ᠲᠡᠨᠳᠡᠴᠡ ᠲᠡᠷᠡ ᠢᠨᠦ ᠤᠷᠢᠳᠠᠬᠢ ᠶᠣᠰᠤᠨ ᠢᠶᠠᠷ ᠲᠣᠰᠤ ᠲᠤ ᠠᠭᠤᠯᠠᠨ ᠳᠤᠷ ᠥᠭᠡᠳᠡ ᠪᠣᠯᠪᠠᠢ᠃ ᠲᠡᠭᠦᠨ ᠦ ᠱᠠᠪᠢᠨᠠᠷ ᠴᠤ ᠲᠡᠭᠦᠨ ᠢ ᠳᠠᠭᠠᠨ ᠣᠳᠤᠯᠴᠠᠪᠠᠢ᠃ 40᠂ ᠲᠡᠶᠢᠨ ᠪᠥᠭᠡᠳ ᠲᠡᠷᠡ ᠬᠦ ᠣᠷᠣᠨ ᠳᠤᠷ ᠬᠦᠷᠦᠭᠡᠳ ᠲᠡᠷᠡ ᠢᠨᠦ ᠲᠡᠳᠡᠨ ᠳᠦᠷ ᠡᠶᠢᠨ᠃ ᠰᠢᠨᠵᠢᠯᠡᠯ ᠳᠦᠷ ᠦᠯᠦ ᠣᠷᠣᠬᠤ ᠮᠠᠨᠤ ᠪᠣᠯᠲᠤᠭᠠᠢ᠂ ᠬᠡᠮᠡᠨ ᠵᠠᠯᠪᠠᠷᠢᠭᠲᠤᠨ᠃ 41᠂ ᠬᠡᠮᠡᠨ ᠵᠠᠷᠯᠢᠭ ᠪᠣᠯᠤᠭᠠᠳ ᠲᠡᠳᠡᠨ ᠡᠴᠡ ᠨᠢᠭᠡᠨ ᠴᠢᠯᠠᠭᠤᠨ ᠢ ᠬᠠᠶᠠᠬᠤᠢ ᠶᠢᠨ ᠲᠡᠳᠦᠢ ᠳᠦᠷ ᠬᠠᠭᠠᠴᠠᠭᠠᠳ᠂ ᠡᠪᠦᠳᠦᠭ ᠢᠶᠡᠷ ᠢᠶᠡᠨ ᠬᠥᠰᠡᠷ᠎ᠡ ᠰᠥᠭᠦᠳᠳᠦᠨ ᠡᠶᠢᠨ ᠵᠠᠯᠪᠠᠷᠢᠪᠠᠢ᠃ 42᠂ ᠡᠴᠢᠭᠡ ᠡ᠂ ᠬᠡᠷᠪᠡ ᠴᠢᠨᠦ ᠲᠠᠭᠠᠯᠠᠯ ᠠᠨᠤ ᠲᠡᠶᠢᠮᠦ ᠪᠣᠯᠪᠠᠰᠤ᠂ ᠡᠨᠡ ᠬᠦ ᠠᠶᠠᠭᠠᠨ ᠢ ᠨᠠᠳᠠᠴᠠ ᠬᠠᠭᠠᠴᠠᠭᠤᠯᠤᠨ ᠰᠣᠶᠤᠷᠬ᠎ᠠ᠃ ᠲᠡᠶᠢᠨ ᠪᠣᠯᠪᠠᠴᠤ ᠮᠢᠨᠦ ᠳᠤᠷ᠎ᠠ ᠪᠠᠷ ᠦᠯᠦ ᠪᠣᠯᠤᠨ᠂ ᠴᠢᠨᠦ ᠲᠠᠭᠠᠯᠠᠯ ᠠᠨᠤ ᠪᠦᠲᠦᠬᠦ ᠪᠣᠯᠲᠤᠭᠠᠢ᠃ 43᠂ ᠲᠡᠨᠳᠡ ᠣᠭᠲᠠᠷᠭᠤᠢ ᠠᠴᠠ ᠲᠡᠭᠦᠨ ᠢ ᠪᠠᠲᠤᠳᠬᠠᠭᠴᠢ ᠠᠩᠭᠢᠯ ᠠᠨᠤ ᠦᠵᠡᠭᠳᠡᠪᠡᠢ᠃ 44᠂ ᠲᠡᠷᠡ ᠢᠨᠦ ᠶᠡᠬᠡ ᠭᠠᠰᠠᠯᠠᠩ ᠲᠤ ᠪᠣᠯᠤᠭᠠᠳ᠂ ᠮᠠᠰᠢᠳᠠ ᠵᠢᠳᠬᠦᠨ ᠵᠠᠯᠪᠠᠷᠢᠪᠠᠢ᠃ ᠲᠡᠭᠦᠨ ᠦ ᠬᠥᠯᠥᠰᠦᠨ ᠴᠤ ᠴᠢᠰᠤᠨ ᠤ ᠳᠤᠰᠤᠯ ᠮᠡᠲᠦ ᠪᠡᠷ ᠭᠠᠵᠠᠷ ᠲᠤᠷ ᠴᠤᠪᠤᠷᠢᠨ ᠤᠨᠠᠯᠤᠭᠠ᠃ 45᠂ ᠲᠡᠶᠢᠨ ᠪᠥᠭᠡᠳ ᠲᠡᠷᠡ ᠢᠨᠦ ᠵᠠᠯᠪᠠᠷᠢᠯ ᠡᠴᠡᠭᠡᠨ ᠪᠣᠰᠴᠤ ᠱᠠᠪᠢᠨᠠᠷ ᠲᠠᠭᠠᠨ ᠢᠷᠡᠭᠡᠳ᠂ ᠲᠡᠳᠡᠨ ᠦ ᠭᠠᠰᠢᠭᠤᠳᠠᠭᠰᠠᠨ ᠠᠴᠠ ᠤᠮᠲᠠᠨ ᠠᠬᠤᠢ ᠶᠢ ᠦᠵᠡᠨ ᠲᠡᠳᠡᠨ ᠳᠦᠷ ᠡᠶᠢᠨ ᠵᠠᠷᠯᠢᠭ ᠪᠣᠯᠤᠷᠤᠨ᠃ ᠲᠠ ᠪᠡᠷ ᠶᠠᠭᠤᠨ ᠤ ᠲᠤᠯᠠ ᠤᠮᠲᠠᠨ ᠠᠮᠤᠤ᠃ 46᠂ ᠰᠢᠨᠵᠢᠯᠡᠯ ᠳᠦᠷ ᠦᠯᠦ ᠣᠷᠣᠬᠤ ᠶᠢᠨ ᠲᠤᠯᠠ ᠪᠣᠰᠤᠭᠠᠳ ᠵᠠᠯᠪᠠᠷᠢᠭᠲᠤᠨ᠃ 47᠂ ᠬᠡᠮᠡᠨ ᠵᠠᠷᠯᠢᠭ ᠪᠣᠯᠤᠨ ᠠᠬᠤᠶ᠎ᠠ᠂ ᠮᠡᠨᠡ᠂ ᠣᠯᠠᠨ ᠤᠯᠤᠰ (ᠢᠷᠡᠪᠡᠢ)᠃ ᠠᠷᠪᠠᠨ ᠬᠣᠶᠠᠷ (ᠱᠠᠪᠢ) ᠠᠴᠠ ᠪᠣᠯᠤᠭᠰᠠᠨ ᠶᠦᠳᠠ᠋ ᠬᠡᠮᠡᠭᠴᠢ ᠢᠨᠦ ᠲᠡᠳᠡᠨ ᠢ ᠤᠳᠤᠷᠢᠳᠴᠤ᠂ ᠢᠢᠰᠦᠰ ᠢ ᠦᠨᠦᠰᠬᠦ ᠶᠢᠨ ᠲᠤᠯᠠ ᠳᠡᠷᠭᠡᠳᠡ ᠢᠷᠡᠪᠡᠢ᠃ 48᠂ ᠢᠢᠰᠦᠰ ᠢᠨᠦ ᠲᠡᠭᠦᠨ ᠳᠦᠷ ᠵᠠᠷᠯᠢᠭ ᠪᠣᠯᠤᠷᠤᠨ᠃ ᠶᠦᠳᠠ᠋ ᠠ᠋᠂ ᠴᠢ ᠪᠡᠷ ᠬᠦᠮᠦᠨ ᠲᠥᠷᠥᠯᠬᠢᠲᠦ ᠶᠢ ᠦᠨᠦᠰᠬᠦᠢ ᠪᠡᠷ ᠪᠠᠷᠢᠭᠤᠯᠤᠮᠤᠶᠤ᠃ 49᠂ ᠲᠡᠶᠢᠨ ᠪᠥᠭᠡᠳ ᠲᠡᠭᠦᠨ ᠯᠦᠭᠡ ᠠᠭᠴᠢᠳ ᠠᠨᠤ ᠶᠠᠭᠤᠨ ᠪᠣᠯᠬᠤᠢ ᠶᠢ ᠦᠵᠡᠭᠡᠳ᠂ ᠲᠡᠭᠦᠨ ᠳᠦᠷ ᠠᠶᠢᠯᠠᠳᠬᠠᠷᠤᠨ᠃ ᠡᠵᠡᠨ ᠡ᠂ ᠪᠢᠳᠡ ᠪᠡᠷ ᠮᠡᠰᠡ ᠪᠡᠷ ᠴᠠᠪᠴᠢᠬᠤ ᠪᠤᠶᠤ᠃ 50᠂ ᠬᠡᠮᠡᠭᠡᠳ ᠲᠡᠳᠡᠨ ᠡᠴᠡ ᠨᠢᠭᠡᠨ ᠢᠨᠦ ᠲᠡᠷᠢᠭᠦᠨ ᠯᠠᠮᠠ ᠶᠢᠨ ᠪᠣᠭᠣᠯ ᠢ ᠳᠡᠯᠡᠳᠴᠦ ᠲᠡᠭᠦᠨ ᠦ ᠪᠠᠷᠠᠭᠤᠨ ᠴᠢᠬᠢᠨ ᠢ ᠲᠠᠰᠤ ᠴᠠᠪᠴᠢᠪᠠᠢ᠃ 51᠂ ᠢᠢᠰᠦᠰ ᠢᠨᠦ ᠬᠠᠷᠢᠭᠤ ᠡᠶᠢᠨ᠃ ᠵᠣᠭᠰᠤᠭᠲᠤᠨ᠃ ᠬᠡᠮᠡᠨ ᠵᠠᠷᠯᠢᠭ ᠪᠣᠯᠤᠭᠠᠳ ᠲᠡᠭᠦᠨ ᠦ ᠴᠢᠬᠢᠨ ᠳᠦᠷ ᠮᠤᠲᠤᠷ ᠢᠶᠠᠨ ᠬᠦᠷᠭᠡᠨ ᠡᠳᠡᠭᠡᠭᠡᠪᠡᠢ ᠅ 52᠂ ᠵᠢᠴᠢ ᠢᠢᠰᠦᠰ ᠢᠨᠦ ᠲᠡᠭᠦᠨ ᠦ ᠲᠤᠰ ᠢᠷᠡᠭᠰᠡᠨ ᠲᠡᠷᠢᠭᠦᠨ ᠯᠠᠮᠠᠨᠠᠷ ᠬᠢᠭᠡᠳ ᠰᠦᠮ᠎ᠡ ᠶᠢᠨ ᠳᠠᠷᠤᠭ᠎ᠠ ᠨᠠᠷ ᠪᠠ ᠥᠲᠦᠭᠦᠰ ᠤᠯᠤᠰ ᠲᠤᠷ ᠡᠶᠢᠨ᠃ ᠲᠠ ᠪᠡᠷ ᠳᠡᠭᠡᠷᠮᠡᠴᠢ ᠬᠦᠮᠦᠨ ᠢ ᠪᠠᠷᠢᠬᠤ ᠶᠢᠨ ᠲᠤᠯᠠ ᠮᠡᠲᠦ ᠮᠡᠰᠡ ᠬᠢᠭᠡᠳ ᠰᠢᠢᠳᠡᠮ ᠦᠳ ᠲᠦ ᠪᠡᠷ ᠢᠷᠡᠭᠰᠡᠨ ᠪᠤᠶᠤ᠃ 53᠂ ᠮᠢᠨᠦ ᠡᠳᠦᠷ ᠪᠦᠷᠢ ᠳᠡ ᠲᠠᠨ ᠯᠤᠭ᠎ᠠ ᠬᠠᠮᠲᠤ ᠰᠦᠮ᠎ᠡ ᠶᠢᠨ ᠳᠣᠲᠣᠷ᠎ᠠ ᠠᠭᠰᠠᠨ ᠳᠤᠷ ᠲᠠ ᠪᠡᠷ ᠨᠠᠳᠤᠷ ᠭᠠᠷ ᠢᠶᠠᠨ ᠡᠰᠡ ᠬᠦᠷᠭᠡᠪᠡᠢ᠃ ᠵᠦᠭᠡᠷ ᠡᠨᠡ ᠢᠨᠦ ᠲᠠᠨᠤ ᠴᠠᠭ ᠬᠢᠭᠡᠳ ᠬᠠᠷᠠᠩᠭᠤᠢ ᠶᠢᠨ ᠡᠷᠬᠡ ᠮᠥᠨ᠃ ᠬᠡᠮᠡᠨ ᠵᠠᠷᠯᠢᠭ ᠪᠣᠯᠪᠠᠢ ᠅ 54᠂ ᠲᠡᠶᠢᠨ ᠪᠥᠭᠡᠳ ᠲᠡᠳᠡ ᠢᠨᠦ ᠲᠡᠭᠦᠨ ᠢ ᠪᠠᠷᠢᠭᠠᠳ ᠳᠠᠭᠠᠭᠤᠯᠤᠨ᠂ ᠲᠡᠷᠢᠭᠦᠨ ᠯᠠᠮᠠ ᠶᠢᠨ ᠭᠡᠷ ᠲᠦᠷ ᠣᠷᠣᠭᠤᠯᠪᠠᠢ᠃ ᠹᠢᠲ᠋ᠢᠷ ᠠᠨᠤ ᠲᠥᠰᠦᠷ ᠳᠠᠭᠠᠪᠠᠢ᠃ 55᠂ ᠲᠡᠳᠡᠨ ᠦ ᠬᠦᠷᠢᠶᠡᠨ ᠦ ᠳᠣᠲᠣᠷ᠎ᠠ ᠭᠠᠯ ᠲᠦᠯᠡᠭᠡᠳ ᠬᠠᠮᠲᠤ ᠰᠠᠭᠤᠯᠴᠠᠨ ᠠᠬᠤᠢ ᠳᠤᠷ᠂ ᠹᠢᠲ᠋ᠢᠷ ᠴᠤ ᠲᠡᠳᠡᠨ ᠯᠦᠭᠡ ᠰᠠᠭᠤᠯᠴᠠᠯᠤᠭᠠ᠃ 56᠂ ᠲᠡᠨᠳᠡ ᠨᠢᠭᠡ ᠰᠢᠪᠡᠭᠴᠢᠨ ᠢᠨᠦ ᠲᠡᠭᠦᠨ ᠦ ᠭᠠᠯ ᠤᠨ ᠣᠶᠢᠷ᠎ᠠ ᠰᠠᠭᠤᠬᠤᠢ ᠶᠢ ᠦᠵᠡᠭᠡᠳ᠂ ᠲᠡᠭᠦᠨ ᠢ ᠰᠢᠷᠲᠡᠨ ᠪᠠᠶᠢᠵᠤ ᠥᠭᠦᠯᠡᠷᠦᠨ᠃ ᠡᠨᠡ ᠴᠤ ᠲᠡᠭᠦᠨ ᠯᠦᠭᠡ ᠬᠠᠮᠲᠤ ᠪᠥᠯᠦᠭᠡ᠃ 57᠂ ᠬᠡᠮᠡᠭᠰᠡᠨ ᠳᠦᠷ ᠲᠡᠷᠡ ᠢᠨᠦ ᠮᠡᠯᠵᠢᠵᠦ ᠡᠶᠢᠨ᠃ ᠡᠮ᠎ᠡ ᠡ᠂ ᠪᠢ ᠪᠡᠷ ᠲᠡᠭᠦᠨ ᠢ ᠡᠰᠡ ᠲᠠᠨᠢᠮᠤᠢ᠃ ᠬᠡᠮᠡᠨ ᠥᠭᠦᠯᠡᠪᠡᠢ᠃ 58᠂ ᠲᠡᠨᠳᠡᠴᠡ ᠥᠴᠦᠬᠡᠨ ᠲᠡᠳᠦᠢ ᠪᠣᠯᠤᠭᠰᠠᠨ ᠳᠤᠷ ᠪᠤᠰᠤ ᠨᠢᠭᠡᠨ ᠢᠨᠦ ᠲᠡᠭᠦᠨ ᠢ ᠦᠵᠡᠭᠡᠳ ᠡᠶᠢᠨ᠃ ᠴᠢ ᠴᠤ ᠲᠡᠳᠡᠨ ᠡᠴᠡ ᠨᠢᠭᠡᠨ ᠮᠥᠨ᠃ ᠬᠡᠮᠡᠭᠰᠡᠨ ᠳᠦᠷ ᠹᠢᠲ᠋ᠢᠷ ᠠᠨᠤ ᠡᠶᠢᠨ᠃ ᠬᠦᠮᠦᠨ ᠡ᠂ ᠪᠢ ᠪᠤᠰᠤ᠃ ᠬᠡᠮᠡᠨ ᠥᠭᠦᠯᠡᠪᠡᠢ᠃ 59᠂ ᠲᠡᠨᠳᠡᠴᠡ ᠨᠢᠭᠡᠨ ᠴᠠᠭ ᠤᠨ ᠲᠡᠳᠦᠢ ᠥᠩᠭᠡᠷᠡᠭᠰᠡᠨ ᠦ ᠬᠣᠶᠢᠨᠠ ᠪᠤᠰᠤ ᠨᠢᠭᠡᠨ ᠢᠨᠦ ᠦᠨᠡᠮᠰᠢᠭᠦᠯᠦᠨ ᠡᠶᠢᠨ᠃ ᠦᠨᠡᠬᠡᠷ ᠡᠨᠡ ᠢᠨᠦ ᠲᠡᠭᠦᠨ ᠯᠦᠭᠡ ᠪᠥᠯᠦᠭᠡ᠃ ᠲᠡᠷᠡ ᠶᠠᠭᠤᠨ ᠤ ᠲᠤᠯᠠ ᠬᠡᠮᠡᠪᠡᠰᠦ᠂ ᠲᠡᠷᠡ ᠢᠨᠦ ᠺᠠᠯᠢᠯᠢᠶ᠎ᠠ ᠶᠢᠨ ᠠᠶᠢᠮᠠᠭ ᠲᠤ ᠮᠥᠨ ᠪᠤᠢ᠃ 60᠂ ᠬᠡᠮᠡᠭᠰᠡᠨ ᠳᠦᠷ ᠹᠢᠲ᠋ᠢᠷ ᠠᠨᠤ ᠡᠶᠢᠨ᠃ ᠬᠦᠮᠦᠨ ᠡ᠂ ᠴᠢᠨᠦ ᠶᠠᠭᠤᠨ ᠥᠭᠦᠯᠡᠭᠰᠡᠨ ᠢ ᠪᠢ ᠪᠡᠷ ᠡᠰᠡ ᠮᠡᠳᠡᠮᠦᠢ᠃ ᠬᠡᠮᠡᠨ ᠥᠭᠦᠯᠡᠨ ᠠᠲᠠᠯ᠎ᠠ ᠡᠷ᠎ᠡ ᠲᠠᠬᠢᠶ᠎ᠠ ᠠᠨᠤ ᠳᠣᠩᠭᠤᠳᠪᠠᠢ᠃ 61᠂ ᠡᠵᠡᠨ ᠢᠨᠦ ᠡᠷᠭᠢᠨ ᠹᠢᠲ᠋ᠢᠷ ᠢ ᠰᠢᠷᠲᠡᠪᠡᠢ᠃ ᠲᠡᠶᠢᠨ ᠬᠦ ᠹᠢᠲ᠋ᠢᠷ ᠠᠨᠤ᠂ ᠡᠷ᠎ᠡ ᠲᠠᠬᠢᠶ᠎ᠠ ᠶᠢᠨ ᠳᠣᠩᠭᠤᠳᠬᠤ ᠠᠴᠠ ᠤᠷᠢᠳᠠ ᠴᠢ ᠪᠡᠷ ᠨᠠᠮᠠᠶᠢ ᠡᠰᠡ ᠲᠠᠨᠢᠬᠤᠢ ᠶᠢ ᠭᠤᠷᠪᠠᠨᠲᠠ ᠥᠭᠦᠯᠡᠬᠦ ᠪᠤᠢ᠃ ᠬᠡᠮᠡᠨ ᠡᠵᠡᠨ ᠦ ᠵᠠᠷᠯᠢᠭ ᠪᠣᠯᠤᠭᠰᠠᠨ ᠢ ᠭᠡᠨᠡᠳᠲᠡ ᠰᠠᠨᠠᠪᠠᠢ᠃ 62᠂ ᠲᠡᠨᠳᠡᠴᠡ ᠹᠢᠲ᠋ᠢᠷ ᠠᠨᠤ ᠭᠠᠷᠤᠭᠠᠳ ᠭᠠᠰᠢᠭᠤᠨ ᠢᠶᠠᠷ ᠤᠶᠢᠯᠠᠪᠠᠢ ᠅ 63᠂ ᠲᠡᠶᠢᠨ ᠪᠥᠭᠡᠳ ᠢᠢᠰᠦᠰ ᠢ ᠪᠠᠷᠢᠭᠰᠠᠨ ᠤᠯᠤᠰ ᠠᠨᠤ ᠲᠡᠭᠦᠨ ᠢ ᠡᠯᠡᠭᠯᠡᠨ ᠵᠠᠨᠴᠢᠭᠠᠳ᠂ 64᠂ ᠲᠡᠭᠦᠨ ᠦ ᠨᠢᠳᠦᠨ ᠢ ᠪᠦᠷᠬᠦᠭᠡᠵᠦ᠂ ᠲᠡᠭᠦᠨ ᠦ ᠨᠢᠭᠤᠷ ᠢ ᠴᠣᠬᠢᠵᠤ ᠡᠶᠢᠨ᠃ ᠴᠢᠮᠠᠶᠢ ᠴᠣᠬᠢᠭᠰᠠᠨ ᠬᠡᠨ ᠪᠦᠬᠦᠢ ᠶᠢ ᠳᠠᠭᠠᠵᠤ ᠮᠡᠳᠡ᠃ 65᠂ ᠬᠡᠮᠡᠭᠡᠳ ᠪᠠᠰᠠ ᠲᠡᠭᠦᠨ ᠦ ᠲᠤᠰ ᠪᠤᠰᠤ ᠡᠯᠳᠡᠪ ᠣᠯᠬᠢᠶᠠᠨ ᠦᠭᠡᠰ ᠢ ᠥᠭᠦᠯᠡᠯᠳᠦᠪᠡᠢ ᠅ 66᠂ ᠲᠡᠨᠳᠡᠴᠡ ᠦᠷ ᠴᠠᠶᠢᠭᠰᠠᠨ ᠳᠤᠷ ᠤᠯᠤᠰ ᠤᠨ ᠥᠲᠦᠭᠦᠰ ᠨᠤᠭᠤᠳ ᠬᠢᠭᠡᠳ ᠲᠡᠷᠢᠭᠦᠨ ᠯᠠᠮᠠᠨᠠᠷ ᠪᠠ ᠨᠣᠮ ᠵᠢᠭᠠᠭᠴᠢᠨᠠᠷ ᠠᠨᠤ ᠴᠢᠭᠤᠯᠤᠭᠠᠳ᠂ ᠲᠡᠭᠦᠨ ᠢ ᠥᠪᠡᠷ ᠦᠨ ᠵᠥᠪᠯᠡᠭᠡᠨ᠋ᠡ ᠣᠷᠣᠭᠤᠯᠤᠭᠠᠳ ᠡᠢᠨ᠃ 67᠂ ᠴᠢ ᠪᠡᠷ ᠬᠡᠷᠢᠰᠲ᠋ᠣᠰ ᠮᠥᠨ ᠪᠤᠶᠤ᠂ ᠬᠡᠮᠡᠨ ᠪᠢᠳᠡᠨ ᠳᠦᠷ ᠥᠭᠦᠯᠡ᠃ 68᠂ ᠬᠡᠮᠡᠭᠰᠡᠨ ᠳᠦᠷ ᠲᠡᠷᠡ ᠢᠨᠦ ᠲᠡᠳᠡᠨ ᠳᠦᠷ ᠵᠠᠷᠯᠢᠭ ᠪᠣᠯᠤᠷᠤᠨ᠃ ᠪᠢ ᠪᠡᠷ ᠲᠠᠨ ᠳᠤᠷ ᠥᠭᠦᠯᠡᠪᠡᠴᠦ᠂ ᠲᠠ ᠪᠡᠷ ᠦᠯᠦ ᠢᠲᠡᠭᠡᠬᠦ ᠪᠤᠢ᠃ ᠵᠢᠴᠢ ᠪᠢ ᠪᠡᠷ ᠠᠰᠠᠭᠤᠪᠠᠴᠤ ᠲᠠ ᠪᠡᠷ ᠬᠠᠷᠢᠭᠤ ᠦᠯᠦ ᠥᠭᠦᠯᠡᠨ᠂ ᠨᠠᠮᠠᠶᠢ ᠦᠯᠦ ᠲᠠᠯᠪᠢᠬᠤ ᠪᠤᠢ᠃ 69᠂ ᠡᠭᠦᠨ ᠡᠴᠡ ᠬᠣᠶᠢᠨᠠ ᠬᠦᠮᠦᠨ ᠲᠥᠷᠥᠯᠬᠢᠲᠦ ᠢᠨᠦ ᠪᠤᠷᠬᠠᠨ ᠤ ᠠᠤᠭ᠎ᠠ ᠬᠦᠴᠦᠨ ᠦ ᠪᠠᠷᠠᠭᠤᠨ ᠡᠲᠡᠭᠡᠳ ᠲᠦᠷ ᠰᠠᠭᠤᠬᠤ ᠪᠣᠯᠤᠶᠤ᠃ 70᠂ ᠬᠡᠮᠡᠨ ᠵᠠᠷᠯᠢᠭ ᠪᠣᠯᠤᠭᠰᠠᠨ ᠳᠤᠷ ᠲᠡᠳᠡ ᠪᠦᠭᠦᠳᠡᠭᠡᠷ ᠡᠶᠢᠨ᠃ ᠲᠡᠶᠢᠨ ᠠᠲᠠᠯ᠎ᠠ ᠴᠢ ᠪᠡᠷ ᠪᠤᠷᠬᠠᠨ ᠤ ᠦᠷ᠎ᠡ ᠮᠥᠨ ᠪᠤᠶᠤ᠃ ᠬᠡᠮᠡᠨ ᠥᠭᠦᠯᠡᠯᠳᠦᠭᠰᠡᠨ ᠳᠦᠷ ᠲᠡᠷᠡ ᠢᠨᠦ ᠡᠶᠢᠨ᠃ ᠲᠠᠨᠤ ᠥᠭᠦᠯᠡᠭᠰᠡᠨ ᠲᠡᠷᠡ ᠪᠢ ᠮᠥᠨ᠃ 71᠂ ᠬᠡᠮᠡᠨ ᠪᠣᠯᠤᠭᠰᠠᠨ ᠳᠤᠷ ᠲᠡᠳᠡ ᠢᠨᠦ ᠡᠶᠢᠨ᠃ ᠭᠡᠷᠡᠴᠢᠯᠡᠯᠭᠡ ᠢᠨᠦ ᠪᠢᠳᠡᠨ ᠳᠦᠷ ᠶᠠᠭᠤᠨ ᠬᠡᠷᠡᠭ ᠬᠡᠮᠡᠪᠡᠰᠦ᠂ ᠪᠢᠳᠡ ᠪᠡᠷ ᠲᠡᠭᠦᠨ ᠦ ᠠᠮᠠᠨ ᠠᠴᠠ ᠰᠣᠨᠣᠰᠤᠭᠰᠠᠨ ᠪᠤᠢ᠃ ᠬᠡᠮᠡᠨ ᠥᠭᠦᠯᠡᠯᠳᠦᠵᠦᠬᠦᠢ ᠅
Currently Selected:
ᠯᠦᠺᠡ 22: MB1840
Highlight
Share
Copy
Want to have your highlights saved across all your devices? Sign up or sign in
Digital edition of the Mongolian translation published in 1840 (the Old Testament) and 1846 (the New Testament) by Edward Stallybrass and William Swan. Created by Bayarjargal Garamtseren and Simon Wong. Digital edition © United Bible Societies, 2020.

: