YouVersion Logo
Search Icon

ᠮᠠᠳᠲ᠋ᠢᠢ 16

16
ᠠᠷᠪᠠᠨ ᠵᠢᠷᠭᠤᠳᠤᠭᠠᠷ ᠪᠦᠯᠦᠭ ᠅
1᠂ ᠲᠡᠶᠢᠨ ᠪᠥᠭᠡᠳ ᠹᠠᠷᠢᠰᠢ ᠨᠠᠷ ᠬᠢᠭᠡᠳ ᠰᠠᠳᠤᠺᠢ ᠨᠠᠷ ᠠᠨᠤ ᠢᠷᠡᠭᠡᠳ᠂ ᠲᠡᠭᠦᠨ ᠢ ᠰᠢᠨᠵᠢᠯᠡᠨ ᠣᠭᠲᠠᠷᠭᠤᠢ ᠠᠴᠠ ᠨᠢᠭᠡ ᠪᠡᠯᠭᠡ ᠦᠵᠡᠭᠦᠯᠬᠦᠢ ᠶᠢ ᠡᠷᠢᠪᠡᠢ᠃ 2᠂ ᠵᠦᠭᠡᠷ ᠲᠡᠷᠡ ᠢᠨᠦ ᠲᠡᠳᠡᠨ ᠳᠦᠷ ᠬᠠᠷᠢᠭᠤ ᠵᠠᠷᠯᠢᠭ ᠪᠣᠯᠤᠷᠤᠨ᠃ ᠦᠳᠡᠰᠢ ᠶᠢᠨ ᠴᠠᠭ ᠲᠤᠷ ᠲᠠ ᠪᠡᠷ ᠡᠶᠢᠨ᠃ ᠡᠳᠦᠭᠡ ᠴᠡᠯᠮᠡᠭ ᠡᠳᠦᠷ ᠪᠣᠯᠬᠤ ᠪᠤᠢ ᠵ᠎ᠠ᠃ ᠲᠡᠷᠡ ᠶᠠᠭᠤᠨ ᠤ ᠲᠤᠯᠠ ᠬᠡᠮᠡᠪᠡᠰᠦ᠂ ᠣᠭᠲᠠᠷᠭᠤᠢ ᠠᠨᠤ ᠤᠯᠠᠭᠠᠨ ᠪᠤᠢ᠃ ᠬᠡᠮᠡᠨ ᠥᠭᠦᠯᠡᠳᠡᠭ᠃ 3᠂ ᠪᠠᠰᠠ ᠥᠷᠯᠦᠭᠡ ᠪᠡᠷ ᠡᠶᠢᠨ᠃ ᠡᠳᠦᠭᠡ ᠪᠤᠷᠤᠭ᠎ᠠ ᠲᠤ ᠡᠳᠦᠷ ᠪᠣᠯᠬᠤ ᠪᠤᠢ ᠵ᠎ᠠ᠃ ᠲᠡᠷᠡ ᠶᠠᠭᠤᠨ ᠤ ᠲᠤᠯᠠ ᠬᠡᠮᠡᠪᠡᠰᠦ᠂ ᠣᠭᠲᠠᠷᠭᠤᠢ ᠠᠨᠤ ᠤᠯᠠᠭᠠᠨ ᠪᠣᠯᠤᠨ ᠪᠦᠷᠬᠦᠭ ᠪᠤᠢ ᠬᠡᠮᠡᠨ ᠥᠭᠦᠯᠡᠳᠡᠭ᠃ ᠮᠡᠬᠡᠴᠢ ᠨᠢᠭᠤᠷ ᠲᠠᠨ ᠠ᠋᠂ ᠲᠠ ᠪᠡᠷ ᠣᠭᠲᠠᠷᠭᠤᠢ ᠶᠢᠨ ᠪᠠᠶᠢᠳᠠᠯ ᠢ ᠢᠯᠭᠠᠬᠤᠶ᠎ᠠ ᠮᠠᠳᠠᠨ ᠠᠲᠠᠯ᠎ᠠ ᠴᠠᠭ ᠤᠳ ᠤᠨ ᠪᠡᠯᠭᠡᠰ ᠢ ᠢᠯᠭᠠᠨ ᠡᠰᠡ ᠴᠢᠳᠠᠮᠤᠶᠤ᠃ 4᠂ ᠮᠠᠭᠤ ᠬᠢᠭᠡᠳ ᠲᠠᠴᠢᠶᠠᠩᠭᠤᠢ ᠲᠤ ᠲᠥᠷᠥᠯ ᠢᠨᠦ ᠨᠢᠭᠡ ᠪᠡᠯᠭᠡ ᠶᠢ ᠪᠡᠳᠡᠷᠢᠮᠦᠢ᠃ ᠲᠡᠶᠢᠨ ᠪᠣᠯᠪᠠᠴᠤ ᠶᠣᠨᠠ᠋ ᠹᠣᠷᠣᠹᠢᠳ ᠤᠨ ᠪᠡᠯᠭᠡ ᠡᠴᠡ ᠪᠤᠰᠤ ᠠᠨᠤ ᠲᠡᠳᠡᠨ ᠳᠤᠷ ᠦᠯᠦ ᠥᠭᠳᠡᠬᠦ ᠪᠤᠢ᠃ ᠬᠡᠮᠡᠨ ᠵᠠᠷᠯᠢᠭ ᠪᠣᠯᠤᠭᠠᠳ ᠲᠡᠳᠡᠨ ᠢ ᠣᠷᠬᠢᠨ ᠥᠭᠡᠳᠡ ᠪᠣᠯᠪᠠᠢ ᠅ 5᠂ ᠲᠡᠶᠢᠨ ᠬᠦ ᠲᠡᠭᠦᠨ ᠦ ᠱᠠᠪᠢᠨᠠᠷ ᠠᠨᠤ ᠪᠣᠭᠤᠷᠰᠤᠨ [ᠪᠣᠭᠤᠷᠰᠤᠭ] ᠢ ᠠᠪᠬᠤᠶ᠎ᠠ ᠮᠠᠷᠲᠠᠭᠤᠨ᠂ ᠴᠢᠨᠠᠭᠰᠢ ᠡᠲᠡᠭᠡᠳ ᠬᠦᠷᠪᠡᠢ᠃ 6᠂ ᠲᠡᠨᠳᠡ ᠢᠢᠰᠦᠰ ᠢᠨᠦ ᠲᠡᠳᠡᠨ ᠳᠦᠷ ᠡᠶᠢᠨ᠃ ᠹᠠᠷᠢᠰᠢ ᠨᠠᠷ ᠬᠢᠭᠡᠳ ᠰᠠᠳᠤᠺᠢ ᠨᠠᠷ ᠤᠨ ᠢᠰᠬᠡᠭᠰᠡᠨ ᠭᠤᠯᠢᠷ ᠠᠴᠠ ᠰᠡᠷᠡᠩᠭᠦᠶᠢᠯᠡᠨ ᠬᠢᠴᠢᠶᠡᠭᠲᠦᠨ᠃ 7᠂ ᠬᠡᠮᠡᠨ ᠵᠠᠷᠯᠢᠭ ᠪᠣᠯᠤᠭᠰᠠᠨ ᠳᠤᠷ ᠲᠡᠳᠡ ᠢᠨᠦ ᠳᠣᠲᠣᠷ᠎ᠠ ᠪᠠᠨ ᠰᠠᠨᠠᠭᠠᠴᠢᠯᠠᠯᠲᠤᠨ ᠡᠶᠢᠨ᠃ ᠡᠨᠡ ᠬᠡᠮᠡᠪᠡᠰᠦ ᠪᠢᠳᠡᠨ ᠦ ᠪᠣᠭᠤᠷᠰᠤᠭ ᠢ ᠡᠰᠡ ᠠᠪᠤᠭᠰᠠᠨ ᠤ ᠲᠤᠯᠠ ᠪᠣᠯᠠᠢ᠃ 8᠂ ᠬᠡᠮᠡᠯᠳᠦᠭᠰᠡᠨ ᠳᠦᠷ ᠢᠢᠰᠦᠰ ᠢᠨᠦ ᠮᠠᠳᠠᠨ ᠠᠶᠢᠯᠠᠲᠤᠭᠠᠳ ᠲᠡᠳᠡᠨ ᠳᠦᠷ ᠵᠠᠷᠯᠢᠭ ᠪᠣᠯᠤᠷᠤᠨ᠃ ᠪᠢᠴᠢᠬᠠᠨ ᠢᠲᠡᠭᠡᠯ ᠲᠡᠨ ᠡ᠂ ᠲᠠ ᠪᠡᠷ ᠪᠣᠭᠤᠷᠰᠤᠨ [ᠪᠣᠭᠤᠷᠰᠤᠨ] ᠢ ᠡᠰᠡ ᠠᠪᠤᠭᠰᠠᠨ ᠤ ᠤᠴᠢᠷ᠎ᠠ ᠶᠠᠭᠤᠨ ᠤ ᠲᠤᠯᠠ ᠰᠠᠨᠠᠭᠠᠴᠢᠯᠠᠯᠲᠤᠨ ᠠᠮᠤ᠃ 9᠂ ᠲᠠ ᠪᠡᠷ ᠡᠳᠦᠭᠡ ᠪᠣᠯᠲᠠᠯ᠎ᠠ ᠡᠰᠡ ᠤᠬᠠᠨ᠂ ᠲᠠᠪᠤᠨ ᠪᠣᠭᠤᠷᠰᠤᠭ ᠢ ᠲᠠᠪᠤᠨ ᠮᠢᠩᠭᠠᠨ ᠳᠤᠷ (ᠦᠭᠭᠦᠶ ᠳᠦᠷ) ᠬᠡᠳᠦᠨ ᠰᠡᠪᠦᠭ ᠰᠠᠪᠠᠰ ᠢ ᠬᠤᠷᠢᠶᠠᠭᠰᠠᠨ ᠢᠶᠠᠨ ᠡᠰᠡ ᠰᠠᠨᠠᠨ᠃ 10᠂ ᠳᠤᠯᠤᠭᠠᠨ ᠪᠣᠭᠤᠷᠰᠤᠭ ᠢ ᠳᠥᠷᠪᠡᠨ ᠮᠢᠩᠭᠠᠨ᠋᠎ᠠ (ᠦᠭᠭᠦᠶ ᠳᠦᠷ) ᠬᠡᠳᠦᠨ ᠰᠠᠪᠠᠰ ᠢ ᠬᠤᠷᠢᠶᠠᠭᠰᠠᠨ ᠢᠶᠠᠨ ᠡᠰᠡ ᠰᠠᠨᠠᠮᠤᠶᠤ᠃ 11᠂ ᠲᠠᠨ ᠢ ᠹᠠᠷᠢᠰᠶ ᠨᠠᠷ ᠬᠢᠭᠡᠳ ᠰᠠᠳᠤᠺᠢ ᠨᠠᠷ ᠤᠨ ᠢᠰᠭᠡᠭᠡᠰᠡᠨ ᠭᠤᠯᠢᠷ ᠠᠴᠠ ᠰᠡᠷᠡᠩᠭᠦᠶᠢᠯᠡᠨ ᠬᠢᠴᠢᠶᠡᠭᠲᠦᠨ᠂ ᠬᠡᠮᠡᠨ ᠮᠢᠨᠦ ᠥᠭᠦᠯᠡᠬᠦᠢ ᠳᠦᠷ ᠪᠣᠭᠤᠷᠰᠤᠭ ᠤᠨ ᠤᠴᠢᠷ᠎ᠠ ᠥᠭᠦᠯᠡᠭᠰᠡᠨ ᠪᠤᠰᠤ᠂ ᠬᠡᠮᠡᠨ ᠲᠠ ᠪᠡᠷ ᠶᠠᠬᠢᠴᠢ ᠡᠰᠡ ᠤᠬᠠᠮᠤᠶᠤ᠃ 12᠂ ᠬᠡᠮᠡᠨ ᠵᠠᠷᠯᠢᠭ ᠪᠣᠯᠤᠭᠰᠠᠨ ᠳᠤᠷ ᠲᠡᠳᠡ ᠢᠨᠦ ᠢᠰᠬᠡᠭᠰᠡᠨ ᠭᠤᠯᠢᠷ ᠠᠴᠠ ᠪᠤᠰᠤ᠂ ᠬᠠᠷᠢᠨ ᠹᠠᠷᠢᠰᠶ ᠨᠠᠷ ᠬᠢᠭᠡᠳ ᠰᠠᠳᠤᠺᠢ ᠨᠠᠷ ᠤᠨ ᠰᠤᠷᠭᠠᠯ ᠠᠴᠠ ᠬᠢᠴᠢᠶᠡᠭᠲᠦᠨ ᠬᠡᠮᠡᠨ ᠥᠭᠦᠯᠡᠭᠰᠡᠨ ᠢ ᠤᠬᠠᠪᠠᠢ ᠅ 13᠂ ᠲᠡᠨᠳᠡᠴᠡ ᠢᠢᠰᠦᠰ ᠢᠨᠦ ᠺᠢᠰᠠᠷᠢᠶ᠎ᠠ ᠹᠢᠯᠢᠹᠢ ᠣᠷᠣᠨ ᠳᠤᠷ ᠬᠦᠷᠦᠭᠡᠳ᠂ ᠱᠠᠪᠢᠨᠠᠷ ᠠᠴᠡᠭᠡᠨ ᠠᠰᠠᠭᠠᠳ ᠡᠶᠢᠨ᠃ ᠬᠦᠮᠦᠨ ᠨᠦᠭᠦᠳ ᠢᠨᠦ ᠨᠠᠮᠠᠶᠢ ᠬᠡᠨ ᠬᠡᠮᠡᠨ ᠥᠭᠦᠯᠡᠮᠦᠶᠦ᠃ 14᠂ ᠬᠡᠮᠡᠨ ᠵᠠᠷᠯᠢᠭ ᠪᠣᠯᠤᠭᠰᠠᠨ ᠳᠤᠷ ᠲᠡᠳᠡ ᠢᠨᠦ ᠠᠶᠢᠯᠠᠳᠬᠠᠷᠤᠨ᠃ ᠵᠠᠷᠢᠮ ᠤᠳ ᠠᠨᠤ ᠪᠠᠹᠲ᠋ᠢᠰᠯᠠᠭᠴᠢ ᠢᠣᠸᠠᠨ᠂ ᠪᠤᠰᠤ ᠵᠠᠷᠢᠮ ᠤᠳ ᠠᠨᠤ ᠢᠯᠢᠶ᠎ᠠ᠂ ᠪᠤᠰᠤ ᠵᠠᠷᠢᠮ ᠤᠳ ᠠᠨᠤ ᠶᠢᠷᠢᠮᠢᠶ᠎ᠠ᠂ ᠡᠰᠡᠪᠡᠰᠦ ᠹᠣᠷᠣᠹᠢᠳ ᠨᠠᠷ ᠠᠴᠠ ᠨᠢᠭᠡᠨ ᠪᠤᠢ᠂ ᠬᠡᠮᠡᠨ ᠥᠭᠦᠯᠡᠯᠳᠦᠮᠦᠢ᠃ 15᠂ ᠬᠡᠮᠡᠭᠰᠡᠨ ᠳᠦᠷ ᠲᠡᠷᠡ ᠢᠨᠦ ᠲᠡᠳᠡᠨ ᠳᠦᠷ ᠡᠶᠢᠨ᠃ ᠬᠠᠷᠢᠨ ᠲᠠ ᠪᠡᠷ ᠨᠠᠮᠠᠶᠢ ᠬᠡᠨ ᠬᠡᠮᠡᠨ ᠥᠭᠦᠯᠡᠮᠦᠢ᠃ 16᠂ ᠬᠡᠮᠡᠨ ᠵᠠᠷᠯᠢᠭ ᠪᠣᠯᠤᠭᠰᠠᠨ ᠳᠤᠷ ᠰᠢᠢᠮᠣᠨ ᠹᠢᠲ᠋ᠢᠷ ᠠᠨᠤ ᠠᠶᠢᠯᠠᠳᠬᠠᠷᠤᠨ᠃ ᠴᠢ ᠪᠡᠷ ᠬᠡᠷᠢᠰᠲ᠋ᠣᠰ ᠪᠣᠯᠤᠨ ᠠᠮᠢᠳᠤ ᠪᠤᠷᠬᠠᠨ ᠤ ᠬᠥᠪᠡᠭᠦᠨ ᠮᠥᠨ᠃ 17᠂ ᠬᠡᠮᠡᠭᠰᠡᠨ ᠳᠦᠷ ᠢᠢᠰᠦᠰ ᠢᠨᠦ ᠲᠡᠭᠦᠨ ᠳᠦᠷ ᠬᠠᠷᠢᠭᠤ ᠵᠠᠷᠯᠢᠭ ᠪᠣᠯᠤᠷᠤᠨ᠃ ᠵᠣᠨᠠ᠋ ᠶᠢᠨ ᠰᠢᠢᠮᠣᠨ ᠬᠥᠪᠡᠭᠦᠨ ᠡ᠂ ᠴᠢ ᠪᠡᠷ ᠠᠮᠤᠭᠤᠯᠠᠠᠠᠠ᠋ [ᠠᠮᠤᠭᠤᠯᠠᠩ] ᠮᠥᠨ᠃ ᠲᠡᠷᠡ ᠶᠠᠭᠤᠨ ᠤ ᠲᠤᠯᠠ ᠬᠡᠮᠡᠪᠡᠰᠦ᠂ ᠮᠢᠬᠠᠨ ᠴᠢᠰᠤᠨ ᠢᠨᠦ ᠡᠭᠦᠨ ᠢ ᠴᠢᠮᠠᠳᠤᠷ ᠦᠵᠡᠭᠦᠯᠦᠭᠰᠡᠨ ᠪᠤᠰᠤ᠂ ᠬᠠᠷᠢᠨ ᠣᠭᠲᠠᠷᠭᠤᠢ ᠳᠠᠬᠢ ᠮᠢᠨᠦ ᠡᠴᠢᠭᠡ ᠢᠨᠦ (ᠦᠵᠡᠭᠦᠯᠦᠭᠰᠡᠨ ᠪᠤᠢ)᠃ 18᠂ ᠪᠠᠰᠠ ᠢᠨᠦ ᠴᠢᠮᠠᠳᠤᠷ ᠥᠭᠦᠯᠡᠬᠦᠢ ᠢᠨᠦ᠂ ᠴᠢ ᠪᠡᠷ ᠹᠢᠲ᠋ᠢᠷ ᠮᠥᠨ᠃ ᠲᠡᠶᠢᠨ ᠬᠦ ᠪᠢ ᠪᠡᠷ ᠡᠨᠡ ᠬᠦ ᠬᠠᠳᠠ ᠶᠢᠨ ᠳᠡᠭᠡᠷ᠎ᠡ ᠮᠢᠨᠦ ᠴᠢᠭᠤᠯᠭᠠᠨ ᠢ ᠪᠠᠶᠢᠭᠤᠯᠰᠤ᠃ ᠲᠡᠭᠦᠨ ᠦ ᠲᠤᠰ ᠲᠠᠮᠤ ᠶᠢᠨ ᠬᠠᠭᠠᠯᠭᠠᠳ ᠠᠨᠤ ᠦᠯᠦ ᠬᠦᠴᠦᠯᠡᠬᠦ ᠪᠣᠯᠤᠶᠤ᠃ 19᠂ ᠪᠠᠰᠠ ᠪᠢ ᠪᠡᠷ ᠣᠭᠲᠠᠷᠭᠤᠢ ᠶᠢᠨ ᠡᠵᠡᠯᠡᠭᠦᠷᠢᠨ ᠦ ᠲᠦᠯᠬᠢᠭᠦᠷ ᠦᠳ ᠢ ᠴᠢᠮᠠᠳᠤᠷ ᠥᠭᠰᠦ᠃ ᠲᠡᠶᠢᠨ ᠬᠦ ᠴᠢᠨᠦ ᠶᠢᠷᠲᠢᠨᠴᠦ ᠶᠢᠨ ᠳᠡᠭᠡᠷ᠎ᠡ ᠠᠯᠢᠪᠠ ᠤᠶᠠᠬᠤᠢ ᠠᠨᠤ ᠣᠭᠲᠠᠷᠭᠤᠢ ᠶᠢᠨ ᠳᠡᠭᠡᠷ᠎ᠡ ᠴᠤ ᠤᠶᠠᠭᠳᠠᠬᠤ ᠪᠥᠭᠡᠳ᠂ ᠴᠢᠨᠦ ᠶᠢᠷᠲᠢᠨᠴᠦ ᠶᠢᠨ ᠳᠡᠭᠡᠷ᠎ᠡ ᠠᠯᠢᠪᠠ ᠲᠠᠶᠢᠯᠬᠤᠢ ᠠᠨᠤ ᠣᠭᠲᠠᠷᠭᠤᠢ ᠶᠢᠨ ᠳᠡᠭᠡᠷ᠎ᠡ ᠲᠠᠶᠢᠯᠤᠭᠳᠠᠬᠤ ᠪᠣᠯᠤᠶᠤ᠃ 20᠂ ᠬᠡᠮᠡᠨ ᠵᠠᠷᠯᠢᠭ ᠪᠣᠯᠤᠭᠰᠠᠨ ᠴᠠᠭ ᠲᠤᠷ ᠪᠠᠰᠠ ᠪᠠᠷ ᠲᠡᠳᠡᠨ ᠳᠦᠷ ᠵᠠᠬᠢᠷᠤᠨ᠃ ᠨᠠᠮᠠᠶᠢ ᠢᠢᠰᠦᠰ ᠬᠡᠮᠡᠭᠴᠢ ᠬᠡᠷᠢᠰᠲ᠋ᠣᠰ ᠮᠥᠨ ᠬᠡᠮᠡᠨ ᠬᠡᠨ ᠳᠦᠷ ᠴᠤ ᠪᠦᠦ ᠥᠭᠦᠯᠡᠭᠲᠦᠨ᠃ ᠬᠡᠮᠡᠨ ᠵᠠᠷᠯᠢᠭ ᠪᠣᠯᠪᠠᠢ ᠅ 21᠂ ᠲᠡᠷᠡ ᠴᠠᠭ ᠠᠴᠠ ᠠᠪᠤᠨ ᠢᠢᠰᠦᠰ ᠢᠨᠦ ᠡᠬᠢᠯᠡᠵᠦ ᠱᠠᠪᠢᠨᠠᠷ ᠲᠤᠷ ᠢᠶᠠᠨ ᠡᠶᠢᠨ ᠮᠡᠳᠡᠭᠦᠯᠦᠷᠦᠨ᠃ ᠪᠢ ᠪᠡᠷ ᠶᠢᠷᠤᠰᠠᠯᠢᠮ ᠳᠤᠷ ᠣᠳᠴᠤ᠂ ᠥᠲᠦᠭᠦᠰ ᠤᠯᠤᠰ ᠬᠢᠭᠡᠳ ᠲᠡᠷᠢᠭᠦᠨ ᠯᠠᠮ᠎ᠠ ᠨᠠᠷ ᠪᠠ ᠨᠣᠮ ᠵᠢᠭᠠᠭᠴᠢᠨᠠᠷ ᠠᠴᠠ ᠣᠯᠠᠨ ᠢ ᠲᠡᠰᠴᠦ ᠠᠯᠠᠭᠳᠠᠭᠠᠳ᠂ ᠭᠤᠷᠪᠠᠳᠤᠭᠠᠷ ᠡᠳᠦᠷ᠎ᠡ ᠠᠮᠢᠳᠤᠷᠠᠬᠤ ᠶᠣᠰᠤ ᠲᠤ ᠪᠤᠢ᠃ 22᠂ ᠬᠡᠮᠡᠨ ᠵᠠᠷᠯᠢᠭ ᠪᠣᠯᠤᠭᠰᠠᠨ ᠳᠤᠷ ᠹᠢᠲ᠋ᠢᠷ ᠠᠨᠤ ᠲᠡᠭᠦᠨ ᠢ ᠲᠤᠰᠤᠭᠠᠷ ᠠᠪᠤᠭᠠᠳ ᠵᠢᠮᠡᠯᠡᠬᠦᠶ᠎ᠡ ᠡᠬᠢᠯᠡᠭᠡᠳ ᠡᠶᠢᠨ ᠠᠶᠢᠯᠠᠳᠬᠠᠷᠤᠨ᠃ ᠡᠵᠡᠨ ᠡ᠂ ᠪᠡᠶ᠎ᠡ ᠪᠡᠨ ᠬᠠᠶᠢᠷᠠᠯᠠ᠃ ᠡᠨᠡ ᠢᠨᠦ ᠴᠢᠮᠠᠳᠤᠷ ᠦᠯᠦ ᠪᠣᠯᠬᠤ ᠪᠤᠢ᠃ 23᠂ ᠬᠡᠮᠡᠭᠰᠡᠨ ᠳᠦᠷ ᠲᠡᠷᠡ ᠢᠨᠦ ᠡᠷᠭᠢᠭᠡᠳ ᠹᠢᠲ᠋ᠢᠷ ᠲᠦᠷ ᠵᠠᠷᠯᠢᠭ ᠪᠣᠯᠪᠠᠢ᠃ ᠰᠠᠲ᠋ᠠᠨᠠ ᠠ᠋᠂ ᠨᠠᠳᠠᠴᠠ ᠵᠠᠶᠢᠯᠠ᠃ ᠴᠢ ᠪᠡᠷ ᠨᠠᠳᠤᠷ ᠰᠡᠵᠢᠭ ᠢ ᠲᠥᠷᠥᠭᠦᠯᠦᠭᠴᠢ ᠪᠤᠢ᠃ ᠲᠡᠷᠡ ᠶᠠᠭᠤᠨ ᠤ ᠲᠤᠯᠠ ᠬᠡᠮᠡᠪᠡᠰᠦ᠂ ᠴᠢ ᠪᠡᠷ ᠪᠤᠷᠬᠠᠨ ᠤ ᠶᠠᠭᠤᠮ᠎ᠠ ᠶᠢ ᠡᠰᠡ ᠳᠤᠷᠠᠰᠢᠨ᠂ ᠬᠦᠮᠦᠨ ᠦ ᠶᠠᠭᠤᠮ᠎ᠠ ᠶᠢ ᠳᠤᠷᠠᠰᠢᠮᠤᠢ ᠅ 24᠂ ᠲᠡᠷᠡ ᠴᠠᠭ ᠲᠤᠷ ᠢᠢᠰᠦᠰ ᠢᠨᠦ ᠱᠠᠪᠢᠨᠠᠷ ᠲᠤᠷ ᠢᠶᠠᠨ ᠵᠠᠷᠯᠢᠭ ᠪᠣᠯᠤᠷᠤᠨ᠃ ᠬᠡᠷᠪᠡ ᠠᠯᠢ ᠬᠡᠨ ᠪᠡᠷ ᠮᠢᠨᠦ ᠬᠣᠶᠢᠨᠠ ᠠᠴᠠ ᠶᠠᠪᠤᠬᠤᠢ ᠳᠤᠷᠠᠰᠢᠪᠠᠰᠤ᠂ ᠪᠡᠶ᠎ᠡ ᠪᠡᠨ ᠬᠡᠷᠡᠭ ᠦᠭᠡᠢ ᠪᠣᠯᠭᠠᠨ᠂ ᠵᠠᠭᠤᠯᠮᠠᠶᠢᠯᠵᠢ ᠪᠠᠨ ᠠᠪᠤᠭᠠᠳ ᠨᠠᠮᠠᠶᠢ ᠳᠠᠭᠠᠲᠤᠭᠠᠢ ᠶᠢ᠃ 25᠂ ᠲᠡᠷᠡ ᠶᠠᠭᠤᠨ ᠤ ᠲᠤᠯᠠ ᠬᠡᠮᠡᠪᠡᠰᠦ ᠬᠡᠷᠪᠡ ᠠᠯᠢ ᠬᠡᠨ ᠪᠡᠷ ᠠᠮᠢᠨ ᠢᠶᠠᠨ ᠭᠠᠮᠨᠠᠬᠤᠶ᠎ᠠ ᠳᠤᠷᠠᠰᠢᠪᠠᠰᠤ᠂ ᠲᠡᠷᠡ ᠢᠨᠦ ᠲᠡᠭᠦᠨ ᠢ ᠭᠡᠭᠡᠬᠦ ᠪᠣᠯᠤᠶᠤ᠃ ᠵᠦᠭᠡᠷ ᠬᠡᠷᠪᠡ ᠠᠯᠢ ᠬᠡᠨ ᠪᠡᠷ ᠮᠢᠨᠦ ᠲᠤᠯᠠ ᠠᠮᠢᠨ ᠢᠶᠠᠨ ᠭᠡᠭᠡᠬᠦᠶ᠎ᠡ ᠳᠤᠷᠠᠰᠢᠪᠠᠰᠤ᠂ ᠲᠡᠷᠡ ᠢᠨᠦ ᠲᠡᠭᠦᠨ ᠢ ᠣᠯᠬᠤ ᠪᠣᠯᠤᠶᠤ᠃ 26᠂ ᠲᠡᠷᠡ ᠶᠠᠭᠤᠨ ᠤ ᠲᠤᠯᠠ ᠬᠡᠮᠡᠪᠡᠰᠦ᠂ ᠬᠡᠷᠪᠡ ᠬᠦᠮᠦᠨ ᠢᠨᠦ ᠪᠦᠬᠦᠯᠢ ᠶᠢᠷᠲᠢᠨᠴᠦ ᠶᠢ ᠣᠯᠵᠠᠯᠠᠪᠠᠴᠤ᠂ ᠰᠦᠨᠡᠰᠦᠨ ᠢᠶᠡᠨ ᠭᠡᠭᠡᠪᠡᠰᠦ᠂ ᠲᠡᠭᠦᠨ ᠳᠦᠷ ᠶᠠᠮᠪᠠᠷ ᠲᠤᠰ ᠪᠣᠯᠬᠤ ᠪᠤᠶᠤ᠃ ᠡᠰᠡᠪᠡᠰᠦ ᠬᠦᠮᠦᠨ ᠢᠨᠦ ᠰᠦᠨᠡᠰᠦᠨ ᠢᠶᠡᠨ ᠶᠠᠭᠤᠨ ᠢᠶᠠᠷ ᠲᠤᠯᠢᠵᠤ [ᠲᠥᠯᠦᠵᠦ] ᠠᠪᠬᠤ ᠪᠤᠶᠤ ᠅ 27᠂ ᠬᠦᠮᠦᠨ ᠲᠥᠷᠥᠯᠬᠢᠲᠦ ᠬᠡᠮᠡᠪᠡᠰᠦ᠂ ᠥᠪᠡᠷᠦᠨ ᠡᠴᠢᠭᠡ ᠶᠢᠨ ᠴᠣᠭ ᠵᠢᠪᠬᠤᠯᠠᠠᠠᠠ᠋ [ᠵᠢᠪᠬᠤᠯᠠᠩ] ᠢᠶᠠᠷ ᠠᠩᠭᠢᠯ ᠤᠳ ᠯᠤᠭ᠎ᠠ ᠢᠷᠡᠬᠦᠢ ᠴᠠᠭ ᠲᠤᠷ ᠢᠶᠠᠨ᠂ ᠠᠯᠢᠪᠠ ᠴᠤ ᠬᠦᠮᠦᠨ ᠳᠦᠷ ᠲᠡᠭᠦᠨ ᠦ ᠦᠢᠯᠡᠰ ᠦᠨ ᠶᠣᠰᠤᠭᠠᠷ ᠬᠠᠷᠢᠭᠤ ᠶᠢ ᠥᠭᠬᠦ ᠪᠤᠢ ᠅ 28᠂ ᠮᠢᠨᠦ ᠲᠠᠨ ᠳᠤᠷ ᠮᠠᠭᠠᠳᠯᠠᠨ ᠥᠭᠦᠯᠡᠬᠦᠢ ᠢᠨᠦ᠂ ᠡᠨᠳᠡ ᠪᠠᠶᠢᠭᠰᠠᠳ ᠠᠴᠠ ᠵᠠᠷᠯᠢᠮ ᠤᠳ ᠠᠨᠤ ᠬᠦᠮᠦᠨ ᠲᠥᠷᠥᠯᠬᠢᠲᠦ ᠶᠢᠨ ᠡᠵᠡᠯᠡᠭᠦᠷᠢᠨ ᠳᠦᠷ ᠢᠶᠡᠨ ᠢᠷᠡᠬᠦᠢ ᠶᠢ ᠦᠵᠡᠬᠦ ᠡᠴᠡ ᠤᠷᠢᠳᠠ ᠦᠬᠦᠯ ᠢ ᠦᠯᠦ ᠠᠮᠰᠠᠬᠤ ᠪᠤᠢ᠃ ᠬᠡᠮᠡᠨ ᠵᠠᠷᠯᠢᠭ ᠪᠣᠯᠤᠯᠤᠭ᠎ᠠ ᠅

Highlight

Share

Copy

None

Want to have your highlights saved across all your devices? Sign up or sign in