YouVersion Logo
Search Icon

ᠮᠠᠳᠲ᠋ᠢᠢ 17

17
ᠠᠷᠪᠠᠨ ᠳᠣᠯᠣᠳᠤᠭᠠᠷ ᠪᠦᠯᠦᠭ ᠅
1᠂ ᠲᠡᠶᠢᠨ ᠪᠥᠭᠡᠳ ᠵᠢᠷᠭᠤᠭᠠᠨ ᠬᠣᠨᠣᠭ ᠤᠨ ᠬᠣᠶᠢᠨᠠ ᠢᠢᠰᠦᠰ ᠢᠨᠦ ᠹᠢᠲ᠋ᠢᠷ ᠬᠢᠭᠡᠳ ᠶᠠᠺᠣᠪ ᠪᠠ ᠲᠡᠭᠦᠨ ᠦ ᠢᠣᠸᠠᠨ ᠳᠡᠭᠦᠦ ᠶᠢ ᠠᠪᠤᠭᠠᠳ᠂ ᠨᠢᠭᠡ ᠥᠨᠳᠦᠷ ᠠᠭᠤᠯᠠᠨ ᠳᠤᠷ ᠲᠤᠰᠤᠭᠠᠷ ᠭᠠᠷᠭᠠᠭᠠᠳ᠃ 2᠂ ᠲᠡᠳᠡᠨ ᠦ ᠡᠮᠦᠨ᠋᠎ᠡ ᠬᠤᠪᠢᠯᠪᠠᠢ᠃ ᠲᠡᠭᠦᠨ ᠦ ᠨᠢᠭᠤᠷ ᠠᠨᠤ ᠨᠠᠷᠠᠨ ᠮᠡᠲᠦ ᠭᠢᠯᠪᠡᠭᠰᠡᠨ ᠪᠥᠭᠡᠳ᠂ ᠲᠡᠭᠦᠨ ᠦ ᠬᠤᠪᠴᠠᠰᠤ ᠠᠨᠤ ᠭᠡᠷᠡᠯ ᠮᠡᠲᠦ ᠴᠠᠪ ᠴᠠᠭᠠᠨ ᠪᠣᠯᠪᠠᠢ᠃ 3᠂ ᠪᠠᠰᠠ ᠮᠠᠨᠠ᠂ ᠮᠣᠰᠢ ᠬᠢᠭᠡᠳ ᠢᠯᠢᠶ᠎ᠠ ᠬᠣᠶᠠᠷ ᠠᠨᠤ ᠲᠡᠭᠦᠨ ᠯᠦᠭᠡ ᠥᠭᠦᠯᠡᠯᠳᠦᠨ ᠲᠡᠳᠡᠨ ᠳᠦᠷ ᠦᠵᠡᠭᠳᠡᠪᠡᠢ᠃ 4᠂ ᠲᠡᠨᠳᠡ ᠹᠢᠲ᠋ᠢᠷ ᠠᠨᠤ ᠬᠠᠷᠢᠭᠤ ᠶᠢᠨ ᠠᠶᠢᠯᠠᠳᠬᠠᠷᠤᠨ᠃ ᠡᠵᠡᠨ ᠡ᠂ ᠪᠢᠳᠡᠨ ᠦ ᠡᠨᠳᠡ ᠠᠬᠤᠢ ᠠᠨᠤ ᠰᠠᠶᠢᠨ ᠪᠤᠢ᠃ ᠬᠡᠷᠪᠡ ᠴᠢᠨᠦ ᠲᠠᠭᠠᠯᠠᠯ ᠲᠡᠶᠢᠨ ᠪᠣᠯᠪᠠᠰᠤ ᠪᠢᠳᠡ ᠡᠨᠳᠡ ᠭᠤᠷᠪᠠᠨ ᠴᠠᠴᠠᠷ ᠬᠡᠮᠡᠪᠡᠰᠦ᠂ ᠴᠢᠮᠠᠳᠤᠷ ᠨᠢᠭᠡᠨ ᠬᠢᠭᠡᠳ ᠮᠣᠰᠢ ᠳᠤᠷ ᠨᠢᠭᠡ ᠪᠠ ᠢᠯᠢᠶ᠎ᠠ ᠳᠤᠷ ᠨᠢᠭᠡᠨ ᠢ ᠦᠢᠯᠡᠳᠦᠶ᠎ᠡ᠃ 5᠂ ᠬᠡᠮᠡᠨ ᠥᠭᠦᠯᠡᠨ ᠠᠲᠠᠯ᠎ᠠ ᠮᠠᠨᠠ᠂ ᠨᠢᠭᠡ ᠭᠢᠯᠪᠡᠯᠭᠡᠨ ᠡᠭᠦᠯᠡ ᠢᠨᠦ ᠲᠡᠳᠡᠨ ᠢ ᠰᠡᠭᠦᠳᠡᠷᠯᠡᠭᠦᠯᠪᠡᠢ᠃ ᠪᠠᠰᠠ ᠡᠭᠦᠯᠡᠨ ᠡᠴᠡ ᠨᠢᠭᠡᠨ ᠳᠠᠭᠤ ᠠᠨᠤ ᠡᠶᠢᠨ᠃ ᠡᠨᠡ ᠢᠨᠦ ᠮᠢᠨᠦ ᠢᠨᠠᠭᠯᠠᠭᠰᠠᠨ ᠬᠥᠪᠡᠭᠦᠨ ᠮᠥᠨ᠃ ᠲᠡᠭᠦᠨ ᠳᠦᠷ ᠮᠢᠨᠦ ᠬᠠᠮᠤᠭ ᠲᠠᠭᠠᠯᠠᠯ ᠪᠤᠢ᠃ ᠲᠡᠭᠦᠨ ᠢ ᠰᠣᠨᠣᠰᠤᠭᠲᠤᠨ᠃ ᠬᠡᠮᠡᠨ ᠥᠭᠦᠯᠡᠪᠡᠢ᠃ 6᠂ ᠱᠠᠪᠢᠨᠠᠷ ᠠᠨᠤ ᠡᠭᠦᠨ ᠢ ᠰᠣᠨᠣᠰᠤᠭᠠᠳ ᠨᠢᠭᠤᠷ ᠢᠶᠠᠷ ᠢᠶᠠᠨ ᠬᠥᠰᠡᠷ᠎ᠡ ᠤᠨᠠᠭᠠᠳ ᠮᠠᠰᠢᠳᠠ ᠠᠶᠤᠯᠤᠭ᠎ᠠ᠃ 7᠂ ᠬᠠᠷᠢᠨ ᠢᠢᠰᠦᠰ ᠢᠨᠦ ᠢᠷᠡᠵᠦ ᠲᠡᠳᠡᠨ ᠳᠦᠷ ᠮᠤᠲᠤᠷ ᠢᠶᠠᠨ ᠬᠦᠷᠭᠡᠭᠡᠳ ᠡᠶᠢᠨ᠃ ᠪᠣᠰᠤᠭᠲᠤᠨ᠂ ᠪᠦᠦ ᠠᠶᠤᠭᠲᠤᠨ᠃ 8᠂ ᠬᠡᠮᠡᠨ ᠵᠠᠷᠯᠢᠭ ᠪᠣᠯᠤᠭᠰᠠᠨ ᠳᠤᠷ ᠲᠡᠳᠡ ᠢᠨᠦ ᠨᠢᠳᠦᠨ ᠢᠶᠡᠷ ᠢᠶᠡᠨ ᠰᠢᠷᠲᠡᠭᠡᠳ᠂ ᠢᠮᠠᠭᠲᠠ ᠢᠢᠰᠦᠰ ᠡᠴᠡ ᠪᠤᠰᠤ ᠬᠡᠨ ᠢ ᠴᠤ ᠡᠰᠡ ᠦᠵᠡᠪᠡᠢ ᠅ 9᠂ ᠲᠡᠶᠢᠨ ᠬᠦ ᠲᠡᠳᠡᠨ ᠦ ᠠᠭᠤᠯᠠᠨ ᠠᠴᠠ ᠪᠠᠭᠤᠨ ᠠᠲᠠᠯ᠎ᠠ ᠢᠢᠰᠦᠰ ᠢᠨᠦ ᠲᠡᠳᠡᠨ ᠳᠦᠷ ᠡᠶᠢᠨ ᠵᠠᠬᠢᠷᠤᠨ᠃ ᠬᠦᠮᠦᠨ ᠲᠥᠷᠥᠯᠬᠢᠲᠦ ᠶᠢᠨ ᠦᠬᠦᠭᠰᠡᠳ ᠡᠴᠡ ᠠᠮᠢᠳᠤᠷᠠᠲᠠᠯ᠎ᠠ ᠦᠵᠡᠭᠰᠡᠨ ᠢᠶᠡᠨ ᠬᠡᠨ ᠳᠦᠷ ᠴᠤ ᠪᠦᠦ ᠥᠭᠦᠯᠡᠭᠲᠦᠨ᠃ 10᠂ ᠬᠡᠮᠡᠨ ᠵᠠᠷᠯᠢᠭ ᠪᠣᠯᠤᠭᠰᠠᠨ ᠳᠤᠷ ᠲᠡᠭᠦᠨ ᠦ ᠱᠠᠪᠢᠨᠠᠷ ᠠᠨᠤ ᠲᠡᠭᠦᠨ ᠡᠴᠡ ᠠᠰᠠᠭᠤᠷᠤᠨ᠃ ᠲᠡᠶᠢᠨ ᠬᠦ ᠡᠯ᠎ᠡ ᠢᠯᠢᠶ᠎ᠠ ᠠᠨᠤ ᠤᠷᠢᠳᠠᠭᠠᠷ ᠢᠷᠡᠬᠦ ᠶᠣᠰᠤ ᠲᠤ ᠬᠡᠮᠡᠨ ᠨᠣᠮ ᠵᠢᠭᠠᠭᠴᠢᠨᠠᠷ ᠠᠨᠤ ᠶᠠᠭᠤᠨ ᠤ ᠲᠤᠯᠠ ᠥᠭᠦᠯᠡᠮᠦᠶᠦ᠃ 11᠂ ᠬᠡᠮᠡᠭᠰᠡᠨ ᠳᠦᠷ ᠢᠢᠰᠦᠰ ᠢᠨᠦ ᠲᠡᠳᠡᠨ ᠳᠦᠷ ᠬᠠᠷᠢᠭᠤ ᠵᠠᠷᠯᠢᠭ ᠪᠣᠯᠤᠷᠤᠨ᠃ ᠦᠨᠡᠬᠡᠷ ᠢᠯᠢᠶ᠎ᠠ ᠠᠨᠤ ᠤᠷᠢᠳᠠᠭᠠᠷ ᠢᠷᠡᠭᠡᠳ ᠬᠠᠮᠤᠭ ᠢ ᠵᠠᠰᠠᠬᠤ ᠶᠣᠰᠤ ᠲᠤ ᠪᠥᠯᠦᠭᠡ᠃ 12᠂ ᠬᠠᠷᠢᠨ ᠮᠢᠨᠦ ᠲᠠᠨ ᠳᠤᠷ ᠥᠭᠦᠯᠡᠬᠦᠢ ᠢᠨᠦ ᠢᠯᠢᠶ᠎ᠠ ᠠᠨᠤ ᠲᠡᠭᠦᠨᠴᠢᠯᠡᠨ ᠢᠷᠡᠭᠰᠡᠨ ᠮᠥᠨ᠃ ᠬᠠᠷᠢᠨ ᠲᠡᠳᠡ ᠢᠨᠦ ᠲᠡᠭᠦᠨ ᠢ ᠡᠰᠡ ᠲᠠᠨᠢᠭᠠᠳ᠂ ᠠᠯᠢ ᠳᠤᠷᠠᠰᠢᠭᠰᠠᠨ ᠢᠶᠠᠨ ᠲᠡᠭᠦᠨ ᠳᠦᠷ ᠦᠢᠯᠡᠳᠦᠭᠰᠡᠨ ᠪᠤᠢ᠃ ᠲᠡᠷᠡ ᠮᠡᠲᠦ ᠪᠡᠷ ᠬᠦᠮᠦᠨ ᠲᠥᠷᠥᠯᠬᠢᠲᠦ ᠴᠤ ᠲᠡᠳᠡᠨ ᠡᠴᠡ ᠵᠣᠪᠠᠬᠤ ᠪᠤᠢ᠃ 13᠂ ᠬᠡᠮᠡᠨ ᠵᠠᠷᠯᠢᠭ ᠪᠣᠯᠤᠭᠰᠠᠨ ᠳᠤᠷ ᠱᠠᠪᠢᠨᠠᠷ ᠠᠨᠤ ᠲᠡᠭᠦᠨ ᠦ ᠢᠣᠸᠠᠨ ᠤ ᠤᠴᠢᠷ᠎ᠠ ᠵᠠᠷᠯᠢᠭ ᠪᠣᠯᠤᠭᠰᠠᠨ ᠢ ᠤᠬᠠᠪᠠᠢ ᠅ 14᠂ ᠲᠡᠶᠢᠨ ᠲᠡᠳᠡᠨ ᠦ ᠤᠯᠤᠰ ᠲᠤᠷ ᠬᠦᠷᠴᠦ ᠢᠷᠡᠭᠰᠡᠨ ᠳᠦᠷ ᠨᠢᠭᠡ ᠬᠦᠮᠦᠨ ᠢᠨᠦ ᠲᠡᠭᠦᠨ ᠳᠦᠷ ᠢᠷᠡᠭᠡᠳ ᠰᠥᠭᠦᠳᠴᠦ ᠡᠶᠢᠨ ᠠᠶᠢᠯᠠᠳᠬᠠᠷᠤᠨ᠃ 15᠂ ᠡᠵᠡᠨ ᠡ᠂ ᠮᠢᠨᠦ ᠬᠥᠪᠡᠭᠦᠨ ᠢ ᠨᠢᠭᠦᠯᠡᠰᠤᠨ ᠰᠣᠶᠤᠷᠬ᠎ᠠ᠃ ᠲᠡᠷᠡ ᠬᠡᠮᠡᠪᠡᠰᠦ ᠰᠠᠷᠠᠨ ᠤ ᠡᠪᠡᠳᠴᠢᠨ ᠢᠶᠡᠷ ᠡᠪᠡᠳᠳᠦᠭᠡᠳ ᠶᠡᠬᠡᠳᠡ ᠵᠣᠪᠠᠮᠤᠢ ᠬᠡᠮᠡᠪᠡᠰᠦ᠂ ᠲᠡᠷᠡ ᠢᠨᠦ ᠣᠯᠠᠨ ᠲᠠ ᠭᠠᠯ ᠳᠤᠷ ᠤᠨᠠᠨ᠂ ᠣᠯᠠᠨ ᠲᠠ ᠤᠰᠤᠨ ᠳᠤᠷ ᠤᠨᠠᠳᠠᠭ᠃ 16᠂ ᠪᠢ ᠪᠡᠷ ᠲᠡᠭᠦᠨ ᠢ ᠴᠢᠨᠦ ᠱᠠᠪᠢᠨᠠᠷ ᠲᠤᠷ ᠠᠴᠠᠷᠠᠪᠠᠢ᠃ ᠬᠠᠷᠢᠨ ᠲᠡᠳᠡ ᠢᠨᠦ ᠲᠡᠭᠦᠨ ᠢ ᠡᠳᠡᠭᠡᠭᠡᠵᠦ ᠡᠰᠡ ᠴᠢᠳᠠᠪᠠᠢ᠃ 17᠂ ᠬᠡᠮᠡᠭᠰᠡᠨ ᠳᠦᠷ ᠢᠢᠰᠦᠰ ᠢᠨᠦ ᠬᠠᠷᠢᠭᠤ ᠵᠠᠷᠯᠢᠭ ᠪᠣᠯᠤᠷᠤᠨ᠃ ᠠᠶ᠎ᠠ ᠢᠲᠡᠭᠡᠯ ᠦᠭᠡᠢ ᠪᠣᠯᠤᠨ ᠬᠠᠵᠠᠭᠠᠢ ᠲᠥᠷᠥᠯ ᠡ᠂ ᠪᠢ ᠪᠡᠷ ᠬᠡᠵᠢᠶ᠎ᠡ ᠪᠣᠯᠲᠠᠯ᠎ᠠ ᠲᠠᠨ ᠯᠤᠭ᠎ᠠ ᠪᠠᠶᠢᠨ᠂ ᠬᠡᠵᠢᠶ᠎ᠡ ᠪᠣᠯᠲᠠᠯ᠎ᠠ ᠲᠠᠨ ᠢ ᠲᠡᠰᠬᠦ ᠪᠤᠶᠤ᠃ ᠲᠡᠭᠦᠨ ᠢ ᠢᠨᠠᠭᠰᠢ ᠨᠠᠳᠤᠷ ᠠᠴᠠᠷᠠᠭᠲᠤᠨ᠃ 18᠂ ᠬᠡᠮᠡᠨ ᠵᠠᠷᠯᠢᠭ ᠪᠣᠯᠤᠭᠠᠳ ᠢᠢᠰᠦᠰ ᠢᠨᠦ ᠲᠡᠷᠡ ᠴᠢᠳᠬᠦᠷ ᠢ ᠬᠣᠷᠢᠪᠠᠢ᠃ ᠲᠡᠶᠢᠨ ᠬᠦ ᠲᠡᠷᠡ ᠢᠨᠦ ᠲᠡᠭᠦᠨ ᠡᠴᠡ ᠭᠠᠷᠪᠠᠢ᠃ ᠲᠡᠷᠡ ᠬᠥᠪᠡᠭᠦᠨ ᠴᠤ ᠲᠡᠷᠡ ᠬᠦ ᠴᠠᠭ ᠠᠴᠠ ᠡᠳᠡᠭᠡᠭᠡᠭᠳᠡᠪᠡᠢ ᠅ 19᠂ ᠲᠡᠨᠳᠡ ᠱᠠᠪᠢᠨᠠᠷ ᠠᠨᠤ ᠢᠢᠰᠦᠰ ᠦᠨ ᠡᠮᠦᠨ᠋᠎ᠡ ᠠᠭᠯᠠᠭ ᠲᠤᠷ ᠢᠷᠡᠭᠡᠳ ᠠᠶᠢᠯᠠᠳᠬᠠᠷᠤᠨ᠃ ᠪᠢᠳᠡ ᠪᠡᠷ ᠲᠡᠭᠦᠨ ᠢ ᠶᠠᠭᠤᠨ ᠤ ᠲᠤᠯᠠ ᠵᠠᠶᠢᠯᠠᠭᠤᠯᠵᠤ ᠡᠰᠡ ᠴᠢᠳᠠᠭᠰᠠᠨ ᠪᠤᠶᠤ᠃ 20᠂ ᠬᠡᠮᠡᠭᠰᠡᠨ ᠳᠦᠷ ᠢᠢᠰᠦᠰ ᠢᠨᠦ ᠲᠡᠳᠡᠨ ᠳᠦᠷ ᠵᠠᠷᠯᠢᠭ ᠪᠣᠯᠤᠷᠤᠨ᠃ ᠡᠨᠡ ᠢᠨᠦ ᠲᠠᠨᠤ ᠢᠲᠡᠭᠡᠯ ᠦᠭᠡᠢ ᠶᠢᠨ ᠲᠤᠯᠠ ᠪᠣᠯᠠᠢ᠃ ᠲᠡᠷᠡ ᠶᠠᠭᠤᠨ ᠤ ᠲᠤᠯᠠ ᠬᠡᠮᠡᠪᠡᠰᠦ᠂ ᠮᠢᠨᠦ ᠲᠠᠨ ᠳᠤᠷ ᠮᠠᠭᠠᠳᠯᠠᠨ ᠥᠭᠦᠯᠡᠬᠦᠢ ᠢᠨᠦ᠂ ᠬᠡᠷᠪᠡ ᠲᠠ ᠪᠡᠷ ᠭᠠᠶᠢᠮᠤ ᠶᠢᠨ ᠨᠢᠭᠡ ᠬᠥᠷᠦᠩᠭᠡ ᠶᠢᠨ ᠲᠡᠳᠦᠢ ᠢᠲᠡᠭᠡᠯ ᠲᠦ ᠠᠭᠰᠠᠨ ᠪᠣᠯᠪᠠᠰᠤ᠂ ᠲᠠᠨᠤ ᠡᠨᠡ ᠬᠦ ᠠᠭᠤᠯᠠᠨ ᠳᠤᠷ ᠠᠳᠠᠴᠠᠨ ᠲᠡᠰᠢ ᠬᠥᠳᠡᠯᠦᠨ ᠣᠳᠲᠤᠭᠠᠢ᠂ ᠬᠡᠮᠡᠨ ᠥᠭᠦᠯᠡᠭᠰᠡᠨ ᠢᠶᠡᠷ ᠲᠡᠷᠡ ᠢᠨᠦ ᠲᠡᠭᠦᠨᠴᠢᠯᠡᠨ ᠬᠥᠳᠡᠯᠦᠨ ᠣᠳᠬᠤ ᠪᠥᠯᠦᠭᠡ᠃ ᠪᠠᠰᠠ ᠲᠠᠨ ᠳᠤᠷ ᠶᠠᠭᠤᠨ ᠴᠤ ᠪᠣᠯᠤᠰᠢ ᠦᠭᠡᠢ ᠦᠯᠦ ᠠᠬᠤ ᠪᠥᠯᠦᠭᠡ᠃ 21᠂ ᠵᠦᠭᠡᠷ ᠡᠨᠡ ᠬᠦ ᠲᠥᠷᠥᠯ ᠢᠨᠦ ᠵᠠᠯᠪᠠᠷᠢᠯ ᠬᠢᠭᠡᠳ ᠪᠠᠴᠠᠭ ᠠᠴᠠ ᠪᠤᠰᠤ ᠶᠠᠭᠤᠨ ᠢᠶᠠᠷ ᠴᠤ ᠦᠯᠦ ᠭᠠᠷᠭᠠᠭᠳᠠᠮᠤᠢ᠃ ᠬᠡᠮᠡᠨ ᠵᠠᠷᠯᠢᠭ ᠪᠣᠯᠪᠠᠢ ᠅ 22᠂ ᠲᠡᠶᠢᠨ ᠪᠥᠭᠡᠳ ᠲᠡᠳᠡᠨ ᠦ ᠺᠠᠯᠢᠯᠢᠶ᠎ᠠ ᠶᠢᠨ ᠳᠣᠲᠣᠷ᠎ᠠ ᠵᠣᠷᠴᠢᠨ ᠠᠲᠠᠯ᠎ᠠ ᠢᠢᠰᠦᠰ ᠢᠨᠦ ᠲᠡᠳᠡᠨ ᠳᠦᠷ ᠵᠠᠷᠯᠢᠭ ᠪᠣᠯᠤᠷᠤᠨ᠃ ᠬᠦᠮᠦᠨ ᠲᠥᠷᠥᠯᠬᠢᠲᠦ ᠢᠨᠦ ᠬᠦᠮᠦᠨ ᠨᠦᠭᠦᠳ ᠦᠨ ᠭᠠᠷ ᠲᠤᠷ ᠲᠤᠰᠢᠶᠠᠭᠳᠠᠨ ᠥᠭᠳᠡᠬᠦ ᠪᠣᠯᠤᠶᠤ᠃ 23᠂ ᠲᠡᠶᠢᠨ ᠬᠦ ᠲᠡᠳᠡᠭᠡᠷ ᠢᠨᠦ ᠲᠡᠭᠦᠨ ᠢ ᠠᠯᠬᠤ ᠪᠤᠢ᠃ ᠬᠠᠷᠢᠨ ᠲᠡᠷᠡ ᠢᠨᠦ ᠭᠤᠷᠪᠠᠳᠤᠭᠠᠷ ᠡᠳᠦᠷ᠎ᠡ ᠠᠮᠢᠳᠤᠷᠠᠬᠤ ᠪᠤᠢ᠃ ᠬᠡᠮᠡᠨ ᠵᠠᠷᠯᠢᠭ ᠪᠣᠯᠤᠭᠰᠠᠨ ᠳᠤᠷ ᠲᠡᠳᠡ ᠢᠨᠦ ᠮᠠᠰᠢᠳᠠ ᠭᠠᠰᠢᠭᠤᠳᠠᠪᠠᠢ ᠅ 24᠂ ᠲᠡᠶᠢᠨ ᠪᠥᠭᠡᠳ ᠲᠡᠳᠡᠨ ᠦ ᠺᠠᠪᠢᠷᠨᠠ᠋ ᠥᠮ ᠳᠦᠷ ᠬᠦᠷᠦᠭᠰᠡᠨ ᠳᠦᠷ (ᠰᠦᠮ᠎ᠡ ᠶᠢᠨ ᠲᠤᠯᠠ) ᠠᠪᠤᠯᠭᠠᠨ ᠢ ᠬᠤᠷᠢᠶᠠᠭᠴᠢᠳ ᠠᠨᠤ ᠹᠢᠲ᠋ᠢᠷ ᠲᠦᠷ ᠢᠷᠡᠭᠡᠳ ᠥᠭᠦᠯᠡᠷ ᠦᠨ᠃ ᠲᠠᠨᠤ ᠪᠠᠭᠰᠢ ᠠᠨᠤ ᠠᠪᠤᠯᠭᠠᠨ ᠢ ᠲᠥᠯᠦᠳᠡᠭ ᠦᠭᠡᠢ ᠶᠦ᠃ 25᠂ ᠬᠡᠮᠡᠭᠰᠡᠨ ᠳᠦᠷ ᠹᠢᠲ᠋ᠢᠷ ᠠᠨᠤ᠂ ᠲᠥᠯᠦᠳᠡᠭ᠂ ᠬᠡᠮᠡᠪᠡᠢ᠃ ᠲᠡᠶᠢᠨ ᠬᠦ ᠲᠡᠭᠦᠨ ᠦ ᠭᠡᠷ ᠲᠦᠷ ᠣᠷᠣᠬᠤᠢ ᠳᠦᠷ ᠢᠢᠰᠦᠰ ᠢᠨᠦ ᠲᠡᠭᠦᠨ ᠢ ᠤᠷᠢᠳᠠᠨ ᠵᠠᠷᠯᠢᠭ ᠪᠣᠯᠤᠷᠤᠨ᠃ ᠰᠢᠢᠮᠣᠨ ᠠ᠋᠂ ᠶᠢᠷᠲᠢᠨᠴᠦ ᠶᠢᠨ ᠬᠠᠳ ᠠᠨᠤ ᠬᠡᠳ ᠡᠴᠡ ᠠᠯᠪᠠᠨ ᠡᠰᠡᠪᠡᠰᠦ ᠴᠥᠪᠡᠩ ᠠᠪᠤᠳᠠᠭ ᠪᠤᠶᠤ᠃ ᠥᠪᠡᠷᠦᠨ ᠬᠡᠦᠬᠡᠳ ᠡᠴᠡ ᠪᠤᠶᠤ᠂ ᠣᠷᠣᠯᠳᠠᠨ ᠠᠴᠠ ᠪᠤᠶᠤ᠂ ᠬᠡᠮᠡᠨ ᠴᠢ ᠪᠡᠷ ᠰᠠᠨᠠᠮᠤᠶᠤ᠃ 26᠂ ᠬᠡᠮᠡᠨ ᠵᠠᠷᠯᠢᠭ ᠪᠣᠯᠤᠭᠰᠠᠨ ᠳᠤᠷ ᠹᠢᠲ᠋ᠢᠷ ᠠᠨᠤ ᠡᠶᠢᠨ᠃ ᠣᠷᠣᠯᠳᠠᠨ ᠠᠴᠠ (ᠠᠪᠤᠳᠠᠭ)᠃ ᠬᠡᠮᠡᠭᠰᠡᠨ ᠳᠤᠷ ᠢᠢᠰᠦᠰ ᠢᠨᠦ ᠵᠠᠷᠯᠢᠭ ᠪᠣᠯᠤᠷᠤᠨ᠃ ᠲᠡᠶᠢᠨ ᠪᠣᠯᠬᠤᠯᠠ ᠲᠡᠳᠡᠨ ᠦ ᠬᠡᠦᠬᠡᠳ ᠢᠨᠦ ᠡᠰᠡ ᠲᠥᠯᠦᠳᠡᠭ᠃ 27᠂ ᠲᠡᠶᠢᠨ ᠪᠣᠯᠪᠠᠴᠤ ᠲᠡᠳᠡᠨ ᠢ ᠦᠯᠦ ᠰᠡᠵᠢᠭᠯᠡᠭᠦᠯᠬᠦ ᠶᠢᠨ ᠲᠤᠯᠠ ᠳᠠᠯᠠᠢ ᠳᠤᠷ ᠣᠳᠴᠤ᠂ ᠭᠤᠬ᠎ᠠ ᠶᠢ ᠬᠠᠶᠠᠭᠠᠳ᠂ ᠲᠡᠷᠢᠭᠦᠨ ᠲᠤᠰᠤᠭᠰᠠᠨ ᠵᠢᠭᠠᠰᠤᠨ ᠢ ᠠᠪᠴᠤ᠂ ᠲᠡᠭᠦᠨ ᠦ ᠠᠮᠠᠨ ᠢ ᠨᠡᠭᠡᠨ ᠦᠢᠯᠡᠳ᠃ ᠲᠡᠶᠢᠨ ᠬᠦ ᠴᠢ ᠪᠡᠷ ᠨᠢᠭᠡᠨ ᠮᠥᠩᠭᠦᠨ ᠢ ᠣᠯᠬᠤ ᠪᠤᠢ᠃ ᠲᠡᠭᠦᠨ ᠢ ᠠᠪᠤᠭᠠᠳ ᠮᠢᠨᠦ ᠲᠤᠯᠠ ᠬᠢᠭᠡᠳ ᠥᠪᠡᠷ ᠦᠨ ᠲᠤᠯᠠ ᠥᠭ᠃ ᠬᠡᠮᠡᠨ ᠵᠠᠷᠯᠢᠭ ᠪᠣᠯᠪᠠᠢ ᠅

Highlight

Share

Copy

None

Want to have your highlights saved across all your devices? Sign up or sign in