18
ᠠᠷᠪᠠᠨ ᠨᠠᠶᠢᠮᠠᠳᠤᠭᠠᠷ ᠪᠦᠯᠦᠭ ᠅
1᠂ ᠲᠡᠷᠡ ᠬᠦ ᠴᠠᠭ ᠲᠤᠷ ᠱᠠᠪᠢᠨᠠᠷ ᠠᠨᠤ ᠢᠢᠰᠦᠰ ᠲᠦᠷ ᠢᠷᠡᠭᠡᠳ ᠠᠶᠢᠯᠠᠳᠬᠠᠷᠤᠨ᠃ ᠣᠭᠲᠠᠷᠭᠤᠢ ᠶᠢᠨ ᠡᠵᠡᠯᠡᠭᠦᠷᠢᠨ ᠳᠦᠷ ᠬᠡᠨ ᠦᠯᠡᠮᠵᠢ ᠶᠡᠬᠡ ᠪᠤᠶᠤ᠃ 2᠂ ᠬᠡᠮᠡᠭᠰᠡᠨ ᠳᠦᠷ ᠢᠢᠰᠦᠰ ᠢᠨᠦ ᠨᠢᠭᠡ ᠬᠡᠦᠬᠡᠨ ᠢ ᠳᠠᠭᠤᠳᠠᠵᠤ ᠲᠡᠳᠡᠨ ᠦ ᠳᠤᠮᠳᠠ ᠪᠠᠶᠢᠯᠭᠠᠭᠠᠳ᠂ ᠵᠠᠷᠯᠢᠭ ᠪᠣᠯᠤᠷᠤᠨ᠃ 3᠂ ᠮᠢᠨᠦ ᠲᠠᠨ ᠳᠤᠷ ᠮᠠᠭᠠᠳᠯᠠᠨ ᠥᠭᠦᠯᠡᠬᠦᠢ ᠢᠨᠦ᠂ ᠬᠡᠷᠪᠡ ᠲᠠ ᠪᠡᠷ ᠤᠷᠪᠠᠨ ᠡᠨᠡ ᠬᠡᠦᠬᠡᠨ ᠮᠡᠲᠦ ᠪᠣᠯᠬᠤ ᠪᠤᠰᠤ ᠪᠥᠭᠡᠰᠦ᠂ ᠲᠠ ᠪᠡᠷ ᠣᠭᠲᠠᠷᠭᠤᠢ ᠶᠢᠨ ᠡᠵᠡᠯᠡᠭᠦᠷᠢᠨ ᠳᠦᠷ ᠶᠠᠷᠤ ᠦᠯᠦ ᠣᠷᠣᠬᠤ ᠪᠤᠢ᠃ 4᠂ ᠠᠯᠢ ᠬᠡᠨ ᠪᠡᠶ᠎ᠡ ᠪᠡᠨ ᠡᠨᠡ ᠬᠡᠦᠬᠡᠨ ᠮᠡᠲᠦ ᠳᠣᠣᠷ᠎ᠠ ᠲᠤ ᠪᠣᠯᠭᠠᠭᠴᠢ ᠲᠡᠷᠡ ᠣᠭᠲᠠᠷᠭᠤᠢ ᠶᠢᠨ ᠡᠵᠡᠯᠡᠭᠦᠷᠢᠨ ᠳᠦᠷ ᠦᠯᠡᠮᠵᠢ ᠶᠡᠬᠡ ᠪᠤᠢ᠃ 5᠂ ᠪᠠᠰᠠ ᠠᠯᠢ ᠬᠡᠨ ᠡᠨᠡ ᠮᠡᠲᠦ ᠨᠢᠭᠡ ᠣᠬᠡᠬᠡᠨ [ᠬᠡᠦᠬᠡᠨ] ᠮᠢᠨᠦ ᠨᠡᠷ᠎ᠡ ᠪᠡᠷ ᠲᠣᠭᠲᠠᠭᠠᠨ ᠠᠪᠤᠭᠴᠢ ᠲᠡᠷᠡ ᠨᠠᠮᠠᠶᠢ ᠲᠣᠭᠲᠠᠭᠠᠯ ᠠᠪᠤᠮᠤᠢ᠃ 6᠂ ᠵᠦᠭᠡᠷ ᠠᠯᠢ ᠬᠡᠨ ᠪᠡᠷ ᠡᠳᠡᠭᠡᠷ ᠨᠠᠳᠤᠷ ᠢᠲᠡᠭᠡᠭᠴᠢ ᠪᠠᠭᠠᠰ ᠤᠨ ᠨᠢᠭᠡᠨ ᠳᠦᠷ ᠰᠡᠵᠢᠭ ᠢ ᠲᠥᠷᠥᠭᠦᠯᠪᠡᠰᠦ᠂ ᠲᠡᠭᠦᠨ ᠦ ᠬᠦᠵᠦᠭᠦᠨ ᠳᠦᠷ ᠨᠢᠭᠡ ᠳᠡᠭᠡᠷᠮ᠎ᠡ ᠶᠢᠨ ᠴᠢᠯᠠᠭᠤᠨ ᠤ ᠤᠶᠠᠭᠳᠠᠭᠰᠠᠨ ᠪᠥᠭᠡᠳ᠂ ᠲᠡᠷᠡ ᠴᠤ ᠳᠠᠯᠠᠢ ᠶᠢᠨ ᠳᠤᠮᠳᠠ ᠬᠠᠶᠠᠭᠳᠠᠭᠰᠠᠨ ᠪᠣᠯᠪᠠᠰᠤ ᠲᠡᠭᠦᠨ ᠦ ᠲᠤᠯᠠ ᠳᠡᠭᠡᠷ᠎ᠡ ᠠᠬᠤ ᠪᠥᠯᠦᠭᠡ᠃ 7᠂ ᠰᠡᠵᠢᠭ ᠦᠳ ᠦᠨ ᠤᠴᠢᠷ᠎ᠠ ᠶᠢᠷᠲᠢᠨᠴᠦ ᠳᠦᠷ ᠵᠣᠪᠠᠯᠠᠠᠠᠠ᠋ [ᠵᠣᠪᠠᠯᠠᠩ] ᠪᠣᠯᠬᠤ ᠪᠣᠯᠤᠶᠤ᠃ ᠰᠡᠵᠢᠭ ᠦᠳ ᠬᠡᠮᠡᠪᠡᠰᠦ ᠡᠷᠬᠡ ᠪᠤᠰᠤ ᠪᠣᠯᠬᠤ ᠪᠤᠢ᠃ ᠬᠠᠷᠢᠨ ᠰᠡᠵᠢᠭ ᠢ ᠪᠣᠯᠭᠠᠭᠴᠢ ᠬᠦᠮᠦᠨ ᠳᠦᠷ ᠵᠣᠪᠠᠯᠠᠩ ᠪᠣᠯᠬᠤ ᠪᠣᠯᠤᠶᠤ ᠅ 8᠂ ᠲᠡᠷᠡ ᠲᠡᠶᠢᠨ ᠬᠦ ᠬᠡᠷᠪᠡ ᠴᠢᠨᠦ ᠭᠠᠷ ᠡᠰᠡᠪᠡᠰᠦ ᠬᠥᠯ ᠢᠨᠦ ᠴᠢᠮᠠᠳᠤᠷ ᠰᠡᠵᠢᠭ ᠢ ᠲᠥᠷᠥᠭᠦᠯᠪᠡᠰᠦ᠂ ᠲᠡᠳᠡᠨ ᠢ ᠣᠭᠲᠤᠯᠤᠭᠠᠳ ᠪᠡᠶ᠎ᠡ ᠡᠴᠡ ᠬᠠᠶᠠᠲᠤᠭᠠᠢ᠃ ᠳᠣᠭᠤᠯᠠᠩ ᠢᠶᠠᠷ ᠡᠰᠡᠪᠡᠰᠦ ᠲᠠᠬᠢᠷ ᠭᠠᠷ ᠲᠤ ᠪᠠᠷ ᠠᠮᠢᠨ ᠳᠤᠷ ᠣᠷᠣᠰᠢᠬᠤᠢ ᠠᠨᠤ ᠬᠣᠶᠠᠷ ᠬᠥᠯ ᠲᠦ ᠪᠡᠷ ᠡᠰᠡᠪᠡᠰᠦ ᠬᠣᠶᠠᠷ ᠭᠠᠷ ᠲᠤ ᠪᠠᠷ ᠪᠠᠷᠠᠭᠳᠠᠰᠢ ᠦᠭᠡᠢ ᠭᠠᠯ ᠳᠤᠷ ᠬᠠᠶᠠᠭᠳᠠᠬᠤᠢ ᠠᠴᠠ ᠳᠡᠭᠡᠷ᠎ᠡ ᠪᠤᠢ᠃ 9᠂ ᠵᠢᠴᠢ ᠬᠡᠷᠪᠡ ᠴᠢᠨᠦ ᠨᠢᠳᠦᠨ ᠢᠨᠦ ᠴᠢᠮᠠᠳᠤᠷ ᠰᠡᠵᠢᠭ ᠢ ᠲᠥᠷᠥᠭᠦᠯᠪᠡᠰᠦ᠂ ᠲᠡᠭᠦᠨ ᠢ ᠰᠤᠭᠤᠯᠤᠨ ᠪᠡᠶ᠎ᠡ ᠡᠴᠡ ᠬᠠᠶᠠᠲᠤᠭᠠᠢ᠃ ᠭᠠᠭᠴᠠ ᠨᠢᠳᠦ ᠲᠦ ᠪᠡᠷ ᠠᠮᠢᠨ ᠳᠤᠷ ᠣᠷᠣᠰᠢᠬᠤᠢ ᠠᠨᠤ ᠬᠣᠶᠠᠷ ᠨᠢᠳᠦ ᠲᠦ ᠪᠡᠷ ᠲᠠᠮᠤ ᠶᠢᠨ ᠭᠠᠯ ᠳᠤᠷ ᠬᠠᠶᠠᠭᠳᠠᠬᠤᠢ ᠠᠴᠠ ᠳᠡᠭᠡᠷ᠎ᠡ ᠪᠤᠢ᠃ 10᠂ ᠡᠳᠡ ᠪᠠᠭᠠᠰ ᠤᠨ ᠨᠢᠭᠡᠨ ᠡᠴᠡ ᠦᠯᠦ ᠵᠢᠭᠰᠢᠬᠦᠢ ᠪᠡᠨ ᠬᠢᠴᠢᠶᠡᠭᠲᠦᠨ᠃ ᠲᠡᠷᠡ ᠶᠠᠭᠤᠨ ᠤ ᠲᠤᠯᠠ ᠬᠡᠮᠡᠪᠡᠰᠦ᠂ ᠮᠢᠨᠦ ᠲᠠᠨ ᠳᠤᠷ ᠥᠭᠦᠯᠡᠬᠦᠢ ᠢᠨᠦ ᠣᠭᠲᠠᠷᠭᠤᠢ ᠳᠤᠷ ᠠᠭᠴᠢ ᠲᠡᠳᠡᠨ ᠦ ᠠᠩᠭᠢᠯ ᠤᠳ ᠠᠨᠤ ᠣᠭᠲᠠᠷᠭᠤᠢ ᠳᠤᠷ ᠠᠭᠴᠢ ᠮᠢᠨᠦ ᠡᠴᠢᠭᠡ ᠶᠢᠨ ᠨᠢᠭᠤᠷ ᠢ ᠦᠷᠭᠦᠯᠵᠢᠳᠡ ᠬᠠᠷᠠᠮᠤᠢ᠃ 11᠂ ᠬᠦᠮᠦᠨ ᠲᠥᠷᠥᠯᠬᠢᠲᠦ ᠬᠡᠮᠡᠪᠡᠰᠦ ᠭᠡᠭᠡᠭᠳᠡᠷᠡᠭᠰᠡᠨ ᠢ ᠲᠣᠨᠢᠯᠭᠠᠬᠤ ᠶᠢᠨ ᠲᠤᠯᠠ ᠢᠷᠡᠭᠰᠡᠨ ᠪᠤᠢ ᠅ 12᠂ ᠲᠠ ᠪᠡᠷ ᠶᠠᠭᠤᠨ ᠢ ᠰᠠᠨᠠᠮᠤᠶᠤ ᠬᠡᠮᠡᠪᠡᠰᠦ᠂ ᠬᠡᠷᠪᠡ ᠠᠯᠢ ᠬᠡᠨ ᠬᠦᠮᠦᠨ ᠢᠨᠦ ᠵᠠᠭᠤᠨ ᠬᠣᠨᠢ ᠪᠥᠭᠡᠲᠡᠯ᠎ᠡ ᠲᠡᠳᠡᠨ ᠡᠴᠡ ᠨᠢᠭᠡᠨ ᠢ ᠭᠡᠭᠡᠪᠡᠰᠦ ᠡᠯ᠎ᠡ᠂ ᠲᠡᠳᠡ ᠶᠠᠷᠠᠨ ᠶᠢᠰᠦᠨ ᠢ ᠠᠭᠤᠯᠠᠳ ᠤᠨ ᠳᠡᠭᠡᠷ᠎ᠡ ᠣᠷᠬᠢᠭᠠᠳ ᠲᠥᠭᠡᠷᠢᠭᠰᠡᠨ (ᠬᠣᠨᠢᠨ) ᠢ ᠪᠡᠳᠡᠷᠢᠷᠡ ᠦᠯᠦ ᠣᠳᠬᠤ ᠪᠤᠶᠤ᠃ 13᠂ ᠪᠠᠰᠠ ᠬᠡᠷᠪᠡ ᠲᠡᠷᠡ ᠢᠨᠦ ᠲᠡᠭᠦᠨ ᠢ ᠣᠯᠪᠠᠰᠤ ᠡᠯ᠎ᠡ᠂ ᠡᠰᠡ ᠲᠥᠭᠡᠷᠢᠭᠰᠡᠨ ᠶᠠᠷᠠᠨ ᠶᠢᠰᠦᠨ ᠦ ᠤᠴᠢᠷ ᠠᠴᠠ ᠲᠡᠭᠦᠨ ᠦ ᠤᠴᠢᠷ᠎ᠠ ᠦᠯᠡᠮᠵᠢ ᠪᠠᠶᠠᠰᠬᠤ ᠪᠤᠢ᠃ ᠬᠡᠮᠡᠨ ᠪᠢ ᠪᠡᠷ ᠲᠠᠨ ᠳᠤᠷ ᠮᠠᠭᠠᠳᠯᠠᠨ ᠥᠭᠦᠯᠡᠮᠦᠢ᠃ 14᠂ ᠡᠨᠡ ᠮᠡᠲᠦ ᠪᠡᠷ ᠡᠳᠡ ᠪᠠᠭᠠᠰ ᠤᠨ ᠨᠢᠭᠡᠨ ᠦ ᠭᠡᠭᠡᠭᠳᠡᠷᠡᠬᠦᠢ ᠢᠨᠦ ᠣᠭᠲᠠᠷᠭᠤᠢ ᠳᠤᠷ ᠠᠭᠴᠢ ᠲᠠᠨᠤ ᠡᠴᠢᠭᠡ ᠶᠢᠨ ᠡᠮᠦᠨ᠋᠎ᠡ ᠲᠠᠭᠠᠯᠠᠮᠵᠢ ᠲᠤ ᠪᠤᠰᠤ ᠪᠣᠯᠠᠢ᠂ 15᠂ ᠵᠢᠴᠢ ᠪᠠᠰᠠ ᠬᠡᠷᠪᠡ ᠴᠢᠨᠦ ᠠᠬ᠎ᠠ ᠳᠡᠭᠦᠦ ᠢᠨᠦ ᠴᠢᠨᠦ ᠲᠤᠰ ᠪᠤᠷᠤᠭᠤ ᠶᠢ ᠦᠢᠯᠡᠳᠪᠡᠰᠦ᠂ ᠣᠳᠤᠭᠠᠳ ᠢᠮᠠᠭᠲᠠ ᠲᠠ ᠬᠣᠶᠠᠷ ᠤᠨ ᠪᠤᠢ ᠠᠲᠠᠯ᠎ᠠ ᠲᠡᠭᠦᠨ ᠢ ᠵᠢᠮᠡᠯᠡᠨ ᠦᠢᠯᠡᠳ᠃ ᠬᠡᠷᠪᠡ ᠲᠡᠷᠡ ᠢᠨᠦ ᠴᠢᠮᠠᠶᠢ ᠰᠣᠨᠣᠰᠬᠤ ᠪᠥᠭᠡᠰᠦ᠂ ᠴᠢ ᠪᠡᠷ ᠠᠬ᠎ᠠ ᠳᠡᠭᠦᠦ ᠪᠡᠨ ᠣᠯᠵᠠᠯᠠᠭᠰᠠᠨ ᠪᠤᠢ᠃ 16᠂ ᠵᠦᠭᠡᠷ ᠬᠡᠷᠪᠡ ᠲᠡᠷᠡ ᠢᠨᠦ ᠴᠢᠮᠠᠶᠢ ᠦᠯᠦ ᠰᠣᠨᠣᠰᠬᠤ ᠪᠥᠭᠡᠰᠦ᠂ ᠪᠡᠶ᠎ᠡ ᠯᠦᠭᠡ ᠪᠤᠰᠤ ᠨᠢᠭᠡᠨ ᠪᠤᠶᠤ ᠬᠣᠶᠠᠷ ᠭᠡᠷᠡᠴᠢ ᠶᠢ ᠠᠪ ᠬᠡᠮᠡᠪᠡᠰᠦ᠂ ᠬᠣᠶᠠᠷ ᠪᠤᠶᠤ ᠭᠤᠷᠪᠠᠨ ᠭᠡᠷᠡᠴᠢ ᠶᠢᠨ ᠠᠮᠠᠨ ᠢᠶᠠᠷ ᠠᠯᠢᠪᠠ ᠴᠤ ᠦᠭᠡ ᠢᠨᠦ ᠲᠣᠭᠲᠠᠭᠠᠭᠳᠠᠬᠤ᠃ 17᠂ ᠪᠠᠰᠠ ᠬᠡᠷᠪᠡ ᠲᠡᠷᠡ ᠢᠨᠦ ᠲᠡᠳᠡᠨ ᠢ ᠦᠯᠦ ᠰᠣᠨᠣᠰᠬᠤ ᠪᠥᠭᠡᠰᠦ᠂ ᠴᠢᠭᠤᠯᠭᠠᠨ ᠳᠤᠷ ᠥᠭᠦᠯᠡ᠃ ᠬᠠᠷᠢᠨ ᠬᠡᠷᠪᠡ ᠲᠡᠷᠡ ᠢᠨᠦ ᠴᠢᠭᠤᠯᠭᠠᠨ ᠢ ᠦᠯᠦ ᠰᠣᠨᠣᠰᠬᠤ ᠪᠥᠭᠡᠰᠦ᠂ ᠲᠡᠷᠡ ᠢᠨᠦ ᠴᠢᠮᠠᠳᠤᠷ ᠪᠠᠯᠠᠢ ᠨᠣᠮ ᠲᠤ ᠡᠰᠡᠪᠡᠰᠦ ᠠᠪᠤᠯᠭᠠᠴᠢ ᠮᠡᠲᠦ ᠪᠣᠯᠬᠤ ᠪᠣᠯᠲᠤᠭᠠᠢ ᠅ 18᠂ ᠮᠢᠨᠦ ᠲᠠᠨᠳᠤᠷ ᠮᠠᠭᠠᠳᠯᠠᠨ ᠥᠭᠦᠯᠡᠬᠦᠢ ᠢᠨᠦ᠂ ᠲᠠᠨᠤ ᠶᠢᠷᠲᠢᠨᠴᠦ ᠶᠢᠨ ᠳᠡᠭᠡᠷ᠎ᠡ ᠤᠶᠠᠬᠤᠢ ᠠᠨᠤ ᠣᠭᠲᠠᠷᠭᠤᠢ ᠳᠤᠷ ᠤᠶᠠᠭᠳᠠᠬᠤ ᠪᠥᠭᠡᠳ᠂ ᠲᠠᠨᠤ ᠶᠢᠷᠲᠢᠨᠴᠦ ᠶᠢᠨ ᠳᠡᠭᠡᠷ᠎ᠡ ᠲᠠᠶᠢᠯᠬᠤᠢ ᠠᠨᠤ ᠣᠭᠲᠠᠷᠭᠤᠢ ᠳᠤᠷ ᠲᠠᠶᠢᠯᠤᠭᠳᠠᠬᠤ ᠮᠥᠨ᠃ 19᠂ ᠵᠢᠴᠢ ᠬᠡᠷᠪᠡ ᠲᠠᠨ ᠠᠴᠠ ᠬᠣᠶᠠᠷ ᠠᠨᠤ ᠣᠭᠲᠠᠷᠭᠤᠢ ᠠᠴᠠ ᠠᠯᠢᠪᠠ ᠡᠷᠢᠬᠦ ᠶᠢᠨ ᠤᠴᠢᠷ᠎ᠠ ᠵᠥᠪᠰᠢᠶᠡᠯᠳᠦᠪᠡᠰᠦ᠂ ᠲᠡᠷᠡ ᠢᠨᠦ ᠣᠭᠲᠠᠷᠭᠤᠢ ᠳᠤᠷ ᠠᠭᠴᠢ ᠮᠢᠨᠦ ᠡᠴᠢᠭᠡ ᠪᠡᠷ ᠪᠦᠲᠦᠭᠡᠭᠳᠡᠬᠦ ᠪᠣᠯᠤᠶᠤ᠃ 20᠂ ᠲᠡᠷᠡ ᠶᠠᠭᠤᠨ ᠤ ᠲᠤᠯᠠ ᠬᠡᠮᠡᠪᠡᠰᠦ᠂ ᠬᠣᠶᠠᠷ ᠪᠤᠶᠤ ᠭᠤᠷᠪᠠᠨ (ᠬᠦᠮᠦᠨ) ᠢᠨᠦ ᠮᠢᠨᠦ ᠨᠡᠷ᠎ᠡ ᠪᠡᠷ ᠴᠤᠭᠯᠠᠬᠤ ᠪᠥᠭᠡᠰᠦ᠂ ᠪᠢ ᠪᠡᠷ ᠲᠡᠳᠡᠨ ᠦ ᠳᠤᠮᠳᠠ ᠪᠤᠢ ᠠᠮᠤᠢ᠃ ᠬᠡᠮᠡᠨ ᠪᠢ ᠪᠡᠷ ᠲᠠᠨ ᠳᠤᠷ ᠥᠭᠦᠯᠡᠮᠦᠢ ᠅ 21᠂ ᠲᠡᠨᠳᠡ ᠹᠢᠲ᠋ᠢᠷ ᠠᠨᠤ ᠲᠡᠭᠦᠨ ᠳᠦᠷ ᠢᠷᠡᠭᠡᠳ ᠡᠶᠢᠨ ᠠᠶᠢᠯᠠᠳᠬᠠᠷᠤᠨ᠃ ᠡᠵᠡᠨ ᠡ᠂ ᠮᠢᠨᠦ ᠠᠬ᠎ᠠ ᠳᠡᠭᠦᠦ ᠢᠨᠦ ᠮᠢᠨᠦ ᠲᠤᠰ ᠬᠡᠳᠦᠨ ᠦᠶ᠎ᠡ ᠪᠤᠷᠤᠭᠤ ᠶᠢ ᠦᠢᠯᠡᠳᠪᠡᠰᠦ᠂ ᠪᠢ ᠪᠡᠷ ᠲᠡᠭᠦᠨ ᠦ ᠪᠤᠷᠤᠭᠤ ᠶᠢ ᠬᠡᠯᠲᠦᠷᠢᠭᠦᠯᠬᠦ ᠶᠣᠰᠤ ᠲᠤ ᠪᠤᠶᠤ᠃ ᠳᠣᠯᠣᠭᠠᠨ ᠦᠶ᠎ᠡ ᠪᠣᠯᠲᠠᠯ᠎ᠠ ᠪᠤᠶᠤ᠃ 22᠂ ᠬᠡᠮᠡᠭᠰᠡᠨ ᠳᠦᠷ ᠢᠢᠰᠦᠰ ᠢᠨᠦ ᠵᠠᠷᠯᠢᠭ ᠪᠣᠯᠤᠷᠤᠨ᠃ ᠳᠣᠯᠣᠭᠠᠨ ᠦᠶ᠎ᠡ ᠪᠣᠯᠲᠠᠯ᠎ᠠ ᠪᠤᠰᠤ᠃ ᠬᠠᠷᠢᠨ ᠳᠠᠯᠠᠨ ᠳ᠋ᠠᠬᠢᠵᠤ ᠳᠣᠯᠣᠭᠠᠨ ᠦᠶ᠎ᠡ ᠪᠣᠯᠲᠠᠯ᠎ᠠ᠃ ᠬᠡᠮᠡᠨ ᠪᠢ ᠥᠭᠦᠯᠡᠮᠦᠢ᠃ 23᠂ ᠲᠡᠶᠢᠮᠦ ᠶᠢᠨ ᠲᠤᠯᠠ ᠣᠭᠲᠠᠷᠭᠤᠢ ᠶᠢᠨ ᠡᠵᠡᠯᠡᠭᠦᠷᠢ ᠢᠨᠦ ᠥᠪᠡᠷ ᠦᠨ ᠪᠣᠭᠣᠯ ᠤᠳ ᠯᠤᠭ᠎ᠠ ᠪᠣᠳᠤᠯᠴᠠᠬᠤᠶᠠ ᠳᠤᠷᠠᠰᠢᠭᠴᠢ ᠬᠠᠭᠠᠨ ᠯᠤᠭ᠎ᠠ ᠠᠳᠠᠯᠢ ᠪᠣᠯᠠᠢ᠃ 24᠂ ᠲᠡᠭᠦᠨ ᠦ ᠡᠬᠢᠯᠡᠵᠦ ᠪᠣᠳᠤᠯᠴᠠᠬᠤᠢ ᠳᠤᠷ ᠲᠦᠮᠡᠨ ᠲᠠᠯᠠᠩ ᠲᠠ ᠶᠢᠨ ᠲᠡᠳᠦᠢ ᠥᠷᠢ ᠲᠦ ᠨᠢᠭᠡᠨ ᠢᠨᠦ ᠲᠡᠭᠦᠨ ᠳᠦᠷ ᠢᠷᠡᠭᠦᠯᠦᠭᠳᠡᠪᠡᠢ᠃ 25᠂ ᠬᠠᠷᠢᠨ ᠲᠡᠭᠦᠨ ᠦ ᠲᠥᠯᠦᠬᠦᠢ ᠶᠠᠭᠤᠨ ᠴᠤ ᠦᠭᠡᠢ ᠶᠢᠨ ᠲᠤᠯᠠ᠂ ᠲᠡᠭᠦᠨ ᠢ ᠬᠢᠭᠡᠳ ᠲᠡᠭᠦᠨ ᠦ ᠭᠡᠷᠭᠡᠢ ᠪᠠ᠂ ᠲᠡᠭᠦᠨ ᠦ ᠬᠡᠦᠬᠡᠳ ᠬᠢᠭᠡᠳ ᠬᠠᠮᠤᠭ ᠠᠬᠤᠢ ᠶᠢ ᠬᠤᠳᠠᠯᠳᠤᠭᠠᠳ ᠲᠡᠷᠡ ᠦᠷᠢ ᠶᠢ ᠲᠥᠯᠦᠭᠲᠦᠨ᠂ ᠬᠡᠮᠡᠨ ᠲᠡᠭᠦᠨ ᠦ ᠡᠵᠡᠨ ᠵᠠᠬᠢᠪᠠᠢ᠃ 26᠂ ᠲᠡᠨᠳᠡ ᠲᠡᠷᠡ ᠪᠣᠭᠣᠯ ᠠᠨᠤ ᠲᠡᠭᠦᠨ ᠦ ᠡᠮᠦᠨ᠎ᠡ ᠰᠥᠭᠦᠳᠦᠨ ᠡᠶᠢᠨ᠃ ᠡᠵᠡᠨ ᠡ᠂ ᠨᠠᠮᠠᠶᠢ ᠬᠦᠯᠢᠴᠡᠨ ᠰᠣᠶᠤᠷᠬ᠎ᠠ᠃ ᠲᠡᠶᠢᠨ ᠬᠦ ᠪᠢ ᠪᠡᠷ ᠴᠢᠮᠠᠳᠤᠷ ᠪᠦᠷᠢᠨ᠋ᠡ ᠲᠥᠯᠦᠬᠦ ᠪᠤᠢ᠃ 27᠂ ᠬᠡᠮᠡᠭᠰᠡᠨ ᠳᠦᠷ ᠲᠡᠷᠡ ᠪᠣᠭᠣᠯ ᠤᠨ ᠡᠵᠡᠨ ᠢᠨᠦ ᠡᠨᠡᠷᠢᠭᠡᠳ᠂ ᠲᠡᠭᠦᠨ ᠢ ᠲᠠᠯᠪᠢᠭᠠᠳ ᠦᠷᠢ ᠶᠢ ᠨᠡᠬᠡᠪᠦᠷᠢ ᠦᠭᠡᠢ ᠪᠡᠷ ᠣᠷᠬᠢᠪᠠᠢ᠃ 28᠂ ᠵᠦᠭᠡᠷ ᠲᠡᠷᠡ ᠬᠦ ᠪᠣᠭᠣᠯ ᠠᠨᠤ ᠭᠠᠷᠤᠭᠠᠳ᠂ ᠨᠥᠬᠥᠰ ᠡᠴᠡᠭᠡᠨ ᠲᠡᠭᠦᠨ ᠳᠦᠷ ᠵᠠᠭᠤᠨ ᠳ᠋ᠢᠨᠠᠷᠢᠠ ᠶᠢᠨ ᠲᠡᠳᠦᠢ ᠥᠷᠢ ᠲᠦ ᠨᠢᠭᠡᠨ ᠢ ᠣᠯᠣᠭᠠᠳ᠂ ᠲᠡᠭᠦᠨ ᠢ ᠪᠠᠭᠠᠯᠵᠠᠭᠤᠷᠳᠠᠨ ᠪᠠᠷᠢᠵᠤ ᠡᠶᠢᠨ᠃ ᠥᠷᠢ ᠶᠢ ᠨᠠᠳᠤᠷ ᠲᠥᠯᠦᠨ ᠥᠭ᠃ 29᠂ ᠬᠡᠮᠡᠭᠰᠡᠨ ᠳᠦᠷ ᠲᠡᠷᠡ ᠨᠥᠬᠥᠷ ᠢᠨᠦ ᠲᠡᠭᠦᠨ ᠦ ᠬᠥᠯ ᠦᠨ ᠡᠮᠦᠨ᠎ᠡ ᠤᠨᠠᠭᠠᠳ ᠲᠡᠭᠦᠨ ᠢ ᠭᠤᠶᠤᠵᠤ ᠥᠭᠦᠯᠡᠷᠦᠨ᠃ ᠨᠠᠮᠠᠶᠢ ᠬᠦᠯᠢᠴᠡᠨ ᠬᠠᠶᠢᠷᠠᠯᠠ᠃ ᠲᠡᠶᠢᠨ ᠬᠦ ᠪᠢ ᠪᠡᠷ ᠴᠢᠮᠠᠳᠤᠷ ᠪᠦᠷᠢᠨ᠋ᠡ ᠲᠥᠯᠦᠬᠦ ᠪᠤᠢ᠃ 30᠂ ᠬᠡᠮᠡᠪᠡᠴᠦ ᠲᠡᠷᠡ ᠢᠨᠦ ᠡᠰᠡ ᠳᠤᠷᠠᠰᠢᠨ᠂ ᠣᠳᠤᠭᠠᠳ ᠲᠡᠭᠦᠨ ᠦ ᠥᠷᠢ ᠪᠡᠨ ᠲᠥᠯᠦᠲᠡᠯᠡ ᠲᠡᠭᠦᠨ ᠢ ᠭᠢᠨᠳᠠᠨ ᠳᠤᠷ ᠣᠷᠣᠭᠤᠯᠪᠠᠢ᠃ 31᠂ ᠵᠦᠭᠡᠷ ᠪᠤᠰᠤ ᠪᠣᠭᠣᠯ ᠤᠳ ᠠᠨᠤ ᠪᠣᠯᠤᠭᠰᠠᠨ ᠢ ᠦᠵᠡᠭᠡᠳ᠂ ᠮᠠᠰᠢᠳᠠ ᠭᠣᠮᠤᠳᠠᠵᠤ ᠡᠵᠡᠨ ᠳᠡᠭᠡᠨ ᠣᠳᠤᠭᠠᠳ ᠬᠠᠮᠤᠭ ᠪᠣᠯᠤᠭᠰᠠᠨ ᠢ ᠮᠡᠳᠡᠭᠦᠯᠪᠡᠢ᠃ 32᠂ ᠲᠡᠨᠳᠡ ᠲᠡᠭᠦᠨ ᠦ ᠡᠵᠡᠨ ᠢᠨᠦ ᠲᠡᠭᠦᠨ ᠢ ᠳᠠᠭᠤᠳᠠᠭᠠᠳ ᠲᠡᠭᠦᠨ ᠳᠦᠷ ᠥᠭᠦᠯᠡᠷᠦᠨ᠃ ᠮᠠᠭᠤ ᠪᠣᠭᠣᠯ ᠠ᠋᠂ ᠴᠢᠨᠦ ᠡᠷᠢᠭᠰᠡᠨ ᠦ ᠲᠤᠯᠠ ᠪᠢ ᠪᠡᠷ ᠲᠡᠷᠡ ᠪᠦᠬᠦᠯᠢ ᠦᠷᠢ ᠶᠢ ᠨᠡᠬᠡᠪᠦᠷᠢ ᠦᠭᠡᠢ ᠪᠡᠷ ᠣᠷᠬᠢᠪᠠᠢ᠃ 33᠂ ᠮᠢᠨᠦ ᠴᠢᠮᠠᠶᠢ ᠬᠠᠶᠢᠷᠠᠯᠠᠭᠰᠠᠨ ᠮᠡᠲᠦ᠂ ᠴᠢ ᠴᠤ ᠨᠥᠬᠥᠷ ᠢᠶᠡᠨ ᠬᠠᠶᠢᠷᠠᠯᠠᠬᠤ ᠶᠣᠰᠤ ᠲᠤ ᠪᠤᠰᠤ ᠪᠤᠶᠤ᠃ 34᠂ ᠬᠡᠮᠡᠭᠡᠳ ᠲᠡᠭᠦᠨ ᠦ ᠡᠵᠡᠨ ᠢᠨᠦ ᠬᠢᠯᠢᠩᠯᠡᠭᠡᠳ᠂ ᠲᠡᠭᠦᠨ ᠦ ᠪᠦᠬᠦᠯᠢ ᠦᠷᠢ ᠪᠡᠨ ᠲᠥᠯᠦᠲᠡᠯᠡ ᠲᠡᠭᠦᠨ ᠢ ᠭᠢᠨᠳᠠᠨ ᠢ ᠰᠠᠬᠢᠭᠴᠢᠳ ᠲᠤᠷ ᠲᠤᠰᠢᠶᠠᠨ ᠥᠭᠪᠡᠢ ᠅ 35᠂ ᠬᠡᠷᠪᠡ ᠲᠠᠨᠤ ᠲᠤᠰᠪᠦᠷᠢ ᠠᠨᠤ ᠵᠢᠷᠦᠬᠡᠨ ᠡᠴᠡᠭᠡᠨ ᠠᠬ᠎ᠠ ᠳᠡᠭᠦᠦ ᠶᠦᠭᠡᠨ ᠪᠤᠷᠤᠭᠤ ᠶᠢ ᠦᠯᠦ ᠬᠡᠯᠲᠦᠷᠢᠭᠦᠯᠬᠦ ᠪᠥᠭᠡᠰᠦ᠂ ᠣᠭᠲᠠᠷᠭᠤᠢ ᠳᠤᠷ ᠠᠭᠴᠢ ᠮᠢᠨᠦ ᠡᠴᠢᠭᠡ ᠢᠨᠦ ᠡᠨᠡ ᠮᠡᠲᠦ ᠪᠡᠷ ᠲᠠᠨ ᠳᠤᠷ ᠦᠢᠯᠡᠳᠬᠦ ᠪᠤᠢ᠃ ᠬᠡᠮᠡᠨ ᠵᠠᠷᠯᠢᠭ ᠪᠣᠯᠤᠯᠤᠭ᠎ᠠ ᠅