ᠮᠠᠳᠲ᠋ᠢᠢ 19
19
ᠠᠷᠪᠠᠨ ᠶᠢᠰᠦᠳᠦᠭᠡᠷ ᠪᠦᠯᠦᠭ ᠅
1᠂ ᠲᠡᠶᠢᠨ ᠪᠥᠭᠡᠳ ᠢᠢᠰᠦᠰ ᠢᠨᠦ ᠡᠨᠡ ᠮᠡᠲᠦ ᠵᠠᠷᠯᠢᠭ ᠪᠣᠯᠤᠭᠰᠠᠨ ᠢ ᠳᠠᠭᠤᠰᠤᠭᠠᠳ᠂ ᠺᠠᠯᠢᠯᠢᠶ᠎ᠠ ᠠᠴᠠ ᠬᠠᠭᠠᠴᠠᠵᠤ ᠵᠣᠷᠳᠠᠨ ᠮᠥᠷᠡᠨ ᠦ ᠴᠢᠨᠠᠳᠤ ᠡᠲᠡᠭᠡᠳᠡ ᠠᠭᠴᠤ ᠶᠦᠳᠡᠶᠠ [ᠶᠦᠳᠢᠶ᠎ᠡ] ᠶᠢᠨ ᠠᠭᠤᠯᠠ ᠲᠤ ᠭᠠᠵᠠᠳ ᠲᠤᠷ ᠬᠦᠷᠪᠡᠢ᠃ 2᠂ ᠲᠡᠶᠢᠨ ᠬᠦ ᠣᠯᠠᠨ ᠤᠯᠤᠰ ᠤᠨ ᠲᠡᠭᠦᠨ ᠢ ᠳᠠᠭᠠᠭᠰᠠᠨ ᠳᠤᠷ ᠲᠡᠷᠡ ᠢᠨᠦ ᠲᠡᠳᠡᠨ ᠢ ᠲᠡᠨᠳᠡ ᠡᠳᠡᠭᠡᠭᠡᠪᠡᠢ ᠅ 3᠂ ᠲᠡᠶᠢᠨ ᠪᠥᠭᠡᠳ ᠹᠠᠷᠢᠰᠢᠢ ᠨᠠᠷ ᠠᠨᠤ ᠲᠡᠭᠦᠨ ᠳᠦᠷ ᠢᠷᠡᠭᠡᠳ᠂ ᠲᠡᠭᠦᠨ ᠢ ᠰᠢᠨᠵᠢᠯᠡᠵᠦ ᠡᠶᠢᠨ ᠥᠭᠦᠯᠡᠷᠦᠨ᠃ ᠬᠦᠮᠦᠨ ᠢᠨᠦ ᠠᠯᠢᠪᠠ ᠴᠤ ᠰᠢᠯᠲᠠᠭ᠎ᠠ ᠪᠠᠷ ᠭᠡᠷᠭᠡᠢ ᠪᠡᠨ ᠬᠠᠭᠠᠴᠠᠭᠤᠯᠵᠤ ᠴᠢᠳᠠᠬᠤ ᠪᠤᠶᠤ᠃ 4᠂ ᠬᠡᠮᠡᠭᠰᠡᠨ ᠳᠦᠷ ᠲᠡᠷᠡ ᠢᠨᠦ ᠲᠡᠳᠡᠨ ᠳᠦᠷ ᠬᠠᠷᠢᠭᠤ ᠵᠠᠷᠯᠢᠭ ᠪᠣᠯᠤᠷᠤᠨ᠃ ᠡᠬᠢᠨ ᠡᠴᠡ ᠪᠦᠲᠦᠭᠡᠭᠴᠢ ᠢᠨᠦ ᠡᠷ᠎ᠡ ᠡᠮ᠎ᠡ ᠬᠣᠶᠠᠷ ᠢ ᠪᠦᠲᠦᠭᠡᠭᠡᠳ ᠡᠶᠢᠨ᠃ 5᠂ ᠡᠭᠦᠨ ᠦ ᠲᠤᠯᠠ ᠬᠦᠮᠦᠨ ᠢᠨᠦ ᠡᠴᠢᠭᠡ ᠬᠢᠭᠡᠳ ᠡᠬᠡ ᠪᠡᠨ ᠣᠷᠬᠢᠭᠠᠳ ᠭᠡᠷᠭᠡᠢ ᠳᠡᠭᠡᠨ ᠬᠠᠯᠳᠠᠲᠤᠭᠠᠢ ᠶᠢ᠃ ᠲᠡᠶᠢᠨ ᠬᠦ ᠡᠳᠡ ᠬᠣᠶᠠᠷ ᠠᠨᠤ ᠭᠠᠭᠴᠠ ᠮᠠᠬᠠᠪᠣᠳ ᠪᠣᠯᠬᠤ᠂ ᠬᠡᠮᠡᠨ ᠵᠠᠷᠯᠢᠭ ᠪᠣᠯᠤᠭᠰᠠᠨ ᠢ ᠲᠠ ᠪᠡᠷ ᠡᠰᠡ ᠤᠩᠰᠢᠭᠰᠠᠨ ᠪᠤᠶᠤ᠃ 6᠂ ᠲᠡᠶᠢᠨ ᠠᠲᠠᠯ᠎ᠠ ᠲᠡᠳᠡ ᠢᠨᠦ ᠬᠣᠶᠠᠷ ᠪᠤᠰᠤ᠂ ᠬᠠᠷᠢᠨ ᠭᠠᠭᠴᠠ ᠮᠠᠬᠠᠪᠣᠳ ᠪᠣᠯᠠᠢ᠃ ᠲᠡᠶᠢᠮᠦ ᠶᠢᠨ ᠲᠤᠯᠠ ᠪᠤᠷᠬᠠᠨ ᠤ ᠨᠡᠶᠢᠯᠡᠭᠦᠯᠦᠭᠰᠡᠨ ᠢ ᠬᠦᠮᠦᠨ ᠢᠨᠦ ᠦᠯᠦ ᠬᠠᠭᠠᠴᠠᠭᠤᠯᠠᠬᠤ ᠪᠣᠯᠲᠤᠭᠠᠢ᠃ 7᠂ ᠬᠡᠮᠡᠨ ᠵᠠᠷᠯᠢᠭ ᠪᠣᠯᠤᠭᠰᠠᠨ ᠳᠤᠷ ᠲᠡᠳᠡ ᠢᠨᠦ ᠥᠭᠦᠯᠡᠷᠦᠨ᠃ ᠲᠡᠶᠢᠨ ᠪᠥᠭᠡᠲᠡᠯ᠎ᠡ ᠮᠣᠰᠢ ᠠᠨᠤ ᠶᠠᠭᠤᠨ ᠤ ᠲᠤᠯᠠ ᠬᠠᠭᠠᠴᠠᠭᠤᠯᠬᠤᠢ ᠪᠢᠴᠢᠭ ᠢ ᠥᠭᠭᠦᠭᠡᠳ ᠭᠡᠷᠭᠡᠢ ᠶᠢ ᠬᠠᠭᠠᠴᠠᠭᠤᠯᠬᠤᠢ ᠶᠢ ᠵᠠᠬᠢᠭᠰᠠᠨ ᠪᠤᠶᠤ᠃ 8᠂ ᠬᠡᠮᠡᠭᠰᠡᠨ ᠳᠦᠷ ᠲᠡᠷᠡ ᠢᠨᠦ ᠵᠠᠷᠯᠢᠭ ᠪᠣᠯᠤᠷᠤᠨ᠃ ᠲᠠᠨᠤ ᠵᠢᠷᠦᠬᠡᠨ ᠦ ᠬᠠᠲᠠᠭᠤ ᠠᠭᠰᠠᠨ ᠤ ᠲᠤᠯᠠ ᠮᠣᠰᠢ ᠠᠨᠤ ᠭᠡᠷᠭᠡᠰ ᠢᠶᠡᠨ ᠬᠠᠭᠠᠴᠠᠭᠤᠯᠬᠤᠢ ᠡᠷᠬᠡ ᠶᠢ ᠲᠠᠨ ᠳᠤᠷ ᠥᠭᠪᠡᠢ᠃ ᠵᠦᠭᠡᠷ ᠡᠬᠢᠨ ᠡᠴᠡ ᠲᠡᠶᠢᠨ ᠪᠤᠰᠤ ᠠᠭᠰᠠᠨ ᠪᠥᠯᠦᠭᠡ᠃ 9᠂ ᠬᠠᠷᠢᠨ ᠮᠢᠨᠦ ᠲᠠᠨᠳᠤᠷ ᠥᠭᠦᠯᠡᠬᠦᠢ ᠢᠨᠦ ᠠᠯᠢ ᠬᠡᠨ ᠪᠡᠷ ᠲᠠᠴᠢᠶᠠᠩᠭᠤᠢ ᠶᠢᠨ ᠬᠤᠷᠢᠴᠠᠯ ᠠᠴᠠ ᠪᠤᠰᠤ ᠰᠢᠯᠲᠠᠭ᠎ᠠ ᠪᠠᠷ ᠭᠡᠷᠭᠡᠢ ᠪᠡᠨ ᠬᠠᠭᠠᠴᠠᠭᠤᠯᠤᠨ ᠪᠤᠰᠤ ᠶᠢ ᠠᠪᠤᠭᠴᠢ ᠲᠡᠷᠡ ᠲᠠᠴᠢᠶᠠᠩᠭᠤᠢ ᠶᠢᠨ ᠬᠤᠷᠢᠴᠠᠯ ᠢ ᠦᠢᠯᠡᠳᠦᠮᠦᠢ᠃ ᠪᠠᠰᠠ ᠬᠠᠭᠠᠴᠠᠭᠤᠯᠤᠭᠳᠠᠭᠰᠠᠨ ᠡᠮ᠎ᠡ ᠶᠢ ᠠᠪᠤᠭᠴᠢ ᠠᠨᠤ ᠲᠠᠴᠢᠶᠠᠩᠭᠤᠢ ᠶᠢᠨ ᠬᠤᠷᠢᠴᠠᠯ ᠢ ᠦᠢᠯᠡᠳᠦᠮᠦᠢ᠃ 10᠂ ᠬᠡᠮᠡᠨ ᠵᠠᠷᠯᠢᠭ ᠪᠣᠯᠤᠭᠰᠠᠨ ᠳᠤᠷ ᠲᠡᠭᠦᠨ ᠦ ᠱᠠᠪᠢᠨᠠᠷ ᠠᠨᠤ ᠲᠡᠭᠦᠨ ᠳᠦᠷ ᠠᠶᠢᠯᠠᠳᠬᠠᠷᠤᠨ᠃ ᠬᠡᠷᠪᠡ ᠬᠦᠮᠦᠨ ᠦ ᠬᠡᠷᠡᠭ ᠢᠨᠦ ᠭᠡᠷᠭᠡᠢ ᠯᠦᠭᠡ ᠲᠡᠶᠢᠨ ᠪᠥᠭᠡᠰᠦ ᠡᠯ᠎ᠡ᠂ ᠭᠡᠷᠭᠡᠢ ᠶᠢ ᠠᠪᠬᠤᠢ ᠠᠨᠤ ᠰᠠᠶᠢᠨ ᠪᠤᠰᠤ ᠪᠤᠢ ᠵᠠ᠃ 11᠂ ᠬᠡᠮᠡᠭᠰᠡᠨ ᠳᠦᠷ ᠲᠡᠷᠡ ᠢᠨᠦ ᠲᠡᠳᠡᠨ ᠳᠦᠷ ᠵᠠᠷᠯᠢᠭ ᠪᠣᠯᠤᠷᠤᠨ᠃ ᠠᠯᠢ ᠬᠡᠳ ᠲᠦᠷ ᠥᠭᠳᠡᠭᠰᠡᠨ ᠲᠡᠳᠡᠨ ᠡᠴᠡ ᠪᠤᠰᠤ ᠬᠡᠨ ᠴᠤ ᠡᠭᠦᠨ ᠢ ᠳᠠᠭᠠᠭᠠᠵᠤ ᠡᠰᠡ ᠴᠢᠳᠠᠶᠤ᠃ 12᠂ ᠲᠡᠷᠡ ᠶᠠᠭᠤᠨ ᠤ ᠲᠤᠯᠠ ᠬᠡᠮᠡᠪᠡᠰᠦ᠂ ᠵᠠᠷᠢᠮ ᠲᠠᠶᠢᠭ᠎ᠠ ᠨᠤᠭᠤᠳ ᠠᠨᠤ ᠡᠬᠡ ᠶᠦᠭᠡᠨ ᠤᠮᠠᠢ ᠠᠴᠠ ᠲᠥᠷᠥᠭᠳᠡᠭᠰᠡᠭᠡᠷ ᠲᠡᠷᠡ ᠮᠡᠲᠦᠰ ᠠᠭᠰᠠᠨ ᠪᠤᠢ᠃ ᠪᠠᠰᠠ ᠵᠠᠷᠢᠮ ᠲᠠᠶᠢᠭ᠎ᠠ ᠨᠤᠭᠤᠳ ᠠᠨᠤ ᠬᠦᠮᠦᠨ ᠨᠦᠭᠦᠳ ᠢᠶᠡᠷ ᠲᠠᠶᠢᠭᠠᠯᠠᠭᠤᠯᠤᠭᠳᠠᠪᠠᠢ᠃ ᠪᠠᠰᠠ ᠵᠠᠷᠢᠮ ᠲᠠᠶᠢᠭ᠎ᠠ ᠨᠤᠭᠤᠳ ᠠᠨᠤ ᠣᠭᠲᠠᠷᠭᠤᠢ ᠶᠢᠨ ᠡᠵᠡᠯᠡᠭᠦᠷᠢᠨ ᠦ ᠲᠤᠯᠠ ᠪᠡᠶ᠎ᠡ ᠪᠡᠨ ᠲᠠᠶᠢᠭᠠᠯᠠᠭᠤᠯᠤᠭᠰᠠᠨ ᠪᠤᠢ᠃ ᠠᠯᠢ ᠬᠡᠨ ᠳᠠᠭᠠᠭᠠᠵᠤ ᠴᠢᠳᠠᠪᠠᠰᠤ᠂ ᠲᠡᠷᠡ ᠢᠨᠦ ᠳᠠᠭᠠᠭᠠᠲᠤᠭᠠᠢ ᠶᠢ᠃ ᠬᠡᠮᠡᠨ ᠵᠠᠷᠯᠢᠭ ᠪᠣᠯᠪᠠᠢ᠃ 13᠂ ᠲᠡᠷᠡ ᠴᠠᠭ ᠲᠤᠷ ᠮᠤᠲᠤᠷ ᠢᠶᠠᠨ ᠲᠠᠯᠪᠢᠨ ᠡᠳᠡᠨ ᠦ ᠲᠤᠯᠠ ᠵᠠᠯᠪᠠᠷᠢᠬᠤ ᠪᠣᠯᠲᠤᠭᠠᠢ᠂ ᠬᠡᠮᠡᠨ ᠪᠢᠴᠢᠬᠠᠨ ᠬᠡᠦᠬᠡᠳ ᠢᠨᠦ ᠲᠡᠭᠦᠨ ᠳᠦᠷ ᠠᠴᠠᠷᠠᠭᠳᠠᠪᠠᠢ᠃ ᠱᠠᠪᠢᠨᠠᠷ ᠠᠨᠤ ᠲᠡᠳᠡᠨ ᠢ ᠬᠣᠷᠢᠪᠠᠢ᠃ 14᠂ ᠵᠦᠭᠡᠷ ᠢᠢᠰᠦᠰ ᠢᠨᠦ ᠡᠶᠢᠨ ᠵᠠᠷᠯᠢᠭ ᠪᠣᠯᠤᠷᠤᠨ᠃ ᠪᠢᠴᠢᠬᠠᠨ ᠬᠡᠦᠬᠡᠳ ᠦᠨ ᠨᠠᠳᠤᠷ ᠢᠷᠡᠬᠦᠢ ᠶᠢ ᠲᠠᠯᠪᠢᠨ᠂ ᠪᠦᠦ ᠰᠠᠭᠠᠳᠬᠢᠭ᠍ᠲᠤᠨ [ᠰᠠᠭᠠᠳᠬᠢᠭᠲᠤᠨ]᠃ ᠲᠡᠷᠡ ᠶᠠᠭᠤᠨ ᠤ ᠲᠤᠯᠠ ᠬᠡᠮᠡᠪᠡᠰᠦ᠂ ᠣᠭᠲᠠᠷᠭᠤᠢ ᠶᠢᠨ ᠡᠵᠡᠯᠡᠭᠦᠷᠢ ᠢᠨᠦ ᠲᠡᠷᠡ ᠮᠡᠲᠦᠰ ᠦᠨ ᠮᠥᠨ᠃ 15᠂ ᠬᠡᠮᠡᠨ ᠵᠠᠷᠯᠢᠭ ᠪᠣᠯᠤᠭᠠᠳ ᠲᠡᠳᠡᠨ ᠦ ᠳᠡᠭᠡᠷ᠎ᠡ ᠮᠤᠲᠤᠷ ᠢᠶᠠᠨ ᠲᠠᠯᠪᠢᠭᠠᠳ᠂ ᠴᠢᠨᠠᠭᠰᠢᠳᠠ ᠥᠭᠡᠳᠡ ᠪᠣᠯᠵᠤᠬᠤᠢ ᠅ 16᠂ ᠲᠡᠶᠢᠨ ᠪᠥᠭᠡᠳ ᠮᠠᠨ᠎ᠠ᠂ ᠨᠢᠭᠡᠨ (ᠬᠦᠮᠦᠨ) ᠢᠨᠦ ᠲᠡᠭᠦᠨ ᠳᠦᠷ ᠢᠷᠡᠭᠡᠳ ᠠᠶᠢᠯᠠᠳᠬᠠᠷᠤᠨ᠃ ᠰᠠᠶᠢᠨ ᠪᠠᠭᠰᠢ ᠠ᠋᠂ ᠪᠢ ᠪᠡᠷ ᠶᠠᠮᠪᠠᠷ ᠰᠠᠶᠢᠨ ᠦᠢᠯᠡᠳᠦᠭᠰᠡᠨ ᠢᠶᠡᠷ ᠪᠠᠷᠠᠭᠳᠠᠰᠢ ᠦᠭᠡᠢ ᠠᠮᠢᠨ ᠳᠤᠷ ᠣᠷᠣᠰᠢᠬᠤ ᠪᠤᠶᠤ᠃ 17᠂ ᠬᠡᠮᠡᠭᠰᠡᠨ ᠳᠦᠷ ᠢᠢᠰᠦᠰ ᠢᠨᠦ ᠵᠠᠷᠯᠢᠭ ᠪᠣᠯᠤᠷᠤᠨ᠃ ᠴᠢ ᠪᠡᠷ ᠨᠠᠮᠠᠶᠢ ᠰᠠᠶᠢᠨ ᠬᠡᠮᠡᠨ ᠶᠠᠭᠤᠨ ᠤ ᠲᠤᠯᠠ ᠨᠡᠷᠡᠶᠢᠳᠦᠮᠦᠶᠦ᠃ ᠢᠮᠠᠭᠲᠠ ᠪᠤᠷᠬᠠᠨ ᠠᠴᠠ ᠪᠤᠰᠤ ᠰᠠᠶᠢᠨ ᠬᠡᠮᠡᠭᠴᠢ ᠦᠭᠡᠢ᠃ ᠬᠠᠷᠢᠨ ᠬᠡᠷᠪᠡ ᠴᠢ ᠪᠡᠷ ᠠᠮᠢᠨ ᠳᠤᠷ ᠣᠷᠣᠰᠢᠬᠤᠶᠠ ᠳᠤᠷᠠᠰᠢᠪᠠᠰᠤ ᠵᠠᠬᠢᠶ᠎ᠠ ᠨᠤᠭᠤᠳ ᠢ ᠰᠠᠬᠢᠨ ᠦᠢᠯᠡᠳ᠃ 18᠂ ᠬᠡᠮᠡᠨ ᠵᠠᠷᠯᠢᠭ ᠪᠣᠯᠤᠭᠰᠠᠨ ᠳᠤᠷ ᠲᠡᠷᠡ ᠢᠨᠦ ᠡᠶᠢᠨ᠃ ᠠᠯᠢᠳ ᠢ (ᠰᠠᠬᠢᠬᠤ) ᠪᠤᠶᠤ᠃ ᠬᠡᠮᠡᠭᠰᠡᠨ ᠳᠦᠷ ᠢᠢᠰᠦᠰ ᠢᠨᠦ ᠵᠠᠷᠯᠢᠭ ᠪᠣᠯᠤᠷᠤᠨ᠃ ᠬᠦᠮᠦᠨ ᠢ ᠪᠦᠦ ᠠᠯᠠ᠃ ᠲᠠᠴᠢᠶᠠᠩᠭᠤᠶᠢᠯᠠᠨ ᠪᠦᠦ ᠦᠢᠯᠡᠳ᠃ ᠬᠤᠯᠠᠭᠠᠶᠢᠯᠠᠨ ᠪᠦᠦ ᠦᠢᠯᠡᠳ᠃ ᠬᠤᠳᠠᠯ ᠢᠶᠠᠷ ᠪᠦᠦ ᠭᠡᠷᠡᠴᠢᠯᠡ᠃ 19᠂ ᠡᠴᠢᠭᠡ ᠬᠢᠭᠡᠳ ᠡᠬᠡ ᠪᠡᠨ ᠬᠦᠨᠳᠦᠯᠡᠨ ᠦᠢᠯᠡᠳ᠃ ᠪᠠᠰᠠ ᠪᠤᠰᠤ ᠬᠦᠮᠦᠨ ᠢ ᠪᠡᠶ᠎ᠡ ᠮᠡᠲᠦ ᠢᠨᠠᠭᠯᠠᠨ ᠦᠢᠯᠡᠳ᠃ 20᠂ ᠬᠡᠮᠡᠨ ᠵᠠᠷᠯᠢᠭ ᠪᠣᠯᠤᠭᠰᠠᠨ ᠳᠤᠷ ᠲᠡᠷᠡ ᠵᠠᠯᠠᠭᠤ ᠠᠨᠤ ᠲᠡᠭᠦᠨ ᠳᠦᠷ ᠡᠶᠢᠨ᠃ ᠡᠨᠡ ᠮᠡᠲᠦᠰ ᠢ ᠪᠢ ᠪᠡᠷ ᠪᠠᠭ᠎ᠠ ᠨᠠᠰᠤᠨ ᠠᠴᠠᠭᠠᠨ ᠪᠦᠷᠢᠨ᠋ᠡ ᠰᠠᠬᠢᠭᠰᠠᠨ ᠪᠤᠢ᠃ ᠪᠠᠰᠠ ᠨᠠᠳᠤᠷ ᠶᠠᠭᠤᠨ ᠠᠨᠤ ᠳᠤᠲᠤᠭᠤ ᠪᠤᠶᠤ᠃ 21᠂ ᠬᠡᠮᠡᠭᠰᠡᠨ ᠳᠦᠷ ᠢᠢᠰᠦᠰ ᠢᠨᠦ ᠲᠡᠭᠦᠨ ᠳᠦᠷ ᠵᠠᠷᠯᠢᠭ ᠪᠣᠯᠤᠷᠤᠨ᠃ ᠬᠡᠷᠪᠡ ᠴᠢ ᠪᠡᠷ ᠲᠡᠭᠦᠰ ᠪᠣᠯᠬᠤᠶ᠎ᠠ ᠳᠤᠷᠠᠰᠢᠪᠠᠰᠤ᠂ ᠣᠳᠴᠤ ᠵᠥᠭᠡᠷᠢ ᠪᠡᠨ ᠬᠤᠳᠠᠯᠳᠠᠭᠠᠳ᠂ ᠦᠭᠡᠭᠦᠦ ᠶᠠᠳᠠᠭᠤ ᠨᠤᠭᠤᠳ ᠲᠤᠷ ᠥᠭ᠃ ᠲᠡᠶᠢᠨ ᠬᠦ ᠡᠯ᠎ᠡ ᠴᠢ ᠪᠡᠷ ᠣᠭᠲᠠᠷᠭᠤᠢ ᠳᠤᠷ ᠰᠠᠩ [ᠱᠠᠩ] ᠲᠤ ᠪᠣᠯᠬᠤ ᠪᠤᠢ᠃ ᠲᠡᠶᠢᠨ ᠪᠡᠷ ᠢᠷᠡᠭᠡᠳ ᠨᠠᠮᠠᠶᠢ ᠳᠠᠭᠠᠨ ᠦᠢᠯᠡᠳ᠃ 22᠂ ᠬᠡᠮᠡᠨ ᠵᠠᠷᠯᠢᠭ ᠪᠣᠯᠤᠭᠰᠠᠨ ᠢ ᠲᠡᠷᠡ ᠵᠠᠯᠠᠭᠤ ᠠᠨᠤ ᠰᠣᠨᠣᠰᠤᠭᠠᠳ᠂ ᠭᠠᠰᠢᠭᠤᠳᠠᠯ ᠲᠤ ᠪᠠᠷ ᠴᠢᠨᠠᠭᠰᠢᠳᠠ ᠣᠳᠪᠠᠢ᠃ ᠲᠡᠷᠡ ᠶᠠᠭᠤᠨ ᠤ ᠲᠤᠯᠠ ᠬᠡᠮᠡᠪᠡᠰᠦ᠂ ᠲᠡᠭᠦᠨ ᠳᠦᠷ ᠶᠡᠬᠡ ᠡᠳ᠋ ᠲᠠᠸᠠᠷ ᠠᠭᠰᠠᠨ ᠪᠤᠢ᠃ 23᠂ ᠲᠡᠨᠳᠡ ᠢᠢᠰᠦᠰ ᠢᠨᠦ ᠱᠠᠪᠢᠨᠠᠷ ᠲᠤᠷ ᠢᠶᠠᠨ ᠵᠠᠷᠯᠢᠭ ᠪᠣᠯᠤᠷᠤᠨ᠃ ᠮᠢᠨᠦ ᠲᠠᠨ ᠳᠤᠷ ᠮᠠᠭᠠᠳᠯᠠᠨ ᠥᠭᠦᠯᠡᠬᠦᠢ ᠢᠨᠦ᠂ ᠪᠠᠶᠠᠨ ᠬᠦᠮᠦᠨ ᠢᠨᠦ ᠣᠭᠲᠠᠷᠭᠤᠢ ᠶᠢᠨ ᠡᠵᠡᠯᠡᠭᠦᠷᠢᠨ ᠳᠦᠷ ᠠᠷᠠᠶᠢᠬᠠᠨ ᠣᠷᠣᠰᠢᠬᠤ ᠪᠤᠢ᠃ 24᠂ ᠪᠠᠰᠠ ᠮᠢᠨᠦ ᠲᠠᠨ ᠳᠤᠷ ᠥᠭᠦᠯᠡᠬᠦᠢ ᠢᠨᠦ ᠪᠤᠷᠬᠠᠨ ᠤ ᠡᠵᠡᠯᠡᠭᠦᠷᠢᠨ ᠳᠦᠷ ᠪᠠᠶᠠᠨ ᠬᠦᠮᠦᠨ ᠦ ᠣᠷᠣᠰᠢᠬᠤᠢ ᠠᠴᠠ ᠵᠡᠦ ᠶᠢᠨ ᠰᠦᠪᠡ ᠪᠡᠷ ᠨᠢᠭᠡ ᠲᠡᠮᠡᠭᠡᠨ ᠦ ᠠᠯᠤᠰᠳᠠᠬᠤᠢ ᠠᠨᠤ ᠬᠢᠮᠳᠠ ᠪᠤᠢ᠃ 25᠂ ᠬᠡᠮᠡᠨ ᠵᠠᠷᠯᠢᠭ ᠪᠣᠯᠤᠭᠰᠠᠨ ᠢ ᠱᠠᠪᠢᠨᠠᠷ ᠠᠨᠤ ᠰᠣᠨᠣᠰᠤᠭᠠᠳ᠂ ᠮᠠᠰᠢᠳᠠ ᠭᠠᠶᠢᠬᠠᠯᠴᠠᠨ ᠥᠭᠦᠯᠡᠯᠳᠦᠷᠦᠨ᠃ ᠲᠡᠶᠢᠨ ᠠᠲᠠᠯ᠎ᠠ ᠬᠡᠨ ᠲᠣᠨᠢᠯᠭᠠᠭᠳᠠᠨ ᠴᠢᠳᠠᠮᠤᠶᠤ᠃ 26᠂ ᠬᠡᠮᠡᠭᠰᠡᠨ ᠳᠦᠷ ᠢᠢᠰᠦᠰ ᠢᠨᠦ ᠲᠡᠳᠡᠨ ᠢ ᠰᠢᠷᠲᠡᠭᠡᠳ ᠡᠶᠢᠨ᠃ ᠡᠨᠡ ᠢᠨᠦ ᠬᠦᠮᠦᠨ ᠳᠦᠷ ᠪᠣᠯᠤᠰᠢ ᠦᠭᠡᠢ ᠪᠣᠯᠪᠠᠴᠤ᠂ ᠪᠤᠷᠬᠠᠨ ᠳᠤᠷ ᠬᠠᠮᠤᠭ ᠠᠨᠤ ᠪᠣᠯᠤᠯᠲᠠᠢ ᠠᠮᠤᠢ᠃ 27᠂ ᠬᠡᠮᠡᠨ ᠵᠠᠷᠯᠢᠭ ᠪᠣᠯᠤᠭᠰᠠᠨ ᠳᠤᠷ ᠹᠢᠲ᠋ᠢᠷ ᠠᠨᠤ ᠬᠠᠷᠢᠭᠤ ᠠᠶᠢᠯᠠᠳᠬᠠᠷᠤᠨ᠃ ᠮᠠᠨ᠎ᠠ᠂ ᠪᠢᠳᠡ ᠪᠡᠷ ᠬᠠᠮᠤᠭ ᠢ ᠣᠷᠬᠢᠭᠠᠳ ᠴᠢᠮᠠᠶᠢ ᠳᠠᠭᠠᠪᠠᠢ᠃ ᠲᠡᠶᠢᠨ ᠠᠲᠠᠯ᠎ᠠ ᠪᠢᠳᠡᠨ ᠳᠦᠷ ᠶᠠᠭᠤᠨ ᠪᠣᠯᠬᠤ ᠪᠤᠶᠤ᠃ 28᠂ ᠬᠡᠮᠡᠭᠰᠡᠨ ᠳᠦᠷ ᠢᠢᠰᠦᠰ ᠢᠨᠦ ᠲᠡᠳᠡᠨ ᠳᠦᠷ ᠵᠠᠷᠯᠢᠭ ᠪᠣᠯᠤᠷᠤᠨ᠃ ᠮᠢᠨᠦ ᠲᠠᠨ ᠳᠤᠷ ᠮᠠᠭᠠᠳᠯᠠᠨ ᠥᠭᠦᠯᠡᠬᠦᠢ ᠢᠨᠦ᠂ ᠰᠢᠨ᠎ᠡ ᠲᠥᠷᠥᠭᠳᠡᠬᠦᠢ ᠳᠦᠷ ᠬᠦᠮᠦᠨ ᠲᠥᠷᠥᠯᠬᠢᠲᠦ ᠶᠢᠨ ᠥᠪᠡᠷ ᠦᠨ ᠴᠣᠭ ᠵᠢᠪᠬᠤᠯᠠᠩ ᠲᠤ ᠰᠢᠷᠡᠭᠡᠨ ᠦ ᠳᠡᠭᠡᠷ᠎ᠡ ᠰᠠᠭᠤᠬᠤᠢ ᠴᠠᠭ ᠲᠤᠷ᠂ ᠨᠠᠮᠠᠶᠢ ᠳᠠᠭᠠᠭᠴᠢ ᠲᠠ ᠪᠡᠷ ᠠᠷᠪᠠᠨ ᠬᠣᠶᠠᠷ ᠰᠢᠷᠡᠭᠡᠨ ᠦ ᠳᠡᠭᠡᠷ᠎ᠡ ᠰᠠᠭᠤᠵᠤ᠂ ᠢᠰᠷᠠᠶᠢᠯ ᠤᠨ ᠠᠷᠪᠠᠨ ᠬᠣᠶᠠᠷ ᠣᠪᠤᠭ ᠢ ᠰᠢᠭᠦᠬᠦ ᠪᠣᠯᠤᠶᠤ᠃ 29᠂ ᠪᠠᠰᠠ ᠠᠯᠢ ᠬᠡᠨ ᠭᠡᠷ ᠦᠳ᠂ ᠡᠰᠡᠪᠡᠰᠦ ᠠᠬ᠎ᠠ ᠳᠡᠭᠦᠦ ᠡᠭᠡᠴᠢ ᠳᠡᠭᠦᠦ ᠨᠠᠷ᠂ ᠡᠰᠡᠪᠡᠰᠦ ᠡᠴᠢᠭᠡ ᠡᠬᠡ᠂ ᠡᠰᠡᠪᠡᠰᠦ ᠭᠡᠷᠭᠡᠢ ᠬᠡᠦᠬᠡᠳ᠂ ᠡᠰᠡᠪᠡᠰᠦ ᠲᠠᠷᠢᠶᠠᠯᠠᠩ ᠤᠳ ᠢ ᠮᠢᠨᠦ ᠨᠡᠷ᠎ᠡ ᠶᠢᠨ ᠲᠤᠯᠠ ᠣᠷᠬᠢᠭᠴᠢ᠂ ᠲᠡᠷᠡ ᠢᠨᠦ ᠵᠠᠭᠤᠨ ᠳᠠᠪᠬᠤᠷ ᠢᠶᠠᠷ ᠠᠪᠤᠭᠠᠳ᠂ ᠪᠠᠷᠠᠭᠳᠠᠰᠢ ᠦᠭᠡᠢ ᠠᠮᠢᠨ ᠳᠤᠷ ᠬᠦᠷᠲᠡᠬᠦ ᠪᠣᠯᠤᠶᠤ᠃ 30᠂ ᠵᠦᠭᠡᠷ ᠲᠡᠷᠢᠭᠦᠨ ᠳᠡᠬᠢ ᠠᠭᠴᠢ ᠣᠯᠠᠨ ᠠᠨᠤ ᠡᠴᠦᠰᠳᠡᠬᠢ ᠪᠣᠯᠬᠤ ᠪᠥᠭᠡᠳ᠂ ᠡᠴᠦᠰᠳᠡᠬᠢ ᠨᠤᠭᠤᠳ ᠠᠨᠤ ᠲᠡᠷᠢᠭᠦᠨ ᠳᠡᠬᠢ ᠪᠣᠯᠬᠤ ᠪᠣᠯᠤᠶᠤ ᠅
Currently Selected:
ᠮᠠᠳᠲ᠋ᠢᠢ 19: MB1840
Highlight
Share
Copy

Want to have your highlights saved across all your devices? Sign up or sign in
Digital edition of the Mongolian translation published in 1840 (the Old Testament) and 1846 (the New Testament) by Edward Stallybrass and William Swan. Created by Bayarjargal Garamtseren and Simon Wong. Digital edition © United Bible Societies, 2020.