YouVersion Logo
Search Icon

ᠮᠠᠳᠲ᠋ᠢᠢ 21

21
ᠬᠣᠷᠢᠨ ᠨᠢᠭᠡᠳᠦᠭᠡᠷ ᠪᠦᠯᠦᠭ ᠅
1᠂ ᠲᠡᠶᠢᠨ ᠪᠥᠭᠡᠳ ᠲᠡᠳᠡᠨ ᠦ ᠶᠢᠷᠤᠰᠠᠯᠢᠮ ᠳᠤᠷ ᠣᠶᠢᠷᠠᠲᠠᠨ᠂ ᠲᠣᠰᠤ ᠲᠤ ᠠᠭᠤᠯᠠᠨ ᠤ ᠳᠡᠷᠭᠡᠳᠡ ᠠᠭᠴᠢ ᠪᠢᠳᠹᠢᠺᠢ ᠳᠤᠷ ᠬᠦᠷᠦᠭᠰᠡᠨ ᠴᠠᠭ ᠲᠤᠷ ᠢᠢᠰᠦᠰ ᠢᠨᠦ ᠬᠣᠶᠠᠷ ᠱᠠᠪᠢ ᠶᠢ ᠢᠯᠡᠭᠡᠵᠦ᠂ ᠲᠡᠳᠡᠨ ᠳᠦᠷ ᠵᠠᠷᠯᠢᠭ ᠪᠣᠯᠤᠷᠤᠨ᠃ 2᠂ ᠲᠠᠨ ᠤ ᠲᠤᠰ ᠠᠭᠴᠢ ᠬᠣᠲᠠᠨ ᠳᠤᠷ ᠣᠳᠤᠭᠲᠤᠨ᠃ ᠲᠡᠶᠢᠨ ᠬᠦ ᠲᠠ ᠪᠡᠷ ᠳᠠᠷᠤᠢ ᠨᠢᠭᠡ ᠤᠶᠠᠭᠳᠠᠭᠰᠠᠨ ᠡᠯᠵᠢᠭᠡᠨ ᠢ ᠳᠠᠭᠠᠭ᠎ᠠ ᠲᠠᠢ ᠪᠠᠷ ᠣᠯᠬᠤ᠃ ᠳᠠᠶᠢᠯᠤᠭᠠᠳ ᠨᠠᠳᠤᠷ ᠠᠴᠠᠷᠠᠭᠲᠤᠨ᠃ 3᠂ ᠲᠡᠶᠢᠨ ᠪᠡᠷ ᠠᠯᠢ ᠬᠡᠨ ᠪᠡᠷ ᠲᠠᠨ ᠳᠤᠷ ᠶᠠᠭᠤᠨ ᠢ ᠴᠤ ᠥᠭᠦᠯᠡᠬᠦ ᠪᠥᠭᠡᠰᠦ᠂ ᠡᠳᠡ ᠢᠨᠦ ᠡᠵᠡᠨ ᠳᠦᠷ ᠬᠡᠷᠡᠭ ᠲᠦ ᠪᠤᠢ᠂ ᠬᠡᠮᠡᠨ ᠥᠭᠦᠯᠡᠭᠲᠦᠨ᠃ ᠲᠡᠶᠢᠨ ᠬᠦ ᠡᠯ᠎ᠡ ᠲᠡᠷᠡ ᠢᠨᠦ ᠲᠡᠷᠡ ᠳᠠᠷᠤᠢ ᠲᠡᠳᠡᠨ ᠢ ᠲᠠᠯᠪᠢᠬᠤ ᠪᠤᠢ᠃ ᠬᠡᠮᠡᠨ ᠵᠠᠷᠯᠢᠭ ᠪᠣᠯᠪᠠᠢ ᠅ 4᠂ ᠡᠨᠡ ᠬᠠᠮᠤᠭ ᠠᠨᠤ ᠹᠣᠷᠣᠹᠢᠳ ᠤᠨ ᠥᠭᠦᠯᠡᠭᠰᠡᠨ ᠦ ᠪᠦᠲᠦᠭᠡᠭᠳᠡᠬᠦ ᠶᠢᠨ ᠲᠤᠯᠠ ᠪᠣᠯᠤᠭᠰᠠᠨ ᠪᠤᠢ᠃ 5᠂ ᠥᠭᠦᠯᠡᠭᠰᠡᠨ ᠬᠡᠮᠡᠪᠡᠰᠦ᠂ ᠰᠢᠶᠣᠨᠠ ᠶᠢᠨ ᠥᠬᠢᠨ ᠳᠦᠷ ᠡᠶᠢᠨ᠃ ᠮᠠᠨᠠ᠂ ᠴᠢᠨᠦ ᠬᠠᠭᠠᠨ ᠠᠨᠤ ᠴᠢᠮᠠᠳᠤᠷ ᠢᠷᠮᠡᠦᠢ [ᠢᠷᠡᠮᠦᠢ]᠃ ᠲᠡᠷᠡ ᠢᠨᠦ ᠨᠣᠮᠣᠭᠠᠨ ᠪᠣᠯᠤᠭᠠᠳ᠂ ᠡᠯᠵᠢᠭᠡᠨ ᠬᠢᠭᠡᠳ ᠠᠴᠢᠶᠠᠨ ᠢ ᠳᠠᠭᠠᠭᠠᠭᠴᠢ ᠶᠢᠨ ᠳᠠᠭᠠᠭᠠᠨ ᠢ ᠬᠥᠯᠭᠡᠯᠡᠨ ᠠᠮᠤᠢ᠂ ᠬᠡᠮᠡᠨ ᠥᠭᠦᠯᠡᠭᠲᠦᠨ᠃ ᠬᠡᠮᠡᠭᠳᠡᠯᠦᠭᠡ᠃ 6᠂ ᠲᠡᠶᠢᠨ ᠪᠥᠭᠡᠳ ᠱᠠᠪᠢᠨᠠᠷ ᠠᠨᠤ ᠣᠳᠤᠭᠠᠳ᠂ ᠢᠢᠰᠦᠰ ᠦᠨ ᠲᠡᠳᠡᠨ ᠳᠦᠷ ᠵᠠᠬᠢᠭᠰᠠᠨ ᠮᠡᠲᠦ ᠦᠢᠯᠡᠳᠴᠦ᠂ 7᠂ ᠡᠯᠵᠢᠭᠡᠨ ᠢ ᠳᠠᠭᠠᠭ᠎ᠠ ᠯᠤᠭ᠎ᠠ ᠠᠴᠠᠷᠠᠭᠠᠳ᠂ ᠬᠤᠪᠴᠠᠳ ᠢᠶᠠᠨ ᠲᠡᠳᠡᠨ ᠦ ᠳᠡᠭᠡᠷ᠎ᠡ ᠳᠡᠪᠢᠰᠦᠭᠡᠳ᠂ ᠲᠡᠭᠦᠨ ᠢ ᠲᠡᠳᠡᠨ ᠦ ᠳᠡᠭᠡᠷ᠎ᠡ ᠰᠠᠭᠤᠯᠭᠠᠪᠠᠢ᠃ 8᠂ ᠲᠡᠨᠳᠡ ᠮᠠᠰᠢ ᠣᠯᠠᠨ ᠤᠯᠤᠰ ᠠᠨᠤ ᠬᠤᠪᠴᠠᠳ ᠢᠶᠠᠨ ᠵᠠᠮ ᠤᠨ ᠳᠡᠭᠡᠷ᠎ᠡ ᠳᠡᠪᠢᠰᠪᠡᠢ᠃ ᠪᠤᠰᠤᠳ ᠠᠨᠤ ᠮᠣᠳᠤᠳ ᠠᠴᠠ ᠬᠡᠰᠢᠭᠦᠳ ᠢ ᠴᠠᠪᠴᠢᠭᠠᠳ᠂ ᠵᠠᠮ ᠤᠨ ᠳᠡᠭᠡᠷ᠎ᠡ ᠳᠡᠪᠢᠰᠪᠡᠢ᠃ 9᠂ ᠪᠠᠰᠠ ᠤᠷᠢᠳᠠ ᠶᠠᠪᠤᠭᠴᠢᠳ ᠬᠢᠭᠡᠳ ᠬᠣᠶᠢᠨᠠ ᠠᠴᠠ ᠳᠠᠭᠠᠭᠴᠢᠳ ᠠᠨᠤ ᠡᠶᠢᠨ ᠳᠠᠭᠤᠳᠠᠷ ᠤᠨ᠃ ᠳ᠋ᠠᠸᠢᠳ᠋ ᠤᠨ ᠬᠥᠪᠡᠭᠦᠨ ᠳᠦᠷ ᠣᠰᠠᠨ ᠨᠠ᠋᠃ ᠡᠵᠡᠨ ᠦ ᠨᠡᠷ᠎ᠡ ᠪᠡᠷ ᠢᠷᠡᠭᠴᠢ ᠢᠨᠦ ᠮᠠᠭᠲᠠᠭᠳᠠᠬᠤ ᠪᠣᠯᠲᠤᠭᠠᠢ᠃ ᠮᠠᠰᠢ ᠥᠨᠳᠦᠷ ᠭᠠᠵᠠᠳ ᠲᠤᠷ ᠣᠰᠠᠨ ᠨᠠ᠋᠃ ᠬᠡᠮᠡᠯᠳᠦᠪᠡᠢ ᠅ 10᠂ ᠲᠡᠶᠢᠨ ᠬᠦ ᠲᠡᠭᠦᠨ ᠦ ᠶᠢᠷᠤᠰᠠᠯᠢᠮ ᠳᠤᠷ ᠣᠷᠣᠭᠰᠠᠨ᠋᠎ᠠ ᠪᠦᠬᠦᠯᠢ ᠪᠠᠯᠭᠠᠰᠤᠨ ᠠᠨᠤ ᠦᠢᠮᠡᠷ ᠪᠣᠯᠤᠭᠠᠳ ᠡᠶᠢᠨ᠃ ᠡᠨᠡ ᠢᠨᠦ ᠬᠡᠨ ᠪᠤᠶᠤ᠃ 11᠂ ᠬᠡᠮᠡᠭᠰᠡᠨ ᠳᠦᠷ ᠤᠯᠤᠰ ᠠᠨᠤ ᠡᠶᠢᠨ᠃ ᠡᠨᠡ ᠢᠨᠦ ᠺᠠᠯᠢᠯᠢᠶ᠎ᠠ ᠶᠢᠨ ᠨᠠᠵᠠᠷᠢᠳ ᠠᠴᠠ ᠢᠢᠰᠦᠰ ᠬᠡᠮᠡᠭᠴᠢ ᠹᠣᠷᠣᠹᠢᠳ ᠪᠣᠯᠠᠢ᠃ ᠬᠡᠮᠡᠯᠦᠭᠡ ᠅ 12᠂ ᠲᠡᠶᠢᠨ ᠪᠥᠭᠡᠳ ᠢᠢᠰᠦᠰ ᠢᠨᠦ ᠪᠤᠷᠬᠠᠨ ᠤ ᠰᠦᠮ᠎ᠡ ᠳᠦᠷ ᠣᠷᠣᠭᠠᠳ᠂ ᠬᠠᠮᠤᠭ ᠬᠤᠳᠠᠯᠳᠤᠭᠴᠢᠳ ᠬᠢᠭᠡᠳ ᠬᠤᠳᠠᠯᠳᠤᠨ ᠠᠪᠤᠭᠴᠢᠳ ᠢ ᠭᠠᠷᠭᠠᠨ᠂ ᠮᠥᠩᠭᠦᠨ ᠢ ᠠᠭᠰᠠᠭᠴᠢᠳ ᠤᠨ ᠰᠢᠷᠡᠭᠡᠳ ᠬᠢᠭᠡᠳ ᠲᠠᠭᠲᠠᠭ᠎ᠠ ᠨᠤᠭᠤᠳ ᠢ ᠬᠤᠳᠠᠯᠳᠤᠭᠴᠢᠳ ᠤᠨ ᠰᠢᠷᠡᠭᠡᠳ ᠢ ᠬᠥᠮᠦᠷᠢᠭᠦᠯᠦᠭᠡᠳ᠂ ᠲᠡᠳᠡᠨ ᠳᠦᠷ ᠡᠶᠢᠨ᠃ 13᠂ ᠮᠢᠨᠦ ᠭᠡᠷ ᠢᠨᠦ ᠵᠠᠯᠪᠠᠷᠢᠯ ᠤᠨ ᠭᠡᠷ ᠬᠡᠮᠡᠨ ᠨᠡᠷᠡᠶᠢᠳᠦᠭᠳᠡᠬᠦ ᠪᠤᠢ᠂ ᠬᠡᠮᠡᠨ ᠪᠢᠴᠢᠭᠳᠡᠪᠡᠢ᠃ ᠬᠠᠷᠢᠨ ᠲᠠ ᠪᠡᠷ ᠲᠡᠭᠦᠨ ᠢ ᠬᠤᠯᠠᠭᠠᠶᠢᠴᠢᠳ ᠤᠨ ᠴᠤᠭᠯᠠᠬᠤᠢ ᠭᠡᠷ ᠪᠣᠯᠭᠠᠪᠠᠢ᠃ ᠬᠡᠮᠡᠨ ᠵᠠᠷᠯᠢᠭ ᠪᠣᠯᠪᠠᠢ ᠅ 14᠂ ᠲᠡᠨᠳᠡ ᠰᠣᠬᠣᠷ ᠬᠢᠭᠡᠳ ᠳᠣᠭᠤᠯᠠᠩ ᠨᠤᠭᠤᠳ ᠤᠨ ᠲᠡᠭᠦᠨ ᠳᠦᠷ ᠰᠦᠮ᠎ᠡ ᠶᠢᠨ ᠳᠣᠲᠣᠷ᠎ᠠ ᠢᠷᠡᠭᠰᠡᠨ ᠳᠦᠷ ᠲᠡᠷᠡ ᠢᠨᠦ ᠲᠡᠳᠡᠨ ᠢ ᠡᠳᠡᠭᠡᠭᠡᠪᠡᠢ ᠅ 15᠂ ᠵᠦᠭᠡᠷ ᠲᠡᠷᠢᠭᠦᠨ ᠯᠠᠮᠠᠨᠠᠷ ᠬᠢᠭᠡᠳ ᠨᠣᠮ ᠵᠢᠭᠠᠭᠴᠢᠨᠠᠷ ᠠᠨᠤ ᠲᠡᠭᠦᠨ ᠦ ᠦᠢᠯᠡᠳᠦᠭᠰᠡᠨ ᠪᠡᠯᠭᠡᠰ ᠬᠢᠭᠡᠳ᠂ ᠬᠡᠦᠬᠡᠳ ᠦᠨ ᠰᠦᠮ᠎ᠡ ᠶᠢᠨ ᠳᠣᠲᠣᠷ᠎ᠠ ᠣᠰᠠᠨ ᠨᠠ᠋ ᠬᠡᠮᠡᠨ ᠳᠠᠭᠤᠳᠠᠭᠰᠠᠨ ᠢ ᠦᠵᠡᠵᠦ ᠬᠢᠯᠢᠩᠯᠡᠭᠡᠳ᠂ ᠲᠡᠭᠦᠨ ᠳᠦᠷ ᠡᠶᠢᠨ᠃ ᠴᠢ ᠪᠡᠷ ᠡᠳᠡᠭᠡᠷ ᠦᠨ ᠥᠭᠦᠯᠡᠬᠦᠢ ᠶᠢ ᠰᠣᠨᠣᠰᠤᠮᠤᠶᠤ᠃ 16᠂ ᠬᠡᠮᠡᠭᠰᠡ ᠳᠦᠷ ᠢᠢᠰᠦᠰ ᠢᠨᠦ ᠲᠡᠳᠡᠨ ᠳᠦᠷ ᠵᠠᠷᠯᠢᠭ ᠪᠣᠯᠤᠷᠤᠨ᠃ ᠪᠢ ᠰᠣᠨᠣᠰᠤᠮᠤᠢ᠃ ᠴᠢ ᠪᠡᠷ ᠨᠢᠯᠬᠠᠰ ᠬᠢᠭᠡᠳ ᠬᠦᠬᠦᠨ ᠢ ᠬᠥᠬᠦᠭᠴᠢ ᠬᠡᠦᠬᠡᠳ ᠦᠨ ᠠᠮᠠᠨ ᠠᠴᠠ ᠮᠠᠭᠲᠠᠭᠠᠯ ᠢ ᠵᠣᠬᠢᠶᠠᠭᠰᠠᠨ ᠪᠤᠢ᠃ ᠬᠡᠮᠡᠭᠰᠡᠨ ᠢ ᠲᠠ ᠪᠡᠷ ᠡᠰᠡ ᠤᠩᠰᠢᠭᠰᠠᠨ ᠪᠤᠶᠤ᠃ 17᠂ ᠬᠡᠮᠡᠨ ᠵᠠᠷᠯᠢᠭ ᠪᠣᠯᠤᠭᠠᠳ ᠲᠡᠳᠡᠨ ᠢ ᠣᠷᠬᠢᠨ᠂ ᠪᠠᠯᠭᠠᠰᠤᠨ ᠠᠴᠠ ᠪᠢᠲ᠋ᠠᠨᠢᠶ᠎ᠠ ᠳᠤᠷ ᠭᠠᠷᠤᠭᠠᠳ ᠲᠡᠨᠳᠡ ᠬᠣᠨᠣᠯᠤᠭ᠎ᠠ ᠅ 18᠂ ᠲᠡᠶᠢᠨ ᠪᠥᠭᠡᠳ ᠲᠡᠷᠡ ᠢᠨᠦ ᠮᠠᠨᠠᠭᠠᠷ ᠪᠠᠯᠭᠠᠰᠤᠨ ᠳᠤᠷ ᠥᠭᠡᠳᠡ ᠪᠣᠯᠬᠤᠢ ᠳᠠᠭᠠᠨ ᠥᠯᠥᠰᠦᠭᠡᠳ᠃ 19᠂ ᠵᠠᠮ ᠤᠨ ᠳᠡᠭᠡᠷ᠎ᠡ ᠨᠢᠭᠡ ᠲᠣᠰᠢᠯᠤᠭ ᠤᠨ ᠮᠣᠳᠤᠨ ᠢ ᠦᠵᠡᠭᠡᠳ ᠲᠡᠭᠦᠨ ᠳᠦᠷ ᠬᠦᠷᠪᠡᠢ᠃ ᠵᠦᠭᠡᠷ ᠢᠮᠠᠭᠲᠠ ᠨᠠᠪᠴᠢᠰ ᠠᠴᠠ ᠪᠤᠰᠤ ᠶᠠᠭᠤᠨ ᠢ ᠴᠤ ᠡᠰᠡ ᠣᠯᠤᠭᠠᠳ᠂ ᠲᠡᠭᠦᠨ ᠳᠦᠷ ᠵᠠᠷᠯᠢᠭ ᠪᠣᠯᠤᠷᠤᠨ᠃ ᠡᠭᠦᠨ ᠡᠴᠡ ᠬᠣᠶᠢᠰᠢ ᠨᠠᠰᠤᠳᠠ ᠴᠢᠨᠦ ᠳᠡᠭᠡᠷ᠎ᠡ ᠵᠢᠮᠢᠰ ᠦᠯᠦ ᠤᠷᠭᠤᠬᠤ ᠪᠣᠯᠲᠤᠭᠠᠢ᠃ ᠬᠡᠮᠡᠨ ᠵᠠᠷᠯᠢᠭ ᠪᠣᠯᠪᠠᠢ ᠅ 20᠂ ᠲᠡᠨᠳᠡ ᠱᠠᠪᠢᠨᠠᠷ ᠠᠨᠤ ᠦᠵᠡᠭᠡᠳ ᠭᠠᠶᠢᠬᠠᠨ ᠥᠭᠦᠯᠡᠯᠳᠦᠷᠦᠨ᠃ ᠲᠡᠷᠡ ᠲᠣᠰᠢᠯᠤᠭ ᠤᠨ ᠮᠣᠳᠤᠨ ᠠᠨᠤ ᠶᠠᠬᠢᠵᠢ ᠳᠠᠷᠤᠢ ᠬᠤᠪᠬᠠᠶᠢᠷᠠᠭᠰᠠᠨ ᠪᠤᠶᠤ᠃ 21᠂ ᠬᠡᠮᠡᠭᠰᠡᠨ ᠳᠦᠷ ᠢᠢᠰᠦᠰ ᠢᠨᠦ ᠲᠡᠳᠡᠨ ᠳᠦᠷ ᠬᠠᠷᠢᠭᠤ ᠵᠠᠷᠯᠢᠭ ᠪᠣᠯᠤᠷᠤᠨ᠃ ᠮᠢᠨᠦ ᠲᠠᠨᠳᠤᠷ ᠮᠠᠭᠠᠳᠯᠠᠨ ᠥᠭᠦᠯᠡᠬᠦᠢ ᠢᠨᠦ᠂ ᠬᠡᠷᠪᠡ ᠲᠠ ᠪᠡᠷ ᠰᠡᠵᠢᠭᠯᠡᠯ ᠦᠭᠡᠭᠦᠶ᠎ᠡ ᠢᠲᠡᠭᠡᠯ ᠲᠦ ᠪᠣᠯᠬᠤ ᠪᠥᠭᠡᠰᠦ᠂ ᠢᠮᠠᠭᠲᠠ ᠲᠣᠰᠢᠯᠤᠭ ᠤᠨ ᠮᠣᠳᠤᠨ ᠳᠤᠷ ᠦᠢᠯᠡᠳᠦᠭᠰᠡᠨ ᠢ ᠦᠢᠯᠡᠳᠬᠦ ᠪᠠᠶᠢᠲᠤᠭᠠᠢ᠂ ᠬᠠᠷᠢᠨ ᠲᠠ ᠪᠡᠷ ᠡᠨᠡ ᠠᠭᠤᠯᠠᠨ ᠳᠤᠷ᠂ ᠭᠠᠷᠭᠠᠭᠳᠠᠭᠠᠳ ᠳᠠᠯᠠᠢ ᠳᠤᠷ ᠬᠠᠶᠠᠭᠳᠠᠲᠤᠭᠠᠢ᠂ ᠬᠡᠮᠡᠨ ᠥᠭᠦᠯᠡᠪᠡᠰᠦ᠂ ᠲᠡᠷᠡ ᠴᠤ ᠪᠦᠲᠦᠬᠦ ᠪᠣᠯᠤᠶᠤ᠃ 22᠂ ᠪᠠᠰᠠ ᠲᠠ ᠪᠡᠷ ᠵᠠᠯᠪᠠᠷᠢᠯ ᠢᠶᠠᠷ ᠶᠠᠭᠤᠨ ᠢ ᠴᠤ ᠢᠲᠡᠭᠡᠵᠦ ᠡᠷᠢᠪᠡᠰᠦ ᠬᠦᠷᠲᠡᠬᠦ ᠪᠣᠯᠤᠶᠤ᠃ ᠬᠡᠮᠡᠨ ᠵᠠᠷᠯᠢᠭ ᠪᠣᠯᠪᠠᠢ ᠅ 23᠂ ᠲᠡᠶᠢᠨ ᠪᠥᠭᠡᠳ ᠲᠡᠭᠦᠨ ᠦ ᠰᠦᠮ᠎ᠡ ᠳᠦᠷ ᠣᠷᠣᠭᠠᠳ ᠰᠤᠷᠭᠠᠨ ᠠᠲᠠᠯ᠎ᠠ᠂ ᠲᠡᠷᠢᠭᠦᠨ ᠯᠠᠮᠠᠨᠠᠷ ᠬᠢᠭᠡᠳ ᠥᠲᠦᠭᠦᠰ ᠤᠯᠤᠰ ᠠᠨᠤ ᠢᠢᠰᠦᠰ ᠲᠦᠷ ᠢᠷᠡᠭᠡᠳ ᠥᠭᠦᠯᠡᠷᠦᠨ᠃ ᠴᠢ ᠪᠡᠷ ᠶᠠᠮᠪᠠᠷ ᠡᠷᠬᠡ ᠪᠡᠷ ᠡᠨᠡ ᠮᠡᠲᠦᠰ ᠢ ᠦᠢᠯᠡᠳᠦᠮᠦᠶᠦ᠃ ᠡᠨᠡ ᠡᠷᠬᠡ ᠶᠢ ᠴᠤ ᠴᠢᠮᠠᠳᠤᠷ ᠬᠡᠨ ᠥᠭᠪᠡᠦ [ᠥᠭᠪᠡᠢ]᠃ 24᠂ ᠬᠡᠮᠡᠭᠰᠡᠨ ᠳᠦᠷ ᠢᠢᠰᠦᠰ ᠢᠨᠦ ᠲᠡᠳᠡᠨ ᠳᠦᠷ ᠬᠠᠷᠢᠭᠤ ᠵᠠᠷᠯᠢᠭ ᠪᠣᠯᠤᠷᠤᠨ᠃ ᠪᠢ ᠴᠤ ᠲᠠᠨ ᠠᠴᠠ ᠨᠢᠭᠡ ᠦᠭᠡ ᠶᠢ ᠠᠰᠠᠭᠤᠰᠤ᠃ ᠬᠡᠷᠪᠡ ᠲᠠ ᠪᠡᠷ ᠲᠡᠭᠦᠨ ᠢ ᠨᠠᠳᠤᠷ ᠥᠭᠦᠯᠡᠬᠦ ᠪᠥᠭᠡᠰᠦ᠂ ᠪᠢ ᠴᠤ ᠶᠠᠮᠪᠠᠷ ᠡᠷᠬᠡ ᠪᠡᠷ ᠡᠨᠡ ᠮᠡᠲᠦᠰ ᠢ ᠦᠢᠯᠡᠳᠦᠳᠡᠭ ᠢᠶᠡᠨ ᠲᠠᠨᠳᠤᠷ ᠥᠭᠦᠯᠡᠰᠦ᠃ 25᠂ ᠢᠣᠸᠠᠨ ᠤ ᠪᠠᠹᠲ᠋ᠢᠰᠮᠠ ᠬᠡᠮᠡᠪᠡᠰᠦ ᠬᠠᠮᠢᠭ᠎ᠠ ᠠᠴᠠ ᠪᠤᠶᠤ᠃ ᠣᠭᠲᠠᠷᠭᠤᠢ ᠠᠴᠠ ᠪᠤᠶᠤ᠃ ᠬᠦᠮᠦᠨ ᠨᠦᠭᠦᠳ ᠡᠴᠡ ᠪᠤᠶᠤ᠃ ᠬᠡᠮᠡᠨ ᠵᠠᠷᠯᠢᠭ ᠪᠣᠯᠤᠭᠰᠠᠨ ᠳᠤᠷ ᠲᠡᠳᠡ ᠢᠨᠦ ᠥᠪᠡᠷ ᠵᠠᠭᠤᠷ᠎ᠠ ᠪᠠᠨ ᠵᠥᠪᠯᠡᠯᠳᠦᠨ ᠥᠭᠦᠯᠡᠷᠦᠨ᠃ ᠬᠡᠷᠪᠡ ᠪᠢᠳᠡ ᠣᠭᠲᠠᠷᠭᠤᠢ ᠠᠴᠠ᠂ ᠬᠡᠮᠡᠨ ᠥᠭᠦᠯᠡᠬᠦ ᠪᠥᠭᠡᠰᠦ᠂ ᠲᠡᠷᠡ ᠢᠨᠦ ᠡᠶᠢᠨ᠃ ᠲᠡᠶᠢᠨ ᠬᠦ ᠲᠠ ᠪᠡᠷ ᠶᠠᠭᠤᠨ ᠤ ᠲᠤᠯᠠ ᠡᠰᠡ ᠢᠲᠡᠭᠡᠪᠦᠦ᠂ ᠬᠡᠮᠡᠬᠦ᠃ 26᠂ ᠵᠦᠭᠡᠷ ᠬᠡᠷᠪᠡ ᠪᠢᠳᠡ ᠪᠡᠷ ᠬᠦᠮᠦᠨ ᠨᠦᠭᠦᠳ ᠡᠴᠡ ᠬᠡᠮᠡᠨ ᠥᠭᠦᠯᠡᠬᠦ ᠪᠥᠭᠡᠰᠦ᠂ ᠪᠢᠳᠡ ᠪᠡᠷ ᠤᠯᠤᠰ ᠠᠴᠠ ᠠᠶᠤᠮᠤᠢ᠃ ᠲᠡᠷᠡ ᠶᠠᠭᠤᠨ ᠤ ᠲᠤᠯᠠ ᠬᠡᠮᠡᠪᠡᠰᠦ᠂ ᠲᠡᠳᠡ ᠪᠦᠭᠦᠳᠡᠭᠡᠷ ᠢᠣᠸᠠᠨ ᠢ ᠹᠣᠷᠣᠹᠢᠳ ᠪᠣᠯᠭᠠᠨ ᠬᠦᠨᠳᠦᠯᠡᠮᠦᠢ᠃ 27᠂ ᠬᠡᠮᠡᠯᠳᠦᠭᠡᠳ ᠢᠢᠰᠦᠰ ᠲᠦᠷ ᠬᠠᠷᠢᠭᠤ ᠥᠭᠦᠯᠡᠷᠦᠨ᠃ ᠪᠢᠳᠡ ᠪᠡᠷ ᠡᠰᠡ ᠮᠡᠳᠡᠮᠦᠢ᠃ ᠬᠡᠮᠡᠭᠰᠡᠨ ᠳᠦᠷ ᠲᠡᠷᠡ ᠢᠨᠦ ᠲᠡᠳᠡᠨ ᠳᠦᠷ ᠵᠠᠷᠯᠢᠭ ᠪᠣᠯᠤᠷᠤᠨ᠃ ᠪᠢ ᠴᠤ ᠶᠠᠮᠪᠠᠷ ᠡᠷᠬᠡ ᠪᠡᠷ ᠡᠨᠡ ᠮᠡᠲᠦᠰ ᠢ ᠦᠢᠯᠡᠳᠦᠳᠡᠭ ᠢᠶᠡᠨ ᠲᠠᠨᠳᠤᠷ ᠦᠯᠦ ᠥᠭᠦᠯᠡᠬᠦ ᠪᠤᠢ᠃ 28᠂ ᠬᠠᠷᠢᠨ ᠲᠠ ᠪᠡᠷ ᠶᠠᠭᠤᠨ ᠢ ᠰᠠᠨᠠᠮᠤᠶᠤ ᠬᠡᠮᠡᠪᠡᠰᠦ᠂ ᠡᠷᠬᠡ ᠬᠦᠮᠦᠨ ᠢᠨᠦ ᠬᠣᠶᠠᠷ ᠬᠥᠪᠡᠭᠦᠨ ᠲᠦ ᠪᠣᠯᠤᠭᠠᠳ᠂ ᠶᠡᠬᠡ (ᠬᠥᠪᠡᠭᠦᠨ) ᠳᠦᠷ ᠢᠷᠡᠭᠡᠳ ᠥᠭᠦᠯᠡᠷ ᠦᠨ᠃ ᠬᠥᠪᠡᠭᠦᠨ ᠡ᠂ ᠣᠳᠤᠭᠠᠳ ᠡᠨᠡ ᠡᠳᠦᠷ᠎ᠡ ᠮᠢᠨᠦ ᠦᠵᠦᠮ ᠦᠨ ᠲᠠᠷᠢᠶᠠᠯᠠᠩ ᠳᠤᠷ ᠬᠥᠳᠦᠯᠦᠨ ᠦᠢᠯᠡᠳ᠃ 29᠂ ᠬᠡᠮᠡᠭᠰᠡᠨ ᠳᠦᠷ ᠲᠡᠷᠡ ᠢᠨᠦ ᠪᠢ ᠦᠯᠦ ᠣᠳᠬᠤ᠃ ᠬᠡᠮᠡᠪᠡᠴᠦ ᠬᠣᠶᠢᠨᠠ ᠭᠡᠮᠰᠢᠭᠡᠳ ᠣᠳᠪᠠᠢ᠃ 30᠂ ᠪᠠᠰᠠ ᠲᠡᠷᠡ ᠢᠨᠦ ᠪᠠᠭ᠎ᠠ ᠬᠥᠪᠡᠭᠦᠨ ᠳᠦᠷ ᠣᠳᠤᠭᠠᠳ ᠲᠡᠭᠦᠨᠴᠢᠯᠡᠨ ᠦ ᠥᠭᠦᠯᠡᠪᠡᠢ᠃ ᠲᠡᠷᠡ ᠢᠨᠦ ᠬᠠᠷᠢᠭᠤ ᠡᠶᠢᠨ᠃ ᠡᠵᠡᠨ ᠡ᠂ ᠪᠢ ᠪᠡᠷ ᠣᠳᠤᠮᠤᠢ᠃ ᠬᠡᠮᠡᠪᠡᠴᠦ ᠡᠰᠡ ᠣᠳᠪᠠᠢ᠃ 31᠂ ᠡᠳᠡ ᠬᠣᠶᠠᠷ ᠠᠴᠠ ᠠᠯᠢ ᠠᠨᠤ ᠡᠴᠢᠭᠡ ᠶᠢᠨ ᠳᠤᠷᠠᠪᠠᠷ ᠦᠢᠯᠡᠳᠪᠦᠦ᠃ ᠬᠡᠮᠡᠨ ᠵᠠᠷᠯᠢᠭ ᠪᠣᠯᠤᠭᠰᠠᠨ ᠳᠤᠷ ᠲᠡᠳᠡ ᠢᠨᠦ᠂ ᠶᠡᠬᠡ ᠬᠥᠪᠡᠭᠦᠨ᠂ ᠬᠡᠮᠡᠪᠡᠢ᠃ ᠢᠢᠰᠦᠰ ᠢᠨᠦ ᠲᠡᠳᠡᠨ ᠳᠦᠷ ᠵᠠᠷᠯᠢᠭ ᠪᠣᠯᠤᠷᠤᠨ᠃ ᠮᠢᠨᠦ ᠲᠠᠨ ᠳᠤᠷ ᠮᠠᠭᠠᠳᠯᠠᠨ ᠥᠭᠦᠯᠡᠬᠦᠢ ᠢᠨᠦ᠂ ᠠᠪᠤᠯᠭᠠᠴᠢᠨᠠᠷ ᠬᠢᠭᠡᠳ ᠰᠠᠳᠤᠷ ᠡᠮᠡᠰ ᠢᠨᠦ ᠲᠠᠨ ᠠᠴᠠ ᠤᠷᠢᠳᠠ ᠪᠤᠷᠬᠠᠨ ᠤ ᠡᠵᠡᠯᠡᠭᠦᠷᠢᠨ ᠳᠦᠷ ᠣᠷᠣᠬᠤ ᠪᠤᠢ᠃ 32᠂ ᠲᠡᠷᠡ ᠶᠠᠭᠤᠨ ᠤ ᠲᠤᠯᠠ ᠬᠡᠮᠡᠪᠡᠰᠦ᠂ ᠢᠣᠸᠠᠨ ᠠᠨᠤ ᠲᠠᠨ ᠳᠤᠷ ᠵᠥᠪ ᠲᠦ ᠵᠠᠮ ᠢᠶᠠᠷ ᠢᠷᠡᠪᠡᠴᠦ᠂ ᠲᠠ ᠪᠡᠷ ᠲᠡᠭᠦᠨ ᠳᠦᠷ ᠡᠰᠡ ᠢᠲᠡᠭᠡᠪᠡᠢ᠂ ᠵᠦᠭᠡᠷ ᠠᠪᠤᠯᠭᠠᠴᠢᠨᠠᠷ ᠬᠢᠭᠡᠳ ᠰᠠᠳᠤᠷ ᠡᠮᠡᠰ ᠢᠨᠦ ᠢᠲᠡᠭᠡᠪᠡᠢ᠃ ᠲᠠ ᠴᠤ ᠦᠵᠡᠭᠡᠳ᠂ ᠢᠲᠡᠭᠡᠬᠦ ᠶᠢᠨ ᠲᠤᠯᠠ ᠬᠣᠶᠢᠨᠠ ᠡᠰᠡ ᠭᠡᠮᠰᠢᠪᠡᠢ ᠅ 33᠂ ᠪᠤᠰᠤ ᠨᠢᠭᠡᠨ ᠦᠯᠢᠭᠡᠷ ᠢ ᠰᠣᠨᠣᠰᠤᠭᠲᠤᠨ᠃ ᠨᠢᠭᠡ ᠬᠦᠮᠦᠨ ᠢᠨᠦ ᠦᠵᠦᠮ ᠦᠨ ᠲᠠᠷᠢᠶᠠᠯᠠᠩ ᠢ ᠲᠠᠷᠢᠭᠠᠳ᠂ ᠲᠡᠭᠦᠨ ᠢ ᠬᠦᠷᠢᠶᠡᠯᠡᠨ᠂ ᠳᠣᠲᠣᠷ᠎ᠠ ᠠᠨᠤ ᠰᠢᠬᠠᠯᠭᠠᠨ ᠢ ᠮᠠᠯᠲᠠᠨ᠂ ᠠᠰᠠᠷ ᠲᠤ ᠭᠡᠷ ᠢ ᠡᠭᠦᠳᠦᠭᠡᠳ ᠦᠵᠦᠮᠴᠢᠨᠠᠷ ᠲᠦᠷ ᠲᠠᠭᠠᠭᠠᠯᠭᠠᠭᠠᠳ ᠴᠢᠨᠠᠭᠰᠢᠳᠠ ᠣᠳᠪᠠᠢ᠃ 34᠂ ᠲᠡᠶᠢᠨ ᠪᠥᠭᠡᠳ ᠵᠢᠮᠢᠰ ᠦᠨ ᠴᠠᠭ ᠤᠨ ᠣᠶᠢᠷ᠎ᠠ ᠪᠣᠯᠤᠭᠰᠠᠨ ᠳᠤᠷ ᠲᠡᠷᠡ ᠢᠨᠦ ᠵᠢᠮᠢᠰ ᠢᠶᠡᠨ ᠠᠪᠬᠤ ᠶᠢᠨ ᠲᠤᠯᠠ ᠪᠣᠭᠣᠯ ᠤᠳ ᠢᠶᠠᠨ ᠦᠵᠦᠮᠴᠢᠨᠠᠷ ᠲᠦᠷ ᠢᠯᠡᠭᠡᠪᠡᠢ᠃ 35᠂ ᠵᠦᠭᠡᠷ ᠲᠡᠳᠡ ᠦᠵᠦᠮᠴᠢᠨᠠᠷ ᠢᠨᠦ ᠲᠡᠭᠦᠨ ᠦ ᠪᠣᠭᠣᠯ ᠤᠳ ᠢ ᠠᠪᠤᠭᠠᠳ᠂ ᠨᠢᠭᠡᠨ ᠢ ᠬᠥᠪᠰᠢᠭᠡᠳ᠂ ᠪᠤᠰᠤ ᠨᠢᠭᠡᠨ ᠢ ᠠᠯᠠᠭᠠᠳ᠂ ᠪᠤᠰᠤ ᠨᠢᠭᠡᠨ ᠢ ᠴᠢᠯᠠᠭᠤᠳᠠᠪᠠᠢ᠃ 36᠂ ᠪᠠᠰᠠ ᠲᠡᠷᠡ ᠢᠨᠦ ᠤᠷᠢᠳᠠᠬᠢ ᠠᠴᠠ ᠣᠯᠠᠨ ᠪᠣᠭᠣᠯ ᠤᠳ ᠢ ᠢᠯᠡᠭᠡᠪᠡᠢ᠃ ᠬᠠᠷᠢᠨ ᠲᠡᠳᠡ ᠢᠨᠦ ᠲᠡᠳᠡᠨ ᠳᠦᠷ ᠴᠤ ᠲᠡᠷᠡ ᠮᠡᠲᠦ ᠪᠡᠷ ᠦᠢᠯᠡᠳᠪᠡᠢ᠃ 37᠂ ᠡᠴᠦᠰ ᠲᠡᠭᠡᠨ ᠲᠡᠷᠡ ᠢᠨᠦ ᠬᠥᠪᠡᠭᠦᠨ ᠢᠶᠡᠨ ᠢᠯᠡᠭᠡᠵᠦ ᠡᠶᠢᠨ᠃ ᠲᠡᠳᠡ ᠢᠨᠦ ᠮᠢᠨᠦ ᠬᠥᠪᠡᠭᠦᠨ ᠢ ᠬᠦᠨᠳᠦᠯᠡᠬᠦ ᠪᠤᠢ᠃ ᠬᠡᠮᠡᠪᠡᠢ᠃ 38᠂ ᠵᠦᠭᠡᠷ ᠦᠵᠦᠮᠴᠢᠨᠠᠷ ᠢᠨᠦ ᠬᠥᠪᠡᠭᠦᠨ ᠢ ᠦᠵᠡᠭᠡᠳ᠂ ᠥᠪᠡᠷ ᠵᠠᠭᠤᠷ᠎ᠠ ᠪᠠᠨ ᠥᠭᠦᠯᠡᠯᠳᠦᠷ ᠦᠨ᠃ ᠡᠨᠡ ᠢᠨᠦ ᠥᠮᠴᠡ ᠶᠢ ᠠᠪᠤᠭᠴᠢ ᠮᠥᠨ᠃ ᠪᠢᠳᠡ ᠪᠡᠷ ᠣᠳᠤᠭᠠᠳ ᠲᠡᠭᠦᠨ ᠢ ᠠᠯᠠᠭᠠᠳ ᠥᠮᠴᠡ ᠶᠢ ᠠᠪᠤᠶ᠎ᠠ᠃ 39᠂ ᠬᠡᠮᠡᠯᠳᠦᠭᠡᠳ ᠲᠡᠭᠦᠨ ᠢ ᠪᠠᠷᠢᠨ ᠦᠵᠦᠮ ᠦᠨ ᠲᠠᠷᠢᠶᠠᠯᠠᠩ ᠤᠨ ᠭᠠᠳᠠᠨᠠ ᠭᠠᠷᠭᠠᠭᠠᠳ ᠠᠯᠠᠪᠠᠢ᠃ 40᠂ ᠲᠡᠶᠢᠨ ᠪᠥᠭᠡᠲᠡᠯ᠎ᠡ ᠦᠵᠦᠮ ᠦᠨ ᠲᠠᠷᠢᠶᠠᠯᠠᠩ ᠤᠨ ᠡᠵᠡᠨ ᠢᠨᠦ ᠢᠷᠡᠬᠦᠢ ᠳᠡᠭᠡᠨ ᠲᠡᠳᠡ ᠦᠵᠦᠮᠴᠢᠨᠠᠷ ᠲᠦᠷ ᠶᠠᠭᠤᠨ ᠢ ᠦᠢᠯᠡᠳᠬᠦ ᠪᠤᠶᠤ᠃ 41᠂ ᠬᠡᠮᠡᠨ ᠵᠠᠷᠯᠢᠭ ᠪᠣᠯᠤᠭᠰᠠᠨ ᠳᠤᠷ ᠲᠡᠳᠡ ᠢᠨᠦ ᠥᠭᠦᠯᠡᠷᠦᠨ᠃ ᠲᠡᠷᠡ ᠢᠨᠦ ᠲᠡᠳᠡ ᠮᠠᠭᠤ ᠨᠤᠭᠤᠳ ᠢ ᠵᠣᠪᠠᠭᠠᠵᠤ ᠦᠬᠦᠭᠦᠯᠦᠭᠡᠳ᠃ ᠲᠠᠷᠢᠶᠠᠯᠠᠩ ᠢᠶᠠᠨ ᠵᠥᠪ ᠲᠦ ᠴᠠᠭ ᠲᠤᠷ ᠵᠢᠮᠢᠰ ᠢ ᠥᠭᠬᠦᠢ ᠪᠤᠰᠤ ᠦᠵᠦᠮᠴᠢᠨᠠᠷ ᠲᠦᠷ ᠲᠠᠭᠠᠭᠠᠯᠭᠠᠬᠤ ᠪᠤᠢ᠃ 42᠂ ᠬᠡᠮᠡᠭᠰᠡᠨ ᠳᠦᠷ ᠢᠢᠰᠦᠰ ᠢᠨᠦ ᠲᠡᠳᠡᠨ ᠳᠦᠷ ᠵᠠᠷᠯᠢᠭ ᠪᠣᠯᠤᠷᠤᠨ᠃ ᠡᠭᠦᠳᠦᠭᠴᠢᠨᠠᠷ ᠤᠨ ᠬᠡᠷᠡᠭ ᠦᠭᠡᠢ ᠪᠣᠯᠭᠠᠭᠰᠠᠨ ᠴᠢᠯᠠᠭᠤᠨ ᠠᠨᠤ ᠥᠨᠴᠦᠭ ᠦᠨ ᠲᠡᠷᠢᠭᠦᠨ ᠪᠣᠯᠪᠠᠢ᠃ ᠡᠨᠡ ᠢᠨᠦ ᠡᠵᠡᠨ ᠡᠴᠡ ᠪᠣᠯᠤᠭᠠᠳ᠂ ᠪᠢᠳᠡᠨ ᠦ ᠨᠢᠳᠦᠨ ᠳᠦᠷ ᠭᠠᠶᠢᠬᠠᠮᠰᠢᠭ ᠲᠤ ᠪᠤᠢ᠃ ᠬᠡᠮᠡᠨ ᠲᠦ ᠪᠡᠷ ᠰᠤᠳᠤᠷ ᠤᠳ ᠲᠤᠷ ᠬᠡᠵᠢᠶ᠎ᠡ ᠴᠤ ᠡᠰᠡ ᠤᠩᠰᠢᠭᠰᠠᠨ ᠪᠤᠶᠤ᠃ 43᠂ ᠲᠡᠶᠢᠮᠦ ᠶᠢᠨ ᠲᠤᠯᠠ ᠮᠢᠨᠦ ᠲᠠᠨ ᠳᠤᠷ ᠥᠭᠦᠯᠡᠬᠦᠢ ᠢᠨᠦ᠂ ᠪᠤᠷᠬᠠᠨ ᠤ ᠡᠵᠡᠯᠡᠭᠦᠷᠢ ᠢᠨᠦ ᠲᠠᠨ ᠠᠴᠠ ᠠᠪᠲᠠᠭᠠᠳ᠂ ᠲᠡᠭᠦᠨ ᠦ ᠦᠷᠡᠰ ᠢ ᠡᠭᠦᠰᠬᠡᠭᠴᠢ ᠤᠯᠤᠰ ᠲᠤᠷ ᠥᠭᠳᠡᠬᠦ ᠪᠤᠢ᠃ 44᠂ ᠪᠠᠰᠠ ᠠᠯᠢ ᠬᠡᠨ ᠡᠨᠡ ᠴᠢᠯᠠᠭᠤᠨ ᠳᠤᠷ ᠤᠨᠠᠭᠴᠢ ᠠᠨᠤ ᠡᠪᠳᠡᠷᠡᠭᠦᠯᠦᠭᠳᠡᠬᠦ᠃ ᠬᠠᠷᠢᠨ ᠠᠯᠢ ᠬᠡᠨ ᠦ ᠳᠡᠭᠡᠷ᠎ᠡ ᠲᠡᠷᠡ ᠤᠨᠠᠪᠠᠰᠤ᠂ ᠲᠡᠭᠦᠨ ᠢ ᠬᠡᠮᠬᠡᠯᠡᠬᠦ ᠪᠤᠢ᠃ 45᠂ ᠬᠡᠮᠡᠨ ᠦᠯᠢᠭᠡᠷ ᠵᠠᠷᠯᠢᠭ ᠪᠣᠯᠤᠭᠰᠠᠨ ᠢ ᠲᠡᠷᠢᠭᠦᠨ ᠯᠠᠮᠠᠨᠠᠷ ᠬᠢᠭᠡᠳ ᠹᠠᠷᠢᠰᠢ [ᠹᠠᠷᠢᠰᠢᠢ] ᠨᠠᠷ ᠠᠨᠤ ᠰᠣᠨᠣᠰᠤᠭᠠᠳ᠂ ᠲᠡᠳᠡᠨ ᠦ ᠤᠴᠢᠷ᠎ᠠ ᠥᠭᠦᠯᠡᠭᠰᠡᠨ ᠢ ᠮᠡᠲᠡᠭᠡᠳ᠃ 46᠂ ᠲᠡᠭᠦᠨ ᠢ ᠪᠠᠷᠢᠬᠤᠶ᠎ᠠ ᠡᠷᠢᠪᠡᠴᠦ ᠤᠯᠤᠰ ᠠᠴᠠ ᠠᠶᠤᠪᠠᠢ᠃ ᠲᠡᠷᠡ ᠶᠠᠭᠤᠨ ᠤ ᠲᠤᠯᠠ ᠬᠡᠮᠡᠪᠡᠰᠦ᠂ ᠲᠡᠳᠡ ᠢᠨᠦ ᠲᠡᠭᠦᠨ ᠢ ᠹᠣᠷᠣᠹᠢᠳ ᠪᠣᠯᠭᠠᠨ ᠬᠦᠨᠳᠦᠯᠡᠪᠡᠢ ᠅

Highlight

Share

Copy

None

Want to have your highlights saved across all your devices? Sign up or sign in