ᠮᠠᠳᠲ᠋ᠢᠢ 6
6
ᠵᠢᠷᠭᠤᠳᠤᠭᠠᠷ ᠪᠦᠯᠦᠭ ᠅
1᠂ ᠲᠠ ᠪᠡᠷ ᠬᠦᠮᠦᠨ ᠨᠦᠭᠦᠳ ᠲᠦᠷ ᠦᠵᠡᠭᠳᠡᠬᠦ ᠶᠢᠨ ᠲᠤᠯᠠ ᠲᠡᠳᠡᠨ ᠦ ᠡᠮᠦᠨ᠎ᠡ ᠥᠭᠯᠢᠭᠡ ᠶᠢ ᠥᠭᠬᠦᠢ ᠠᠴᠠ ᠬᠢᠴᠢᠶᠡᠭᠲᠦᠨ᠃ ᠲᠡᠶᠢᠨ ᠪᠤᠰᠤ ᠪᠥᠭᠡᠰᠦ ᠲᠠ ᠪᠡᠷ ᠣᠭᠲᠠᠷᠭᠤᠢ ᠳᠠᠬᠢ ᠲᠠᠨᠤ ᠡᠴᠢᠭᠡ ᠡᠴᠡ ᠱᠠᠠᠠᠠ᠋ [ᠱᠠᠩ] ᠦᠯᠦ ᠬᠦᠷᠲᠡᠬᠦ ᠪᠤᠢ᠃ 2᠂ ᠲᠡᠶᠢᠮᠦ ᠶᠢᠨ ᠲᠤᠯᠠ ᠴᠢ ᠪᠡᠷ ᠥᠭᠯᠢᠭᠡ ᠶᠢ ᠥᠭᠬᠦᠢ ᠳᠡᠭᠡᠨ᠂ ᠬᠦᠮᠦᠨ ᠳᠦᠷ ᠮᠠᠭᠲᠠᠭᠳᠠᠬᠤ ᠶᠢᠨ ᠲᠤᠯᠠ ᠬᠤᠷᠠᠯ ᠤᠳ ᠤᠨ ᠳᠣᠲᠣᠷ᠎ᠠ ᠬᠢᠭᠡᠳ ᠵᠡᠭᠡᠯᠢᠨ ᠳᠦᠷ ᠮᠡᠬᠡᠲᠦ ᠨᠢᠭᠤᠷ ᠲᠠᠨ ᠤ ᠦᠢᠯᠡᠳᠦᠳᠡᠭ ᠮᠡᠲᠦ ᠪᠡᠶ᠎ᠡ ᠶᠢᠨ ᠡᠮᠦᠨ᠎ᠡ ᠪᠦᠷᠢᠶᠡᠨ ᠢ ᠲᠡᠳᠡᠨ ᠪᠦᠦ ᠦᠢᠯᠡᠳ᠃ ᠲᠡᠳᠡ ᠢᠨᠦ ᠱᠠᠠᠠᠠ᠋ [ᠱᠠᠩ] ᠢᠶᠡᠨ ᠠᠪᠤᠳᠠᠭ᠂ ᠬᠡᠮᠡᠨ ᠪᠢ ᠪᠡᠷ ᠲᠠᠨ ᠳᠤᠷ ᠮᠠᠭᠠᠳᠯᠠᠨ ᠥᠭᠦᠯᠡᠮᠦᠢ᠃ 3᠂ ᠬᠠᠷᠢᠨ ᠴᠢᠨᠦ ᠥᠭᠯᠢᠭᠡ ᠶᠢ ᠥᠭᠬᠦᠢ ᠳᠦᠷ᠂ ᠴᠢᠨᠦ ᠵᠡᠭᠦᠨ ᠭᠠᠷ ᠠᠨᠤ ᠪᠠᠷᠠᠭᠤᠨ ᠭᠠᠷ ᠤᠨ ᠵᠠᠭᠤᠨ ᠦᠢᠯᠡᠳᠦᠳᠡᠭ ᠢ ᠦᠯᠦ ᠮᠡᠳᠡᠬᠦ ᠪᠣᠯᠲᠤᠭᠠᠢ᠃ 4᠂ ᠡᠨᠡ ᠮᠡᠲᠦ ᠪᠡᠷ ᠴᠢᠨᠦ ᠥᠭᠯᠢᠭᠡ ᠢᠨᠦ ᠨᠢᠭᠤᠴᠠ ᠪᠠᠷ ᠦᠢᠯᠡᠳᠦᠭᠳᠡᠬᠦ ᠪᠤᠢ᠃ ᠲᠡᠶᠢᠨ ᠬᠦ ᠡᠯ᠎ᠡ ᠨᠢᠭᠤᠴᠠ ᠪᠠᠷ ᠦᠵᠡᠭᠴᠢ ᠴᠢᠨᠦ ᠡᠴᠢᠭᠡ ᠢᠨᠦ ᠴᠢᠮᠠᠶᠢ ᠢᠯᠡ ᠪᠡᠷ ᠱᠠᠩᠨᠠᠬᠤ ᠪᠤᠢ ᠅ 5᠂ ᠪᠠᠰᠠ ᠴᠢ ᠪᠡᠷ ᠵᠠᠯᠪᠠᠷᠢᠬᠤᠢ ᠳᠤᠷ ᠢᠶᠠᠨ ᠮᠡᠬᠡᠲᠦ ᠨᠢᠭᠤᠷ ᠲᠠᠨ ᠮᠡᠲᠦ ᠪᠦᠦ ᠪᠣᠯ᠃ ᠲᠡᠳᠡ ᠬᠡᠮᠡᠪᠡᠰᠦ ᠬᠦᠮᠦᠨ ᠨᠦᠭᠦᠳ ᠲᠦᠷ ᠦᠵᠡᠭᠳᠡᠬᠦ ᠶᠢᠨ ᠲᠤᠯᠠ ᠬᠤᠷᠠᠯ ᠤᠳ ᠤᠨ ᠳᠣᠲᠣᠷ᠎ᠠ᠂ ᠡᠰᠡᠪᠡᠰᠦ ᠵᠡᠭᠡᠯᠢᠨ ᠦ ᠢᠯᠡ ᠭᠠᠵᠠᠳ ᠲᠤᠷ ᠪᠠᠶᠢᠵᠤ ᠵᠠᠯᠪᠠᠷᠢᠬᠤᠶᠠ ᠳᠤᠷᠠᠰᠢᠳᠠᠭ᠃ ᠲᠡᠳᠡ ᠢᠨᠦ ᠱᠠᠠᠠᠠ᠋ [ᠱᠠᠩ] ᠢᠶᠡᠨ ᠠᠪᠤᠳᠠᠭ᠂ ᠬᠡᠮᠡᠨ ᠪᠢ ᠪᠡᠷ ᠲᠠᠨᠳᠤᠷ ᠮᠠᠭᠠᠳᠯᠠᠨ ᠥᠭᠦᠯᠡᠮᠦᠢ᠃ 6᠂ ᠬᠠᠷᠢᠨ ᠴᠢ ᠪᠡᠷ ᠵᠠᠯᠪᠠᠷᠢᠬᠤᠢ ᠳᠤᠷ ᠢᠶᠠᠨ ᠥᠪᠡᠷᠦᠨ ᠲᠠᠰᠤᠭ ᠲᠤᠷ ᠣᠷᠣᠵᠤ᠂ ᠡᠭᠦᠳᠡᠨ ᠢ ᠬᠠᠭᠠᠭᠠᠳ᠂ ᠨᠢᠭᠤᠴᠠ ᠳᠤᠷ ᠠᠭᠴᠢ ᠡᠴᠢᠭᠡ ᠳᠡᠭᠡᠨ ᠵᠠᠯᠪᠠᠷᠢᠨ ᠦᠢᠯᠡᠳ᠃ ᠲᠡᠶᠢᠨ ᠬᠦ ᠡᠯ᠎ᠡ ᠢᠭᠤᠴᠠ [ᠨᠢᠭᠤᠴᠠ] ᠪᠠᠷ ᠦᠵᠡᠭᠴᠢ ᠴᠢᠨᠦ ᠡᠴᠢᠭᠡ ᠢᠨᠦ ᠴᠢᠮᠠᠶᠢ ᠢᠯᠡ ᠪᠡᠷ ᠱᠠᠩᠨᠠᠬᠤ ᠪᠤᠢ ᠅ 7᠂ ᠪᠠᠰᠠ ᠲᠠ ᠪᠡᠷ ᠵᠠᠯᠪᠠᠷᠢᠬᠤᠢ ᠳᠠᠭᠠᠨ ᠪᠠᠯᠠᠢ ᠨᠣᠮᠲᠠᠨ ᠮᠡᠲᠦ ᠪᠦᠦ ᠴᠠᠯᠴᠢᠭᠲᠤᠨ᠃ ᠲᠡᠳᠡ ᠬᠡᠮᠡᠪᠡᠰᠦ ᠣᠯᠠᠨ ᠦᠭᠡᠰ ᠦᠨ ᠲᠤᠯᠠ ᠰᠣᠨᠣᠰᠳᠠᠬᠤ ᠪᠤᠢ ᠵᠠ ᠬᠡᠮᠡᠨ ᠰᠠᠨᠠᠳᠠᠭ᠃ 8᠂ ᠲᠡᠶᠢᠮᠦ ᠶᠢᠨ ᠲᠤᠯᠠ ᠲᠡᠳᠡᠨ ᠯᠦᠭᠡ ᠠᠳᠠᠯᠢ ᠪᠦᠦ ᠪᠣᠯᠤᠭᠲᠤᠨ᠃ ᠲᠡᠷᠡ ᠶᠠᠭᠤᠨ ᠤ ᠲᠤᠯᠠ ᠬᠡᠮᠡᠪᠡᠰᠦ᠂ ᠲᠠᠨᠤ ᠡᠷᠢᠬᠦ ᠡᠴᠡ ᠤᠷᠢᠳᠠ ᠲᠠᠨᠳᠤᠷ ᠶᠠᠭᠤᠨ ᠬᠡᠷᠡᠭ ᠲᠦ ᠠᠬᠤᠢ ᠶᠢ ᠲᠠᠨᠤ ᠡᠴᠢᠭᠡ ᠢᠨᠦ ᠮᠡᠳᠡᠮᠦᠢ᠃ 9᠂ ᠲᠡᠶᠢᠮᠦ ᠶᠢᠨ ᠲᠤᠯᠠ ᠲᠠ ᠪᠡᠷ ᠡᠶᠢᠨ᠂ ᠣᠭᠲᠠᠷᠭᠤᠢ ᠳᠠᠬᠢ ᠪᠢᠳᠡᠨ ᠦ ᠡᠴᠢᠭᠡ ᠡ᠂ ᠴᠢᠨᠦ ᠨᠡᠷ᠎ᠡ ᠢᠨᠦ ᠠᠷᠢᠭᠤᠪᠠᠷ ᠬᠦᠨᠳᠦᠯᠡᠭᠳᠡᠬᠦ ᠪᠣᠯᠲᠤᠭᠠᠢ᠃ ᠴᠢᠨᠦ ᠡᠵᠡᠯᠡᠭᠦᠷᠢ ᠢᠨᠦ ᠢᠷᠡᠬᠦ ᠪᠣᠯᠲᠤᠭᠠᠢ᠃ 10᠂ ᠴᠢᠨᠦ ᠲᠠᠭᠠᠯᠠᠯ ᠠᠨᠤ ᠣᠭᠲᠠᠷᠭᠤᠢ ᠳᠤᠷ ᠭᠡᠷ ᠪᠦᠲᠦᠳᠡᠭ ᠮᠡᠲᠦ᠂ ᠲᠡᠭᠦᠨᠴᠢᠯᠡᠨ ᠳᠡᠯᠡᠬᠡᠢ ᠶᠢᠨ ᠳᠡᠭᠡᠷ᠎ᠡ ᠴᠤ ᠪᠦᠲᠦᠬᠦ ᠪᠣᠯᠲᠤᠭᠠᠢ᠃ 11᠂ ᠪᠢᠳᠡᠨ ᠦ ᠡᠳᠦᠷ ᠪᠦᠷᠢ ᠶᠢᠨ ᠬᠡᠷᠡᠭᠯᠡᠬᠦᠨ ᠲᠡᠵᠢᠭᠡᠯ ᠢ ᠡᠳᠦᠭᠡ ᠡᠳᠦᠷ᠎ᠡ ᠴᠤ ᠪᠢᠳᠡᠨ ᠳᠦᠷ ᠥᠭᠭᠦᠨ ᠰᠣᠶᠤᠷᠬ᠎ᠠ᠃ 12᠂ ᠪᠢᠳᠡ ᠪᠡᠷ ᠪᠢᠳᠡᠨ ᠳᠦᠷ ᠪᠤᠷᠤᠭᠤ ᠶᠢ ᠦᠢᠯᠡᠳᠦᠭᠴᠢᠳ ᠢ ᠭᠡᠷ ᠬᠡᠯᠲᠦᠷᠢᠭᠦᠯᠦᠳᠡᠭ᠌ ᠮᠡᠲᠦ᠂ ᠲᠡᠭᠦᠨᠴᠢᠯᠡᠨ ᠪᠢᠳᠡᠨ ᠦ ᠪᠤᠷᠤᠭᠤ ᠨᠤᠭᠤᠳ ᠢ ᠴᠤ ᠬᠡᠯᠲᠦᠷᠢᠭᠦᠯᠦᠨ ᠰᠣᠶᠤᠷᠬ᠎ᠠ᠃ 13᠂ ᠪᠢᠳᠡᠨ ᠢ ᠰᠢᠨᠵᠢᠯᠡᠯ ᠳᠦᠷ ᠦᠯᠦ ᠣᠷᠣᠭᠤᠯᠤᠨ᠂ ᠮᠠᠭᠤ ᠠᠴᠠ ᠴᠤ ᠲᠣᠨᠢᠯᠭᠠᠨ ᠰᠣᠶᠤᠷᠬ᠎ᠠ᠃ ᠲᠡᠷᠡ ᠶᠠᠭᠤᠨ ᠤ ᠲᠤᠯᠠ ᠬᠡᠮᠡᠪᠡᠰᠦ᠂ ᠡᠵᠡᠯᠡᠭᠦᠷᠢ ᠬᠢᠭᠡᠳ ᠠᠤᠭ᠎ᠠ ᠬᠦᠴᠦ ᠪᠠ ᠴᠣᠭ ᠵᠢᠪᠬᠤᠯᠠᠠᠠᠠ᠋ [ᠵᠢᠪᠬᠤᠯᠠᠩ] ᠠᠨᠤ ᠮᠥᠩᠬᠡᠳᠡ ᠴᠢᠨᠦ ᠪᠤᠢ᠃ ᠡᠨᠡ ᠮᠡᠲᠦ ᠪᠡᠷ ᠪᠣᠯᠬᠤ ᠪᠣᠯᠲᠤᠭᠠᠢ᠃ ᠬᠡᠮᠡᠨ ᠵᠠᠯᠪᠠᠷᠢᠭᠲᠤᠨ ᠅ 14᠂ ᠲᠡᠷᠡ ᠶᠠᠭᠤᠨ ᠤ ᠲᠤᠯᠠ ᠬᠡᠮᠡᠪᠡᠰᠦ᠂ ᠬᠡᠷᠪᠡ ᠲᠠ ᠪᠡᠷ ᠬᠦᠮᠦᠨ ᠨᠦᠭᠦᠳ ᠦᠨ ᠪᠤᠷᠤᠭᠤ ᠨᠤᠭᠤᠳ ᠢ ᠬᠡᠯᠲᠦᠷᠢᠭᠦᠯᠪᠡᠰᠦ᠂ ᠲᠠᠨᠤ ᠣᠭᠲᠠᠷᠭᠤᠢ ᠶᠢᠨ ᠡᠴᠢᠭᠡ ᠢᠨᠦ ᠲᠠᠨᠤ ᠪᠤᠷᠤᠭᠤ ᠨᠤᠭᠤᠳ ᠢ ᠬᠡᠯᠲᠦᠷᠢᠭᠦᠯᠬᠦ ᠪᠤᠢ᠃ 15᠂ ᠵᠦᠭᠡᠷ ᠬᠡᠷᠪᠡ ᠲᠠ ᠪᠠᠷ ᠬᠦᠮᠦᠨ ᠨᠦᠭᠦᠳ ᠦᠨ ᠪᠤᠷᠤᠭᠤ ᠨᠤᠭᠤᠳ ᠢ ᠦᠯᠦ ᠬᠡᠯᠲᠦᠷᠢᠭᠦᠯᠬᠦ ᠪᠥᠭᠡᠰᠦ᠂ ᠲᠠᠨᠤ ᠣᠭᠲᠠᠷᠭᠤᠢ ᠶᠢᠨ ᠡᠴᠢᠭᠡ ᠢᠨᠦ ᠲᠠᠨᠤ ᠪᠤᠷᠤᠭᠤ ᠨᠤᠭᠤᠳ ᠢ ᠴᠤ ᠦᠯᠦ ᠬᠡᠯᠲᠦᠷᠢᠭᠦᠯᠬᠦ ᠪᠤᠢ ᠅ 16᠂ ᠪᠠᠰᠠ ᠲᠠ ᠪᠡᠷ ᠪᠠᠴᠠᠭᠯᠠᠬᠤᠢ ᠳᠠᠭᠠᠨ ᠮᠡᠬᠡᠲᠦ ᠨᠢᠭᠤᠷ ᠲᠠᠨ ᠮᠡᠲᠦ ᠭᠠᠰᠢᠭᠤᠳᠠᠯ ᠲᠤ ᠴᠢᠷᠠᠢ ᠲᠤ ᠪᠦᠦ ᠪᠣᠯᠤᠭᠲᠤᠨ᠃ ᠲᠡᠳᠡ ᠬᠡᠮᠡᠪᠡᠰᠦ ᠬᠦᠮᠦᠨ ᠳᠦᠷ ᠦᠵᠡᠭᠳᠡᠬᠦ ᠶᠢᠨ ᠲᠤᠯᠠ ᠴᠢᠷᠠᠢ ᠪᠠᠨ ᠦᠵᠡᠰᠬᠦᠯᠡᠩ ᠦᠭᠡᠢ ᠪᠣᠯᠭᠠᠳᠠᠭ᠃ ᠲᠡᠳᠡ ᠢᠨᠦ ᠱᠠᠩ ᠢᠶᠠᠨ ᠠᠪᠤᠳᠠᠭ᠃ ᠬᠡᠮᠡᠨ ᠪᠢ ᠪᠡᠷ ᠲᠠᠨᠳᠤᠷ ᠮᠠᠭᠠᠳᠯᠠᠯ ᠥᠭᠦᠯᠡᠮᠦᠢ᠃ 17᠂ ᠬᠠᠷᠢᠨ ᠴᠢ ᠪᠡᠷ ᠪᠠᠴᠠᠭᠯᠠᠬᠤᠢ ᠳᠠᠭᠠᠨ ᠲᠣᠯᠤᠭᠠᠢ ᠪᠠᠨ ᠲᠣᠰᠤᠯᠠᠨ᠂ ᠨᠢᠭᠤᠷ ᠢᠶᠠᠨ ᠤᠬᠢᠶᠠᠨ ᠦᠢᠯᠡᠳ᠃ 18᠂ ᠡᠨᠡ ᠮᠡᠲᠦ ᠪᠡᠷ ᠴᠢᠨᠦ ᠪᠠᠴᠠᠭᠯᠠᠬᠤᠢ ᠠᠨᠤ ᠬᠦᠮᠦᠨ ᠳᠦᠷ ᠪᠤᠰᠤ᠂ ᠬᠠᠷᠢᠨ ᠨᠢᠭᠤᠴᠠ ᠪᠠᠷ ᠦᠵᠡᠭᠴᠢ ᠴᠢᠨᠦ ᠡᠴᠢᠭᠡ ᠳᠦᠷ ᠦᠵᠡᠭᠳᠡᠬᠦ ᠪᠣᠯᠤᠶᠤ᠃ ᠨᠢᠭᠤᠴᠠ ᠪᠠᠷ ᠦᠵᠡᠭᠴᠢ ᠴᠢᠨᠦ ᠡᠴᠢᠭᠡ ᠴᠤ ᠴᠢᠮᠠᠶᠢ ᠢᠯᠡ ᠪᠡᠷ ᠱᠠᠩᠨᠠᠬᠤ ᠪᠤᠢ ᠅ 19᠂ ᠶᠢᠷᠲᠢᠨᠴᠦ ᠳᠦᠷ ᠪᠡᠶ᠎ᠡ ᠳᠡᠭᠡᠨ ᠰᠠᠩ [ᠱᠠᠩ] ᠢ ᠪᠦᠦ ᠬᠤᠷᠢᠶᠠᠭᠲᠤᠨ᠃ ᠲᠡᠨᠳᠡ ᠬᠣᠷᠣᠬᠠᠢ ᠬᠢᠭᠡᠳ ᠵᠢᠪᠡ ᠢᠨᠦ ᠢᠳᠡᠳᠡᠭ ᠪᠥᠭᠡᠳ᠂ ᠬᠤᠯᠠᠭᠠᠶᠢᠴᠢ ᠨᠠᠷ ᠠᠨᠤ ᠡᠪᠳᠡᠨ ᠬᠤᠯᠤᠭᠤᠳᠠᠭ᠃ 20᠂ ᠬᠠᠷᠢᠨ ᠣᠭᠲᠠᠷᠭᠤᠢ ᠳᠤᠷ ᠪᠡᠶ᠎ᠡ ᠳᠡᠭᠡᠨ ᠰᠡᠩ [ᠱᠠᠩ] ᠢ ᠬᠤᠷᠢᠶᠠᠭᠲᠤᠨ᠃ ᠲᠡᠨᠳᠡ ᠬᠣᠷᠣᠬᠠᠢ ᠬᠢᠭᠡᠳ ᠵᠢᠪᠡ ᠢᠨᠦ ᠡᠰᠡ ᠢᠳᠡᠳᠡᠭ ᠪᠥᠭᠡᠳ᠂ ᠬᠤᠯᠠᠭᠠᠶᠢᠴᠢ ᠨᠠᠷ ᠠᠨᠤ ᠡᠪᠳᠡᠨ ᠡᠰᠡ ᠬᠤᠯᠤᠭᠤᠳᠠᠭ᠃ 21᠂ ᠲᠡᠷᠡ ᠶᠠᠭᠤᠨ ᠤ ᠲᠤᠯᠠ ᠬᠡᠮᠡᠪᠡᠰᠦ᠂ ᠲᠠᠨᠤ ᠰᠠᠠᠠᠠ᠋ [ᠱᠠᠩ] ᠠᠨᠤ ᠬᠠᠮᠢᠭ᠎ᠠ ᠪᠤᠢ ᠲᠡᠨᠳᠡ ᠲᠠᠨᠤ ᠵᠢᠷᠦᠬᠡᠨ ᠴᠤ ᠪᠣᠯᠬᠤ ᠪᠣᠯᠤᠶᠤ ᠅ 22᠂ ᠪᠡᠶ᠎ᠡ ᠶᠢᠨ ᠭᠡᠷᠡᠯ ᠬᠡᠮᠡᠪᠡᠰᠦ ᠨᠢᠳᠦᠨ ᠠᠮᠤᠢ᠃ ᠲᠡᠶᠢᠨ ᠠᠲᠠᠯ᠎ᠠ ᠬᠡᠷᠪᠡ ᠴᠢᠨᠦ ᠨᠢᠳᠦᠨ ᠢᠨᠦ ᠭᠬᠢᠷ ᠦᠭᠡᠢ ᠪᠣᠯᠪᠠᠰᠤ᠂ ᠴᠢᠨᠦ ᠪᠦᠬᠦᠯᠢ ᠪᠡᠶ᠎ᠡ ᠢᠨᠦ ᠭᠡᠷᠡᠯ ᠲᠦ ᠪᠣᠯᠬᠤ ᠪᠤᠢ᠃ 23᠂ ᠵᠦᠭᠡᠷ ᠬᠡᠷᠪᠡ ᠴᠢᠨᠦ ᠨᠢᠳᠦᠨ ᠢᠨᠦ ᠮᠠᠭᠤ ᠪᠣᠯᠪᠠᠰᠤ᠂ ᠴᠢᠨᠦ ᠪᠦᠬᠦᠯᠢ ᠪᠡᠶ᠎ᠡ ᠢᠨᠦ ᠬᠠᠷᠠᠩᠭᠤᠢ ᠪᠣᠯᠬᠤ ᠪᠤᠢ᠃ ᠲᠡᠶᠢᠨ ᠬᠦ ᠬᠡᠷᠪᠡ ᠴᠢᠨᠦ ᠳᠣᠲᠣᠷ᠎ᠠ ᠠᠭᠴᠢ ᠭᠡᠷᠡᠯ ᠢᠨᠦ ᠬᠠᠷᠠᠩᠭᠤᠢ ᠪᠣᠯᠪᠠᠰᠤ᠂ ᠬᠠᠷᠠᠩᠭᠤᠢ ᠠᠨᠤ ᠶᠠᠮᠪᠠᠷ ᠶᠡᠬᠡ ᠪᠤᠢ ᠅ 24᠂ ᠬᠡᠨ ᠴᠤ ᠬᠣᠶᠠᠷ ᠡᠵᠡᠨ ᠳᠦᠷ ᠵᠠᠷᠤᠭᠳᠠᠵᠤ ᠡᠰᠡ ᠴᠢᠳᠠᠶᠤ᠃ ᠲᠡᠷᠡ ᠶᠠᠭᠤᠨ ᠤ ᠲᠤᠯᠠ ᠬᠡᠮᠡᠪᠡᠰᠦ᠂ ᠲᠡᠷᠡ ᠢᠨᠦ ᠨᠢᠭᠡᠨ ᠢ ᠥᠰᠢᠶᠡᠯᠡᠨ ᠨᠥᠭᠦᠭᠡ ᠶᠢ ᠢᠨᠠᠭᠯᠠᠬᠤ ᠪᠤᠢ᠃ ᠡᠰᠡᠪᠡᠰᠦ ᠨᠢᠭᠡᠨ ᠢ ᠪᠠᠷᠢᠮᠲᠠᠯᠠᠨ᠂ ᠨᠥᠭᠦᠭᠡ ᠶᠢ ᠦᠯᠦ ᠬᠦᠨᠳᠦᠯᠡᠬᠦ ᠪᠤᠢ᠃ ᠲᠠ ᠪᠡᠷ ᠪᠤᠷᠬᠠᠨ ᠬᠢᠭᠡᠳ ᠪᠠᠶᠠᠵᠢᠯ ᠬᠣᠶᠠᠷ ᠲᠤᠷ ᠵᠠᠷᠤᠭᠳᠠᠵᠤ ᠡᠰᠡ ᠴᠢᠳᠠᠶᠤ᠃ 25᠂ ᠲᠡᠶᠢᠮᠦ ᠶᠢᠨ ᠲᠤᠯᠠ ᠮᠢᠨᠦ ᠲᠠᠨ ᠳᠤᠷ ᠥᠭᠦᠯᠡᠬᠦᠢ ᠢᠨᠦ ᠪᠢᠳᠡ ᠪᠡᠷ ᠶᠠᠭᠤᠨ ᠢ ᠢᠳᠡᠨ᠂ ᠶᠠᠭᠤᠨ ᠢ ᠤᠭᠤᠬᠤ ᠬᠡᠮᠡᠨ ᠠᠮᠢᠨ ᠤ ᠤᠴᠢᠷ᠎ᠠ ᠦᠯᠦ ᠰᠠᠨᠠᠭᠠᠴᠢᠯᠠᠨ᠃ ᠪᠢᠳᠡ ᠪᠡᠷ ᠶᠠᠭᠤᠨ ᠢ ᠡᠮᠦᠰᠬᠦ ᠬᠡᠮᠡᠨ ᠪᠡᠶ᠎ᠡ ᠶᠢᠨ ᠤᠴᠢᠷ᠎ᠠ ᠪᠦᠦ ᠰᠠᠨᠠᠭᠠᠴᠢᠯᠠᠭᠲᠤᠨ᠃ 26᠂ ᠣᠭᠲᠠᠷᠭᠤᠢ ᠪᠠᠷ ᠨᠢᠰᠦᠭᠴᠢ ᠰᠢᠪᠠᠭᠤᠳ ᠢ ᠠᠵᠢᠭᠯᠠᠭᠲᠤᠨ᠃ ᠲᠡᠳᠡ ᠬᠡᠮᠡᠪᠡᠰᠦ ᠡᠰᠡ ᠰᠠᠴᠤᠨ᠂ ᠡᠰᠡ ᠬᠠᠳᠤᠨ᠂ ᠬᠠᠳᠠᠭᠠᠯᠠᠬᠤᠢ ᠭᠡᠷ ᠦᠳ ᠲᠦᠷ ᠴᠤ ᠡᠰᠡ ᠬᠤᠷᠢᠶᠠᠳᠠᠭ᠃ ᠲᠡᠶᠢᠨ ᠪᠣᠯᠪᠠᠴᠤ ᠲᠠᠨᠤ ᠣᠭᠲᠠᠷᠭᠤᠢ ᠶᠢᠨ ᠡᠴᠢᠭᠡ ᠢᠨᠦ ᠲᠡᠳᠡᠨ ᠢ ᠲᠡᠵᠢᠭᠡᠳᠡᠭ᠃ ᠲᠠ ᠪᠡᠷ ᠲᠡᠳᠡᠨ ᠡᠴᠡ ᠦᠯᠡᠮᠵᠢ ᠳᠡᠭᠡᠷ᠎ᠡ ᠪᠢᠰᠢᠶᠦ᠃ 27᠂ ᠲᠠᠨ ᠠᠴᠠ ᠬᠡᠨ ᠪᠡᠷ ᠰᠠᠨᠠᠭᠠᠴᠢᠯᠠᠭᠰᠠᠨ ᠢᠶᠠᠷ ᠪᠡᠶ᠎ᠡ ᠳᠡᠭᠡᠨ ᠨᠢᠭᠡᠭᠡᠨ ᠲᠣᠬᠤᠢ ᠶᠢ ᠨᠡᠮᠡᠵᠦ ᠴᠢᠳᠠᠬᠤ ᠪᠤᠶᠤ ᠅ 28᠂ ᠪᠠᠰᠠ ᠬᠤᠪᠴᠠᠰᠤᠨ ᠤ ᠤᠴᠢᠷ᠎ᠠ ᠲᠠ ᠪᠡᠷ ᠶᠠᠭᠤᠨ ᠤ ᠲᠤᠯᠠ ᠰᠠᠨᠠᠭᠠᠴᠢᠯᠠᠮᠤᠶᠤ᠃ ᠬᠡᠭᠡᠷ᠎ᠡ ᠶᠢᠨ ᠴᠡᠴᠡᠭ ᠦᠳ ᠦᠨ ᠶᠠᠬᠢᠨ ᠤᠷᠭᠤᠭᠤᠢ ᠶᠢ ᠠᠵᠢᠭᠯᠠᠭᠲᠤᠨ᠃ ᠲᠡᠳᠡ ᠬᠡᠮᠡᠪᠡᠰᠦ ᠡᠰᠡ ᠬᠥᠳᠦᠯᠦᠨ᠂ ᠡᠰᠡ ᠡᠭᠡᠷᠡᠳᠡᠭ᠃ 29᠂ ᠬᠠᠷᠢᠨ ᠮᠢᠨᠦ ᠲᠠᠨ ᠳᠤᠷ ᠥᠭᠦᠯᠡᠪᠡᠢ ᠢᠨᠦ ᠰᠣᠯᠣᠮᠣᠨ ᠴᠤ ᠬᠠᠮᠤᠭ ᠴᠣᠭ ᠵᠠᠯᠢ ᠪᠠᠷ ᠢᠶᠠᠨ ᠲᠡᠳᠡᠨ ᠦ ᠨᠢᠭᠡᠨ ᠮᠡᠲᠦ ᠡᠰᠡ ᠴᠢᠮᠡᠭᠳᠡᠭᠰᠡᠨ ᠪᠥᠯᠦᠭᠡ᠃ 30᠂ ᠲᠡᠷᠡ ᠲᠡᠶᠢᠨ ᠬᠦ ᠬᠡᠷᠪᠡ ᠪᠤᠷᠬᠠᠨ ᠠᠨᠤ ᠡᠳᠦᠭᠡ ᠡᠳᠦᠷ᠎ᠡ ᠠᠭᠴᠢ᠂ ᠬᠠᠷᠢᠨ ᠮᠠᠨᠠᠭᠠᠷ ᠡᠳᠦᠷ᠎ᠡ ᠭᠠᠯ ᠳᠤᠷ ᠬᠠᠶᠠᠭᠳᠠᠬᠤᠢ ᠬᠡᠭᠡᠷ᠎ᠡ ᠶᠢᠨ ᠡᠪᠦᠰᠦᠨ ᠢ ᠡᠨᠡ ᠮᠡᠲᠦ ᠪᠡᠷ ᠴᠢᠮᠠᠪᠠᠰᠤ᠂ ᠥᠴᠦᠬᠡᠨ ᠢᠲᠡᠭᠡᠯ ᠲᠡᠨ ᠡ᠂ ᠲᠡᠷᠡ ᠢᠨᠦ ᠲᠠᠨ ᠢ ᠦᠯᠡᠮᠵᠢ ᠡᠮᠦᠰᠬᠡᠬᠦ ᠪᠢᠰᠢᠶᠦ᠃ 31᠂ ᠲᠡᠶᠢᠮᠦ ᠶᠢᠨ ᠲᠤᠯᠠ ᠪᠢᠳᠡ ᠪᠡᠷ ᠶᠠᠭᠤᠨ ᠢ ᠢᠳᠡᠨ᠂ ᠶᠠᠭᠤᠨ ᠢ ᠤᠭᠤᠨ᠂ ᠶᠠᠭᠤᠨ ᠢᠶᠠᠷ ᠬᠤᠪᠴᠠᠯᠠᠬᠤ ᠪᠤᠶᠤ᠂ ᠬᠡᠮᠡᠨ ᠰᠠᠨᠠᠭᠠᠴᠢᠯᠠᠨ ᠪᠦᠦ ᠥᠭᠦᠯᠡᠭᠲᠦᠨ᠃ 32᠂ ᠲᠡᠷᠡ ᠶᠠᠭᠤᠨ ᠤ ᠲᠤᠯᠠ ᠬᠡᠮᠡᠪᠡᠰᠦ᠂ ᠪᠠᠯᠠᠢ ᠨᠣᠮ ᠲᠠᠨ ᠠᠨᠤ ᠡᠳᠡ ᠬᠠᠮᠤᠭ ᠨᠤᠭᠤᠳ ᠢ ᠪᠡᠳᠡᠷᠢᠳᠡᠭ᠃ ᠪᠠᠰᠠ ᠡᠳᠡ ᠬᠠᠮᠤᠭ ᠨᠤᠭᠤᠳ ᠠᠨᠤ ᠲᠠᠨ ᠳᠤᠷ ᠬᠡᠷᠡᠭ ᠲᠦ ᠪᠤᠢ᠂ ᠬᠡᠮᠡᠨ ᠲᠠᠨᠤ ᠣᠭᠲᠠᠷᠭᠤᠢ ᠶᠢᠨ ᠡᠴᠢᠭᠡ ᠢᠨᠦ ᠮᠡᠳᠡᠮᠦᠢ᠃ 33᠂ ᠬᠠᠷᠢᠨ ᠪᠤᠷᠬᠠᠨ ᠤ ᠡᠵᠡᠯᠡᠭᠦᠷᠢᠨ ᠬᠢᠭᠡᠳ ᠲᠡᠭᠦᠨ ᠦ ᠵᠥᠪ ᠢ ᠲᠡᠷᠢᠭᠦᠯᠡᠨ ᠪᠡᠳᠡᠷᠢᠭᠲᠦᠨ᠃ ᠲᠡᠶᠢᠨ ᠬᠦ ᠡᠳᠡ ᠪᠦᠭᠦᠳᠡᠭᠡᠷ ᠲᠠᠨᠳᠤᠷ ᠥᠭᠳᠡᠬᠦ ᠪᠣᠯᠤᠶᠤ᠃ 34᠂ ᠲᠡᠶᠢᠮᠦ ᠶᠢᠨ ᠲᠤᠯᠠ ᠮᠠᠨᠠᠭᠠᠷ ᠡᠳᠦᠷ ᠦᠨ ᠤᠴᠢᠷ᠎ᠠ ᠪᠦᠦ ᠰᠠᠨᠠᠭᠠᠴᠢᠯᠠᠭᠲᠤᠨ᠃ ᠲᠡᠷᠡ ᠶᠠᠭᠤᠨ ᠤ ᠲᠤᠯᠠ ᠬᠡᠮᠡᠪᠡᠰᠦ᠂ ᠮᠠᠨᠠᠭᠠᠷ ᠡᠳᠦᠷ ᠢᠨᠦ ᠥᠪᠡᠷᠦᠨ ᠬᠡᠷᠡᠭ ᠲᠦ ᠨᠤᠭᠤᠳ ᠤᠨ ᠤᠴᠢᠷ᠎ᠠ ᠰᠠᠨᠠᠭᠠᠴᠢᠯᠠᠬᠤ ᠪᠤᠢ᠃ ᠠᠯᠢᠪᠠ ᠴᠤ ᠡᠳᠦᠷ ᠦᠨ ᠵᠣᠪᠠᠯᠠᠩ ᠠᠨᠤ ᠲᠡᠭᠦᠨ ᠳᠦᠷ ᠬᠦᠷᠬᠦ ᠪᠢᠰᠢᠶᠦ ᠅
Currently Selected:
ᠮᠠᠳᠲ᠋ᠢᠢ 6: MB1840
Highlight
Share
Copy
Want to have your highlights saved across all your devices? Sign up or sign in
Digital edition of the Mongolian translation published in 1840 (the Old Testament) and 1846 (the New Testament) by Edward Stallybrass and William Swan. Created by Bayarjargal Garamtseren and Simon Wong. Digital edition © United Bible Societies, 2020.