ᠮᠠᠳᠲ᠋ᠢᠢ 5

5
ᠲᠠᠪᠤᠳᠤᠭᠠᠷ ᠪᠦᠯᠦᠭ ᠅
1᠂ ᠲᠡᠶᠢᠨ ᠪᠥᠭᠡᠳ ᠲᠡᠷᠡ ᠢᠨᠦ ᠤᠯᠤᠰ ᠢ ᠦᠵᠡᠭᠡᠳ ᠨᠢᠭᠡ ᠠᠭᠤᠯᠠᠨ ᠳᠤᠷ ᠭᠠᠷᠪᠠᠢ᠃ ᠲᠡᠭᠦᠨ ᠦ ᠰᠠᠭᠤᠭᠰᠠᠨ ᠳᠤᠷ ᠲᠡᠭᠦᠨ ᠦ ᠱᠠᠪᠢᠨᠠᠷ ᠠᠨᠤ ᠲᠡᠭᠦᠨ ᠳᠦᠷ ᠢᠷᠡᠪᠡᠢ᠃ 2᠂ ᠲᠡᠨᠳᠡᠴᠡ ᠲᠡᠷᠡ ᠢᠨᠦ ᠠᠮᠠᠨ ᠢᠶᠠᠷ ᠨᠡᠭᠡᠭᠡᠳ᠂ ᠲᠡᠳᠡᠨ ᠢ ᠰᠤᠷᠭᠠᠨ ᠡᠶᠢᠨ ᠵᠠᠷᠯᠢᠭ ᠪᠣᠯᠤᠷᠤᠨ᠃ 3᠂ ᠰᠡᠳᠬᠢᠯ ᠢᠶᠡᠷ ᠦᠭᠡᠭᠦᠦ ᠨᠤᠭᠤᠳ ᠠᠨᠤ ᠠᠮᠤᠭᠤᠯᠠᠠᠠᠠ᠋ [ᠠᠮᠤᠭᠤᠯᠠᠩ] ᠮᠥᠨ᠃ ᠲᠡᠷᠡ ᠶᠠᠭᠤᠨ ᠤ ᠲᠤᠯᠠ ᠬᠡᠮᠡᠪᠡᠰᠦ᠂ ᠣᠭᠲᠠᠷᠭᠤᠢ ᠶᠢᠨ ᠡᠵᠡᠯᠡᠭᠦᠷᠢ ᠢᠨᠦ ᠲᠡᠳᠡᠨ ᠦ ᠪᠤᠢ᠃ 4᠂ ᠭᠠᠰᠢᠭᠤᠳᠠᠭᠴᠢᠳ ᠠᠨᠤ ᠠᠮᠤᠭᠤᠯᠠᠠᠠᠠ᠋ [ᠠᠮᠤᠭᠤᠯᠠᠩ] ᠮᠥᠨ᠃ ᠲᠡᠷᠡ ᠶᠠᠭᠤᠨ ᠤ ᠲᠤᠯᠠ ᠬᠡᠮᠡᠪᠡᠰᠦ᠂ ᠲᠡᠳᠡ ᠢᠨᠦ ᠠᠮᠤᠭᠤᠯᠤᠭᠳᠠᠬᠤ ᠪᠣᠯᠤᠶᠤ᠃ 5᠂ ᠨᠣᠮᠣᠭᠠᠨ ᠰᠡᠳᠬᠢᠯ ᠲᠡᠨ ᠢᠨᠦ ᠠᠮᠤᠭᠤᠯᠠᠠᠠᠠ᠋ [ᠠᠮᠤᠭᠤᠯᠠᠩ] ᠮᠥᠨ᠃ ᠲᠡᠷᠡ ᠶᠠᠭᠤᠨ ᠤ ᠲᠤᠯᠠ ᠬᠡᠮᠡᠪᠡᠰᠦ᠂ ᠲᠡᠳᠡ ᠢᠨᠦ ᠭᠠᠵᠠᠷ ᠢ ᠡᠵᠡᠯᠡᠬᠦ ᠪᠣᠯᠤᠶᠤ᠃ 6᠂ ᠵᠥᠪ ᠦᠨ ᠲᠤᠯᠠ ᠥᠯᠥᠰᠦᠭᠴᠢᠳ ᠬᠢᠭᠡᠳ ᠤᠮᠳᠠᠭᠠᠰᠤᠭᠴᠢᠳ ᠠᠨᠤ ᠠᠮᠤᠭᠤᠯᠠᠠᠠᠠ᠋ [ᠠᠮᠤᠭᠤᠯᠠᠩ] ᠮᠥᠨ᠃ ᠲᠡᠷᠡ ᠶᠠᠭᠤᠨ ᠤ ᠲᠤᠯᠠ ᠬᠡᠮᠡᠪᠡᠰᠦ᠂ ᠲᠡᠳᠡ ᠢᠨᠦ ᠬᠠᠩᠭᠠᠭᠳᠠᠬᠤ ᠪᠣᠯᠤᠶᠤ᠃ 7᠂ ᠥᠷᠦᠰᠢᠶᠡᠩᠭᠦᠢ ᠲᠡᠨ ᠢᠨᠦ ᠠᠮᠤᠭᠤᠯᠠᠠᠠᠠ᠋ [ᠠᠮᠤᠭᠤᠯᠠᠩ] ᠮᠥᠨ᠃ ᠲᠡᠷᠡ ᠶᠠᠭᠤᠨ ᠤ ᠲᠤᠯᠠ ᠬᠡᠮᠡᠪᠡᠰᠦ᠂ ᠲᠡᠳᠡ ᠢᠨᠦ ᠥᠷᠦᠰᠢᠶᠡᠭᠳᠡᠬᠦ ᠪᠣᠯᠤᠶᠤ᠃ 8᠂ ᠠᠷᠢᠭᠤᠨ ᠵᠢᠷᠦᠬᠡ ᠲᠡᠨ ᠢᠨᠦ ᠠᠮᠤᠭᠤᠯᠠᠠᠠᠠ᠋ [ᠠᠮᠤᠭᠤᠯᠠᠩ] ᠮᠥᠨ᠃ ᠲᠡᠷᠡ ᠶᠠᠭᠤᠨ ᠤ ᠲᠤᠯᠠ ᠬᠡᠮᠡᠪᠡᠰᠦ᠂ ᠲᠡᠳᠡ ᠢᠨᠦ ᠪᠤᠷᠬᠠᠨ ᠢ ᠦᠵᠡᠬᠦ ᠪᠣᠯᠤᠶᠤ᠃ 9᠂ ᠡᠪ ᠢ ᠪᠣᠯᠭᠠᠭᠴᠢᠳ ᠠᠨᠤ ᠠᠮᠤᠭᠤᠯᠠᠠᠠᠠ᠋ [ᠠᠮᠤᠭᠤᠯᠠᠩ] ᠮᠥᠨ᠃ ᠲᠡᠷᠡ ᠶᠠᠭᠤᠨ ᠤ ᠲᠤᠯᠠ ᠬᠡᠮᠡᠪᠡᠰᠦ᠂ ᠲᠡᠳᠡ ᠢᠨᠦ ᠪᠤᠷᠬᠠᠨ ᠤ ᠬᠥᠪᠡᠭᠦᠳ ᠬᠡᠮᠡᠨ ᠨᠡᠷᠡᠶᠢᠳᠦᠭᠳᠡᠬᠦ ᠪᠣᠯᠤᠶᠤ᠃ 10᠂ ᠵᠥᠪ ᠦᠨ ᠰᠢᠯᠲᠠᠭᠠᠪᠠᠷ ᠴᠦᠬᠡᠭᠡᠭᠳᠡᠭᠴᠢᠳ ᠢᠨᠦ ᠠᠮᠤᠭᠤᠯᠠᠠᠠᠠ᠋ [ᠠᠮᠤᠭᠤᠯᠠᠩ] ᠮᠥᠨ᠃ ᠲᠡᠷᠡ ᠶᠠᠭᠤᠨ ᠤ ᠲᠤᠯᠠ ᠬᠡᠮᠡᠪᠡᠰᠦ᠂ ᠣᠭᠲᠠᠷᠭᠤᠢ ᠶᠢᠨ ᠡᠵᠡᠯᠡᠭᠦᠷᠢ ᠢᠨᠦ ᠲᠡᠳᠡᠨ ᠦ ᠪᠣᠯᠠᠢ᠃ 11᠂ ᠬᠦᠮᠦᠨ ᠨᠦᠭᠦᠳ ᠦᠨ ᠮᠢᠨᠦ ᠲᠤᠯᠠ ᠲᠠᠨ ᠢ ᠳᠣᠷᠣᠮᠵᠢᠯᠠᠨ ᠴᠦᠬᠡᠭᠡᠵᠦ᠂ ᠲᠠᠨᠤ ᠲᠤᠰ ᠠᠯᠢᠪᠠ ᠮᠠᠭᠤ ᠶᠢ ᠬᠤᠳᠠᠯ ᠢᠶᠠᠷ ᠥᠭᠦᠯᠡᠬᠦᠢ ᠴᠠᠭ ᠲᠤᠷ ᠲᠠ ᠠᠮᠤᠭᠤᠯᠠᠩ ᠮᠥᠨ᠃ 12᠂ ᠪᠠᠶᠠᠰᠤᠨ ᠴᠡᠩᠭᠡᠯᠳᠦᠭᠲᠦᠨ᠃ ᠲᠡᠷᠡ ᠶᠠᠭᠤᠨ ᠤ ᠲᠤᠯᠠ ᠬᠡᠮᠡᠪᠡᠰᠦ᠂ ᠲᠠᠨ ᠤ ᠱᠠᠠᠠᠠ᠋ [ᠱᠠᠩ] ᠠᠨᠤ ᠣᠭᠲᠠᠷᠭᠤᠢ ᠳᠤᠷ ᠶᠡᠬᠡ ᠪᠤᠢ ᠬᠡᠮᠡᠪᠡᠰᠦ᠂ ᠲᠡᠳᠡ ᠢᠨᠦ ᠲᠠᠨ ᠠᠴᠠ ᠤᠷᠢᠳᠠ ᠠᠭᠰᠠᠨ ᠹᠣᠷᠣᠹᠢᠳ ᠨᠠᠷ ᠢ ᠡᠨᠡ ᠮᠡᠲᠦ ᠪᠡᠷ ᠴᠦᠬᠡᠭᠡᠪᠡᠢ ᠅ 13᠂ ᠲᠠ ᠪᠡᠷ ᠳᠡᠯᠡᠬᠡᠢ ᠶᠢᠨ ᠳᠠᠪᠤᠰᠤ ᠮᠥᠨ᠃ ᠵᠦᠭᠡᠷ ᠳᠠᠪᠤᠰᠤ ᠠᠨᠤ ᠠᠮᠲᠠᠨ ᠢᠶᠠᠨ ᠭᠡᠭᠡᠪᠡᠰᠦ᠂ ᠲᠡᠷᠡ ᠢᠨᠦ ᠶᠠᠭᠤᠨ ᠢᠶᠠᠷ ᠳᠠᠪᠤᠰᠤᠯᠠᠭᠳᠠᠬᠤ ᠪᠤᠶᠤ᠃ ᠲᠡᠭᠦᠨᠴᠡ ᠬᠣᠶᠢᠨᠠ ᠲᠡᠷᠡ ᠢᠨᠦ ᠭᠠᠳᠠᠨᠠ ᠬᠠᠶᠠᠭᠳᠠᠨ᠂ ᠬᠦᠮᠦᠨ ᠳᠦᠷ ᠭᠢᠱᠭᠢᠭᠳᠡᠬᠦ ᠡᠴᠡ ᠪᠤᠰᠤ ᠶᠠᠭᠤᠨ ᠳᠤᠷ ᠴᠤ ᠬᠡᠷᠡᠭ ᠦᠭᠡᠢ ᠅ 14᠂ ᠲᠠ ᠪᠡᠷ ᠳᠡᠯᠡᠬᠡᠢ ᠶᠢᠨ ᠭᠡᠷᠡᠯ ᠮᠥᠨ᠃ ᠬᠠᠳᠠ ᠶᠢᠨ ᠳᠡᠭᠡᠷ᠎ᠡ ᠪᠠᠶᠢᠭᠤᠯᠤᠭᠳᠠᠭᠰᠠᠨ ᠪᠠᠯᠭᠠᠰᠤᠨ ᠠᠨᠤ ᠨᠢᠭᠤᠭᠳᠠᠵᠤ ᠦᠯᠦ ᠪᠣᠯᠤᠮᠤᠢ᠃ 15᠂ ᠵᠣᠯᠠ ᠴᠤ ᠨᠣᠴᠤᠭᠠᠭᠳᠠᠪᠠᠰᠤ᠂ ᠰᠠᠭᠤᠯᠭ᠎ᠠ ᠶᠢᠨ ᠳᠣᠣᠷ᠎ᠠ ᠦᠯᠦ ᠲᠠᠯᠪᠢᠭᠳᠠᠨ᠂ ᠭᠡᠷᠡᠪᠴᠢ ᠶᠢᠨ ᠲᠠᠯᠪᠢᠭᠤᠷ ᠤᠨ ᠳᠡᠭᠡᠷ᠎ᠡ ᠲᠠᠯᠪᠢᠭᠳᠠᠳᠠᠭ᠃ ᠲᠡᠶᠢᠨ ᠬᠦ ᠲᠡᠷᠡ ᠢᠨᠦ ᠭᠡᠷ ᠦᠨ ᠳᠣᠲᠣᠷ᠎ᠠ ᠠᠭᠴᠢ ᠪᠦᠭᠦᠳᠡᠭᠡᠷ ᠢ ᠬᠡᠶᠢᠯᠭᠡᠳᠡᠡᠡ᠋ [ᠬᠡᠶᠢᠯᠭᠡᠳᠡᠭ]᠃ 16᠂ ᠡᠨᠡ ᠮᠡᠲᠦ ᠪᠠᠷ ᠲᠠᠨᠤ ᠭᠡᠷᠡᠯ ᠢᠨᠦ ᠬᠦᠮᠦᠨ ᠨᠦᠭᠦᠳ ᠦᠨ ᠡᠮᠦᠨᠡ ᠭᠡᠭᠡᠷᠡᠬᠦ ᠪᠣᠯᠲᠤᠭᠠᠢ᠃ ᠲᠡᠶᠢᠨ ᠬᠦ ᠲᠡᠳᠡ ᠢᠨᠦ ᠲᠠᠨᠤ ᠰᠠᠶᠢᠨ ᠦᠢᠯᠡᠰ ᠢ ᠦᠵᠡᠨ᠂ ᠣᠭᠲᠠᠷᠭᠤᠢ ᠳᠤᠷ ᠠᠭᠴᠢ ᠲᠠᠨᠤ ᠡᠴᠢᠭᠡ ᠶᠢ ᠠᠯᠳᠠᠷᠰᠢᠭᠤᠯᠬᠤ ᠪᠣᠯᠤᠶᠤ ᠅ 17᠂ ᠨᠠᠮᠠᠶᠢ ᠲᠣᠭᠲᠠᠭᠠᠯ ᠡᠰᠡᠪᠡᠰᠦ ᠹᠣᠷᠣᠹᠢᠳ ᠨᠠᠷ ᠢ ᠦᠭᠡᠢ ᠪᠣᠯᠭᠠᠬᠤ ᠶᠢᠨ ᠲᠤᠯᠠ ᠢᠷᠡᠭᠰᠡᠨ ᠪᠤᠢ ᠵ᠎ᠠ ᠬᠡᠮᠡᠨ ᠪᠦᠦ ᠰᠠᠨᠠᠭᠲᠤᠨ᠃ ᠪᠢ ᠪᠡᠷ ᠦᠭᠡᠢ ᠪᠣᠯᠭᠠᠬᠤ ᠶᠢᠨ ᠲᠤᠯᠠ ᠪᠤᠰᠤ᠂ ᠬᠠᠷᠢᠨ ᠪᠦᠲᠦᠭᠡᠬᠦ ᠶᠢᠨ ᠲᠤᠯᠠ ᠢᠷᠡᠭᠰᠡᠨ ᠮᠥᠨ᠃ 18᠂ ᠲᠡᠷᠡ ᠶᠠᠭᠤᠨ ᠤ ᠲᠤᠯᠠ ᠬᠡᠮᠡᠪᠡᠰᠦ᠂ ᠮᠢᠨᠦ ᠲᠠᠨᠳᠤᠷ ᠮᠠᠭᠠᠳᠯᠠᠨ ᠥᠭᠦᠯᠡᠬᠦᠢ ᠢᠨᠦ᠂ ᠣᠭᠲᠠᠷᠭᠤᠢ ᠬᠢᠭᠡᠳ ᠳᠡᠯᠡᠬᠡᠢ ᠮᠢᠨᠦ ᠥᠩᠭᠡᠷᠡᠪᠡᠴᠦ᠂ ᠲᠣᠭᠲᠠᠭᠠᠯ ᠤᠨ ᠬᠠᠮᠤᠭ ᠨᠤᠭᠤᠳ ᠤᠨ ᠪᠦᠲᠦᠲᠡᠯ᠎ᠡ ᠨᠢᠭᠡᠨ ᠦᠰᠦᠭ ᠪᠤᠶᠤ ᠨᠢᠭᠡᠨ ᠴᠡᠭ ᠴᠤ ᠦᠯᠦ ᠥᠩᠭᠡᠷᠡᠬᠦ ᠪᠣᠯᠤᠶᠤ ᠅ 19᠂ ᠠᠯᠢ ᠬᠡᠨ ᠡᠳᠡ ᠵᠠᠬᠢᠶ᠎ᠠ ᠨᠤᠭᠤᠳ ᠤᠨ ᠪᠢᠴᠢᠬᠠᠨ ᠢ ᠴᠤ ᠲᠠᠰᠤᠯᠤᠨ᠂ ᠲᠡᠷᠡ ᠮᠡᠲᠦ ᠪᠡᠷ ᠬᠦᠮᠦᠨ ᠨᠦᠭᠦᠳ ᠢ ᠰᠤᠷᠭᠠᠬᠤ ᠪᠥᠭᠡᠰᠦ᠂ ᠲᠡᠷᠡ ᠢᠨᠦ ᠣᠭᠲᠠᠷᠭᠤᠢ ᠶᠢᠨ ᠡᠵᠡᠯᠡᠭᠦᠷᠢᠨ ᠦ ᠳᠣᠲᠣᠷ᠎ᠠ ᠮᠠᠰᠢ ᠪᠢᠴᠢᠬᠠᠨ ᠬᠡᠮᠡᠨ ᠨᠡᠷᠡᠶᠢᠳᠦᠭᠳᠡᠬᠦ ᠪᠤᠢ᠃ ᠵᠦᠭᠡᠷ ᠠᠯᠢ ᠬᠡᠨ ᠪᠦᠲᠦᠭᠡᠨ ᠪᠥᠭᠡᠲᠡᠯ᠎ᠡ (ᠪᠤᠰᠤᠳ ᠢ ᠴᠤ) ᠰᠤᠷᠭᠠᠬᠤ ᠪᠥᠭᠡᠰᠦ᠂ ᠲᠡᠷᠡ ᠢᠨᠦ ᠣᠭᠲᠠᠷᠭᠤᠢ ᠶᠢᠨ ᠡᠵᠡᠯᠡᠭᠦᠷᠢᠨ ᠦ ᠳᠣᠲᠣᠷ᠎ᠠ ᠮᠠᠰᠢ ᠶᠡᠬᠡ ᠬᠡᠮᠡᠨ ᠨᠡᠷᠡᠶᠢᠳᠦᠭᠳᠡᠬᠦ ᠪᠣᠯᠤᠶᠤ ᠅ 20᠂ ᠮᠢᠨᠦ ᠲᠠᠨ ᠳᠤᠷ ᠥᠭᠦᠯᠡᠬᠦᠢ ᠢᠨᠦ᠂ ᠬᠡᠷᠪᠡ ᠲᠠᠨᠤ ᠵᠥᠪ ᠢᠨᠦ ᠨᠣᠮ ᠵᠢᠭᠠᠭᠴᠢ ᠨᠠᠷ ᠬᠢᠭᠡᠳ ᠹᠠᠷᠢᠰᠢ ᠨᠠᠷ ᠤᠨ ᠵᠥᠪ ᠡᠴᠡ ᠳᠡᠭᠡᠷ᠎ᠡ ᠦᠯᠦ ᠪᠣᠯᠬᠤ ᠪᠥᠭᠡᠰᠦ᠃ ᠲᠠ ᠪᠡᠷ ᠣᠭᠲᠠᠷᠭᠤᠢ ᠶᠢᠨ ᠡᠵᠡᠯᠡᠭᠦᠷᠢᠨ ᠳᠦᠷ ᠶᠠᠷᠤ ᠦᠯᠦ ᠣᠷᠣᠬᠤ ᠪᠤᠢ ᠅ 21᠂ (ᠬᠦᠮᠦᠨ ᠢ) ᠪᠦᠦ ᠠᠯᠠᠭᠲᠤᠨ᠃ ᠠᠯᠠᠢ [ᠠᠯᠢ] ᠬᠡᠨ ᠠᠯᠠᠭᠴᠢ ᠠᠨᠤ ᠵᠠᠷᠭᠤᠨ ᠳᠤᠷ ᠤᠨᠠᠬᠤ ᠪᠣᠯᠤᠶᠤ᠂ ᠬᠡᠮᠡᠨ ᠡᠷᠲᠡᠨ ᠦ ᠴᠠᠭ ᠤᠨ ᠤᠯᠤᠰ ᠲᠤᠷ ᠥᠭᠦᠯᠡᠭᠳᠡᠭᠰᠡᠨ ᠢ ᠲᠠ ᠪᠡᠷ ᠰᠣᠨᠣᠰᠪᠠᠢ ᠵ᠎ᠠ᠃ 22᠂ ᠬᠠᠷᠢᠨ ᠮᠢᠨᠦ ᠥᠭᠦᠯᠡᠬᠦᠢ ᠢᠨᠦ᠂ ᠠᠯᠢ ᠬᠡᠨ ᠪᠡᠷ ᠠᠬ᠎ᠠ ᠳᠡᠭᠦᠦ ᠶᠦᠭᠡᠨ ᠲᠤᠰ ᠳᠡᠮᠡᠢ ᠪᠡᠷ ᠬᠢᠯᠢᠩᠯᠡᠭᠴᠢ ᠢᠨᠦ ᠵᠠᠷᠭᠤᠨ ᠳᠤᠷ ᠤᠨᠠᠯ ᠲᠤ ᠪᠣᠯᠬᠤ᠃ ᠠᠯᠢ ᠬᠡᠨ ᠪᠡᠷ ᠠᠬ᠎ᠠ ᠳᠡᠭᠦᠦ ᠳᠡᠭᠡᠨ ᠠᠶ᠎ᠠ ᠬᠡᠷᠡᠭ ᠦᠭᠡᠢ ᠬᠦᠮᠦᠨ᠂ ᠬᠡᠮᠡᠨ ᠥᠭᠦᠯᠡᠭᠴᠢ ᠢᠨᠦ ᠠᠬᠠᠮᠠᠳ ᠤᠨ ᠵᠠᠷᠭᠤᠨ ᠳᠤᠷ ᠣᠨᠠᠯ ᠲᠤ ᠪᠣᠯᠬᠤ᠃ ᠵᠦᠭᠡᠷ ᠠᠯᠢ ᠬᠡᠨ ᠪᠡᠷ᠂ ᠠᠶ᠎ᠠ ᠤᠬᠠᠭᠠᠨ ᠦᠭᠡᠢ᠂ ᠬᠡᠮᠡᠨ ᠥᠭᠦᠯᠡᠭᠴᠢ ᠢᠨᠦ ᠭᠠᠯ ᠲᠤ ᠲᠠᠮᠤ ᠳᠤᠷ ᠤᠨᠠᠯ ᠲᠤ ᠪᠣᠯᠬᠤ ᠪᠤᠢ᠃ 23᠂ ᠲᠡᠶᠢᠮᠦ ᠶᠢᠨ ᠲᠤᠯᠠ ᠬᠡᠷᠪᠡ ᠴᠢ ᠪᠡᠷ ᠨᠢᠭᠡ ᠡᠷᠭᠦᠰᠦᠨ ᠢ ᠲᠠᠬᠢᠯ ᠤᠨ ᠰᠢᠷᠡᠭᠡᠨ ᠳᠦᠷ ᠠᠴᠠᠷᠠᠭᠠᠳ᠂ ᠮᠢᠨᠦ ᠠᠬ᠎ᠠ ᠳᠡᠭᠦᠦ ᠢᠨᠦ ᠮᠢᠨᠦ ᠲᠤᠰ ᠰᠢᠯᠲᠠᠭ᠎ᠠ ᠲᠤ ᠪᠤᠢ᠂ ᠬᠡᠮᠡᠨ ᠲᠡᠨᠳᠡ ᠰᠠᠨᠠᠪᠠᠰᠤ᠃ 24᠂ ᠡᠷᠭᠦᠰᠦ ᠪᠡᠨ ᠲᠠᠬᠢᠯ ᠤᠨ ᠰᠢᠷᠡᠭᠡᠨ ᠦ ᠡᠮᠦᠨᠡ ᠣᠷᠬᠢᠭᠠᠳ᠂ ᠤᠷᠢᠳᠠᠭᠠᠷ ᠠᠬ᠎ᠠ ᠳᠡᠭᠦᠦ ᠯᠦᠭᠡ ᠪᠡᠨ ᠡᠪᠰᠡᠯᠳᠦᠭᠡᠳ᠂ ᠬᠣᠶᠢᠨᠠ ᠢᠷᠡᠵᠦ ᠡᠷᠭᠦᠰᠦ ᠪᠡᠨ ᠡᠷᠭᠦᠨ ᠦᠢᠯᠡᠳ ᠅ 25᠂ ᠴᠢ ᠪᠡᠷ ᠵᠠᠮ ᠤᠨ ᠳᠡᠭᠡᠷ᠎ᠡ ᠪᠤᠢ ᠠᠲᠠᠯ᠎ᠠ ᠴᠢᠨᠦ ᠲᠤᠰ ᠵᠠᠷᠭᠤᠯᠳᠤᠭᠴᠢ ᠯᠤᠭ᠎ᠠ ᠦᠳᠲᠦᠷ ᠡᠪ ᠲᠦᠷ [ ᠳᠦᠷ] ᠣᠷᠣᠨ ᠦᠢᠯᠡᠳ᠃ ᠲᠡᠶᠢᠨ ᠪᠤᠰᠤ ᠪᠥᠭᠡᠰᠦ ᠵᠠᠷᠭᠤᠯᠳᠤᠭᠴᠢ ᠠᠨᠤ ᠴᠢᠮᠠᠶᠢ ᠵᠠᠷᠭᠤᠴᠢᠨ ᠳᠤᠷ ᠬᠦᠷᠭᠡᠬᠦ ᠪᠥᠭᠡᠳ᠂ ᠵᠠᠷᠭᠤᠴᠢ ᠠᠨᠤ ᠴᠢᠮᠠᠶᠢ ᠭᠢᠨᠳᠠᠨ ᠢ ᠰᠠᠬᠢᠭᠴᠢ ᠳᠤᠷ ᠥᠭᠬᠦ ᠪᠠ᠂ ᠭᠢᠨᠳᠠᠨ ᠢ ᠰᠠᠬᠢᠭᠴᠢ ᠠᠨᠤ ᠴᠢᠮᠠᠶᠢ ᠭᠢᠳᠠᠨ [ᠭᠢᠨᠳᠠᠨ] ᠳᠤᠷ ᠬᠣᠷᠢᠯᠭᠠᠬᠤ ᠪᠣᠯᠤᠭᠤᠵᠠᠢ᠃ 26᠂ ᠮᠢᠨᠦ ᠴᠢᠮᠠᠳᠤᠷ ᠮᠠᠭᠠᠳᠯᠠᠨ ᠥᠭᠦᠯᠡᠬᠦᠢ ᠢᠨᠦ᠂ ᠴᠢ ᠪᠡᠷ ᠡᠴᠦᠰᠳᠡᠬᠢ ᠮᠥᠩᠭᠦᠨ ᠢ ᠲᠥᠯᠦᠵᠦ ᠥᠭᠲᠡᠯ᠎ᠡ ᠲᠡᠨᠳᠡᠴᠡ ᠦᠯᠦ ᠭᠠᠷᠬᠤ ᠪᠤᠢ ᠅ 27᠂ ᠲᠠᠴᠢᠶᠠᠩᠭᠤᠢ ᠶᠢᠨ ᠬᠤᠷᠢᠴᠠᠯ ᠢ ᠪᠦᠦ ᠦᠢᠯᠡᠳ᠂ ᠬᠡᠮᠡᠨ ᠡᠷᠲᠡᠨ ᠦ ᠴᠠᠭ ᠤᠨ ᠤᠯᠤᠰ ᠲᠤᠷ ᠥᠭᠦᠯᠡᠭᠳᠡᠭᠰᠡᠨ ᠢ ᠲᠠ ᠪᠡᠷ ᠰᠣᠨᠣᠰᠪᠠᠢ ᠵ᠎ᠠ᠃ 28᠂ ᠬᠠᠷᠢᠨ ᠮᠢᠨᠦ ᠲᠠᠨ ᠳᠤᠷ ᠥᠭᠦᠯᠡᠬᠦᠢ ᠢᠨᠦ᠂ ᠡᠮ᠎ᠡ ᠶᠢ ᠬᠦᠰᠡᠯ ᠲᠦ ᠪᠡᠷ ᠠᠯᠢᠪᠠ ᠬᠠᠷᠠᠭᠴᠢ ᠠᠨᠤ ᠲᠡᠭᠦᠨ ᠯᠦᠭᠡ ᠵᠢᠷᠦᠬᠡᠨ ᠢᠶᠡᠷ ᠢᠶᠡᠨ ᠲᠠᠴᠢᠶᠠᠩᠭᠤᠢ ᠶᠢᠨ ᠬᠤᠷᠢᠴᠠᠯ ᠢ ᠦᠢᠯᠡᠳᠦᠭᠰᠡᠨ ᠪᠤᠢ᠃ 29᠂ ᠲᠡᠶᠢᠨ ᠬᠦ ᠬᠡᠷᠪᠡ ᠴᠢᠨᠦ ᠪᠠᠷᠠᠭᠤᠨ ᠨᠢᠳᠦᠨ ᠢᠨᠦ ᠴᠢᠮᠠᠶᠢ ᠨᠢᠭᠦᠯ ᠳᠦᠷ ᠳᠤᠷᠠᠰᠢᠭᠤᠯᠪᠠᠰᠤ᠂ ᠲᠡᠭᠦᠨ ᠢ ᠰᠤᠭᠤᠯᠤᠭᠠᠳ ᠪᠡᠶ᠎ᠡ ᠡᠴᠡ ᠬᠠᠶᠠᠨ ᠦᠢᠯᠡᠳ᠃ ᠲᠡᠷᠡ ᠶᠠᠭᠤᠨ ᠤ ᠲᠤᠯᠠ ᠬᠡᠮᠡᠪᠡᠰᠦ᠂ ᠴᠢᠨᠦ ᠨᠢᠭᠡ ᠮᠥᠴᠡ ᠶᠢᠨ ᠦᠬᠦᠬᠦᠶ ᠢᠨᠦ ᠴᠢᠨᠦ ᠪᠦᠬᠦᠯᠢ ᠪᠡᠶ᠎ᠡ ᠶᠢᠨ ᠲᠠᠮᠤ ᠳᠤᠷ ᠬᠠᠶᠠᠭᠳᠠᠬᠤᠢ ᠠᠴᠠ ᠳᠡᠭᠡᠷ᠎ᠡ ᠪᠣᠯᠠᠢ᠃ 30᠂ ᠪᠠᠰᠠ ᠬᠡᠷᠪᠡ ᠴᠢᠨᠦ ᠪᠠᠷᠠᠭᠤᠨ ᠭᠠᠷ ᠠᠨᠤ ᠴᠢᠮᠠᠶᠢ ᠨᠢᠭᠦᠯ ᠳᠦᠷ ᠳᠤᠷᠠᠰᠢᠭᠤᠯᠪᠠᠰᠤ᠂ ᠲᠡᠭᠦᠨ ᠢ ᠤᠭᠲᠤᠯᠤᠭᠠᠳ ᠪᠡᠶ᠎ᠡ ᠡᠴᠡ ᠬᠠᠶᠠᠨ ᠦᠢᠯᠡᠳ᠃ ᠲᠡᠷᠡ ᠶᠠᠭᠤᠨ ᠤ ᠲᠤᠯᠠ ᠬᠡᠮᠡᠪᠡᠰᠦ᠂ ᠴᠢᠨᠦ ᠨᠢᠭᠡ ᠮᠥᠴᠡ ᠶᠢᠨ ᠦᠬᠦᠬᠦᠢ ᠢᠨᠦ ᠴᠢᠨᠦ ᠪᠦᠬᠦᠯᠢ ᠪᠡᠶ᠎ᠡ ᠶᠢᠨ ᠲᠠᠮᠤ ᠳᠤᠷ ᠬᠠᠶᠠᠭᠳᠠᠬᠤᠢ ᠠᠴᠠ ᠳᠡᠭᠡᠷ᠎ᠡ ᠪᠣᠯᠠᠢ ᠅ 31᠂ ᠠᠯᠢ ᠬᠡᠨ ᠭᠡᠷᠭᠡᠢ ᠪᠡᠨ ᠰᠠᠯᠭᠠᠪᠠᠰᠤ᠂ ᠲᠡᠭᠦᠨ ᠳᠦᠷ ᠨᠢᠭᠡ ᠰᠠᠯᠭᠠᠬᠤᠢ ᠪᠢᠴᠢᠡᠡ᠋ [ᠪᠢᠴᠢᠭ] ᠢ ᠥᠭᠲᠦᠭᠡᠢ᠂ ᠬᠡᠮᠡᠨ ᠥᠭᠦᠯᠡᠭᠳᠡᠭᠰᠡᠨ ᠪᠥᠯᠦᠭᠡ᠃ 32᠂ ᠬᠠᠷᠢᠨ ᠮᠢᠨᠦ ᠲᠠᠨ ᠳᠤᠷ ᠥᠭᠦᠯᠡᠬᠦᠢ ᠢᠨᠦ᠂ ᠬᠡᠨ ᠴᠤ ᠲᠠᠴᠢᠶᠠᠩᠭᠤᠢ ᠶᠢᠨ ᠬᠤᠷᠢᠴᠠᠯ ᠠᠴᠠ ᠪᠤᠰᠤ ᠰᠢᠯᠲᠠᠭ᠎ᠠ ᠪᠠᠷ ᠭᠡᠷᠡᠭᠡᠢ ᠪᠡᠨ ᠰᠠᠯᠭᠠᠪᠠᠰᠤ᠂ ᠲᠡᠷᠡ ᠢᠨᠦ ᠲᠡᠭᠦᠨ ᠢ ᠲᠠᠴᠢᠶᠠᠩᠭᠤᠢ ᠶᠢᠨ ᠬᠤᠷᠢᠴᠠᠯ ᠢ ᠦᠢᠯᠡᠳᠬᠡᠭᠦᠯᠦᠮᠦᠢ᠃ ᠪᠠᠰᠠ ᠠᠯᠢ ᠬᠡᠨ ᠲᠡᠷᠡ ᠰᠠᠯᠭᠠᠭᠳᠠᠭᠰᠠᠨ ᠡᠮ᠎ᠡ ᠶᠢ ᠠᠪᠤᠭᠴᠢ ᠲᠡᠷᠡ ᠲᠠᠴᠢᠶᠠᠩᠭᠤᠢ ᠶᠢᠨ ᠬᠤᠷᠢᠴᠠᠯ ᠢ ᠦᠢᠯᠡᠳᠦᠮᠦᠢ ᠅ 33᠂ ᠪᠠᠰᠠ ᠬᠤᠳᠠᠯ ᠢᠶᠠᠷ ᠦᠯᠦ ᠲᠠᠩᠭᠠᠷᠢᠭᠯᠠᠨ᠂ ᠲᠠᠩᠭᠠᠷᠢᠭ ᠤᠳ ᠢᠶᠠᠨ ᠡᠵᠡᠨ ᠳᠦᠷ ᠪᠦᠲᠦᠭᠡᠨ ᠦᠢᠯᠡᠳ᠂ ᠬᠡᠮᠡᠨ ᠡᠷᠲᠡᠨ ᠦ ᠴᠠᠭ ᠤᠨ ᠤᠯᠤᠰ ᠲᠤᠷ ᠥᠭᠦᠯᠡᠭᠳᠡᠭᠰᠡᠨ ᠢ ᠲᠠ ᠪᠡᠷ ᠰᠣᠨᠣᠰᠪᠠᠢ ᠢ᠎ᠠ᠃ 34᠂ ᠬᠠᠷᠢᠨ ᠮᠢᠨᠦ ᠲᠠᠨ ᠳᠤᠷ ᠥᠭᠦᠯᠡᠬᠦᠢ ᠢᠨᠦ᠂ ᠣᠭᠲᠠ ᠲᠠᠩᠭᠠᠷᠢᠭᠯᠠᠨ ᠪᠦᠦ ᠦᠢᠯᠡᠳ ᠬᠡᠮᠡᠪᠡᠰᠦ᠂ ᠣᠭᠲᠠᠷᠭᠤᠢ ᠪᠠᠷ ᠪᠤᠰᠤ᠃ ᠲᠡᠷᠡ ᠬᠡᠮᠡᠪᠡᠰᠦ ᠪᠤᠷᠬᠠᠨ ᠤ ᠰᠢᠷᠡᠭᠡ ᠪᠤᠢ᠃ 35᠂ ᠳᠡᠯᠡᠬᠡᠢ ᠪᠡᠷ ᠴᠤ ᠪᠤᠰᠤ᠃ ᠲᠡᠷᠡ ᠬᠡᠮᠡᠪᠡᠰᠦ ᠲᠡᠭᠦᠨ ᠦ (ᠥᠯᠮᠡᠢ ᠶᠢᠨ) ᠲᠠᠪᠴᠠᠠᠠᠠ᠋ [ᠲᠠᠪᠴᠠᠩ] ᠪᠤᠢ᠃ ᠶᠢᠷᠤᠰᠠᠯᠢᠮ ᠢᠶᠠᠷ ᠴᠤ ᠪᠤᠰᠤ᠃ ᠲᠡᠷᠡ ᠬᠡᠮᠡᠪᠡᠰᠦ ᠶᠡᠬᠡ ᠬᠠᠭᠠᠨ ᠤ ᠪᠠᠯᠭᠠᠰᠤᠨ ᠪᠤᠢ᠃ 36᠂ ᠲᠣᠯᠤᠭᠠᠢ ᠪᠠᠷ ᠢᠶᠠᠨ ᠴᠤ ᠪᠦᠦ ᠲᠠᠩᠭᠠᠷᠢᠭᠯᠠ᠃ ᠲᠡᠷᠡ ᠶᠠᠭᠤᠨ ᠤ ᠲᠤᠯᠠ ᠬᠡᠮᠡᠪᠡᠰᠦ᠂ ᠴᠢ ᠪᠡᠷ ᠭᠠᠭᠴᠠ ᠦᠰᠦᠨ ᠢ ᠴᠠᠶᠢᠯᠭᠠᠨ ᠴᠤ ᠬᠠᠷᠠᠯᠠᠭᠤᠯᠤᠨ ᠴᠤ ᠡᠰᠡ ᠴᠢᠳᠠᠮᠤᠢ᠃ 37᠂ ᠵᠦᠭᠡᠷ ᠲᠠᠨᠤ ᠦᠭᠡ ᠢᠨᠦ ᠵᠥᠪ᠂ ᠵᠥᠪ᠃ ᠪᠤᠰᠤ᠂ ᠪᠤᠰᠤ᠂ ᠬᠡᠮᠡᠨ ᠠᠬᠤ ᠪᠣᠯᠲᠤᠭᠠᠢ᠃ ᠲᠡᠷᠡ ᠶᠠᠭᠤᠨ ᠤ ᠲᠤᠯᠠ ᠬᠡᠮᠡᠪᠡᠰᠦ᠂ ᠡᠭᠦᠨ ᠡᠴᠡ ᠢᠯᠡᠭᠦᠦ ᠠᠬᠤᠢ ᠠᠨᠤ ᠮᠠᠭᠤ ᠠᠴᠠ ᠭᠠᠷᠤᠳᠠᠭ ᠅ 38᠂ ᠨᠢᠳᠦᠨ ᠦ ᠲᠤᠯᠠ ᠨᠢᠳᠦᠨ ᠢ (ᠠᠪᠤᠨ)᠂ ᠰᠢᠲᠦᠨ ᠦ ᠲᠤᠯᠠ ᠰᠢᠲᠦᠨ ᠢ (ᠠᠪ)᠂ ᠬᠡᠮᠡᠨ ᠥᠭᠦᠯᠡᠭᠳᠡᠭᠰᠡᠨ ᠢ ᠲᠠ ᠪᠡᠷ ᠰᠣᠨᠣᠰᠪᠠᠢ ᠵ᠎ᠠ᠃ 39᠂ ᠬᠠᠷᠢᠨ ᠮᠢᠨᠦ ᠲᠠᠨ ᠳᠤᠷ ᠥᠭᠦᠯᠡᠬᠦᠢ ᠢᠨᠦ᠂ ᠬᠣᠣᠷ᠎ᠠ ᠶᠢᠨ ᠲᠤᠰ ᠪᠦᠦ ᠡᠰᠡᠷᠭᠦᠴᠡ᠃ ᠬᠠᠷᠢᠨ ᠴᠢᠨᠦ ᠪᠠᠷᠠᠭᠤᠨ ᠬᠠᠴᠠᠷ ᠢ ᠴᠣᠬᠢᠭᠴᠢ ᠳᠤᠷ ᠨᠥᠭᠦᠭᠡ ᠶᠢ ᠴᠤ ᠡᠷᠭᠢᠭᠦᠯ᠃ 40᠂ ᠪᠠᠰᠠ ᠴᠢᠮᠠᠯᠤᠭ᠎ᠠ ᠵᠠᠷᠭᠤᠯᠳᠤᠭᠠᠳ ᠴᠢᠨᠦ ᠳᠡᠪᠢᠯ ᠢ ᠠᠪᠬᠤᠶ᠎ᠠ ᠳᠤᠷᠠ ᠲᠤ ᠪᠣᠯᠤᠭᠴᠢ ᠠᠨᠤ ᠴᠢᠨᠦ ᠴᠠᠮᠴᠠ ᠶᠢ ᠴᠤ ᠠᠪᠲᠤᠭᠠᠢ ᠶᠢ᠃ 41᠂ ᠪᠠᠰᠠ ᠴᠢᠮᠠᠶᠢ ᠨᠢᠭᠡ ᠲᠥᠰᠦᠷ ᠦᠨ ᠲᠡᠳᠦᠢ ᠭᠠᠵᠠᠷ᠎ᠠ ᠪᠠᠭᠠᠯᠠᠨ ᠶᠠᠪᠤᠭᠤᠯᠤᠭᠴᠢ ᠯᠤᠭ᠎ᠠ ᠬᠣᠶᠠᠷ ᠲᠥᠰᠦᠷ ᠦᠨ ᠲᠡᠳᠦᠢ ᠶᠠᠪᠤᠯᠴᠠ ᠅ 42᠂ ᠴᠢᠮᠠᠴᠠ ᠡᠷᠢᠭ᠍ᠴᠢ ᠳᠦᠷ ᠥᠭ᠃ ᠪᠠᠰᠠ ᠴᠢᠮᠠᠴᠠ ᠤᠷᠢᠳ ᠢᠶᠠᠷ ᠠᠪᠬᠤᠶ᠎ᠠ ᠳᠤᠷᠠ ᠲᠤ ᠬᠦᠮᠦᠨ ᠢ ᠣᠷᠬᠢᠨ ᠪᠦᠦ ᠦᠢᠯᠡᠳ ᠅ 43᠂ ᠣᠶᠢᠷ᠎ᠠ ᠠᠭᠴᠢ ᠶᠢ ᠢᠨᠠᠭᠯᠠᠨ᠂ ᠳᠠᠶᠢᠰᠤᠨ ᠢᠶᠠᠨ ᠥᠰᠢᠶᠡᠯᠡᠨ ᠦᠢᠯᠡᠳ᠂ ᠬᠡᠮᠡᠨ ᠥᠭᠦᠯᠡᠭᠳᠡᠭᠰᠡᠨ ᠢ ᠲᠠ ᠪᠡᠷ ᠰᠣᠨᠣᠰᠪᠠᠢ ᠵ᠎ᠠ᠃ 44᠂ ᠵᠦᠭᠡᠷ ᠮᠢᠨᠦ ᠲᠠᠨ ᠳᠤᠷ ᠥᠭᠦᠯᠡᠬᠦᠢ ᠢᠨᠦ᠂ ᠳᠠᠶᠢᠰᠤᠳ ᠢᠶᠠᠨ ᠢᠨᠠᠭᠯᠠᠨ᠂ ᠲᠠᠨ ᠢ ᠬᠠᠷᠢᠶᠠᠭᠴᠢᠳ ᠢ ᠢᠷᠦᠭᠡᠨ᠂ ᠲᠠᠨ ᠢ ᠥᠰᠢᠶᠡᠯᠡᠭᠴᠢᠳ ᠲᠦᠷ ᠰᠠᠶᠢᠨ ᠢ ᠦᠢᠯᠡᠳᠦᠨ᠂ ᠲᠠᠨ ᠢ ᠳᠣᠷᠣᠮᠵᠢᠯᠠᠨ ᠴᠦᠬᠡᠭᠡᠭᠴᠢᠳ ᠦᠨ ᠲᠤᠯᠠ ᠵᠠᠯᠪᠠᠷᠢᠭᠲᠤᠨ᠃ 45᠂ ᠡᠨᠡ ᠮᠡᠲᠦ ᠪᠡᠷ ᠲᠠ ᠣᠭᠲᠠᠷᠭᠤᠢ ᠳᠤᠷ ᠠᠭᠴᠢ ᠥᠪᠡᠷᠦᠨ ᠡᠴᠢᠭᠡ ᠶᠢᠨ ᠬᠡᠦᠬᠡᠳ ᠪᠣᠯᠬᠤ ᠪᠤᠢ᠃ ᠲᠡᠷᠡ ᠶᠠᠭᠤᠨ ᠤ ᠲᠤᠯᠠ ᠬᠡᠮᠡᠪᠡᠰᠦ᠂ ᠲᠡᠷᠡ ᠢᠨᠦ ᠨᠠᠷᠠᠨ ᠢ ᠰᠠᠶᠢᠨ ᠬᠢᠭᠡᠳ ᠮᠠᠭᠤ ᠨᠤᠭᠤᠳ ᠤᠨ ᠲᠤᠯᠠ ᠭᠠᠷᠭᠠᠨ᠂ ᠪᠤᠷᠤᠭᠠᠨ ᠢ ᠵᠥᠪ ᠲᠡᠨ ᠬᠢᠭᠡᠳ ᠪᠤᠷᠤᠭᠤ ᠲᠠᠨ ᠤ ᠳᠡᠭᠡᠷ᠎ᠡ ᠣᠷᠣᠭᠤᠯᠤᠳᠠᠭ᠃ 46᠂ ᠲᠡᠷᠡ ᠶᠠᠭᠤᠨ ᠤ ᠲᠤᠯᠠ ᠬᠡᠮᠡᠪᠡᠰᠦ᠂ ᠬᠡᠷᠪᠡ ᠲᠠ ᠪᠡᠷ (ᠢᠮᠠᠭᠲᠠ) ᠲᠠᠨ ᠢ ᠢᠨᠠᠭᠯᠠᠭᠴᠢᠳ ᠢ ᠢᠨᠠᠭᠯᠠᠪᠠᠰᠤ᠂ ᠲᠠᠨ ᠳᠤᠷ ᠶᠠᠮᠪᠠᠷ ᠱᠠᠠᠠᠠ᠋ [ᠱᠠᠩ] ᠪᠣᠯᠬᠤ ᠪᠤᠶᠤ᠃ ᠠᠪᠤᠯᠭᠠᠴᠢᠨᠠᠷ ᠴᠤ ᠡᠨᠡ ᠮᠡᠲᠦ ᠪᠡᠷ ᠦᠢᠯᠡᠳᠦᠳᠡᠭ ᠪᠢᠰᠢᠶᠦ᠃ 47᠂ ᠪᠠᠰᠠ ᠬᠡᠷᠪᠡ ᠲᠠ ᠪᠡᠷ ᠢᠮᠠᠭᠲᠠ ᠠᠬ᠎ᠠ ᠳᠡᠭᠦᠦ ᠨᠠᠷ ᠢᠶᠠᠨ ᠢᠷᠦᠭᠡᠪᠡᠰᠤ᠂ ᠲᠠ (ᠪᠤᠰᠤᠳ ᠠᠴᠠ) ᠳᠡᠭᠡᠷ᠎ᠡ ᠶᠠᠭᠤᠨ ᠢ ᠦᠢᠯᠡᠳᠦᠮᠦᠶᠦ᠃ ᠠᠪᠤᠯᠭᠠᠴᠢᠨᠠᠷ ᠴᠤ ᠡᠨᠡ ᠮᠡᠲᠦ ᠪᠡᠷ ᠦᠢᠯᠡᠳᠦᠳᠡᠭ ᠪᠢᠰᠢᠶᠦ᠃ 48᠂ ᠲᠡᠶᠢᠮᠦ ᠶᠢᠨ ᠲᠤᠯᠠ ᠣᠭᠲᠠᠷᠭᠤᠢ ᠳᠠᠬᠢ ᠲᠠᠨᠤ ᠡᠴᠢᠭᠡ ᠢᠨᠦ ᠲᠡᠭᠦᠰ ᠪᠤᠢ ᠮᠡᠲᠦ᠂ ᠲᠡᠭᠦᠨᠴᠢᠯᠡᠨ ᠬᠦ ᠲᠠ ᠴᠤ ᠲᠡᠭᠦᠰ ᠠᠭᠲᠤᠨ ᠅

اکنون انتخاب شده:

ᠮᠠᠳᠲ᠋ᠢᠢ 5: MB1840

های‌لایت

به اشتراک گذاشتن

کپی

None

می خواهید نکات برجسته خود را در همه دستگاه های خود ذخیره کنید؟ برای ورودثبت نام کنید یا اگر ثبت نام کرده اید وارد شوید