ᠮᠠᠳᠲ᠋ᠢᠢ 4
4
ᠳᠥᠷᠪᠡᠳᠦᠭᠡᠷ ᠪᠦᠯᠦᠭ ᠅
1᠂ ᠲᠡᠷᠡ ᠴᠠᠭ ᠲᠤᠷ ᠢᠢᠰᠦᠰ ᠢᠨᠦ ᠰᠠᠲ᠋ᠠᠨ᠋ᠠ ᠳᠤᠷ ᠰᠢᠨᠵᠢᠯᠡᠭᠳᠡᠬᠦ ᠶᠢᠨ ᠲᠤᠯᠠ ᠲᠣᠳᠤᠳᠬᠠᠯ ᠢᠶᠠᠷ ᠭᠣᠪᠢ᠋ ᠳᠤᠷ ᠬᠥᠳᠡᠯᠦᠭᠳᠡᠭᠡᠳ᠃ 2᠂ ᠳᠥᠴᠢᠨ ᠬᠣᠨᠣᠭ᠋ᠠ [ᠬᠣᠨᠣᠭ᠎ᠠ] ᠢᠳᠡᠯ ᠦᠭᠡᠭᠦᠶ᠎ᠡ ᠪᠠᠶᠢᠭᠰᠠᠨ ᠤ ᠡᠴᠦᠰᠡ ᠥᠯᠥᠰᠪᠡᠢ᠃ 3᠂ ᠲᠡᠶᠢᠨ ᠬᠦ ᠰᠢᠨᠵᠢᠯᠡᠭᠴᠢ ᠢᠨᠦ ᠲᠡᠭᠦᠨ ᠳᠦᠷ ᠢᠷᠡᠭᠡᠳ ᠡᠶᠢᠨ ᠥᠭᠦᠯᠡᠷᠦᠨ᠃ ᠬᠡᠷᠪᠡ ᠴᠢ ᠪᠡᠷ ᠪᠤᠷᠬᠠᠨ ᠤ ᠬᠥᠪᠡᠭᠦᠨ ᠮᠥᠨ ᠪᠣᠯᠪᠠᠰᠤ᠂ ᠡᠳᠡ ᠴᠢᠯᠠᠭᠤᠳ ᠢ ᠪᠣᠭᠤᠷᠰᠤᠭ ᠪᠣᠯᠲᠤᠭᠠᠢ ᠬᠡᠮᠡᠨ ᠥᠭᠦᠯᠡᠨ ᠦᠢᠯᠡᠳ᠃ 4᠂ ᠬᠡᠮᠡᠭᠰᠡᠨ ᠳᠦᠷ ᠢᠢᠰᠦᠰ ᠢᠨᠦ ᠬᠠᠷᠢᠭᠤ ᠡᠶᠢᠨ᠃ ᠬᠦᠮᠦᠨ ᠢᠨᠦ ᠢᠮᠠᠭᠲᠠ ᠪᠣᠭᠤᠷᠰᠤᠭ ᠢᠶᠠᠷ ᠪᠤᠰᠤ᠂ ᠬᠠᠷᠢᠨ ᠪᠤᠷᠬᠠᠨ ᠤ ᠠᠯᠢᠪᠠ ᠵᠠᠷᠯᠢᠭ ᠪᠣᠯᠤᠭᠰᠠᠨ ᠢᠶᠠᠷ ᠲᠡᠵᠢᠭᠡᠭᠳᠡᠮᠦᠢ᠂ ᠬᠡᠮᠡᠨ ᠪᠢᠴᠢᠭᠳᠡᠭᠰᠡᠨ ᠪᠤᠢ᠃ ᠬᠡᠮᠡᠨ ᠵᠠᠷᠯᠢᠭ ᠪᠣᠯᠪᠠᠢ᠃ 5᠂ ᠲᠡᠨᠳᠡᠴᠡ ᠴᠢᠳᠬᠦᠷ ᠢᠨᠦ ᠲᠡᠭᠦᠨ ᠢ ᠶᠢᠷᠤᠰᠠᠯᠢᠮ ᠳᠤᠷ ᠬᠦᠷᠭᠡᠭᠡᠳ᠂ ᠰᠦᠮ᠎ᠡ ᠶᠢᠨ ᠳᠡᠭᠡᠯᠪᠦᠷ ᠦᠨ ᠳᠡᠭᠡᠷ᠎ᠡ ᠪᠠᠶᠢᠯᠭᠠᠭᠠᠳ᠂ ᠲᠡᠭᠦᠨ ᠳᠦᠷ ᠥᠭᠦᠯᠡᠷᠦᠨ᠃ 6᠂ ᠬᠡᠷᠪᠡ ᠴᠢ ᠪᠡᠷ ᠪᠤᠷᠬᠠᠨ ᠤ ᠬᠥᠪᠡᠭᠦᠨ ᠮᠥᠨ ᠪᠣᠯᠪᠠᠰᠤ᠂ ᠪᠡᠶ᠎ᠡ ᠪᠡᠨ ᠳᠣᠭᠣᠭᠰᠢᠳᠠ ᠬᠠᠶᠠ᠃ ᠲᠡᠷᠡ ᠶᠠᠭᠤᠨ ᠤ ᠲᠤᠯᠠ ᠬᠡᠮᠡᠪᠡᠰᠦ᠂ ᠲᠡᠷᠡ ᠢᠨᠦ ᠠᠩᠭᠢᠯ ᠤᠳ ᠲᠤᠷ ᠢᠶᠠᠨ ᠴᠢᠨᠦ ᠤᠴᠢᠷ᠎ᠠ ᠵᠠᠬᠢᠬᠤ ᠪᠤᠢ᠃ ᠲᠡᠶᠢᠨ ᠬᠦ ᠴᠢᠨᠦ ᠬᠥᠯ ᠢᠶᠡᠷ ᠢᠶᠠᠨ ᠴᠢᠯᠠᠭᠤᠨ ᠳᠤᠷ ᠦᠯᠦ ᠪᠦᠳᠦᠷᠢᠬᠦ ᠶᠢᠨ ᠲᠤᠯᠠ ᠲᠡᠳᠡ ᠢᠨᠦ ᠭᠠᠷ ᠲᠠᠭᠠᠨ ᠴᠢᠮᠠᠶᠢ ᠡᠷᠭᠦᠬᠦ ᠪᠣᠯᠤᠶᠤ᠂ ᠬᠡᠮᠡᠨ ᠪᠢᠴᠢᠭᠳᠡᠭᠰᠡᠨ ᠪᠤᠢ᠃ 7᠂ ᠬᠡᠮᠡᠭᠰᠡᠨ ᠳᠦᠷ ᠢᠢᠰᠦᠰ ᠢᠨᠦ ᠲᠡᠭᠦᠨ ᠳᠦᠷ ᠵᠠᠷᠯᠢᠭ ᠪᠣᠯᠤᠷᠤᠨ᠃ ᠥᠪᠡᠷᠦᠨ ᠡᠵᠡᠨ ᠪᠤᠷᠬᠠᠨ ᠢ ᠪᠦᠦ ᠰᠢᠨᠵᠢᠯᠡ᠂ ᠬᠡᠮᠡᠨ ᠪᠠᠰᠠ ᠪᠢᠴᠢᠭᠳᠡᠭᠰᠡᠨ ᠪᠤᠢ᠃ 8᠂ ᠵᠢᠴᠢ ᠴᠢᠳᠬᠦᠷ ᠢᠨᠦ ᠲᠡᠭᠦᠨ ᠢ ᠨᠢᠭᠡᠨ ᠮᠠᠰᠢ ᠥᠨᠳᠦᠷ ᠠᠭᠤᠯᠠᠨ ᠳᠤᠷ ᠭᠠᠷᠭᠠᠭᠠᠳ᠂ ᠶᠢᠷᠲᠢᠨᠴᠦ ᠶᠢᠨ ᠬᠠᠮᠤᠭ ᠡᠵᠡᠯᠡᠭᠦᠷᠢᠳ ᠬᠢᠭᠡᠳ ᠲᠡᠳᠡᠨ ᠦ ᠬᠠᠮᠤᠭ ᠴᠣᠭ ᠵᠢᠪᠬᠤᠯᠠᠩ ᠢ ᠦᠵᠡᠭᠦᠯᠦᠨ᠂ ᠲᠡᠭᠦᠨ ᠳᠦᠷ ᠥᠭᠦᠯᠡᠷᠦᠨ᠃ 9᠂ ᠬᠡᠷᠪᠡ ᠴᠢ ᠪᠡᠷ ᠬᠥᠰᠡᠷ᠎ᠡ ᠤᠨᠠᠭᠠᠳ ᠨᠠᠳᠤᠷ ᠮᠥᠷᠭᠦᠬᠦ ᠪᠥᠭᠡᠰᠦ᠂ ᠪᠢ ᠪᠡᠷ ᠡᠳᠡ ᠪᠦᠭᠦᠳᠡᠭᠡᠷ ᠢ ᠴᠢᠮᠠᠳᠤᠷ ᠥᠭᠬᠦ ᠪᠤᠢ᠃ 10᠂ ᠬᠡᠮᠡᠭᠰᠡᠨ ᠳᠦᠷ ᠢᠢᠰᠦᠰ ᠢᠨᠦ ᠲᠡᠭᠦᠨ ᠳᠦᠷ ᠡᠶᠢᠨ᠃ ᠰᠠᠲ᠋ᠠᠨ᠋ᠠ ᠠ᠋᠂ ᠨᠠᠳᠠᠴᠠ ᠵᠠᠶᠢᠯᠠ᠃ ᠲᠡᠷᠡ ᠶᠠᠭᠤᠨ ᠤ ᠲᠤᠯᠠ ᠬᠡᠮᠡᠪᠡᠰᠦ᠂ ᠡᠵᠡᠨ ᠪᠤᠷᠬᠠᠨ ᠳᠤᠷ ᠢᠶᠠᠨ ᠮᠥᠷᠭᠦᠨ᠂ ᠢᠮᠠᠭᠲᠠ ᠲᠡᠭᠦᠨ ᠳᠦᠷ ᠵᠠᠷᠤᠭᠳᠠᠭᠲᠤᠨ᠂ ᠬᠡᠮᠡᠨ ᠪᠢᠴᠢᠭᠳᠡᠭᠰᠡᠨ ᠪᠤᠢ᠃ ᠬᠡᠮᠡᠨ ᠵᠠᠷᠯᠢᠭ ᠪᠣᠯᠪᠠᠢ ᠅ 11᠂ ᠲᠡᠨᠳᠡ ᠰᠠᠲ᠋ᠠᠨ᠋ᠠ ᠶᠢᠨ ᠲᠡᠭᠦᠨ ᠢ ᠣᠷᠬᠢᠭᠰᠠᠨ ᠳᠤᠷ᠂ ᠮᠠᠨ᠎ᠠ᠂ ᠠᠩᠭᠢᠯ ᠤᠳ ᠠᠨᠤ ᠢᠷᠡᠭᠡᠳ ᠲᠡᠭᠦᠨ ᠳᠦᠷ ᠦᠢᠯᠡᠴᠢᠯᠡᠪᠡᠢ ᠅ 12᠂ ᠲᠡᠶᠢᠨ ᠪᠥᠭᠡᠳ ᠢᠢᠰᠦᠰ ᠢᠨᠦ ᠢᠣᠸᠠᠨ ᠤ ᠬᠤᠷᠢᠯᠭᠠᠨ᠋ᠠ ᠥᠭᠳᠡᠭᠰᠡᠨ ᠢ ᠰᠣᠨᠣᠰᠤᠭᠠᠳ᠂ ᠺᠠᠯᠢᠯᠢᠶ᠎ᠠ ᠳᠤᠷ ᠥᠭᠡᠳᠡ ᠪᠣᠯᠪᠠᠢ᠃ 13᠂ ᠲᠡᠶᠢᠨ ᠬᠦ ᠲᠡᠷᠡ ᠢᠨᠦ ᠨᠠᠵᠢᠷᠢᠳ ᠠᠴᠠ ᠬᠠᠭᠠᠴᠠᠭᠠᠳ᠂ ᠵᠠᠪᠤᠯᠤᠨ ᠬᠢᠭᠡᠳ ᠨᠠᠹᠲ᠋ᠠᠯᠢ ᠭᠠᠵᠠᠳ ᠤᠨ ᠬᠢᠯ᠎ᠡ ᠶᠢᠨ ᠳᠣᠲᠣᠷ᠎ᠠ ᠳᠠᠯᠠᠢ ᠶᠢᠨ ᠵᠠᠬ᠎ᠠ ᠳᠤᠷ ᠠᠭᠴᠢ ᠺᠠᠹᠢᠷᠨᠠᠦ᠋ᠮ ᠳᠤᠷ ᠣᠳᠤᠭᠠᠳ ᠰᠠᠭᠤᠪᠠᠢ ᠅ 14᠂ ᠡᠨᠡ ᠬᠡᠮᠡᠪᠡᠰᠦ ᠢᠰᠢᠶᠠ ᠹᠣᠷᠣᠹᠢᠨ ᠤᠨ ᠵᠠᠷᠯᠢᠭ ᠪᠣᠯᠤᠭᠰᠠᠨ ᠤ ᠪᠦᠲᠦᠬᠦ ᠶᠢᠨ ᠲᠤᠯᠠ ᠪᠣᠯᠠᠢ᠃ ᠬᠡᠮᠡᠪᠡᠰᠦ ᠡᠶᠢᠨ᠃ 15᠂ ᠳᠠᠯᠠᠢ ᠶᠢᠨ ᠣᠶᠢᠷ᠎ᠠ ᠪᠥᠭᠡᠲᠡᠯ᠎ᠡ ᠶᠣᠷᠳᠠᠨ (ᠮᠥᠷᠡᠨ) ᠦ ᠴᠢᠨᠠᠳᠤ ᠡᠲᠡᠭᠡᠳᠡ ᠠᠭᠴᠢ ᠵᠠᠪᠤᠯᠤᠨ ᠤ ᠭᠠᠵᠠᠷ ᠬᠢᠭᠡᠳ ᠨᠠᠹᠲ᠋ᠠᠯᠢ ᠶᠢᠨ ᠭᠠᠵᠠᠷ ᠪᠠ᠂ ᠪᠠᠯᠠᠢ ᠨᠣᠮ ᠲᠤ ᠺᠠᠯᠢᠯᠢᠶ᠎ᠠ ᠶᠢᠨ ᠤᠯᠤᠰ ᠬᠡᠮᠡᠪᠡᠰᠦ᠂ 16᠂ ᠬᠠᠷᠠᠩᠭᠤᠢ ᠳᠤᠷ ᠰᠠᠭᠤᠭᠰᠠᠨ ᠠᠲᠠᠯ᠎ᠠ ᠶᠡᠬᠡ ᠭᠡᠷᠡᠯ ᠢ ᠦᠵᠡᠪᠡᠢ᠃ ᠦᠬᠦᠯ ᠦᠨ ᠣᠷᠣᠨ ᠬᠢᠭᠡᠳ ᠰᠡᠭᠦᠳᠡᠷᠡ ᠰᠠᠭᠤᠭᠰᠠᠨ ᠲᠤᠷ ᠭᠡᠷᠡᠯ ᠢᠨᠦ ᠭᠠᠷᠪᠠᠢ᠃ ᠬᠡᠮᠡᠯᠦᠭᠡ ᠅ 17᠂ ᠲᠡᠷᠡ ᠴᠠᠭ ᠠᠴᠠ ᠡᠬᠢᠯᠡᠨ ᠢᠢᠰᠦᠰ ᠢᠨᠦ ᠳᠡᠯᠭᠡᠷᠡᠭᠦᠯᠦᠨ ᠡᠶᠢᠨ ᠵᠠᠷᠯᠢᠭ ᠪᠣᠯᠤᠷᠤᠨ᠃ ᠭᠡᠮᠰᠢᠭᠲᠦᠨ᠃ ᠲᠡᠷᠡ ᠶᠠᠭᠤᠨ ᠤ ᠲᠤᠯᠠ ᠬᠡᠮᠡᠪᠡᠰᠦ᠂ ᠣᠭᠲᠠᠷᠭᠤᠢ ᠶᠢᠨ ᠣᠷᠣᠨ ᠠᠨᠤ ᠰᠢᠳᠠᠷᠳᠠᠭᠰᠠᠨ ᠪᠤᠢ ᠅ 18᠂ ᠲᠡᠶᠢᠨ ᠪᠥᠭᠡᠳ ᠢᠢᠰᠦᠰ ᠢᠨᠦ ᠳᠠᠯᠠᠢ ᠶᠢᠨ ᠣᠶᠢᠷ᠎ᠠ ᠶᠠᠪᠤᠨ ᠠᠲᠠᠯ᠎ᠠ ᠵᠢᠭᠠᠰᠤᠴᠢᠨᠠᠷ ᠪᠣᠯᠤᠭᠰᠠᠨ ᠠᠬ᠎ᠠ ᠳᠡᠭᠦᠦ ᠬᠣᠶᠠᠷ ᠬᠡᠮᠡᠪᠡᠰᠦ᠂ ᠹᠢᠲ᠋ᠢᠷ ᠬᠡᠮᠡᠭᠳᠡᠭᠰᠡᠨ ᠰᠢᠢᠮᠣᠨ ᠬᠢᠭᠡᠳ ᠲᠡᠭᠦᠨ ᠦ ᠠᠨᠲᠠᠷᠢ ᠳᠡᠭᠦᠦ ᠶᠢᠨ ᠭᠥᠯᠮᠢ ᠪᠡᠨ ᠳᠠᠯᠠᠢ ᠳᠤᠷ ᠬᠠᠶᠠᠨ ᠠᠬᠤᠢ ᠶᠢ ᠦᠵᠡᠭᠡᠳ᠂ ᠲᠡᠳᠡᠨ ᠳᠦᠷ ᠵᠠᠷᠯᠢᠭ ᠪᠣᠯᠤᠷᠤᠨ᠃ 19᠂ ᠮᠢᠨᠦ ᠬᠣᠶᠢᠨᠠ ᠠᠴᠠ ᠣᠳᠤᠭᠲᠤᠨ᠃ ᠲᠡᠶᠢᠨ ᠬᠦ ᠪᠢ ᠪᠡᠷ ᠲᠠᠨ ᠢ ᠬᠦᠮᠦᠨ ᠢ ᠭᠥᠯᠮᠢᠳᠡᠭᠴᠢᠳ ᠪᠣᠯᠭᠠᠬᠤ ᠪᠤᠢ᠃ 20᠂ ᠬᠡᠮᠡᠨ ᠵᠠᠷᠯᠢᠭ ᠪᠣᠯᠤᠭᠰᠠᠨ ᠤ ᠳᠠᠷᠤᠢ ᠲᠡᠳᠡ ᠢᠨᠦ ᠭᠥᠯᠮᠢ ᠨᠤᠭᠤᠳ ᠢ ᠣᠷᠬᠢᠭᠠᠳ᠂ ᠢᠢᠰᠦᠰ ᠢ ᠲᠠᠭᠠᠪᠠᠷ ᠅ 21᠂ ᠲᠡᠨᠳᠡᠴᠡ ᠥᠩᠭᠡᠷᠡᠭᠡᠳ ᠲᠡᠷᠡ ᠢᠨᠦ ᠪᠤᠰᠤ ᠠᠬ᠎ᠠ ᠳᠡᠭᠦᠦ ᠬᠣᠶᠠᠷ ᠬᠡᠮᠡᠪᠡᠰᠦ᠂ ᠵᠢᠪᠢᠳᠢᠢ ᠶᠢᠨ ᠶᠠᠺᠣᠪ ᠬᠢᠭᠡᠳ ᠲᠡᠭᠦᠨ ᠦ ᠢᠣᠸᠠᠨ ᠳᠡᠭᠦᠦ ᠶᠢᠨ ᠵᠢᠪᠢᠳᠢᠢ ᠡᠴᠢᠭᠡ ᠯᠦᠭᠡ ᠪᠡᠨ ᠣᠩᠭᠤᠴᠠ ᠶᠢᠨ ᠳᠣᠲᠣᠷ᠎ᠠ ᠭᠥᠯᠮᠢ ᠪᠡᠨ ᠵᠠᠰᠠᠨ ᠠᠬᠤᠢ ᠶᠢ ᠦᠵᠡᠭᠡᠳ᠂ ᠲᠡᠳᠡᠨ ᠢ ᠳᠠᠭᠤᠳᠠᠪᠠᠢ᠃ 22᠂ ᠲᠡᠶᠢᠨ ᠬᠦ ᠲᠡᠳᠡ ᠢᠨᠦ ᠲᠡᠷᠡ ᠳᠠᠷᠤᠢ ᠣᠩᠭᠤᠴᠠ ᠬᠢᠭᠡᠳ ᠡᠴᠢᠭᠡ ᠪᠡᠨ ᠣᠷᠬᠢᠭᠠᠳ᠂ ᠲᠡᠭᠦᠨ ᠢ ᠳᠠᠭᠠᠪᠠᠢ ᠅ 23᠂ ᠲᠡᠨᠳᠡᠴᠡ ᠢᠢᠰᠦᠰ ᠢᠨᠦ ᠪᠦᠬᠦᠯᠢ ᠺᠠᠯᠢᠯᠢᠶ᠎ᠠ ᠶᠢ ᠠᠯᠤᠰᠳᠠᠨ᠂ ᠲᠡᠳᠡᠨ ᠦ ᠬᠤᠷᠠᠯ ᠤᠳ ᠤᠨ ᠳᠣᠲᠣᠷ᠎ᠠ ᠰᠤᠷᠭᠠᠨ᠂ ᠡᠵᠡᠯᠡᠭᠦᠷᠢ ᠶᠢᠨ ᠢᠸᠠᠩᠭᠢᠯᠢ ᠶᠢ ᠳᠡᠯᠭᠡᠷᠡᠭᠦᠯᠦᠨ᠂ ᠠᠯᠢᠪᠠ ᠡᠪᠡᠳᠴᠢᠨ ᠬᠢᠭᠡᠳ ᠠᠯᠢᠪᠠ ᠦᠯᠪᠡᠷ ᠢ ᠡᠳᠡᠭᠡᠭᠡᠪᠡᠢ ᠅ 24᠂ ᠲᠡᠶᠢᠨ ᠪᠥᠭᠡᠳ ᠳᠡᠭᠦᠨ ᠦ ᠠᠯᠳᠠᠷ ᠠᠨᠤ ᠪᠦᠬᠦᠯᠢ ᠰᠢᠢᠷᠢᠶᠠ ᠳᠤᠷ ᠬᠦᠷᠪᠡᠢ᠃ ᠵᠢᠴᠢ ᠬᠠᠮᠤᠭ ᠵᠣᠪᠠᠭᠴᠢᠳ ᠬᠢᠭᠡᠳ ᠵᠦᠢᠯ ᠪᠦᠷᠢ ᠶᠢᠨ ᠡᠪᠡᠳᠴᠢᠨ ᠳᠦᠷ ᠪᠠᠷᠢᠭᠳᠠᠨ ᠡᠨᠡᠯᠦᠭᠴᠢᠳ ᠪᠠ᠂ ᠴᠢᠳᠬᠦᠳ ᠲᠦᠷ ᠪᠠᠷᠢᠭᠳᠠᠭᠰᠠᠳ ᠬᠢᠭᠡᠳ ᠳᠡᠮᠡᠶᠢᠷᠡᠭᠴᠢᠳ ᠪᠠ᠂ ᠮᠡᠨᠡᠡᠡᠡ᠋ [ᠮᠡᠨᠡᠩ] ᠱᠢᠷᠬᠢᠷᠢᠶᠡᠯ ᠡᠪᠡᠳᠴᠢᠨ ᠲᠡᠨ ᠦ ᠲᠡᠭᠦᠨ ᠳᠦᠷ ᠠᠴᠠᠷᠠᠭᠳᠠᠬᠤᠢ ᠳᠤᠷ᠂ ᠲᠡᠷᠡ ᠢᠨᠦ ᠲᠡᠳᠡᠨ ᠢ ᠡᠳᠡᠭᠡᠭᠡᠪᠡᠢ ᠅ 25᠂ ᠲᠡᠶᠢᠨ ᠬᠦ ᠺᠠᠯᠢᠯᠢᠶ᠎ᠠ ᠬᠢᠭᠡᠳ ᠳ᠋ᠢᠺᠠᠹᠤᠯᠢᠰ ᠪᠠ᠂ ᠶᠢᠷᠤᠰᠠᠯᠢᠮ ᠬᠢᠭᠡᠳ ᠶᠦᠳᠢᠶ᠎ᠡ ᠪᠠ᠂ ᠶᠣᠷᠳᠠᠨ (ᠮᠥᠷᠡᠨ) ᠦ ᠴᠢᠨᠠᠳᠤ ᠡᠲᠡᠭᠡᠳ ᠡᠴᠡ ᠣᠯᠠᠨ ᠤᠯᠤᠰ ᠠᠨᠤ ᠲᠡᠭᠦᠨ ᠢ ᠳᠠᠭᠠᠪᠠᠢ ᠅
अहिले सेलेक्ट गरिएको:
ᠮᠠᠳᠲ᠋ᠢᠢ 4: MB1840
हाइलाइट
शेयर गर्नुहोस्
कपी गर्नुहोस्
तपाईंका हाइलाइटहरू तपाईंका सबै यन्त्रहरूमा सुरक्षित गर्न चाहनुहुन्छ? साइन अप वा साइन इन गर्नुहोस्
Digital edition of the Mongolian translation published in 1840 (the Old Testament) and 1846 (the New Testament) by Edward Stallybrass and William Swan. Created by Bayarjargal Garamtseren and Simon Wong. Digital edition © United Bible Societies, 2020.