1
ᠢᠣᠸᠠᠨ 3:16
Mongolian Bible (1840)
ᠲᠡᠷᠡ ᠶᠠᠭᠤᠨ ᠤ ᠲᠤᠯᠠ ᠬᠡᠮᠡᠪᠡᠰᠦ᠂ ᠪᠤᠷᠬᠠᠨ ᠠᠨᠤ ᠶᠢᠷᠲᠢᠨᠴᠦ ᠶᠢ ᠡᠨᠡ ᠮᠡᠲᠦ ᠪᠡᠷ ᠢᠨᠠᠭᠯᠠᠪᠠᠢ ᠬᠡᠮᠡᠪᠡᠰᠦ᠂ ᠣᠨᠴᠠ ᠲᠥᠷᠥᠭᠳᠡᠭᠰᠡᠨ ᠬᠥᠪᠡᠭᠦᠨ ᠢᠶᠡᠨ ᠥᠭᠪᠡᠢ᠃ ᠲᠡᠷᠡ ᠶᠠᠭᠤᠨ ᠤ ᠲᠤᠯᠠ ᠬᠡᠮᠡᠪᠡᠰᠦ᠂ ᠠᠯᠢ ᠬᠡᠨ ᠲᠡᠭᠦᠨ ᠳᠦᠷ ᠢᠲᠡᠭᠡᠬᠦ ᠪᠥᠭᠡᠰᠦ ᠦᠯᠦ ᠡᠪᠳᠡᠷᠡᠨ᠂ ᠮᠥᠩᠬᠡ ᠠᠮᠢᠨ ᠢ ᠣᠯᠬᠤ ᠶᠢᠨ ᠲᠤᠯᠠ ᠪᠣᠯᠠᠢ᠃
Porównaj
Przeglądaj ᠢᠣᠸᠠᠨ 3:16
2
ᠢᠣᠸᠠᠨ 3:17
ᠲᠡᠷᠡ ᠶᠠᠭᠤᠨ ᠤ ᠲᠤᠯᠠ ᠬᠡᠮᠡᠪᠡᠰᠦ᠂ ᠪᠤᠷᠬᠠᠨ ᠠᠨᠤ ᠶᠢᠷᠲᠢᠨᠴᠦ ᠶᠢ ᠪᠤᠷᠤᠭᠤᠰᠢᠶᠠᠬᠤ ᠶᠢᠨ ᠲᠤᠯᠠ ᠪᠤᠰᠤ᠂ ᠬᠠᠷᠢᠨ ᠶᠢᠷᠲᠢᠨᠴᠦ ᠶᠢᠨ ᠲᠡᠭᠦᠨ ᠢᠶᠡᠷ ᠲᠣᠨᠢᠯᠭᠠᠭᠳᠠᠬᠤ ᠶᠢᠨ ᠲᠤᠯᠠ ᠬᠥᠪᠡᠭᠦᠨ ᠢᠶᠡᠨ ᠶᠢᠷᠲᠢᠨᠴᠦ ᠳᠦᠷ ᠢᠯᠡᠭᠡᠪᠡᠢ᠃
Przeglądaj ᠢᠣᠸᠠᠨ 3:17
3
ᠢᠣᠸᠠᠨ 3:3
ᠢᠢᠰᠦᠰ ᠢᠨᠦ ᠲᠡᠭᠦᠨ ᠳᠦᠷ ᠬᠠᠷᠢᠭᠤ ᠵᠠᠷᠯᠢᠭ ᠪᠣᠯᠤᠷᠤᠨ᠃ ᠠᠯᠢ ᠬᠡᠨ ᠬᠦᠮᠦᠨ ᠢᠨᠦ ᠳ᠋ᠠᠬᠢᠨ ᠦᠯᠦ ᠲᠥᠷᠥᠭᠳᠡᠬᠦ ᠪᠥᠭᠡᠰᠦ ᠡᠯ᠎ᠡ᠂ ᠪᠤᠷᠬᠠᠨ ᠤ ᠡᠵᠡᠯᠡᠭᠦᠷᠢᠨ ᠢ ᠦᠵᠡᠨ ᠦᠯᠦ ᠴᠢᠳᠠᠬᠤ ᠪᠣᠯᠤᠶᠤ᠂ ᠬᠡᠮᠡᠨ ᠪᠢ ᠪᠡᠷ ᠴᠢᠮᠠᠳᠤᠷ ᠮᠠᠭᠠᠳᠯᠠᠨ ᠥᠭᠦᠯᠡᠮᠦᠢ᠃
Przeglądaj ᠢᠣᠸᠠᠨ 3:3
4
ᠢᠣᠸᠠᠨ 3:18
ᠲᠡᠭᠦᠨ ᠳᠦᠷ ᠢᠲᠡᠭᠡᠭᠴᠢ ᠢᠨᠦ ᠦᠯᠦ ᠪᠤᠷᠤᠭᠤᠰᠢᠶᠠᠭᠳᠠᠬᠤ ᠪᠤᠢ᠃ ᠬᠠᠷᠢᠨ ᠦᠯᠦ ᠢᠲᠡᠭᠡᠭᠴᠢ ᠢᠨᠦ ᠡᠳᠦᠭᠡ ᠴᠤ ᠪᠤᠷᠤᠭᠤᠰᠢᠶᠠᠭᠳᠠᠭᠰᠠᠨ ᠪᠤᠢ᠃ ᠲᠡᠷᠡ ᠶᠠᠭᠤᠨ ᠤ ᠲᠤᠯᠠ ᠬᠡᠮᠡᠪᠡᠰᠦ᠂ ᠲᠡᠷᠡ ᠢᠨᠦ ᠪᠤᠷᠬᠠᠨ ᠤ ᠣᠨᠴᠠ ᠲᠥᠷᠥᠭᠳᠡᠭᠰᠡᠨ ᠬᠥᠪᠡᠭᠦᠨ ᠦ ᠨᠡᠷ᠎ᠡ ᠳᠦᠷ ᠡᠰᠡ ᠢᠲᠡᠭᠡᠪᠡᠢ᠃
Przeglądaj ᠢᠣᠸᠠᠨ 3:18
5
ᠢᠣᠸᠠᠨ 3:19
ᠪᠤᠷᠤᠭᠤᠰᠢᠶᠠᠯ ᠠᠨᠤ ᠶᠠᠭᠤᠨ ᠪᠤᠢ ᠬᠡᠮᠡᠪᠡᠰᠦ᠂ ᠭᠡᠷᠡᠯ ᠢᠨᠦ ᠶᠢᠷᠲᠢᠨᠴᠦ ᠳᠦᠷ ᠢᠷᠡᠭᠰᠡᠨ ᠪᠣᠯᠪᠠᠴᠤ᠂ ᠬᠦᠮᠦᠨ ᠨᠦᠭᠦᠳ ᠢᠨᠦ ᠬᠠᠷᠠᠩᠭᠤᠢ ᠶᠢ ᠭᠡᠷᠡᠯ ᠡᠴᠡ ᠦᠯᠡᠮᠵᠢ ᠲᠠᠭᠠᠯᠠᠪᠠᠢ᠃ ᠲᠡᠷᠡ ᠶᠠᠭᠤᠨ ᠤ ᠲᠤᠯᠠ ᠬᠡᠮᠡᠪᠡᠰᠦ᠂ ᠲᠡᠳᠡᠨ ᠦ ᠦᠢᠯᠡᠰ ᠢᠨᠦ ᠮᠠᠭᠤ ᠪᠥᠯᠦᠭᠡ᠃
Przeglądaj ᠢᠣᠸᠠᠨ 3:19
6
ᠢᠣᠸᠠᠨ 3:30
ᠲᠡᠷᠡ ᠢᠨᠦ ᠥᠰᠬᠦ ᠶᠣᠰᠤ ᠲᠤ ᠠᠲᠯᠠ [ᠠᠲᠠᠯ᠎ᠠ]᠂ ᠪᠢ ᠪᠡᠷ ᠪᠠᠭ᠎ᠠ ᠪᠣᠯᠬᠤ ᠶᠣᠰᠤ ᠲᠤ ᠪᠤᠢ᠃
Przeglądaj ᠢᠣᠸᠠᠨ 3:30
7
ᠢᠣᠸᠠᠨ 3:20
ᠠᠯᠢ ᠬᠡᠨ ᠮᠠᠭᠤ ᠶᠢ ᠦᠢᠯᠡᠳᠦᠭᠴᠢ ᠢᠨᠦ ᠭᠡᠷᠡᠯ ᠢ ᠥᠰᠢᠶᠡᠯᠡᠨ᠂ ᠲᠡᠭᠦᠨ ᠦ ᠦᠢᠯᠡᠰ ᠦᠨ ᠦᠯᠦ ᠨᠡᠭᠡᠭᠳᠡᠬᠦ ᠶᠢᠨ ᠲᠤᠯᠠ ᠭᠡᠷᠡᠯ ᠳᠦᠷ ᠡᠰᠡ ᠢᠷᠡᠳᠡᠭ᠃
Przeglądaj ᠢᠣᠸᠠᠨ 3:20
8
ᠢᠣᠸᠠᠨ 3:36
ᠬᠥᠪᠡᠭᠦᠨ ᠳᠦᠷ ᠢᠲᠡᠭᠡᠭᠴᠢ ᠢᠨᠦ ᠮᠥᠩᠬᠡ ᠠᠮᠢᠨ ᠢ ᠣᠯᠤᠭᠰᠠᠨ ᠪᠤᠢ᠃ ᠬᠥᠪᠡᠭᠦᠨ ᠳᠦᠷ ᠡᠰᠡ ᠢᠲᠡᠭᠡᠭᠴᠢ ᠢᠨᠦ ᠠᠮᠢᠨ ᠢ ᠦᠯᠦ ᠦᠵᠡᠬᠦ᠃ ᠬᠠᠷᠢᠨ ᠪᠤᠷᠬᠠᠨ ᠤ ᠬᠢᠯᠢᠩ ᠢᠨᠦ ᠲᠡᠭᠦᠨ ᠦ ᠳᠡᠭᠡᠷ᠎ᠡ ᠪᠠᠶᠢᠮᠤᠢ ᠅
Przeglądaj ᠢᠣᠸᠠᠨ 3:36
9
ᠢᠣᠸᠠᠨ 3:14
ᠪᠠᠰᠠ ᠮᠣᠰᠢ ᠠᠨᠤ ᠭᠣᠪᠢ ᠶᠢᠨ ᠳᠣᠲᠣᠷ᠎ᠠ ᠮᠣᠭᠠᠢ ᠶᠢ ᠥᠷᠭᠦᠵᠢᠭᠰᠡᠨ ᠮᠡᠲᠦ᠂ ᠲᠡᠭᠦᠨᠴᠢᠯᠡᠨ ᠬᠦᠮᠦᠨ ᠲᠥᠷᠥᠯᠬᠢᠲᠦ ᠢᠨᠦ ᠥᠷᠭᠦᠵᠢᠭᠳᠡᠬᠦ ᠶᠣᠰᠤ ᠲᠤ ᠬᠡᠮᠡᠪᠡᠰᠦ᠃
Przeglądaj ᠢᠣᠸᠠᠨ 3:14
10
ᠢᠣᠸᠠᠨ 3:35
ᠡᠴᠢᠭᠡ ᠢᠨᠦ ᠬᠥᠪᠡᠭᠦᠨ ᠢᠶᠡᠨ ᠲᠠᠭᠠᠯᠠᠨ᠂ ᠲᠡᠭᠦᠨ ᠦ ᠡᠷᠬᠡ ᠳᠦᠷ ᠬᠠᠮᠤᠭ ᠢ ᠥᠭᠭᠦᠭᠰᠡᠨ ᠪᠤᠢ᠃
Przeglądaj ᠢᠣᠸᠠᠨ 3:35
Strona główna
Biblia
Plany
Nagrania wideo