ᠯᠦᠺᠡ 16
16
ᠠᠷᠪᠠᠨ ᠵᠢᠷᠭᠤᠳᠤᠭᠠᠷ ᠪᠦᠯᠦᠭ ᠅
1᠂ ᠵᠢᠴᠢ ᠪᠠᠰᠠ ᠲᠡᠷᠡ ᠢᠨᠦ ᠱᠠᠪᠢᠨᠠᠷ ᠲᠠᠭᠠᠨ ᠵᠠᠷᠯᠢᠭ ᠪᠣᠯᠤᠷᠤᠨ᠃ ᠨᠢᠭᠡ ᠪᠠᠶᠠᠨ ᠬᠦᠮᠦᠨ ᠳᠦᠷ ᠰᠠᠩ ᠢ ᠰᠠᠬᠢᠭᠴᠢ ᠬᠦᠮᠦᠨ ᠪᠥᠯᠦᠭᠡ᠃ ᠲᠡᠶᠢᠨ ᠪᠥᠭᠡᠳ ᠲᠡᠷᠡ ᠢᠨᠦ ᠴᠢᠨᠦ ᠰᠠᠩ ᠢ ᠦᠷᠡᠨ ᠬᠣᠮᠰᠠᠳᠬᠠᠨ ᠠᠮᠤᠢ᠃ ᠬᠡᠮᠡᠨ ᠪᠠᠶᠠᠨ ᠬᠦᠮᠦᠨ ᠳᠦᠷ ᠮᠡᠳᠡᠭᠦᠯᠦᠭᠳᠡᠭᠰᠡᠨ ᠦ ᠲᠤᠯᠠ᠃ 2᠂ ᠲᠡᠷᠡ ᠢᠨᠦ ᠲᠡᠭᠦᠨ ᠢ ᠢᠷᠡᠭᠦᠯᠦᠭᠡᠳ ᠡᠶᠢᠨ ᠥᠭᠦᠯᠡᠷᠦᠨ᠃ ᠴᠢᠨᠦ ᠤᠴᠢᠷ᠎ᠠ ᠮᠢᠨᠦ ᠡᠨᠡ ᠬᠦ ᠰᠣᠨᠣᠰᠤᠭᠰᠠᠨ ᠠᠨᠤ ᠶᠠᠭᠤᠨ ᠪᠤᠶᠤ᠃ ᠴᠢᠨᠦ ᠰᠠᠬᠢᠭᠰᠠᠨ ᠦᠢᠯᠡᠰ ᠦᠨ ᠲᠣᠭᠠᠨ ᠢ (ᠨᠠᠳᠤᠷ) ᠥᠭ᠃ ᠲᠡᠷᠡ ᠶᠠᠭᠤᠨ ᠤ ᠲᠤᠯᠠ ᠬᠡᠮᠡᠪᠡᠰᠦ᠂ ᠴᠢ ᠪᠡᠷ ᠡᠭᠦᠨ ᠡᠴᠡ ᠬᠣᠶᠢᠨᠠᠭᠰᠢᠳᠠ ᠰᠠᠩ ᠢ ᠰᠠᠬᠢᠭᠴᠢ ᠦᠯᠦ ᠪᠣᠯᠤᠮᠤᠢ᠃ 3᠂ ᠬᠡᠮᠡᠭᠰᠡᠨ ᠳᠦᠷ ᠰᠠᠩ ᠢ ᠰᠠᠬᠢᠭᠴᠢ ᠠᠨᠤ ᠰᠡᠳᠬᠢᠯ ᠳᠡᠭᠡᠨ ᠡᠶᠢᠨ ᠥᠭᠦᠯᠡᠷᠦᠨ᠃ ᠪᠢ ᠪᠡᠷ ᠶᠠᠭᠤᠨ ᠢ ᠦᠢᠯᠡᠳᠬᠦ ᠶᠦ᠃ ᠮᠢᠨᠦ ᠡᠵᠡᠨ ᠢᠨᠦ ᠰᠠᠩ ᠢ ᠰᠠᠬᠢᠬᠤᠢ ᠬᠡᠷᠡᠭ ᠢ ᠠᠪᠤᠮᠤᠢ᠃ ᠪᠢ ᠪᠡᠷ ᠮᠠᠯᠲᠠᠵᠤ ᠡᠰᠡ ᠴᠢᠳᠠᠨ᠃ ᠭᠤᠶᠢᠯᠢᠨᠴᠢᠯᠠᠬᠤᠢ ᠠᠴᠠ ᠢᠴᠢᠮᠤᠢ᠃ 4᠂ ᠮᠢᠨᠦ ᠰᠠᠩ ᠢ ᠰᠠᠬᠢᠬᠤᠢ ᠠᠴᠠ ᠣᠭᠤᠷᠤᠭᠳᠠᠭᠰᠠᠨ ᠴᠠᠭ ᠲᠤᠷ ᠬᠡᠨ ᠴᠤ ᠨᠠᠮᠠᠶᠢ ᠲᠡᠳᠡᠨ ᠦ ᠭᠡᠷ ᠲᠦᠷ ᠣᠷᠣᠭᠤᠯᠬᠤ ᠶᠢᠨ ᠲᠤᠯᠠ ᠪᠢ ᠪᠡᠷ ᠶᠠᠭᠤᠨ ᠦᠢᠯᠡᠳᠬᠦᠢ ᠶᠢ ᠮᠡᠳᠡᠮᠦᠢ᠃ 5᠂ ᠬᠡᠮᠡᠨ ᠰᠡᠳᠬᠢᠭᠡᠳ ᠡᠵᠡᠨ ᠳᠡᠭᠡᠨ ᠥᠷᠢ ᠲᠡᠨ ᠢ ᠨᠢᠵᠡᠭᠡᠳ ᠢᠶᠡᠷ ᠢᠷᠡᠭᠦᠯᠦᠭᠡᠳ᠂ ᠨᠢᠭᠡᠳᠦᠭᠡᠷ ᠲᠦᠷ ᠡᠶᠢᠨ ᠥᠭᠦᠯᠡᠷᠦᠨ᠃ ᠴᠢ ᠪᠡᠷ ᠮᠢᠨᠦ ᠡᠵᠡᠨ ᠳᠦᠷ ᠬᠡᠳᠦᠨ ᠥᠷᠢ ᠲᠦ ᠪᠤᠶᠤ᠃ 6᠂ ᠲᠡᠷᠡ ᠢᠨᠦ ᠬᠠᠷᠢᠭᠤ ᠥᠭᠦᠯᠡᠷᠦᠨ᠃ ᠵᠠᠭᠤᠨ ᠬᠡᠮᠵᠢᠭᠦᠷ ᠦᠨ ᠲᠡᠳᠦᠢ ᠲᠣᠰᠤᠨ ᠢ (ᠥᠷᠢ ᠲᠦ ᠪᠢ)᠃ ᠬᠡᠮᠡᠭᠰᠡᠨ ᠳᠦᠷ ᠲᠡᠷᠡ ᠢᠨᠦ ᠥᠭᠦᠯᠡᠷᠦᠨ᠃ ᠭᠠᠷ ᠠᠴᠠᠭᠠᠨ ᠥᠭᠭᠦᠭᠰᠡᠨ ᠪᠢᠴᠢᠭ ᠢ ᠠᠪᠤᠭᠠᠳ ᠦᠳᠲᠦᠷ ᠰᠠᠭᠤᠵᠤ ᠲᠠᠪᠢᠨ᠂ ᠬᠡᠮᠡᠨ ᠪᠢᠴᠢᠲᠦᠭᠡᠢ᠃ 7᠂ ᠪᠠᠰᠠ ᠲᠡᠷᠡ ᠢᠨᠦ ᠪᠤᠰᠤ ᠨᠢᠭᠡᠨ ᠳᠦᠷ ᠡᠶᠢᠨ᠃ ᠴᠢ ᠪᠡᠷ ᠬᠡᠳᠦᠨ ᠴᠢᠨᠡᠭᠡᠨ ᠥᠷᠢ ᠲᠦ ᠪᠤᠶᠤ᠃ ᠬᠡᠮᠡᠭᠰᠡᠨ ᠳᠦᠷ ᠲᠡᠷᠡ ᠢᠨᠦ ᠥᠭᠦᠯᠡᠷᠦᠨ᠃ ᠵᠠᠭᠤᠨ ᠬᠡᠮᠵᠢᠭᠦᠷ ᠦᠨ ᠲᠡᠳᠦᠢ ᠪᠤᠭᠤᠳᠠᠢ (ᠥᠷᠢ ᠲᠦ ᠪᠢ)᠃ ᠬᠡᠮᠡᠭᠰᠡᠨ ᠳᠦᠷ ᠲᠡᠷᠡ ᠢᠨᠦ ᠲᠡᠭᠦᠨ ᠳᠦᠷ ᠡᠶᠢᠨ᠃ ᠭᠠᠷ ᠠᠴᠠᠭᠠᠨ ᠥᠭᠭᠦᠭᠰᠡᠨ ᠪᠢᠴᠢᠭ ᠢ ᠠᠪᠤᠭᠠᠳ ᠨᠠᠶᠠᠨ ᠬᠡᠮᠡᠨ ᠪᠢᠴᠢᠲᠦᠭᠡᠢ᠃ ᠬᠡᠮᠡᠪᠡᠢ᠃ 8᠂ ᠲᠡᠶᠢᠨ ᠬᠦ ᠡᠵᠡᠨ ᠢᠨᠦ ᠪᠤᠷᠤᠭᠤ ᠲᠤ ᠰᠠᠩ ᠢ ᠰᠠᠬᠢᠭᠴᠢ ᠶᠢᠨ ᠰᠡᠴᠡᠨ ᠤᠬᠠᠭᠠᠨ ᠲᠤ ᠪᠠᠷ ᠦᠢᠯᠡᠳᠦᠭᠰᠡᠨ ᠦ ᠲᠤᠯᠠ ᠲᠡᠭᠦᠨ ᠢ ᠮᠠᠭᠲᠠᠪᠠᠢ᠃ ᠲᠡᠷᠡ ᠶᠠᠭᠤᠨ ᠤ ᠲᠤᠯᠠ ᠬᠡᠮᠡᠪᠡᠰᠦ᠂ ᠡᠨᠡ ᠶᠢᠷᠲᠢᠨᠴᠦ ᠶᠢᠨ ᠦᠷᠡᠰ ᠢᠨᠦ ᠥᠪᠡᠷ ᠦᠨ ᠦᠶ᠎ᠡ ᠳᠦᠷ ᠭᠡᠷᠡᠯ ᠦᠨ ᠦᠷᠡᠰ ᠡᠴᠡ ᠦᠯᠡᠮᠵᠢ ᠰᠡᠴᠡᠨ ᠪᠣᠯᠠᠢ᠃ 9᠂ ᠲᠡᠶᠢᠮᠦ ᠶᠢᠨ ᠲᠤᠯᠠ ᠮᠢᠨᠦ ᠲᠠᠨ ᠳᠤᠷ ᠥᠭᠦᠯᠡᠬᠦᠢ ᠢᠨᠦ ᠪᠤᠷᠤᠭᠤ ᠲᠤ ᠪᠠᠶᠠᠵᠢᠯ ᠠᠴᠠ ᠢᠨᠠᠭ ᠤᠳ ᠪᠣᠯᠭᠠᠨ ᠦᠢᠯᠡᠳᠦᠭᠲᠦᠨ᠃ ᠲᠡᠶᠢᠨ ᠪᠡᠷ ᠲᠠᠨᠤ ᠦᠭᠡᠭᠦᠷᠡᠬᠦᠢ ᠴᠠᠭ ᠲᠤᠷ ᠲᠡᠳᠡ ᠢᠨᠦ ᠲᠠᠨ ᠢ ᠮᠥᠩᠬᠡ ᠭᠡᠷ ᠦᠳ ᠦᠨ ᠳᠣᠲᠣᠷ᠎ᠠ ᠣᠷᠣᠭᠤᠯᠬᠤ ᠪᠣᠯᠤᠶᠤ᠃ 10᠂ ᠠᠯᠢ ᠬᠡᠨ ᠥᠴᠦᠬᠡᠨ ᠳᠦᠷ ᠢᠲᠡᠭᠡᠮᠵᠢ ᠲᠦ ᠠᠭᠴᠢ ᠠᠨᠤ ᠶᠡᠬᠡ ᠳᠦᠷ ᠴᠤ ᠢᠲᠡᠭᠡᠮᠵᠢ ᠲᠦ ᠪᠤᠢ᠃ ᠠᠯᠢ ᠬᠡᠨ ᠥᠴᠦᠬᠡᠨ ᠳᠦᠷ ᠢᠲᠡᠭᠡᠮᠵᠢ ᠦᠭᠡᠢ ᠠᠭᠴᠢ ᠠᠨᠤ ᠶᠡᠬᠡ ᠳᠦᠷ ᠴᠤ ᠢᠲᠡᠭᠡᠮᠵᠢ ᠦᠭᠡᠢ ᠪᠣᠯᠠᠢ᠃ 11᠂ ᠲᠡᠶᠢᠮᠦ ᠶᠢᠨ ᠲᠤᠯᠠ ᠬᠡᠷᠪᠡ ᠲᠠ ᠪᠡᠷ ᠪᠤᠷᠤᠭᠤ ᠲᠤ ᠪᠠᠶᠠᠵᠢᠯ ᠳᠤᠷ ᠢᠲᠡᠭᠡᠮᠵᠢ ᠦᠭᠡᠢ ᠪᠣᠯᠤᠭᠰᠠᠨ ᠪᠣᠯᠪᠠᠰᠤ᠂ ᠲᠠᠨ ᠳᠤᠷ ᠮᠠᠭᠠᠳ (ᠪᠠᠶᠠᠵᠢᠯ ᠢ) ᠬᠡᠨ ᠳᠠᠭᠠᠭᠠᠯᠭᠠᠨ ᠥᠭᠬᠦ ᠪᠤᠶᠤ᠃ 12᠂ ᠵᠢᠴᠢ ᠬᠡᠷᠪᠡ ᠲᠠ ᠪᠡᠷ ᠪᠤᠰᠤᠳ ᠤᠨ (ᠡᠳ᠋ᠯᠡᠬᠦᠨ᠋ᠡ) ᠢᠲᠡᠭᠡᠮᠵᠢ ᠦᠭᠡᠢ ᠪᠣᠯᠤᠭᠰᠠᠨ ᠪᠣᠯᠪᠠᠰᠤ᠂ ᠲᠠᠨ ᠳᠤᠷ ᠲᠠᠨ ᠤ ᠥᠪᠡᠷ ᠦᠨ ᠠᠬᠤᠢ ᠶᠢ ᠬᠡᠨ ᠥᠭᠬᠦ ᠪᠤᠶᠤ᠃ 13᠂ ᠶᠠᠮᠪᠠᠷ ᠴᠤ ᠵᠠᠷᠤᠴᠠ ᠠᠨᠤ ᠬᠣᠶᠠᠷ ᠡᠵᠡᠨ ᠳᠦᠷ ᠵᠠᠷᠤᠭᠳᠠᠵᠤ ᠦᠯᠦ ᠴᠢᠳᠠᠮᠤᠢ ᠬᠡᠮᠡᠪᠡᠰᠦ᠂ ᠲᠡᠷᠡ ᠢᠨᠦ (ᠲᠡᠳᠡᠨ ᠦ) ᠨᠢᠭᠡᠨ ᠢ ᠥᠰᠢᠶᠡᠯᠡᠨ ᠨᠥᠭᠦᠭᠡ ᠶᠢ ᠢᠨᠠᠭᠯᠠᠬᠤ ᠪᠣᠯᠤᠶᠤ᠃ ᠡᠰᠡᠪᠡᠰᠦ ᠨᠢᠭᠡᠨ ᠳᠦᠷ ᠬᠠᠯᠳᠠᠨ᠂ ᠨᠥᠭᠦᠭᠡ ᠶᠢ ᠦᠯᠦ ᠬᠦᠨᠳᠦᠯᠡᠬᠦ ᠪᠣᠯᠤᠶᠤ᠃ ᠲᠠ ᠪᠡᠷ ᠪᠤᠷᠬᠠᠨ ᠪᠠᠶᠠᠵᠢᠯ ᠬᠣᠶᠠᠭᠤᠯᠠᠨ ᠳᠤᠷ ᠵᠠᠷᠤᠭᠳᠠᠵᠤ ᠦᠯᠦ ᠴᠢᠳᠠᠮᠤᠢ ᠅ 14᠂ ᠬᠡᠮᠡᠨ ᠵᠠᠷᠯᠢᠭ ᠪᠣᠯᠤᠭᠰᠠᠨ ᠳᠤᠷ ᠰᠢᠨᠤᠬᠠᠶᠢᠷᠠᠬᠤᠢ ᠠᠪᠤᠷᠢ ᠲᠤ ᠹᠠᠷᠢᠰᠢ ᠨᠠᠷ ᠠᠨᠤ ᠬᠠᠮᠤᠭ ᠢ ᠰᠣᠨᠣᠰᠤᠭᠠᠳ ᠲᠡᠭᠦᠨ ᠢ ᠡᠯᠡᠭᠯᠡᠪᠡᠢ᠃ 15᠂ ᠲᠡᠷᠡ ᠢᠨᠦ ᠲᠡᠳᠡᠨ ᠳᠦᠷ ᠵᠠᠷᠯᠢᠭ ᠪᠣᠯᠤᠷᠤᠨ᠃ ᠲᠠ ᠪᠡᠷ ᠪᠡᠶᠡᠰ ᠢᠶᠡᠨ ᠬᠦᠮᠦᠨ ᠨᠦᠭᠦᠳ ᠦᠨ ᠡᠮᠦᠨ᠎ᠡ ᠵᠥᠪ ᠲᠦ ᠪᠣᠯᠭᠠᠳᠠᠭ᠃ ᠵᠦᠭᠡᠷ ᠪᠤᠷᠬᠠᠨ ᠠᠨᠤ ᠲᠠᠨᠤ ᠵᠢᠷᠦᠬᠡᠳ ᠢ ᠮᠡᠳᠡᠵᠦ ᠠᠶᠢᠯᠠᠳᠤᠮᠤᠢ᠃ ᠬᠦᠮᠦᠨ ᠨᠦᠭᠦᠳ ᠲᠦᠷ ᠶᠡᠬᠡᠳᠡ ᠬᠦᠨᠳᠦᠯᠡᠭᠳᠡᠬᠦᠢ ᠢᠨᠦ ᠪᠤᠷᠬᠠᠨ ᠤ ᠡᠮᠦᠨ᠎ᠡ ᠵᠢᠭᠰᠢᠭᠦᠷᠢ ᠲᠦ ᠮᠥᠨ ᠪᠣᠯᠠᠢ᠃ 16᠂ ᠲᠣᠭᠲᠠᠭᠠᠯ ᠬᠢᠭᠡᠳ ᠹᠣᠷᠣᠹᠢᠳ ᠨᠠᠷ ᠠᠨᠤ ᠢᠣᠸᠠᠨ ᠤ ᠴᠠᠭ ᠪᠣᠯᠲᠠᠯ᠎ᠠ ᠪᠥᠯᠦᠭᠡ᠃ ᠲᠡᠷᠡ ᠬᠦ ᠴᠠᠭ ᠠᠴᠠ ᠠᠪᠤᠨ ᠪᠤᠷᠬᠠᠨ ᠤ ᠡᠵᠡᠯᠡᠭᠦᠷᠢ ᠢᠨᠦ ᠳᠡᠯᠭᠡᠷᠡᠭᠦᠯᠦᠭᠳᠡᠮᠦᠢ᠃ ᠲᠡᠶᠢᠨ ᠬᠦ ᠲᠡᠭᠦᠨ ᠳᠦᠷ ᠲᠤᠰᠪᠦ᠋ᠷᠢ ᠠᠨᠤ ᠬᠦᠴᠦᠯᠡᠨ ᠣᠷᠣᠳᠠᠭ᠃ 17᠂ ᠬᠠᠷᠢᠨ ᠲᠣᠭᠲᠠᠭᠠᠯ ᠤᠨ ᠭᠠᠭᠴᠠᠬᠠᠨ ᠴᠤ ᠴᠡᠭ ᠦᠭᠡᠢ ᠪᠣᠯᠤᠨ ᠭᠡᠭᠡᠭᠳᠡᠷᠡᠬᠦ ᠡᠴᠡ᠂ ᠣᠭᠲᠠᠷᠭᠤᠢ ᠬᠢᠭᠡᠳ ᠳᠡᠯᠡᠬᠡᠢ ᠶᠢᠨ ᠪᠠᠷᠠᠭᠳᠠᠬᠤᠢ ᠠᠨᠤ ᠬᠢᠯᠪᠠᠷ ᠪᠣᠯᠠᠢ᠃ 18᠂ ᠠᠯᠢ ᠬᠡᠨ ᠥᠪᠡᠷ ᠦᠨ ᠭᠡᠷᠭᠡᠢ ᠡᠴᠡ ᠬᠠᠭᠠᠴᠠᠭᠠᠳ ᠪᠤᠰᠤ ᠨᠢᠭᠡᠨ ᠢ ᠭᠡᠷᠭᠡᠢ ᠪᠣᠯᠭᠠᠭᠴᠢ ᠠᠨᠤ ᠲᠠᠴᠢᠶᠠᠩᠭᠤᠢ ᠶᠢᠨ ᠬᠤᠷᠢᠴᠠᠯ ᠢ ᠦᠢᠯᠡᠳᠦᠮᠦᠢ᠃ ᠪᠠᠰᠠ ᠬᠡᠨ ᠢᠨᠦ ᠬᠠᠭᠠᠴᠠᠭᠤᠯᠤᠭᠰᠠᠨ ᠡᠮ᠎ᠡ ᠶᠢ ᠭᠡᠷᠭᠡᠢ ᠪᠣᠯᠭᠠᠭᠴᠢ ᠠᠨᠤ ᠲᠠᠴᠢᠶᠠᠩᠭᠤᠢ ᠶᠢᠨ ᠬᠤᠷᠢᠴᠠᠯ ᠢ ᠦᠢᠯᠡᠳᠦᠮᠦᠢ ᠅ 19᠂ ᠨᠢᠭᠡᠨ ᠪᠠᠶᠠᠨ ᠬᠦᠮᠦᠨ ᠠᠭᠰᠠᠨ ᠪᠤᠢ᠃ ᠲᠡᠷᠡ ᠢᠨᠦ ᠬᠥᠬᠡ ᠤᠯᠠᠭᠠᠨ (ᠲᠣᠷᠭᠤᠨ) ᠬᠢᠭᠡᠳ ᠨᠠᠷᠢᠨ ᠪᠥᠰ ᠬᠤᠪᠴᠠᠰᠤᠨ ᠢ ᠡᠮᠦᠰᠦᠨ᠂ ᠡᠳᠦᠷ ᠪᠦᠷᠢ ᠳᠡ ᠲᠠᠩᠰᠤᠭ ᠢᠶᠠᠷ ᠢᠳᠡᠨ ᠵᠢᠷᠭᠠᠨ ᠠᠪᠠᠢ᠃ 20᠂ ᠵᠢᠴᠢ ᠲᠡᠨᠳᠡ ᠶᠠᠷ᠎ᠠ ᠲᠤ ᠪᠣᠯᠤᠭᠰᠠᠨ ᠯᠠᠵᠠᠷ ᠨᠡᠷᠡᠲᠦ ᠨᠢᠭᠡᠨ ᠭᠤᠶᠢᠯᠢᠨᠴᠢ ᠬᠦᠮᠦᠨ ᠢᠨᠦ ᠲᠡᠭᠦᠨ ᠦ ᠬᠠᠭᠠᠯᠭᠠᠨ ᠤ ᠳᠡᠷᠭᠡᠳᠡ ᠬᠡᠪᠲᠡᠭᠦᠯᠦᠭᠳᠡᠪᠡᠢ᠃ 21᠂ ᠲᠡᠷᠡ ᠢᠨᠦ ᠪᠠᠶᠠᠨ ᠬᠦᠮᠦᠨ ᠦ ᠰᠢᠷᠡᠭᠡᠨ ᠡᠴᠡ ᠤᠨᠠᠭᠰᠠᠨ ᠴᠥᠪᠦᠳᠡᠯ ᠡᠴᠡ ᠢᠳᠡᠬᠦᠶ᠎ᠡ ᠬᠦᠰᠡᠨ ᠠᠪᠠᠢ᠃ ᠵᠢᠴᠢ ᠨᠣᠬᠠᠢ ᠨᠤᠭᠤᠳ ᠠᠨᠤ ᠢᠷᠡᠨ ᠲᠡᠭᠦᠨ ᠦ ᠶᠠᠷ᠎ᠠ ᠨᠤᠭᠤᠳ ᠢ ᠳᠣᠯᠣᠭᠤᠳᠠᠭ ᠪᠥᠯᠦᠭᠡ᠃ 22᠂ ᠲᠡᠶᠢᠨ ᠪᠥᠭᠡᠳ ᠲᠡᠷᠡ ᠭᠤᠶᠢᠯᠢᠨᠴᠢ ᠠᠨᠤ ᠦᠬᠦᠭᠡᠳ᠂ ᠠᠩᠭᠢᠯ ᠤᠳ ᠢᠶᠠᠷ ᠠᠪᠷᠠᠾᠠᠮ ᠤᠨ ᠡᠪᠦᠷ ᠲᠦᠷ ᠬᠦᠷᠭᠡᠭᠳᠡᠪᠡᠢ᠃ ᠪᠠᠶᠠᠨ ᠬᠦᠮᠦᠨ ᠴᠤ ᠦᠬᠦᠭᠡᠳ ᠪᠤᠯᠠᠭᠳᠠᠪᠠᠢ᠃ 23᠂ ᠲᠡᠷᠡ ᠢᠨᠦ ᠲᠠᠮᠤ ᠶᠢᠨ ᠳᠣᠲᠣᠷ᠎ᠠ ᠵᠣᠪᠠᠯᠠᠩ ᠢ ᠡᠳ᠋ᠯᠡᠨ ᠠᠬᠤᠢ ᠴᠠᠭ ᠲᠠᠭᠠᠨ ᠳᠡᠭᠡᠭᠰᠢ ᠪᠡᠨ ᠰᠢᠷᠲᠡᠭᠡᠳ᠂ ᠬᠣᠯᠠ ᠠᠴᠠ ᠠᠪᠷᠠᠾᠠᠮ ᠢ ᠦᠵᠡᠨ᠂ ᠲᠡᠭᠦᠨ ᠦ ᠡᠪᠦᠷ ᠲᠦᠷ ᠠᠭᠴᠢ ᠯᠠᠵᠠᠷ ᠢ ᠴᠤ ᠦᠵᠡᠪᠡᠢ᠃ 24᠂ ᠲᠡᠶᠢᠨ ᠬᠦ ᠲᠡᠷᠡ ᠢᠨᠦ ᠳᠠᠭᠤᠳᠠᠨ ᠥᠭᠦᠯᠡᠷᠦᠨ᠃ ᠠᠪᠷᠠᠾᠠᠮ ᠡᠴᠢᠭᠡ ᠡ᠂ ᠨᠠᠮᠠᠶᠢ ᠨᠢᠭᠦᠯᠡᠰᠦᠨ᠂ ᠬᠤᠷᠤᠭᠤᠨ ᠤ ᠦᠵᠦᠭᠦᠷ ᠢ ᠤᠰᠤᠨ ᠢᠶᠠᠷ ᠨᠣᠷᠭᠤᠭᠠᠳ ᠮᠢᠨᠦ ᠬᠡᠯᠡᠨ ᠢ ᠰᠡᠷᠢᠭᠦᠴᠡᠭᠦᠯ᠃ ᠬᠡᠮᠡᠨ ᠯᠠᠵᠠᠷ ᠢ ᠢᠨᠠᠭᠰᠢ ᠢᠯᠡᠭᠡᠨ ᠰᠣᠶᠤᠷᠬ᠎ᠠ᠃ ᠲᠡᠷᠡ ᠶᠠᠭᠤᠨ ᠤ ᠲᠤᠯᠠ ᠬᠡᠮᠡᠪᠡᠰᠦ᠂ ᠪᠢ ᠪᠡᠷ ᠡᠨᠡ ᠬᠦ ᠭᠠᠯ ᠤᠨ ᠨᠥᠯᠡ ᠶᠢᠨ ᠳᠣᠲᠣᠷ᠎ᠠ ᠲᠡᠰᠲᠡᠰᠢ ᠦᠭᠡᠢ ᠵᠣᠪᠠᠯᠠᠩ ᠢ ᠡᠳ᠋ᠯᠡᠨ ᠠᠮᠤᠢ᠃ 25᠂ ᠬᠡᠮᠡᠭᠰᠡᠨ ᠳᠦᠷ ᠠᠪᠷᠠᠾᠠᠮ ᠠᠨᠤ ᠬᠠᠷᠢᠭᠤ ᠥᠭᠦᠯᠡᠷᠦᠨ᠃ ᠬᠥᠪᠡᠭᠦᠨ ᠮᠢᠨᠦ ᠡ᠂ ᠴᠢᠨᠦ ᠠᠮᠢᠳᠤ ᠴᠠᠭ ᠲᠠᠭᠠᠨ ᠰᠠᠶᠢᠨ ᠢ ᠡᠳ᠋ᠯᠡᠨ ᠠᠲᠠᠯ᠎ᠠ᠂ ᠯᠠᠵᠠᠷ ᠤᠨ ᠮᠠᠭᠤ ᠶᠢ ᠡᠳ᠋ᠯᠡᠭᠰᠡᠨ ᠢ ᠰᠠᠨᠠᠲᠤᠭᠠᠢ᠃ ᠲᠡᠶᠢᠨ ᠬᠦ ᠲᠡᠷᠡ ᠢᠨᠦ ᠡᠳᠦᠭᠡ ᠠᠮᠤᠭᠤᠯᠤᠭᠳᠠᠪᠠᠢ᠃ ᠬᠠᠷᠢᠨ ᠴᠢ ᠪᠡᠷ ᠵᠣᠪᠠᠭᠠᠭᠳᠠᠮᠤᠢ᠃ 26᠂ ᠵᠢᠴᠢ ᠲᠡᠭᠦᠨ ᠡᠴᠡ ᠭᠠᠳᠠᠨ᠎ᠠ ᠪᠢᠳᠡᠨ ᠦ ᠬᠢᠭᠡᠳ ᠲᠠᠨᠤ ᠬᠣᠭᠤᠷᠤᠨᠳᠤ ᠶᠡᠬᠡ ᠵᠠᠪᠰᠠᠷ ᠠᠨᠤ ᠪᠠᠶᠢᠯᠭᠠᠭᠳᠠᠭᠰᠠᠨ ᠪᠤᠢ ᠬᠡᠮᠡᠪᠡᠰᠦ᠂ ᠡᠨᠳᠡᠴᠡ ᠲᠠᠨ ᠳᠤᠷ ᠣᠳᠬᠤᠶᠠ ᠳᠤᠷᠠᠰᠢᠭᠴᠢᠳ ᠠᠨᠤ ᠦᠯᠦ ᠴᠢᠳᠠᠬᠤ ᠪᠥᠭᠡᠳ᠂ ᠲᠠᠨ ᠠᠴᠠ ᠪᠢᠳᠡᠨ ᠳᠦᠷ ᠠᠯᠤᠰᠳᠠᠬᠤᠶᠠ ᠳᠤᠷᠠᠰᠢᠭᠴᠢᠳ ᠴᠤ ᠦᠯᠦ ᠴᠢᠳᠠᠮᠤᠢ᠃ 27᠂ ᠬᠡᠮᠡᠭᠰᠡᠨ ᠳᠦᠷ ᠲᠡᠷᠡ ᠢᠨᠦ ᠥᠭᠦᠯᠡᠷᠦᠨ᠃ ᠡᠴᠢᠭᠡ ᠡ᠂ ᠲᠡᠷᠡ ᠲᠡᠶᠢᠨ ᠪᠥᠭᠡᠰᠦ ᠲᠡᠭᠦᠨ ᠢ ᠮᠢᠨᠦ ᠡᠴᠢᠭᠡ ᠶᠢᠨ ᠭᠡᠷ ᠲᠦᠷ ᠢᠯᠡᠭᠡᠨ ᠰᠣᠶᠤᠷᠬ᠎ᠠ᠃ 28᠂ ᠲᠡᠷᠡ ᠶᠠᠭᠤᠨ ᠤ ᠲᠤᠯᠠ ᠬᠡᠮᠡᠪᠰᠦ᠂ ᠨᠠᠳᠤᠷ ᠲᠠᠪᠤᠨ ᠳᠡᠭᠦᠦ ᠪᠤᠢ᠃ ᠲᠡᠳᠡᠨ ᠦ ᠡᠨᠡ ᠬᠦ ᠵᠣᠪᠠᠯᠠᠩ ᠳᠤᠷ ᠦᠯᠦ ᠢᠷᠡᠬᠦ ᠶᠢᠨ ᠲᠤᠯᠠ ᠲᠡᠷᠡ ᠢᠨᠦ ᠲᠡᠳᠡᠨ ᠳᠦᠷ ᠭᠡᠷᠡᠴᠢᠯᠡᠨ ᠮᠡᠳᠡᠭᠦᠯᠬᠦ ᠪᠣᠯᠲᠤᠭᠠᠢ᠃ 29᠂ ᠠᠪᠷᠠᠾᠠᠮ ᠠᠨᠤ ᠲᠡᠭᠦᠨ ᠳᠦᠷ ᠥᠭᠦᠯᠡᠷᠦᠨ᠃ ᠲᠡᠳᠡᠨ ᠳᠦᠷ ᠮᠣᠰᠢ ᠬᠢᠭᠡᠳ ᠹᠣᠷᠣᠹᠢᠳ ᠨᠠᠷ ᠪᠤᠢ᠃ ᠲᠡᠳᠡᠨ ᠢ ᠰᠣᠨᠣᠰᠬᠤ ᠪᠣᠯᠲᠤᠭᠠᠢ᠃ 30᠂ ᠬᠡᠮᠡᠭᠰᠡᠨ ᠳᠦᠷ ᠲᠡᠷᠡ ᠢᠨᠦ ᠥᠭᠦᠯᠡᠷᠦᠨ᠃ ᠡᠴᠢᠭᠡ ᠠᠪᠷᠠᠾᠠᠮ ᠠ᠋᠂ ᠬᠠᠷᠢᠨ ᠬᠡᠷᠪᠡ ᠦᠬᠦᠭᠰᠡᠳ ᠡᠴᠡ ᠨᠢᠭᠡᠨ ᠢᠨᠦ ᠲᠡᠳᠡᠨ ᠳᠦᠷ ᠣᠳᠪᠠᠰᠤ ᠡᠯ᠎ᠡ᠂ ᠲᠡᠳᠡ ᠢᠨᠦ ᠭᠡᠮᠰᠢᠬᠦ ᠪᠥᠯᠦᠭᠡ᠃ 31᠂ ᠬᠡᠮᠡᠭᠰᠡᠨ ᠳᠦᠷ ᠠᠪᠷᠠᠾᠠᠮ ᠠᠨᠤ ᠲᠡᠭᠦᠨ ᠳᠦᠷ ᠥᠭᠦᠯᠡᠷᠦᠨ᠃ ᠬᠡᠷᠪᠡ ᠲᠡᠳᠡ ᠢᠨᠦ ᠮᠣᠰᠢ ᠬᠢᠭᠡᠳ ᠹᠣᠷᠣᠹᠢᠳ ᠨᠠᠷ ᠢ ᠦᠯᠦ ᠰᠣᠨᠣᠰᠬᠤ ᠪᠥᠭᠡᠰᠦ ᠡᠯ᠎ᠡ᠂ ᠦᠬᠦᠭᠰᠡᠳ ᠡᠴᠡ ᠨᠢᠭᠡᠨ ᠢᠨᠦ ᠠᠮᠢᠳᠤᠷᠠᠪᠠᠴᠤ᠂ ᠲᠡᠳᠡ ᠢᠨᠦ ᠦᠯᠦ ᠢᠲᠡᠭᠡᠬᠦ ᠪᠤᠢ᠃ ᠬᠡᠮᠡᠯᠦᠭᠡ ᠅
Obecnie wybrane:
ᠯᠦᠺᠡ 16: MB1840
Podkreślenie
Udostępnij
Kopiuj
Chcesz, aby twoje zakreślenia były zapisywane na wszystkich twoich urządzeniach? Zarejestruj się lub zaloguj
Digital edition of the Mongolian translation published in 1840 (the Old Testament) and 1846 (the New Testament) by Edward Stallybrass and William Swan. Created by Bayarjargal Garamtseren and Simon Wong. Digital edition © United Bible Societies, 2020.