17
ᠠᠷᠪᠠᠨ ᠳᠣᠯᠣᠳᠤᠭᠠᠷ ᠪᠦᠯᠦᠭ ᠅
1᠂ ᠲᠡᠨᠳᠡᠴᠡ ᠲᠡᠷᠡ ᠢᠨᠦ ᠱᠠᠪᠢᠨᠠᠷ ᠲᠠᠭᠠᠨ ᠡᠶᠢᠨ᠃ ᠰᠡᠵᠢᠭ ᠦᠳ ᠦᠨ ᠦᠯᠦ ᠤᠴᠢᠷᠠᠬᠤᠢ ᠠᠨᠤ ᠪᠣᠯᠬᠤ ᠦᠭᠡᠢ᠃ ᠵᠦᠭᠡᠷ (ᠰᠡᠵᠢᠭ) ᠢ ᠢᠷᠡᠭᠦᠯᠦᠭᠴᠢ ᠳᠦᠷ ᠵᠣᠪᠠᠯᠠᠩ ᠪᠣᠯᠬᠤ ᠪᠣᠯᠤᠶᠤ᠃ 2᠂ ᠲᠡᠭᠦᠨ ᠦ ᠬᠦᠵᠦᠭᠦᠨ ᠳᠦᠷ ᠲᠡᠭᠡᠷᠮ᠎ᠡ ᠶᠢᠨ ᠴᠢᠯᠠᠭᠤᠨ ᠤ ᠤᠶᠠᠭᠳᠠᠬᠤᠢ ᠬᠢᠭᠡᠳ ᠲᠡᠭᠦᠨ ᠦ ᠳᠠᠯᠠᠢ ᠳᠤᠷ ᠬᠠᠶᠠᠭᠳᠠᠬᠤᠢ ᠠᠨᠤ᠂ ᠡᠳᠡᠭᠡᠷ ᠥᠴᠦᠬᠡᠨ ᠨᠤᠭᠤᠳ ᠠᠴᠠ ᠨᠢᠭᠡᠨ ᠳᠦᠷ ᠰᠡᠵᠢᠭ ᠲᠥᠷᠥᠭᠦᠯᠬᠦ ᠡᠴᠡ ᠦᠯᠡᠮᠵᠢ ᠳᠡᠭᠡᠷ᠎ᠡ ᠠᠬᠤ ᠪᠥᠯᠦᠭᠡ᠃ 3᠂ ᠲᠠ ᠪᠡᠷ ᠪᠡᠶ᠎ᠡ ᠪᠡᠨ ᠬᠢᠴᠢᠶᠡᠭᠲᠦᠨ᠃ ᠬᠡᠷᠪᠡ ᠴᠢᠨᠦ ᠠᠬ᠎ᠠ ᠳᠡᠭᠦᠦ ᠢᠨᠦ ᠴᠢᠨᠦ ᠲᠤᠰ ᠭᠡᠮ ᠢ ᠦᠢᠯᠡᠳᠬᠦ ᠪᠥᠭᠡᠰᠦ᠂ ᠲᠡᠭᠦᠨ ᠢ ᠵᠢᠮᠡᠯᠲᠦᠭᠡᠢ᠃ ᠬᠡᠷᠪᠡ ᠲᠡᠷᠡ ᠢᠨᠦ ᠭᠡᠮᠰᠢᠬᠦ ᠪᠥᠭᠡᠰᠦ ᠲᠡᠭᠦᠨ ᠢ ᠬᠡᠯᠢᠲᠦᠷᠢᠭᠦᠯ᠃ 4᠂ ᠬᠡᠷᠪᠡ ᠲᠡᠷᠡ ᠢᠨᠦ ᠨᠢᠭᠡ ᠡᠳᠦᠷ᠎ᠡ ᠴᠢᠨᠦ ᠲᠤᠰ ᠭᠡᠮ ᠢ ᠳᠣᠯᠣᠭᠠᠨ ᠳ᠋ᠠᠬᠢᠨ ᠦᠢᠯᠡᠳᠦᠭᠡᠳ᠂ ᠳᠣᠯᠣᠭᠠᠨ ᠳ᠋ᠠᠬᠢᠨ ᠴᠤ ᠪᠢ ᠭᠡᠮᠰᠢᠮᠦᠢ᠂ ᠬᠡᠮᠡᠨ ᠴᠢᠮᠠᠳᠤᠷ ᠤᠷᠪᠠᠨ ᠥᠭᠦᠯᠡᠬᠦ ᠪᠥᠭᠡᠰᠦ᠂ ᠲᠡᠭᠦᠨ ᠢ ᠬᠡᠯᠲᠦᠷᠢᠭᠦᠯ᠃ ᠬᠡᠮᠡᠨ ᠵᠠᠷᠯᠢᠭ ᠪᠣᠯᠪᠠᠢ ᠅ 5᠂ ᠠᠹᠣᠰᠲ᠋ᠣᠯ ᠤᠳ ᠠᠨᠤ ᠡᠵᠡᠨ ᠳᠦᠷ ᠡᠶᠢᠨ᠃ ᠪᠢᠳᠡᠨ ᠦ ᠢᠲᠡᠭᠡᠯ ᠢ ᠶᠡᠬᠡᠳᠬᠡᠨ ᠰᠣᠶᠤᠷᠬ᠎ᠠ᠂ ᠬᠡᠮᠡᠨ ᠠᠶᠢᠯᠠᠳᠬᠠᠭᠰᠠᠨ ᠳᠤᠷ ᠡᠵᠡᠨ ᠢᠨᠦ ᠵᠠᠷᠯᠢᠭ ᠪᠣᠯᠤᠷᠤᠨ᠃ 6᠂ ᠬᠡᠷᠪᠡ ᠲᠠᠨ ᠳᠤᠷ ᠭᠠᠶᠢᠮᠤ ᠶᠢᠨ ᠮᠥᠬᠦᠯᠢᠭ ᠦᠨ ᠲᠡᠳᠦᠢ ᠢᠲᠡᠭᠡᠯ ᠪᠤᠢ ᠪᠣᠯᠪᠠᠰᠤ᠂ ᠲᠠ ᠪᠡᠷ ᠡᠨᠡ ᠬᠦ ᠪᠤᠷᠤᠸᠮ ᠤᠨ ᠮᠣᠳᠤᠨ ᠢ (ᠡᠨᠳᠡᠴᠡ) ᠰᠤᠭᠤᠯᠤᠭᠳᠠᠨ ᠳᠠᠯᠠᠢ ᠳᠤᠷ ᠲᠠᠷᠢᠭᠳᠠᠲᠤᠭᠠᠢ᠂ ᠬᠡᠮᠡᠨ ᠥᠭᠦᠯᠡᠬᠦ ᠪᠥᠭᠡᠰᠦ᠂ ᠲᠡᠭᠦᠨᠴᠢᠯᠡᠨ ᠲᠠᠨᠤ ᠦᠭᠡ ᠪᠡᠷ ᠪᠣᠯᠬᠤ ᠪᠥᠯᠦᠭᠡ᠃ 7᠂ ᠬᠠᠷᠢᠨ ᠲᠠᠨ ᠠᠴᠠ ᠠᠯᠢ ᠬᠡᠨ ᠪᠡᠷ ᠭᠠᠵᠠᠷ ᠢ ᠬᠠᠭᠠᠯᠠᠭᠴᠢ ᠡᠰᠡᠪᠡᠰᠦ ᠮᠡᠯ ᠢ ᠰᠠᠬᠢᠭᠴᠢ ᠪᠣᠭᠣᠯ ᠲᠤ ᠪᠣᠯᠤᠭᠠᠳ᠂ ᠲᠡᠭᠦᠨ ᠦ ᠲᠠᠷᠢᠶᠠᠯᠠᠩ ᠠᠴᠠ ᠪᠤᠴᠠᠭᠰᠠᠨ ᠳᠤᠷ ᠲᠡᠭᠦᠨ ᠳᠤᠷ ᠡᠶᠢᠨ᠃ ᠢᠷᠡᠭᠡᠳ ᠰᠠᠭᠤᠲᠤᠭᠠᠢ᠃ ᠬᠡᠮᠡᠨ ᠥᠭᠦᠯᠡᠬᠦ ᠶᠦ᠃ ᠦᠭᠡᠢ ᠪᠤᠢ ᠵᠠ᠃ 8᠂ ᠬᠠᠷᠢᠨ ᠮᠢᠨᠦ ᠦᠳᠡᠰᠢ ᠶᠢᠨ ᠢᠳᠡᠭᠡᠨ ᠢ ᠪᠡᠯᠡᠳᠦᠨ᠂ ᠪᠡᠶ᠎ᠡ ᠪᠡᠨ ᠪᠦᠰᠡᠯᠡᠭᠡᠳ ᠮᠢᠨᠦ ᠢᠳᠡᠨ ᠪᠠ ᠤᠭᠤᠨ ᠠᠬᠤᠶ᠎ᠠ ᠨᠠᠳᠤᠷ ᠦᠢᠯᠡᠴᠢᠯᠡᠲᠦᠭᠡᠢ᠃ ᠲᠡᠶᠢᠨ ᠪᠥᠭᠡᠳ ᠬᠣᠶᠢᠨᠠ ᠴᠢ ᠴᠤ ᠢᠳᠡᠨ ᠪᠠ ᠤᠭᠤᠨ ᠦᠢᠯᠡᠳ᠃ ᠬᠡᠮᠡᠨ ᠥᠭᠦᠯᠡᠬᠦ ᠪᠢᠰᠢᠶᠦ᠃ 9᠂ ᠲᠡᠷᠡ ᠢᠨᠦ ᠲᠡᠷᠡ ᠬᠦ ᠪᠣᠭᠣᠯ ᠤᠨ ᠵᠠᠬᠢᠭᠳᠠᠭᠰᠠᠨ ᠢ ᠦᠢᠯᠡᠳᠦᠭᠰᠡᠨ ᠦ ᠲᠤᠯᠠᠳᠠ᠂ ᠴᠢ ᠪᠡᠷ ᠨᠠᠮᠠᠶᠢ ᠬᠠᠶᠢᠷᠠᠯᠠᠪᠠᠢ᠂ ᠬᠡᠮᠡᠨ ᠥᠭᠦᠯᠡᠬᠦ ᠶᠦ᠃ ᠦᠭᠡᠢ ᠪᠤᠢ ᠵᠠ᠂ ᠬᠡᠮᠡᠨ ᠪᠢ ᠰᠠᠨᠠᠮᠤᠢ᠃ 10᠂ ᠲᠡᠭᠦᠨᠴᠢᠯᠡᠨ ᠬᠦ ᠲᠠ ᠪᠡᠷ ᠲᠠᠨ ᠳᠤᠷ ᠬᠠᠮᠤᠭ ᠵᠠᠬᠢᠭᠳᠠᠭᠰᠠᠨ ᠢ ᠪᠦᠲᠦᠭᠡᠭᠰᠡᠨ ᠦ ᠬᠣᠶᠢᠨᠠ᠂ ᠪᠢᠳᠡ ᠪᠡᠷ ᠲᠤᠰᠠ ᠦᠭᠡᠢ ᠪᠣᠭᠣᠯ ᠤᠳ ᠪᠣᠯᠤᠨ᠂ ᠢᠮᠠᠭᠲᠠ ᠡᠷᠬᠡ ᠦᠭᠡᠭᠦᠶ᠎ᠡ ᠦᠢᠯᠡᠳᠬᠦᠢ ᠦᠢᠯᠡᠰ ᠢ ᠦᠢᠯᠡᠳᠪᠡᠢ᠃ ᠬᠡᠮᠡᠨ ᠥᠭᠦᠯᠡᠭᠲᠦᠨ ᠅ 11᠂ ᠲᠡᠨᠳᠡᠴᠡ ᠲᠡᠷᠡ ᠢᠨᠦ ᠶᠢᠷᠤᠰᠠᠯᠢᠮ ᠳᠤᠷ ᠥᠭᠡᠳᠡ ᠪᠣᠯᠤᠨ ᠠᠬᠤᠶ᠎ᠠ᠂ ᠰᠠᠮᠠᠷᠢᠶ᠎ᠠ ᠬᠢᠭᠡᠳ ᠺᠠᠯᠢᠯᠢᠶ᠎ᠠ ᠶᠢᠨ ᠳᠤᠮᠳᠠ ᠪᠠᠷ ᠠᠯᠤᠰᠳᠠᠯᠤᠭᠠ᠃ 12᠂ ᠲᠡᠶᠢᠨ ᠪᠦᠬᠦᠶᠡ ᠨᠢᠭᠡᠨ ᠬᠣᠲᠠᠨ᠋ᠠ ᠬᠦᠷᠦᠭᠰᠡᠨ ᠳᠦᠷ ᠪᠤᠵᠠᠷ ᠪᠤᠰᠠᠷᠠᠭ ᠲᠤ ᠠᠷᠪᠠᠨ ᠬᠦᠮᠦᠨ ᠢᠨᠦ ᠲᠡᠭᠦᠨ ᠯᠦᠭᠡ ᠤᠴᠢᠷᠠᠯᠳᠤᠪᠠᠢ᠃ 13᠂ ᠲᠡᠳᠡ ᠢᠨᠦ ᠣᠶᠢᠷ᠎ᠠ ᠢᠷᠡᠯ ᠦᠭᠡᠭᠦᠶ᠎ᠡ ᠪᠠᠶᠢᠵᠤ ᠴᠢᠩᠭ᠍᠎ᠠ ᠳᠠᠭᠤᠨ ᠢᠶᠠᠷ ᠳᠠᠭᠤᠳᠠᠨ ᠡᠶᠢᠨ᠃ ᠡᠵᠡᠨ ᠢᠢᠰᠦᠰ ᠡ᠂ ᠪᠢᠳᠡᠨ ᠢ ᠨᠢᠭᠦᠯᠡᠰᠦᠨ ᠰᠣᠶᠤᠷᠬ᠎ᠠ᠃ 14᠂ ᠬᠡᠮᠡᠭᠰᠡᠨ ᠳᠦᠷ ᠲᠡᠷᠡ ᠢᠨᠦ ᠲᠡᠳᠡᠨ ᠢ ᠦᠵᠡᠭᠡᠳ ᠲᠡᠳᠡᠨ ᠳᠦᠷ ᠡᠶᠢᠨ᠃ ᠣᠳᠤᠭᠠᠳ ᠯᠠᠮᠠ ᠨᠠᠷ ᠲᠤᠷ ᠪᠡᠶᠡᠰ ᠢᠶᠡᠨ ᠦᠵᠡᠭᠦᠯᠦᠭᠲᠦᠨ᠃ ᠬᠡᠮᠡᠨ ᠵᠠᠷᠯᠢᠭ ᠪᠣᠯᠤᠭᠰᠠᠨ ᠳᠤᠷ ᠲᠡᠳᠡ ᠢᠨᠦ (ᠲᠡᠭᠦᠨᠴᠢᠯᠡᠨ) ᠣᠳᠳᠤᠨ ᠠᠬᠤᠶ᠎ᠠ ᠠᠷᠢᠯᠭᠠᠭᠳᠠᠪᠠᠢ᠃ 15᠂ ᠲᠡᠶᠢᠨ ᠪᠥᠭᠡᠳ ᠲᠡᠳᠡᠨ ᠡᠴᠡ ᠨᠢᠭᠡᠨ ᠢᠨᠦ ᠡᠳᠡᠭᠡᠭᠡᠭᠳᠡᠭᠰᠡᠨ ᠢᠶᠡᠨ ᠦᠵᠡᠵᠦ᠂ ᠪᠤᠴᠠᠭᠠᠳ ᠴᠢᠩᠭ᠍᠎ᠠ ᠳᠠᠭᠤᠨ ᠢᠶᠠᠷ ᠪᠤᠷᠬᠠᠨ ᠢ ᠮᠠᠭᠲᠠᠪᠠᠢ᠃ 16᠂ ᠵᠢᠴᠢ ᠲᠡᠷᠡ ᠢᠨᠦ (ᠢᠢᠰᠦᠰ) ᠦᠨ ᠡᠮᠦᠨ᠎ᠡ ᠬᠥᠰᠡᠷ᠎ᠡ ᠮᠥᠷᠭᠦᠨ ᠲᠡᠭᠦᠨ ᠢ ᠮᠠᠭᠲᠠᠪᠠᠢ᠃ ᠲᠡᠷᠡ ᠢᠨᠦ ᠰᠠᠮᠠᠷᠢᠶ᠎ᠠ ᠶᠢᠨ ᠬᠦᠮᠦᠨ ᠪᠥᠯᠦᠭᠡ᠃ 17᠂ ᠢᠢᠰᠦᠰ ᠢᠨᠦ ᠬᠠᠷᠢᠭᠤ ᠵᠠᠷᠯᠢᠭ ᠪᠣᠯᠤᠷᠤᠨ᠃ ᠠᠷᠪᠠᠨ ᠬᠦᠮᠦᠨ ᠢᠨᠦ ᠠᠷᠢᠯᠭᠠᠭᠳᠠᠭᠰᠠᠨ ᠪᠢᠰᠢᠶᠦ᠃ (ᠪᠤᠰᠤ) ᠶᠢᠰᠦᠨ ᠢᠨᠦ ᠬᠠᠮᠢᠭ᠎ᠠ ᠪᠤᠶᠤ᠃ 18᠂ ᠪᠤᠷᠬᠠᠨ ᠳᠤᠷ ᠮᠠᠭᠲᠠᠭᠠᠯ ᠢ ᠡᠷᠭᠦᠬᠦ ᠶᠢᠨ ᠲᠤᠯᠠ ᠡᠨᠡ ᠬᠦ ᠣᠷᠣᠯ ᠲᠤ ᠬᠦᠮᠦᠨ ᠡᠴᠡ ᠪᠤᠰᠤᠳ ᠠᠨᠤ ᠪᠤᠴᠠᠵᠤ ᠡᠰᠡ ᠢᠷᠡᠪᠡᠦ᠃ 19᠂ ᠬᠡᠮᠡᠨ ᠵᠠᠷᠯᠢᠭ ᠪᠣᠯᠤᠭᠠᠳ ᠲᠡᠷᠡ (ᠬᠦᠮᠦᠨ) ᠳᠦᠷ ᠡᠶᠢᠨ᠃ ᠪᠣᠰᠤᠭᠠᠳ ᠣᠳᠲᠤᠭᠠᠢ᠃ ᠴᠢᠨᠦ ᠢᠲᠡᠭᠡᠯ ᠢᠨᠦ ᠴᠢᠮᠠᠶᠢ ᠲᠣᠨᠢᠯᠭᠠᠭᠰᠠᠨ ᠪᠣᠯᠠᠢ᠂ ᠬᠡᠮᠡᠨ ᠵᠠᠷᠯᠢᠭ ᠪᠣᠯᠪᠠᠢ ᠅ 20᠂ ᠲᠡᠨᠳᠡ ᠹᠠᠷᠢᠰᠢ ᠨᠠᠷ ᠠᠨᠤ ᠠᠰᠠᠭᠤᠷᠤᠨ᠃ ᠪᠤᠷᠬᠠᠨ ᠤ ᠡᠵᠡᠯᠡᠭᠦᠷᠢ ᠢᠨᠦ ᠬᠡᠵᠢᠶ᠎ᠡ ᠢᠷᠡᠬᠦ ᠪᠤᠶᠤ᠃ ᠲᠡᠷᠡ ᠢᠨᠦ ᠬᠠᠷᠢᠭᠤ ᠵᠠᠷᠯᠢᠭ ᠪᠣᠯᠤᠷᠤᠨ᠃ ᠪᠤᠷᠬᠠᠨ ᠤ ᠡᠵᠡᠯᠡᠭᠦᠷᠢ ᠢᠨᠦ ᠭᠠᠳᠠᠭᠠᠳᠤ ᠦᠵᠡᠭᠳᠡᠯ ᠢᠶᠡᠷ ᠦᠯᠦ ᠢᠷᠡᠨ᠃ 21᠂ ᠵᠢᠴᠢ ᠡᠨᠳᠡ ᠪᠤᠢ᠂ ᠡᠰᠡᠪᠡᠰᠦ ᠲᠡᠨᠳᠡ ᠪᠤᠢ᠂ ᠬᠡᠮᠡᠨ ᠦᠯᠦ ᠥᠭᠦᠯᠡᠭᠳᠡᠬᠦ ᠪᠤᠢ᠃ ᠲᠡᠷᠡ ᠶᠠᠭᠤᠨ ᠤ ᠲᠤᠯᠠ ᠬᠡᠮᠡᠪᠡᠰᠦ᠂ ᠮᠡᠨᠡ᠂ ᠪᠤᠷᠬᠠᠨ ᠤ ᠡᠵᠡᠯᠡᠭᠦᠷᠢ ᠢᠨᠦ ᠲᠠᠨᠤ ᠳᠣᠲᠣᠷ᠎ᠠ ᠪᠤᠢ᠃ 22᠂ ᠬᠡᠮᠡᠨ ᠵᠠᠷᠯᠢᠭ ᠪᠣᠯᠤᠭᠠᠳ ᠪᠠᠰᠠ ᠱᠠᠪᠢᠨᠠᠷ ᠲᠠᠭᠠᠨ ᠡᠶᠢᠨ᠃ ᠲᠠ ᠪᠡᠷ ᠬᠦᠮᠦᠨ ᠲᠥᠷᠥᠯᠬᠢᠲᠦ ᠶᠢᠨ ᠡᠳᠦᠷ ᠦᠳ ᠡᠴᠡ ᠨᠢᠭᠡᠨ ᠢ ᠦᠵᠡᠬᠦᠶ᠎ᠡ ᠬᠦᠰᠡᠪᠡᠴᠦ ᠦᠯᠦ ᠦᠵᠡᠬᠦ ᠪᠣᠯᠤᠶᠤ᠃ ᠲᠡᠷᠡ ᠮᠡᠲᠦ ᠴᠠᠭ ᠠᠨᠤ ᠢᠷᠡᠬᠦ ᠪᠣᠯᠤᠶᠤ᠃ 23᠂ ᠵᠢᠴᠢ ᠮᠡᠨᠡ᠂ ᠡᠨᠳᠡ ᠪᠤᠢ᠃ ᠡᠰᠡᠪᠡᠰᠦ ᠮᠡᠨᠡ᠂ ᠲᠡᠨᠳᠡ ᠪᠤᠢ᠃ ᠬᠡᠮᠡᠨ ᠲᠠᠨ ᠳᠤᠷ ᠥᠭᠦᠯᠡᠭᠳᠡᠬᠦ ᠪᠣᠯᠪᠠᠴᠤ᠂ ᠲᠡᠳᠡᠨ ᠢ ᠳᠠᠭᠠᠨ ᠪᠦᠦ ᠭᠠᠷᠤᠭᠲᠤᠨ᠃ 24᠂ ᠲᠡᠷᠡ ᠶᠠᠭᠤᠨ ᠤ ᠲᠤᠯᠠ ᠬᠡᠮᠡᠪᠡᠰᠦ᠂ ᠴᠠᠬᠢᠯᠭᠠᠨ ᠠᠨᠤ ᠣᠭᠲᠠᠷᠭᠤᠢ ᠶᠢᠨ ᠳᠣᠣᠷ᠎ᠠ ᠨᠢᠭᠡᠨ (ᠬᠢᠵᠠᠭᠠᠷ) ᠠᠴᠠ᠂ ᠣᠭᠲᠠᠷᠭᠤᠢ ᠶᠢᠨ ᠳᠣᠣᠷ᠎ᠠ ᠪᠤᠰᠤ (ᠬᠢᠵᠠᠭᠠᠷ) ᠬᠦᠷᠲᠡᠯ᠎ᠡ ᠭᠡᠶᠢᠯᠭᠡᠳᠡᠭ ᠮᠡᠲᠦ᠂ ᠲᠡᠭᠦᠨᠴᠢᠯᠡᠨ ᠬᠦᠮᠦᠨ ᠲᠥᠷᠥᠯᠬᠢᠲᠦ ᠢᠨᠦ ᠢᠷᠡᠬᠦ ᠳᠡᠭᠡᠨ ᠪᠣᠯᠬᠤ ᠪᠣᠯᠤᠶᠤ᠃ 25᠂ ᠵᠦᠭᠡᠷ ᠲᠡᠷᠡ ᠢᠨᠦ ᠤᠷᠢᠳᠠ ᠶᠡᠬᠡ ᠵᠣᠪᠠᠯᠠᠩ ᠢ ᠡᠳ᠋ᠯᠡᠨ᠂ ᠡᠨᠡ ᠬᠦ ᠲᠥᠷᠥᠯ ᠲᠡᠨ ᠳᠦᠷ ᠣᠷᠬᠢᠭᠳᠠᠬᠤ ᠪᠣᠯᠤᠶᠤ᠃ 26᠂ ᠪᠠᠰᠠ ᠨᠣᠸᠠ (ᠬᠡᠮᠡᠭᠴᠢ) ᠶᠢᠨ ᠴᠠᠭ ᠲᠤᠷ ᠭᠡᠷ ᠪᠣᠯᠤᠭᠰᠠᠨ ᠮᠡᠲᠦ᠂ ᠲᠡᠭᠦᠨᠴᠢᠯᠡᠨ ᠬᠦᠮᠦᠨ ᠲᠥᠷᠥᠯᠬᠢᠲᠦ ᠶᠢᠨ ᠴᠠᠭ ᠲᠤᠷ ᠪᠣᠯᠬᠤ ᠪᠣᠯᠤᠶᠤ᠃ 27᠂ ᠨᠣᠸᠠ ᠶᠢᠨ ᠣᠩᠭᠤᠴᠠ ᠳᠤᠷ ᠣᠷᠣᠭᠰᠠᠨ ᠡᠳᠦᠷ ᠪᠣᠯᠲᠠᠯ᠎ᠠ ᠲᠡᠳᠡ ᠢᠨᠦ ᠢᠳᠡᠨ ᠤᠭᠤᠨ᠂ ᠭᠡᠷᠭᠡᠰ ᠢ ᠠᠪᠤᠨ ᠭᠡᠷᠭᠡᠰ ᠴᠤ ᠪᠣᠯᠴᠤ ᠡᠷ᠎ᠡ ᠳᠦᠷ ᠣᠳᠳᠤᠨ ᠠᠪᠠᠢ᠃ ᠲᠡᠶᠢᠨ ᠬᠦ ᠤᠰᠤᠨ ᠤ ᠦᠶᠡᠷ ᠢᠨᠦ ᠢᠷᠡᠭᠡᠳ ᠲᠡᠳᠡ ᠪᠦᠭᠦᠳᠡᠭᠡᠷ ᠢ ᠬᠣᠭᠣᠰᠤᠷᠠᠭᠤᠯᠪᠠᠢ᠃ 28᠂ ᠵᠢᠴᠢ ᠲᠡᠷᠡ ᠮᠡᠲᠦ ᠪᠡᠷ ᠯᠣᠳ ᠤᠨ ᠴᠠᠭ ᠲᠤᠷ ᠪᠥᠯᠦᠭᠡ᠃ ᠲᠡᠳᠡ ᠢᠨᠦ ᠢᠳᠡᠨ ᠤᠭᠤᠨ᠂ ᠬᠤᠳᠠᠯᠳᠤᠵᠤ ᠠᠪᠤᠨ᠂ ᠬᠤᠳᠠᠯᠳᠤᠨ᠂ ᠲᠠᠷᠢᠨ᠂ ᠭᠡᠷ ᠦᠳ ᠢ ᠡᠭᠦᠳᠦᠨ ᠦᠢᠯᠡᠳᠦᠯᠦᠭᠡ᠂ 29᠂ ᠵᠦᠭᠡᠷ ᠯᠣᠳ ᠤᠨ ᠰᠣᠳᠣᠮ ᠠᠴᠠ ᠭᠠᠷᠤᠭᠰᠠᠨ ᠡᠳᠦᠷ᠎ᠡ ᠣᠭᠲᠠᠷᠭᠤᠢ ᠠᠴᠠ ᠭᠠᠯ ᠬᠢᠭᠡᠳ ᠬᠥᠬᠦᠷ ᠢᠨᠦ ᠣᠷᠣᠭᠠᠳ᠂ ᠲᠡᠳᠡ ᠪᠦᠭᠦᠳᠡᠭᠡᠷ ᠬᠣᠭᠣᠰᠤᠷᠠᠭᠤᠯᠪᠠᠢ᠃ 30᠂ ᠲᠡᠭᠦᠨᠴᠢᠯᠡᠨ ᠬᠦ ᠬᠦᠮᠦᠨ ᠲᠥᠷᠥᠯᠬᠢᠲᠦ ᠶᠢᠨ ᠢᠷᠡᠬᠦ ᠴᠠᠭ ᠲᠤᠷ ᠲᠡᠷᠡ ᠮᠡᠲᠦ ᠪᠡᠷ ᠪᠣᠯᠬᠤ ᠪᠣᠯᠤᠶᠤ᠃ 31᠂ ᠲᠡᠷᠡ ᠬᠦ ᠴᠠᠭ ᠲᠤᠷ ᠠᠯᠢ ᠬᠡᠨ ᠪᠡᠷ ᠭᠡᠷ ᠦᠨ ᠳᠡᠭᠡᠯᠪᠦᠷ ᠦᠨ ᠳᠡᠭᠡᠷ᠎ᠡ ᠪᠣᠯᠪᠠᠰᠤ᠂ ᠭᠡᠷ ᠶᠦᠭᠡᠨ ᠳᠣᠲᠣᠷ᠎ᠠ ᠠᠴᠠ ᠡᠳ᠋ ᠪᠠᠷᠠᠭᠠᠨ ᠢ ᠠᠪᠬᠤ ᠶᠢᠨ ᠲᠤᠯᠠ ᠦᠯᠦ ᠪᠠᠭᠤᠬᠤ ᠪᠣᠯᠲᠤᠭᠠᠢ᠃ ᠵᠢᠴᠢ ᠠᠯᠢ ᠬᠡᠨ ᠪᠡᠷ ᠲᠠᠷᠢᠶᠠᠯᠠᠩ ᠳᠤᠷ ᠪᠣᠯᠪᠠᠰᠤ᠂ ᠰᠦᠷᠭᠡᠨ ᠦᠯᠦ ᠪᠤᠴᠠᠬᠤ ᠪᠣᠯᠲᠤᠭᠠᠢ᠃ 32᠂ ᠯᠣᠳ ᠤᠨ ᠭᠡᠷᠭᠡᠢ ᠶᠢ ᠰᠠᠨᠠᠭᠲᠤᠨ᠃ 33᠂ ᠬᠡᠨ ᠪᠡᠷ ᠠᠮᠢᠨ ᠢᠶᠠᠨ ᠲᠣᠨᠢᠯᠭᠠᠬᠤᠶᠠ ᠪᠡᠳᠡᠷᠢᠬᠦ ᠪᠥᠭᠡᠰᠦ ᠡᠯ᠎ᠡ᠂ (ᠠᠮᠢᠨ ᠢᠶᠠᠨ) ᠬᠣᠬᠢᠷᠠᠭᠤᠯᠬᠤ ᠪᠣᠯᠤᠶᠤ᠃ ᠵᠦᠭᠡᠷ ᠬᠡᠨ ᠪᠡᠷ (ᠠᠮᠢᠨ) ᠢᠶᠠᠨ ᠬᠣᠬᠢᠷᠠᠭᠤᠯᠬᠤ ᠪᠥᠭᠡᠰᠦ᠂ ᠲᠣᠨᠢᠯᠭᠠᠬᠤ ᠪᠣᠯᠤᠶᠤ᠃ 34᠂ ᠮᠢᠨᠦ ᠲᠠᠨ ᠳᠤᠷ ᠥᠭᠦᠯᠡᠬᠦᠢ ᠢᠨᠦ᠂ ᠲᠡᠷᠡ ᠬᠦ ᠰᠥᠨᠢᠨ ᠳᠦᠷ ᠭᠠᠭᠴᠠᠬᠠᠨ ᠳᠡᠪᠢᠰᠬᠡᠷ ᠦᠨ ᠳᠡᠭᠡᠷ᠎ᠡ ᠬᠡᠪᠲᠡᠬᠦᠢ ᠬᠣᠶᠠᠷ ᠬᠦᠮᠦᠨ ᠡᠴᠡ ᠨᠢᠭᠡᠨ ᠢᠨᠦ ᠠᠪᠲᠠᠬᠤ ᠪᠥᠭᠡᠳ᠂ ᠨᠥᠭᠦᠭᠡ ᠢᠨᠦ ᠣᠷᠬᠢᠭᠳᠠᠬᠤ ᠪᠣᠯᠤᠶᠤ᠃ 35᠂ (ᠳᠡᠭᠡᠷᠮ᠎ᠡ ᠳᠦᠷ) ᠬᠠᠮᠲᠤ ᠳᠡᠭᠡᠷᠮᠡᠳᠡᠭᠴᠢ ᠬᠣᠶᠠᠷ (ᠡᠮᠡᠰ) ᠡᠴᠡ ᠨᠢᠭᠡᠨ ᠢᠨᠦ ᠠᠪᠲᠠᠬᠤ ᠪᠥᠭᠡᠳ᠂ ᠨᠥᠭᠦᠭᠡ ᠢᠨᠦ ᠣᠷᠬᠢᠭᠳᠠᠬᠤ ᠪᠣᠯᠤᠶᠤ᠃ 36᠂ ᠲᠠᠷᠢᠶᠠᠯᠠᠩ ᠳᠤᠷ ᠪᠠᠶᠢᠭᠰᠠᠨ ᠬᠣᠶᠠᠷ ᠬᠦᠮᠦᠨ ᠡᠴᠡ ᠨᠢᠭᠡᠨ ᠢᠨᠦ ᠠᠪᠲᠠᠬᠤ ᠪᠥᠭᠡᠳ᠂ ᠨᠥᠭᠦᠭᠡ ᠢᠨᠦ ᠣᠷᠬᠢᠭᠳᠠᠬᠤ ᠪᠣᠯᠤᠶᠤ᠃ 37᠂ ᠬᠡᠮᠡᠨ ᠪᠣᠯᠤᠭᠰᠠᠨ ᠳᠤᠷ ᠲᠡᠳᠡ ᠢᠨᠦ ᠲᠡᠭᠦᠨ ᠳᠦᠷ ᠬᠠᠷᠢᠭᠤ ᠡᠶᠢᠨ᠃ ᠡᠵᠡᠨ ᠡ᠂ ᠬᠠᠮᠢᠭ᠎ᠠ ᠪᠤᠶᠤ᠃ ᠬᠡᠮᠡᠨ ᠠᠶᠢᠯᠠᠳᠬᠠᠭᠰᠠᠨ ᠳᠤᠷ ᠲᠡᠷᠡ ᠢᠨᠦ ᠲᠡᠳᠡᠨ ᠳᠦᠷ ᠡᠶᠢᠨ᠃ ᠦᠬᠦᠳᠡᠯ ᠬᠠᠮᠢᠭ᠎ᠠ ᠪᠤᠢ ᠲᠡᠨᠳᠡ ᠪᠦᠷᠭᠦᠳ ᠴᠤ ᠴᠤᠭᠯᠠᠷᠠᠮᠤᠢ᠃ ᠬᠡᠮᠡᠨ ᠵᠠᠷᠯᠢᠭ ᠪᠣᠯᠪᠠᠢ ᠅