18
ᠠᠷᠪᠠᠨ ᠨᠠᠶᠢᠮᠠᠳᠤᠭᠠᠷ ᠪᠦᠯᠦᠭ ᠅
1᠂ ᠵᠢᠴᠢ ᠲᠡᠷᠡ ᠢᠨᠦ ᠬᠡᠵᠢᠶ᠎ᠡ ᠴᠤ ᠵᠠᠯᠬᠠᠭᠤ ᠦᠭᠡᠭᠦᠶ᠎ᠡ ᠵᠠᠯᠪᠠᠷᠢᠬᠤ ᠶᠣᠰᠤ ᠲᠤ ᠪᠤᠢ᠃ ᠬᠡᠮᠡᠨ (ᠰᠤᠷᠭᠠᠨ) ᠲᠡᠳᠡᠨ ᠳᠦᠷ ᠦᠯᠢᠭᠡᠷ ᠢᠶᠡᠷ ᠵᠠᠷᠯᠢᠭ ᠪᠣᠯᠤᠷᠤᠨ᠃ 2᠂ ᠨᠢᠭᠡᠨ ᠪᠠᠯᠭᠠᠰᠤᠨ ᠳᠤᠷ ᠨᠢᠭᠡ ᠰᠢᠭᠦᠭᠴᠢ ᠬᠦᠮᠦᠨ ᠪᠥᠯᠦᠭᠡ᠃ ᠲᠡᠷᠡ ᠢᠨᠦ ᠪᠤᠷᠬᠠᠨ ᠠᠴᠠ ᠡᠰᠡ ᠠᠶᠤᠨ᠂ ᠬᠦᠮᠦᠨ ᠡᠴᠡ ᠴᠤ ᠡᠰᠡ ᠢᠴᠢᠳᠡᠭ ᠠᠵᠢᠭᠤ᠃ 3᠂ ᠵᠢᠴᠢ ᠲᠡᠷᠡ ᠬᠦ ᠪᠠᠯᠭᠠᠰᠤᠨ ᠤ ᠳᠣᠲᠣᠷ᠎ᠠ ᠨᠢᠭᠡᠨ ᠪᠡᠯᠪᠡᠰᠦᠨ ᠡᠮ᠎ᠡ ᠪᠤᠢ ᠪᠥᠭᠡᠳ᠂ ᠲᠡᠷᠡ ᠢᠨᠦ (ᠰᠢᠭᠦᠭᠴᠢ) ᠳᠦᠷ ᠢᠷᠡᠭᠡᠳ ᠡᠶᠢᠨ᠃ ᠮᠢᠨᠦ ᠡᠰᠡᠷᠭᠦᠴᠡᠭᠴᠢ ᠡᠴᠡ ᠨᠠᠮᠠᠶᠢ ᠬᠠᠯᠬᠠᠯᠠᠨ ᠰᠣᠶᠤᠷᠬ᠎ᠠ᠃ 4᠂ ᠬᠡᠮᠡᠨ ᠥᠭᠦᠯᠡᠭᠰᠡᠨ ᠳᠦᠷ ᠲᠡᠷᠡ ᠢᠨᠦ ᠤᠳᠠᠭᠠᠨ ᠪᠣᠯᠲᠠᠯ᠎ᠠ ᠡᠰᠡ ᠳᠤᠷᠠᠰᠢᠪᠠᠴᠤ᠂ ᠬᠣᠶᠢᠨᠠ ᠳᠣᠲᠣᠷ᠎ᠠ ᠪᠠᠨ ᠡᠶᠢᠨ ᠰᠡᠳᠬᠢᠷᠦᠨ᠃ ᠪᠢ ᠪᠡᠷ ᠪᠤᠷᠬᠠᠨ ᠠᠴᠠ ᠡᠰᠡ ᠠᠶᠤᠨ᠂ ᠬᠦᠮᠦᠨ ᠡᠴᠡ ᠴᠤ ᠡᠰᠡ ᠢᠴᠢᠳᠡᠭ ᠪᠣᠯᠪᠠᠴᠤ᠂ 5᠂ ᠡᠨᠡ ᠬᠦ ᠪᠡᠯᠪᠡᠰᠦᠨ ᠡᠮ᠎ᠡ ᠶᠢᠨ ᠨᠠᠮᠠᠶᠢ ᠲᠦᠪᠡᠭᠯᠡᠭᠦᠯᠦᠭᠰᠡᠨ ᠦ ᠲᠤᠯᠠ᠂ ᠪᠢ ᠪᠡᠷ ᠲᠡᠭᠦᠨ ᠢ ᠬᠠᠯᠬᠠᠯᠠᠰᠤ᠃ ᠲᠡᠶᠢᠨ ᠪᠤᠰᠤ ᠪᠥᠭᠡᠰᠦ ᠡᠯ᠎ᠡ᠂ ᠲᠡᠷᠡ ᠢᠨᠦ ᠲᠠᠰᠤᠯᠪᠤᠷᠢ ᠦᠭᠡᠭᠦᠶ᠎ᠡ ᠢᠷᠡᠬᠦᠢ ᠪᠡᠷ ᠨᠠᠮᠠᠶᠢ ᠵᠠᠯᠬᠠᠭᠤᠷᠠᠭᠤᠯᠬᠤ ᠪᠤᠢ ᠵᠠ᠂ ᠬᠡᠮᠡᠯᠦᠭᠡ᠃ 6᠂ ᠡᠵᠡᠨ ᠢᠨᠦ ᠵᠠᠷᠯᠢᠭ ᠪᠣᠯᠤᠷᠤᠨ᠃ ᠲᠡᠷᠡ ᠬᠦ ᠵᠥᠪ ᠪᠤᠰᠤ ᠰᠢᠭᠦᠭᠴᠢ ᠶᠢᠨ ᠥᠭᠦᠯᠡᠭᠰᠡᠨ ᠢ ᠰᠣᠨᠣᠰᠤᠭᠲᠤᠨ᠃ 7᠂ ᠪᠤᠷᠬᠠᠨ ᠠᠨᠤ ᠤᠳᠠᠪᠠᠴᠤ᠂ ᠡᠳᠦᠷ ᠪᠠ ᠰᠥᠨᠢ ᠳᠡ ᠲᠡᠭᠦᠨ ᠳᠦᠷ ᠵᠠᠯᠪᠠᠷᠢᠭᠴᠢ ᠰᠣᠩᠭᠣᠭᠳᠠᠭᠰᠠᠳ ᠢᠶᠠᠨ ᠬᠠᠯᠬᠠᠯᠠᠬᠤ ᠪᠤᠰᠤ ᠪᠤᠶᠤ᠃ 8᠂ ᠲᠡᠳᠡᠨ ᠢ ᠦᠳᠲᠦᠷ ᠬᠠᠯᠬᠠᠯᠠᠬᠤ ᠪᠤᠢ᠃ ᠬᠡᠮᠡᠨ ᠪᠢ ᠪᠡᠷ ᠲᠠᠨ ᠳᠤᠷ ᠥᠭᠦᠯᠡᠮᠦᠢ᠃ ᠵᠦᠭᠡᠷ ᠬᠦᠮᠦᠨ ᠲᠥᠷᠥᠯᠬᠢᠲᠦ ᠢᠨᠦ ᠢᠷᠡᠬᠦᠢ ᠳᠡᠭᠡᠨ ᠳᠡᠯᠡᠬᠡᠢ ᠶᠢᠨ ᠳᠡᠭᠡᠷ᠎ᠡ ᠢᠲᠡᠭᠡᠯ ᠢ ᠣᠯᠬᠤ ᠪᠤᠶᠤ᠃ 9᠂ ᠬᠡᠮᠡᠨ ᠵᠠᠷᠯᠢᠭ ᠪᠣᠯᠤᠭᠠᠳ᠂ ᠪᠡᠶᠡᠰ ᠢᠶᠡᠨ ᠵᠥᠪ ᠲᠡᠨ ᠬᠡᠮᠡᠨ ᠲᠣᠭᠠᠭᠠᠨ ᠪᠤᠰᠤᠳ ᠢ ᠳᠣᠷᠣᠮᠵᠢᠯᠠᠭᠴᠢ ᠵᠠᠷᠢᠮ ᠤᠳ ᠲᠤᠷ ᠦᠯᠢᠭᠡᠷ ᠢᠶᠡᠷ ᠡᠶᠢᠨ᠃ 10᠂ ᠬᠣᠶᠠᠷ ᠬᠦᠮᠦᠨ ᠢᠨᠦ ᠵᠠᠯᠪᠠᠷᠢᠬᠤ ᠶᠢᠨ ᠲᠤᠯᠠ ᠰᠤᠠᠮᠠ ᠳᠤᠷ [ᠰᠦᠮ᠎ᠡ ᠳᠦᠷ] ᠣᠷᠣᠪᠠᠢ᠃ ᠲᠡᠳᠡᠨ ᠡᠴᠡ ᠨᠢᠭᠡᠨ ᠢᠨᠦ ᠹᠠᠷᠢᠰᠢ ᠪᠥᠭᠡᠳ᠂ ᠨᠥᠭᠦᠭᠡ ᠢᠨᠦ ᠠᠪᠤᠯᠭᠠᠴᠢ ᠪᠥᠯᠦᠭᠡ᠃ 11᠂ ᠹᠠᠷᠢᠰᠢ ᠠᠨᠤ ᠲᠤᠰᠠᠭᠠᠷ ᠪᠠᠶᠢᠵᠤ ᠡᠶᠢᠨ᠃ ᠪᠤᠷᠬᠠᠨ ᠠ᠋᠂ ᠪᠢ ᠪᠡᠷ ᠪᠤᠰᠤᠳ ᠯᠤᠭ᠎ᠠ ᠠᠳᠠᠯᠢ ᠪᠤᠰᠤ ᠬᠡᠮᠡᠪᠡᠰᠦ᠂ ᠳᠡᠭᠡᠷᠮᠡᠳᠡᠭᠴᠢᠳ ᠬᠢᠭᠡᠳ ᠵᠥᠪ ᠪᠤᠰᠤ ᠨᠤᠭᠤᠳ ᠪᠠ᠂ ᠲᠠᠴᠢᠶᠠᠩᠭᠤᠢ ᠶᠢᠨ ᠬᠤᠷᠢᠴᠠᠯ ᠲᠠᠨ ᠬᠢᠭᠡᠳ ᠡᠨᠡ ᠬᠦ ᠠᠪᠤᠯᠭᠠᠴᠢ ᠯᠤᠭ᠎ᠠ ᠠᠳᠠᠯᠢ ᠪᠤᠰᠤ ᠠᠬᠤ ᠶᠢᠨ ᠲᠤᠯᠠ ᠴᠢᠮᠠᠶᠢ ᠮᠠᠭᠲᠠᠮᠤᠢ᠃ 12᠂ ᠪᠢ ᠪᠡᠷ ᠳᠣᠯᠣᠭᠠᠨ ᠬᠣᠨᠣᠭ ᠤᠨ ᠳᠣᠲᠣᠷ᠎ᠠ ᠬᠣᠶᠠᠷ ᠳ᠋ᠠᠬᠢᠨ ᠪᠠᠴᠠᠭᠯᠠᠨ᠂ ᠪᠤᠢ ᠵᠥᠭᠡᠷᠢ ᠡᠴᠡᠭᠡᠨ ᠠᠷᠪᠠᠨ ᠬᠤᠪᠢ ᠶᠢᠨ ᠨᠢᠭᠡᠨ ᠢ ᠥᠭᠭᠦᠳᠡᠭ᠃ ᠬᠡᠮᠡᠨ ᠵᠠᠯᠪᠠᠷᠢᠪᠠᠢ᠃ 13᠂ ᠠᠪᠤᠯᠭᠠᠴᠢ ᠠᠨᠤ ᠬᠣᠯᠠ ᠪᠠᠶᠢᠵᠤ᠂ ᠨᠢᠳᠦᠨ ᠢᠶᠡᠷ ᠴᠤ ᠣᠭᠲᠠᠷᠭᠤᠢ ᠶᠢᠨ ᠲᠤᠰ ᠰᠢᠷᠲᠡᠵᠦ ᠡᠰᠡ ᠴᠢᠳᠠᠨ᠂ ᠡᠪᠴᠢᠭᠦᠨ ᠢᠶᠡᠨ ᠳᠡᠯᠡᠳᠳᠦᠨ ᠡᠶᠢᠨ᠃ ᠪᠤᠷᠬᠠᠨ ᠠ᠋᠂ ᠬᠢᠯᠢᠨᠴᠡ ᠲᠦ ᠨᠠᠮᠠᠶᠢ ᠨᠢᠭᠦᠯᠡᠰᠦᠨ ᠰᠣᠶᠤᠷᠬ᠎ᠠ᠃ ᠬᠡᠮᠡᠨ ᠥᠭᠦᠯᠡᠯᠦᠭᠡ᠃ 14᠂ ᠮᠢᠨᠦ ᠲᠠᠨ ᠳᠤᠷ ᠥᠭᠦᠯᠡᠬᠦᠢ ᠢᠨᠦ᠂ ᠲᠡᠷᠡ ᠬᠦᠮᠦᠨ ᠢᠨᠦ ᠨᠥᠭᠦᠭᠡ ᠡᠴᠡ ᠦᠯᠡᠮᠵᠢ ᠵᠥᠪᠰᠢᠶᠡᠭᠳᠡᠭᠰᠡᠨ ᠢᠶᠡᠷ ᠭᠡᠷ ᠲᠡᠭᠡᠨ ᠬᠠᠷᠢᠪᠠᠢ᠃ ᠲᠡᠷᠡ ᠶᠠᠭᠤᠨ ᠤ ᠲᠤᠯᠠ ᠬᠡᠮᠡᠪᠡᠰᠦ᠂ ᠠᠯᠢᠪᠠ ᠪᠡᠶ᠎ᠡ ᠪᠡᠨ ᠡᠷᠭᠦᠮᠵᠢᠯᠡᠭᠴᠢ ᠢᠨᠦ ᠳᠣᠣᠷ᠎ᠠ ᠲᠤ ᠪᠣᠯᠬᠤ ᠪᠥᠭᠡᠳ᠂ ᠪᠡᠶ᠎ᠡ ᠪᠡᠨ ᠳᠣᠣᠷ᠎ᠠ ᠲᠤ ᠪᠣᠯᠭᠠᠭᠴᠢ ᠠᠨᠤ ᠡᠷᠭᠦᠮᠵᠢᠯᠡᠭᠳᠡᠬᠦ ᠪᠣᠯᠤᠶᠤ᠃ ᠬᠡᠮᠡᠨ ᠵᠠᠷᠯᠢᠭ ᠪᠣᠯᠪᠠᠢ ᠅ 15᠂ ᠲᠡᠨᠳᠡ ᠨᠢᠯᠬ᠎ᠠ ᠬᠡᠦᠬᠡᠳ ᠢᠨᠦ ᠢᠢᠰᠦᠰ ᠦᠨ ᠲᠡᠳᠡᠨ ᠳᠦᠷ ᠮᠤᠲᠤᠷ ᠢᠶᠠᠨ ᠬᠦᠷᠭᠡᠬᠦ ᠶᠢᠨ ᠲᠤᠯᠠ ᠲᠡᠭᠦᠨ ᠳᠦᠷ ᠠᠴᠠᠷᠠᠭᠳᠠᠪᠠᠢ᠃ ᠬᠠᠷᠢᠨ ᠱᠠᠪᠢᠨᠠᠷ ᠠᠨᠤ ᠦᠵᠡᠭᠡᠳ ᠲᠡᠳᠡᠨ ᠢ ᠬᠣᠷᠢᠪᠠᠢ᠃ 16᠂ ᠵᠦᠭᠡᠷ ᠢᠢᠰᠦᠰ ᠢᠨᠦ ᠲᠡᠳᠡᠨ ᠢ ᠳᠡᠷᠭᠡᠳᠡ ᠪᠡᠨ ᠢᠷᠡᠭᠦᠯᠦᠭᠡᠳ ᠵᠠᠷᠯᠢᠭ ᠪᠣᠯᠤᠷᠤᠨ᠃ ᠬᠡᠦᠬᠡᠳ ᠢ ᠨᠠᠳᠤᠷ ᠢᠷᠡᠭᠦᠯᠦᠨ᠂ ᠪᠦᠦ ᠬᠣᠷᠢᠭᠲᠤᠨ᠃ ᠲᠡᠷᠡ ᠶᠠᠭᠤᠨ ᠤ ᠲᠤᠯᠠ ᠬᠡᠮᠡᠪᠡᠰᠦ᠂ ᠪᠤᠷᠬᠠᠨ ᠤ ᠡᠵᠡᠯᠡᠭᠦᠷᠢ ᠢᠨᠦ ᠲᠡᠷᠡ ᠮᠡᠲᠦᠰ ᠡᠴᠡ ᠮᠥᠨ ᠪᠣᠯᠠᠢ᠃ 17᠂ ᠠᠯᠢ ᠬᠡᠨ ᠪᠤᠷᠬᠠᠨ ᠤ ᠡᠵᠡᠯᠡᠭᠦᠷᠢᠨ ᠢ ᠬᠡᠦᠬᠡᠨ ᠮᠡᠲᠦ ᠡᠰᠡ ᠠᠪᠤᠭᠴᠢ ᠠᠨᠤ ᠲᠡᠭᠦᠨ ᠳᠦᠷ ᠦᠯᠦ ᠣᠷᠣᠬᠤ ᠪᠤᠢ᠃ ᠬᠡᠮᠡᠨ ᠪᠢ ᠪᠡᠷ ᠲᠠᠨ ᠳᠤᠷ ᠮᠠᠭᠠᠳᠯᠠᠵᠤ ᠥᠭᠦᠯᠡᠮᠦᠢ ᠅ 18᠂ ᠲᠡᠨᠳᠡ ᠲᠡᠷᠢᠭᠦᠯᠡᠭᠴᠢᠳ ᠡᠴᠡ ᠨᠢᠭᠡᠨ ᠢᠨᠦ ᠲᠡᠭᠦᠨ ᠡᠴᠡ ᠡᠶᠢᠨ ᠠᠰᠠᠭᠤᠷᠤᠨ᠃ ᠰᠠᠶᠢᠨ ᠪᠠᠭᠰᠢ ᠠ᠋᠂ ᠪᠢ ᠪᠡᠷ ᠪᠠᠷᠠᠭᠳᠠᠰᠢ ᠦᠭᠡᠢ ᠠᠮᠢᠨ ᠢ ᠬᠦᠷᠲᠡᠬᠦ ᠶᠢᠨ ᠲᠤᠯᠠ ᠶᠠᠭᠤᠨ ᠢ ᠦᠢᠯᠡᠳᠬᠦ ᠪᠤᠶᠤ᠃ 19᠂ ᠬᠡᠮᠡᠭᠰᠡᠨ ᠳᠦᠷ ᠢᠢᠰᠦᠰ ᠢᠨᠦ ᠲᠡᠭᠦᠨ ᠳᠦᠷ ᠵᠠᠷᠯᠢᠭ ᠪᠣᠯᠤᠷᠤᠨ᠃ ᠴᠢ ᠪᠡᠷ ᠨᠠᠮᠠᠶᠢ ᠶᠠᠭᠤᠨ ᠤ ᠲᠤᠯᠠ ᠰᠠᠶᠢᠨ ᠬᠡᠮᠡᠮᠦᠶᠦ᠃ ᠭᠠᠭᠴᠠ ᠪᠤᠷᠬᠠᠨ ᠠᠴᠠ ᠪᠤᠰᠤ ᠰᠠᠶᠢᠨ ᠬᠡᠮᠡᠭᠳᠡᠭᠴᠢ ᠦᠭᠡᠢ᠃ 20᠂ ᠴᠢ ᠪᠡᠷ ᠵᠠᠬᠡᠶᠠ [ᠵᠠᠬᠢᠶ᠎ᠠ] ᠨᠤᠭᠤᠳ ᠢ ᠮᠡᠳᠡᠮᠦᠢ ᠬᠡᠮᠡᠪᠡᠰᠦ᠂ ᠲᠠᠴᠢᠶᠠᠩᠭᠤᠢ ᠶᠢᠨ ᠬᠤᠷᠢᠴᠠᠯ ᠢ ᠪᠦᠦ ᠦᠢᠯᠡᠳ᠃ ᠠᠮᠢᠨ ᠢ ᠪᠦᠦ ᠲᠠᠰᠤᠯ᠃ ᠬᠤᠯᠠᠭᠠᠶᠢᠯᠠᠨ ᠪᠦᠦ ᠠᠪ᠃ ᠬᠤᠳᠠᠯ ᠢᠶᠠᠷ ᠪᠦᠦ ᠭᠡᠷᠡᠴᠢᠯᠡ᠃ ᠡᠴᠢᠭᠡ ᠬᠢᠭᠡᠳ ᠡᠬᠡ ᠪᠡᠨ ᠬᠦᠨᠳᠦᠯᠡᠨ ᠦᠢᠯᠡᠳ᠃ 21᠂ ᠲᠡᠷᠡ ᠢᠨᠦ ᠠᠶᠢᠯᠠᠳᠬᠠᠷᠤᠨ᠃ ᠪᠢ ᠪᠡᠷ ᠪᠠᠭ᠎ᠠ ᠨᠠᠰᠤᠨ ᠠᠴᠠᠭᠠᠨ ᠡᠨᠡ ᠬᠠᠮᠤᠭ ᠢ ᠰᠠᠬᠢᠯᠤᠭᠠ᠃ 22᠂ ᠬᠡᠮᠡᠨ ᠠᠶᠢᠯᠠᠳᠬᠠᠭᠰᠠᠨ ᠢ ᠢᠢᠰᠦᠰ ᠢᠨᠦ ᠰᠣᠨᠣᠰᠤᠭᠠᠳ ᠲᠡᠭᠦᠨ ᠳᠦᠷ ᠵᠠᠷᠯᠢᠭ ᠪᠣᠯᠤᠷᠤᠨ᠃ ᠴᠢᠮᠠᠳᠤᠷ ᠳᠤᠲᠠᠭᠤ ᠠᠨᠤ ᠨᠢᠭᠡᠨ ᠪᠤᠢ ᠬᠡᠮᠡᠪᠡᠰᠦ᠂ ᠴᠢᠮᠠᠳᠤᠷ ᠪᠤᠢ ᠠᠬᠤᠢ ᠶᠢ ᠬᠤᠳᠠᠯᠳᠤᠭᠠᠳ᠂ ᠦᠭᠡᠭᠦ ᠶᠠᠳᠠᠭᠤ ᠨᠤᠭᠤᠳᠠ ᠬᠤᠪᠢᠶᠠᠨ ᠥᠭ᠃ ᠲᠡᠶᠢᠨ ᠬᠦ ᠴᠢᠮᠠᠳᠤᠷ ᠣᠭᠲᠠᠷᠭᠤᠢ ᠳᠤᠷ ᠰᠠᠩ ᠪᠣᠯᠬᠤ ᠪᠣᠯᠤᠶᠤ᠃ ᠵᠢᠴᠢ ᠢᠷᠡᠭᠡᠳ ᠨᠠᠮᠠᠶᠢ ᠳᠠᠭᠠᠨ ᠦᠢᠯᠡᠳ᠃ 23᠂ ᠬᠡᠮᠡᠨ ᠵᠠᠷᠯᠢᠭ ᠪᠣᠯᠤᠭᠰᠠᠨ ᠢ ᠲᠡᠷᠡ ᠢᠨᠦ ᠰᠣᠨᠣᠰᠤᠭᠠᠳ᠂ ᠶᠡᠬᠡᠳᠡ ᠭᠠᠰᠢᠭᠤᠳᠠᠪᠠᠢ᠃ ᠲᠡᠷᠡ ᠶᠠᠭᠤᠨ ᠤ ᠲᠤᠯᠠ ᠬᠡᠮᠡᠪᠡᠰᠦ᠂ ᠲᠡᠷᠡ ᠢᠨᠦ ᠮᠠᠰᠢ ᠪᠠᠶᠠᠨ ᠪᠥᠯᠦᠭᠡ᠃ 24᠂ ᠢᠢᠰᠦᠰ ᠢᠨᠦ ᠲᠡᠭᠦᠨ ᠦ ᠶᠡᠬᠡᠳᠡ ᠭᠠᠰᠢᠭᠤᠳᠠᠭᠰᠠᠨ ᠢ ᠦᠵᠡᠭᠡᠳ ᠡᠶᠢᠨ ᠵᠠᠷᠯᠢᠭ ᠪᠣᠯᠤᠷᠤᠨ᠃ ᠪᠤᠷᠬᠠᠨ ᠤ ᠡᠵᠡᠯᠡᠭᠦᠷᠢᠨ ᠳᠦᠷ ᠪᠠᠶᠠᠨ ᠨᠤᠭᠤᠳ ᠤᠨ ᠣᠷᠣᠬᠤᠢ ᠠᠨᠤ ᠶᠠᠮᠪᠠᠷ ᠪᠡᠷᠬᠡ ᠪᠤᠢ᠃ 25᠂ ᠲᠡᠷᠡ ᠶᠠᠭᠤᠨ ᠤ ᠲᠤᠯᠠ ᠬᠡᠮᠡᠪᠡᠰᠦ᠂ ᠵᠡᠭᠦᠨ ᠦ ᠰᠦᠪᠡ ᠪᠡᠷ ᠨᠢᠭᠡ ᠲᠡᠮᠡᠭᠡᠨ ᠦ ᠠᠯᠤᠰᠳᠠᠬᠤᠢ ᠠᠨᠤ ᠪᠤᠷᠬᠠᠨ ᠤ ᠡᠵᠡᠯᠡᠭᠦᠷᠢᠨ ᠳᠦᠷ ᠪᠠᠶᠠᠨ ᠬᠦᠮᠦᠨ ᠣᠷᠣᠬᠤᠢ ᠠᠴᠠ ᠬᠢᠯᠪᠠᠷ ᠪᠣᠯᠠᠢ᠃ 26᠂ ᠬᠡᠮᠡᠨ ᠵᠠᠷᠯᠢᠭ ᠪᠣᠯᠤᠭᠰᠠᠨ ᠢ ᠰᠣᠨᠣᠰᠤᠭᠴᠢᠳ ᠠᠨᠤ ᠠᠶᠢᠯᠠᠳᠬᠠᠷᠤᠨ᠃ ᠲᠡᠶᠢᠨ ᠪᠥᠭᠡᠰᠦ ᠡᠯ᠎ᠡ ᠬᠡᠨ ᠲᠣᠨᠢᠯᠵᠤ ᠴᠢᠳᠠᠬᠤ ᠪᠤᠶᠤ᠃ 27᠂ ᠲᠡᠷᠡ ᠢᠨᠦ ᠵᠠᠷᠯᠢᠭ ᠪᠣᠯᠤᠷᠤᠨ᠃ ᠬᠦᠮᠦᠨ ᠳᠦᠷ ᠴᠢᠳᠠᠭᠳᠠᠰᠢ ᠦᠭᠡᠢ ᠶᠢ ᠪᠤᠷᠬᠠᠨ ᠠᠨᠤ ᠴᠢᠳᠠᠮᠤᠢ᠃ 28᠂ ᠬᠡᠮᠡᠨ ᠵᠠᠷᠯᠢᠭ ᠪᠣᠯᠤᠭᠰᠠᠨ ᠳᠤᠷ ᠹᠢᠲ᠋ᠢᠷ ᠠᠨᠤ ᠠᠶᠢᠯᠠᠳᠬᠠᠷᠤᠨ᠃ ᠮᠡᠨᠡ᠂ ᠪᠢᠳᠡ ᠪᠡᠷ ᠬᠠᠮᠤᠭ ᠪᠤᠢ ᠨᠤᠭᠤᠳ ᠢᠶᠠᠨ ᠣᠷᠬᠢᠭᠠᠳ ᠴᠢᠮᠠᠶᠢ ᠳᠠᠭᠠᠯᠤᠭ᠎ᠠ᠃ 29᠂ ᠲᠡᠷᠡ ᠢᠨᠦ ᠲᠡᠳᠡᠨ ᠳᠦᠷ ᠵᠠᠷᠯᠢᠭ ᠪᠣᠯᠤᠷᠤᠨ᠃ ᠮᠢᠨᠦ ᠲᠠᠨ ᠳᠤᠷ ᠠᠮᠠᠭᠠᠳᠯᠠᠨ ᠥᠭᠦᠯᠡᠬᠦᠢ ᠢᠨᠦ᠂ ᠠᠯᠢ ᠬᠡᠨ ᠭᠡᠷ ᠬᠢᠭᠡᠳ ᠡᠴᠢᠭᠡ ᠡᠬᠡ ᠪᠠ᠂ ᠠᠬ᠎ᠠ ᠳᠡᠭᠦᠦ ᠨᠠᠷ ᠬᠢᠭᠡᠳ ᠡᠭᠡᠴᠢ ᠳᠡᠭᠦᠦ ᠨᠠᠷ ᠪᠠ᠂ ᠬᠡᠦᠬᠡᠳ ᠢ ᠪᠤᠷᠬᠠᠨ ᠤ ᠡᠵᠡᠯᠡᠭᠦᠷᠢᠨ ᠦ ᠲᠤᠯᠠ ᠣᠷᠬᠢᠪᠠᠰᠤ᠃ 30᠂ ᠡᠨᠡ ᠬᠦ ᠴᠠᠭ ᠲᠤᠷ ᠣᠯᠠᠨ ᠳᠠᠪᠬᠤᠷ ᠢᠶᠠᠷ ᠬᠠᠷᠢᠭᠤᠯᠤᠨ ᠠᠪᠤᠭᠠᠳ᠂ ᠬᠣᠶᠢᠳᠤ ᠵᠠᠶᠠᠭᠠᠨ ᠳᠤᠷ ᠮᠥᠩᠬᠡ ᠠᠮᠢᠨ ᠢ ᠬᠦᠷᠲᠡᠬᠦ ᠪᠣᠯᠤᠶᠤ᠃ ᠬᠡᠮᠡᠨ ᠵᠠᠷᠯᠢᠭ ᠪᠣᠯᠪᠠᠢ ᠅ 31᠂ ᠲᠡᠶᠢᠨ ᠪᠥᠭᠡᠳ ᠲᠡᠷᠡ ᠢᠨᠦ ᠠᠷᠪᠠᠨ ᠬᠣᠶᠠᠷ ᠱᠠᠪᠢ ᠶᠢ ᠠᠭᠯᠠᠭ ᠲᠤᠷ ᠠᠪᠤᠭᠠᠳ ᠲᠡᠳᠡᠨ ᠳᠦᠷ ᠵᠠᠷᠯᠢᠭ ᠪᠣᠯᠤᠷᠤᠨ᠃ ᠮᠡᠨᠡ᠂ ᠪᠢᠳᠡ ᠪᠡᠷ ᠶᠢᠷᠤᠰᠠᠯᠢᠮ ᠳᠤᠷ ᠣᠳᠤᠮᠤᠢ᠃ ᠲᠡᠶᠢᠨ ᠬᠦ ᠬᠦᠮᠦᠨ ᠲᠥᠷᠥᠯᠬᠢᠲᠦ ᠶᠢᠨ ᠤᠴᠢᠷ᠎ᠠ ᠹᠣᠷᠣᠹᠢᠳ ᠨᠠᠷ ᠤᠨ ᠬᠠᠮᠤᠭ ᠪᠢᠴᠢᠭᠰᠡᠨ ᠢᠨᠦ ᠪᠦᠲᠦᠬᠦ ᠪᠤᠢ᠃ 32᠂ ᠲᠡᠷᠡ ᠶᠠᠭᠤᠨ ᠬᠡᠮᠡᠪᠡᠰᠦ᠂ ᠲᠡᠷᠡ ᠢᠨᠦ ᠪᠠᠯᠠᠢ ᠨᠣᠮ ᠲᠠᠨ᠋ᠠ ᠥᠭᠳᠡᠭᠡᠳ᠂ ᠡᠯᠡᠭᠯᠡᠭᠳᠡᠨ᠂ ᠳᠣᠷᠣᠮᠵᠢᠯᠠᠭᠳᠠᠨ᠂ ᠨᠢᠯᠮᠤᠭᠳᠠᠬᠤ ᠪᠤᠢ᠃ 33᠂ ᠵᠢᠴᠢ ᠲᠡᠷᠡ ᠢᠨᠦ ᠵᠠᠨᠴᠢᠭᠳᠠᠨ ᠦᠬᠦᠭᠦᠯᠦᠭᠳᠡᠭᠡᠳ᠂ ᠭᠤᠷᠪᠠᠳᠤᠭᠠᠷ ᠡᠳᠦᠷ᠎ᠡ ᠠᠮᠢᠳᠤᠷᠠᠬᠤ ᠪᠣᠯᠤᠶᠤ᠃ 34᠂ ᠬᠡᠮᠡᠨ ᠵᠠᠷᠯᠢᠭᠯᠠᠭᠰᠠᠨ ᠳᠤᠷ ᠲᠡᠳᠡ ᠢᠨᠦ ᠡᠳᠡ ᠦᠭᠡᠰ ᠢ ᠲᠤᠩ ᠡᠰᠡ ᠤᠬᠠᠪᠠᠢ᠃ ᠡᠨᠡ ᠬᠦ ᠵᠠᠷᠯᠢᠭ ᠤᠨ ᠤᠳᠬ᠎ᠠ ᠶᠢᠨ ᠲᠡᠳᠡᠨ ᠳᠦᠷ ᠳᠠᠯᠳᠠ ᠪᠣᠯᠤᠭᠰᠠᠨ ᠤ ᠲᠤᠯᠠ ᠲᠡᠳᠡ ᠢᠨᠦ ᠥᠭᠦᠯᠡᠭᠰᠡᠨ ᠢ ᠡᠰᠡ ᠮᠡᠳᠡᠯᠦᠭᠡ ᠅ 35ᠲᠡᠨᠳᠡᠴᠡ ᠲᠡᠭᠦᠨ ᠦ ᠥᠭᠡᠳᠡ ᠪᠣᠯᠵᠤ ᠶᠢᠷᠢᠺᠣ ᠳᠤᠷ ᠰᠢᠳᠠᠷᠳᠠᠨ ᠠᠬᠤᠶ᠎ᠠ᠂ ᠨᠢᠭᠡᠨ ᠰᠣᠬᠣᠷ ᠬᠦᠮᠦᠨ ᠢᠨᠦ ᠵᠠᠮ ᠤᠨ ᠵᠠᠬ᠎ᠠ ᠳᠤᠷ ᠰᠠᠭᠤᠵᠤ ᠭᠤᠶᠢᠯᠢᠨᠴᠢᠯᠠᠨ ᠠᠪᠠᠢ᠃ 36᠂ ᠲᠡᠷᠡ ᠬᠦ (ᠬᠦᠮᠦᠨ) ᠢᠨᠦ ᠤᠯᠤᠰ ᠤᠨ ᠥᠩᠭᠡᠷᠡᠨ ᠣᠳᠬᠤᠢ ᠢ ᠰᠣᠨᠣᠰᠤᠭᠠᠳ᠂ ᠡᠨᠡ ᠶᠠᠭᠤᠨ ᠪᠤᠶᠤ᠃ ᠬᠡᠮᠡᠨ ᠠᠰᠠᠭᠤᠪᠠᠢ᠃ 37᠂ ᠲᠡᠳᠡ ᠢᠨᠦ ᠥᠭᠦᠯᠡᠷᠦᠨ᠃ ᠨᠠᠵᠠᠷᠢᠳ ᠤᠨ ᠢᠢᠰᠦᠰ ᠢᠨᠦ ᠥᠭᠡᠳᠡ ᠪᠣᠯᠤᠨ ᠠᠮᠤᠢ᠃ 38᠂ ᠬᠡᠮᠡᠭᠰᠡᠨ ᠳᠦᠷ ᠲᠡᠷᠡ ᠢᠨᠦ ᠡᠶᠢᠨ᠃ ᠳ᠋ᠠᠸᠢᠳ᠋ ᠤᠨ ᠢᠢᠰᠦᠰ ᠬᠥᠪᠡᠭᠦᠨ ᠡ᠂ ᠨᠠᠮᠠᠶᠢ ᠨᠢᠭᠦᠯᠡᠰᠦᠨ ᠰᠣᠶᠤᠷᠬ᠎ᠠ᠃ 39᠂ ᠬᠡᠮᠡᠨ ᠳᠠᠭᠤᠳᠠᠭᠰᠠᠨ ᠳᠤᠷ ᠤᠷᠢᠳᠠ ᠶᠠᠪᠤᠭᠰᠠᠳ ᠠᠨᠤ ᠲᠡᠭᠦᠨ ᠢ ᠳᠠᠭᠤᠨ ᠪᠦᠦ ᠭᠠᠷᠲᠤᠭᠠᠢ᠂ ᠬᠡᠮᠡᠨ ᠬᠣᠷᠢᠭᠰᠠᠨ ᠪᠣᠯᠪᠠᠴᠤ᠂ ᠲᠡᠷᠡ ᠢᠨᠦ ᠦᠯᠡᠮᠵᠢ ᠳᠠᠭᠤᠳᠠᠨ ᠡᠶᠢᠨ᠃ ᠳ᠋ᠠᠸᠢᠳ᠋ ᠤᠨ ᠬᠥᠪᠡᠭᠦᠨ ᠡ᠂ ᠨᠠᠮᠠᠶᠢ ᠨᠢᠭᠦᠯᠡᠰᠦᠨ ᠰᠣᠶᠤᠷᠬ᠎ᠠ᠃ 40᠂ ᠬᠡᠮᠡᠨ ᠳᠠᠭᠤᠳᠠᠭᠰᠠᠨ ᠳᠤᠷ ᠢᠢᠰᠦᠰ ᠢᠨᠦ ᠵᠣᠭᠰᠤᠭᠠᠳ᠂ ᠲᠡᠷᠡ (ᠬᠦᠮᠦᠨ ᠢ) ᠡᠨᠳᠡ ᠠᠴᠠᠷᠠᠭᠲᠤᠨ ᠬᠡᠮᠡᠨ ᠵᠠᠷᠯᠢᠭ ᠪᠣᠯᠪᠠᠢ᠃ ᠲᠡᠶᠢᠨ ᠬᠦ ᠲᠡᠭᠦᠨ ᠦ (ᠢᠢᠰᠦᠰ) ᠦᠨ ᠳᠡᠷᠭᠡᠳᠡ ᠠᠴᠠᠷᠠᠭᠳᠠᠭᠰᠠᠨ ᠳᠤᠷ ᠲᠡᠷᠡ ᠢᠨᠦ ᠲᠡᠭᠦᠨ ᠡᠴᠡ ᠡᠶᠢᠨ ᠠᠰᠠᠭᠤᠷᠤᠨ᠃ 41᠂ ᠴᠢ ᠪᠡᠷ ᠮᠢᠨᠦ ᠴᠢᠮᠠᠳᠤᠷ ᠶᠠᠭᠤᠨ ᠦᠢᠯᠡᠳᠬᠦᠢ ᠶᠢ ᠬᠦᠰᠡᠮᠦᠶᠦ᠃ ᠬᠡᠮᠡᠨ ᠵᠠᠷᠯᠢᠭ ᠪᠣᠯᠤᠭᠰᠠᠨ ᠳᠤᠷ ᠲᠡᠷᠡ ᠢᠨᠦ ᠡᠵᠡᠨ ᠡ᠂ ᠪᠢ ᠪᠡᠷ ᠨᠢᠳᠦᠨ ᠢᠶᠡᠷ ᠢᠶᠡᠨ ᠦᠵᠡᠰᠦᠭᠡᠢ᠂ ᠬᠡᠮᠡᠪᠡᠢ᠃ 42᠂ ᠢᠢᠰᠦᠰ ᠢᠨᠦ ᠲᠡᠭᠦᠨ ᠳᠦᠷ ᠵᠠᠷᠯᠢᠭ ᠪᠣᠯᠤᠷᠤᠨ᠃ ᠨᠢᠳᠦᠨ ᠢᠶᠡᠷ ᠢᠶᠡᠨ ᠦᠵᠡᠲᠦᠭᠡᠢ᠃ ᠴᠢᠨᠦ ᠢᠲᠡᠭᠡᠯ ᠢᠨᠦ ᠴᠢᠮᠠᠶᠢ ᠲᠣᠨᠢᠯᠭᠠᠪᠠᠢ᠃ 43᠂ ᠬᠡᠮᠡᠨ ᠵᠠᠷᠯᠢᠭ ᠪᠣᠯᠤᠭᠰᠠᠨ ᠳᠤᠷ ᠲᠡᠷᠡ ᠢᠨᠦ ᠭᠡᠨᠡᠳᠲᠡ ᠨᠢᠳᠦᠨ ᠢᠶᠡᠷ ᠢᠶᠡᠨ ᠦᠵᠡᠨ᠂ ᠲᠡᠭᠦᠨ ᠢ ᠳᠠᠭᠠᠨ ᠪᠤᠷᠬᠠᠨ ᠢ ᠮᠠᠭᠲᠠᠪᠠᠢ᠃ ᠵᠢᠴᠢ ᠪᠦᠬᠦ ᠤᠯᠤᠰ ᠠᠨᠤ ᠡᠭᠦᠨ ᠢ ᠦᠵᠡᠭᠡᠳ ᠪᠤᠷᠬᠠᠨ ᠳᠤᠷ ᠮᠠᠭᠲᠠᠭᠠᠯ ᠢ ᠡᠷᠭᠦᠪᠡᠢ ᠅