ᠮᠠᠳᠲ᠋ᠢᠢ 2

2
ᠬᠣᠶᠠᠳᠤᠭᠠᠷ ᠪᠦᠯᠦᠭ ᠅
1᠂ ᠲᠡᠶᠢᠨ ᠬᠦ ᠾᠢᠷᠣᠳ᠋ ᠬᠠᠭᠠᠨ ᠤ ᠴᠠᠭ ᠲᠤᠷ ᠢᠢᠰᠦᠰ ᠦᠨ ᠶᠦᠳᠢᠶ᠎ᠡ ᠶᠢᠨ ᠪᠢᠳᠯᠢᠾᠢᠮ ᠳᠤᠷ ᠲᠥᠷᠥᠭᠳᠡᠭᠰᠡᠨ ᠳᠤᠷ᠃ ᠮᠠᠨᠠ᠂ ᠵᠠᠷᠢᠮ ᠮᠡᠷᠭᠡᠳ ᠢᠨᠦ ᠵᠡᠭᠦᠨ ᠵᠦᠭ ᠡᠴᠡ ᠶᠢᠷᠤᠰᠠᠯᠢᠮ ᠳᠤᠷ ᠢᠷᠡᠭᠡᠳ ᠡᠶᠢᠨ ᠥᠭᠦᠯᠡᠷᠦᠨ᠃ 2᠂ ᠶᠦᠳᠡ᠋ ᠲᠡᠨ ᠳᠦᠷ ᠲᠥᠷᠥᠭᠳᠡᠭᠰᠡᠨ ᠬᠠᠭᠠᠨ ᠠᠨᠤ ᠬᠠᠮᠢᠭ᠎ᠠ ᠪᠤᠶᠤ᠃ ᠪᠢᠳᠡ ᠪᠡᠷ ᠵᠡᠭᠦᠨ ᠵᠦᠭ ᠲᠦᠷ ᠪᠠᠶᠢᠲᠠᠯ᠎ᠠ ᠲᠡᠭᠦᠨ ᠦ ᠣᠳᠤᠨ ᠢ ᠦᠵᠡᠭᠡᠳ᠂ ᠲᠡᠭᠦᠨ ᠳᠦᠷ ᠮᠥᠷᠭᠦᠷ᠎ᠡ ᠢᠷᠡᠪᠡᠢ᠃ 3᠂ ᠬᠡᠮᠡᠭᠰᠡᠨ ᠢ ᠾᠢᠷᠣᠳ᠋ ᠬᠠᠭᠠᠨ ᠠᠨᠤ ᠰᠣᠨᠣᠰᠤᠭᠠᠳ ᠲᠡᠷᠡ ᠬᠢᠭᠡᠳ ᠲᠡᠭᠦᠨ ᠯᠦᠭᠡ ᠬᠠᠮᠤᠭ ᠶᠢᠷᠤᠰᠠᠯᠢᠮ ᠲᠠᠨ ᠠᠨᠤ ᠮᠠᠰᠢᠳᠠ ᠠᠶᠤᠪᠠᠢ ᠅ 4᠂ ᠲᠡᠶᠢᠨ ᠪᠥᠭᠡᠳ ᠲᠡᠷᠡ ᠢᠨᠦ ᠤᠯᠤᠰ ᠤᠨ ᠬᠠᠮᠤᠭ ᠲᠡᠷᠢᠭᠦᠯᠡᠭᠴᠢ ᠯᠠᠮ᠎ᠠ ᠨᠠᠷ ᠬᠢᠭᠡᠳ ᠨᠣᠮ ᠵᠢᠭᠠᠭᠴᠢ ᠨᠠᠷ ᠢ ᠴᠢᠭᠤᠯᠭᠠᠭᠠᠳ᠂ ᠲᠡᠳᠡᠨ ᠡᠴᠡ ᠬᠡᠷᠢᠰᠲ᠋ᠣᠰ ᠤᠨ ᠬᠠᠮᠢᠭ᠎ᠠ ᠲᠥᠷᠥᠭᠳᠡᠪᠡᠢ ᠶᠢ ᠠᠰᠠᠭᠤᠪᠠᠢ᠃ 5᠂ ᠲᠡᠳᠡ ᠢᠨᠦ ᠥᠭᠦᠯᠡᠷᠦᠨ᠃ ᠶᠦᠳᠢᠶ᠎ᠠ ᠶᠢᠨ ᠪᠢᠳᠯᠢᠾᠢᠮ ᠳᠤᠷ᠃ ᠲᠡᠷᠡ ᠶᠠᠭᠤᠨ ᠤ ᠲᠤᠯᠠ ᠬᠡᠮᠡᠪᠡᠰᠦ᠂ ᠹᠣᠷᠣᠹᠢᠳ ᠤᠨ ᠪᠢᠴᠢᠭᠰᠡᠨ᠂ ᠢᠨᠦ ᠡᠶᠢᠨ᠃ 6᠂ ᠶᠦᠳᠡ᠋ ᠶᠢᠨ ᠭᠠᠵᠠᠷᠤᠨ ᠪᠢᠳᠯᠢᠾᠢᠮ ᠠ᠋᠂ ᠴᠢ ᠪᠡᠷ ᠶᠦᠳᠡ᠋ ᠶᠢᠨ ᠪᠠᠯᠭᠠᠳ ᠤᠨ ᠳᠣᠲᠣᠷ᠎ᠠ ᠮᠠᠰᠢ ᠪᠠᠭ᠎ᠠ ᠪᠤᠰᠤ᠃ ᠲᠡᠷᠡ ᠶᠠᠭᠤᠨ ᠤ ᠲᠤᠯᠠ ᠬᠡᠮᠡᠪᠡᠰᠦ᠂ ᠴᠢᠮᠠᠴᠠ ᠮᠢᠨᠤ ᠤᠯᠤᠰ ᠢ ᠰᠠᠬᠢᠬᠤᠢ ᠲᠡᠷᠢᠭᠦᠯᠡᠭᠴᠢ ᠢᠨᠦ ᠭᠠᠷᠬᠤ ᠪᠤᠢ᠃ ᠬᠡᠮᠡᠯᠦᠭᠡ ᠅ 7᠂ ᠲᠡᠨᠳᠡ ᠾᠢᠷᠣᠳ᠋ ᠠᠨᠤ ᠲᠡᠳᠡ ᠮᠡᠷᠭᠡᠳ ᠢ ᠨᠢᠭᠤᠴᠠ ᠪᠠᠷ ᠳᠠᠭᠤᠳᠠᠨ᠂ ᠣᠳᠤᠨ ᠤ ᠦᠵᠡᠭᠳᠡᠭᠰᠡᠨ ᠴᠠᠭ ᠢ ᠲᠡᠳᠡᠨ ᠡᠴᠡ ᠰᠠᠶᠢᠲᠤᠷ ᠰᠤᠷᠤᠭᠠᠳ᠃ 8᠂ ᠲᠡᠳᠡᠨ ᠢ ᠪᠢᠳᠯᠢᠾᠢᠮ ᠳᠤᠷ ᠢᠯᠡᠭᠡᠨ ᠡᠶᠢᠨ ᠥᠭᠦᠯᠡᠷᠦᠨ᠃ ᠪᠢᠳᠯᠢᠾᠢᠮ ᠳᠤᠷ ᠣᠳᠤᠭᠠᠳ᠂ ᠲᠡᠷᠡ ᠬᠡᠦᠬᠡᠨ ᠦ ᠤᠴᠢᠷ᠎ᠠ ᠰᠠᠶᠢᠲᠤᠷ ᠰᠤᠷᠤᠭᠠᠳ᠂ ᠣᠯᠤᠭᠰᠠᠨ ᠴᠠᠭ ᠲᠤᠷ ᠢᠶᠠᠨ ᠨᠠᠳᠤᠷ ᠮᠡᠳᠡᠭᠦᠯᠦᠭᠲᠦᠨ᠃ ᠲᠡᠶᠢᠨ ᠬᠦ ᠪᠢ ᠴᠤ ᠣᠳᠤᠭᠠᠳ ᠲᠡᠭᠦᠨ ᠳᠦᠷ ᠮᠥᠷᠭᠦᠬᠦ ᠪᠤᠢ᠃ 9᠂ ᠬᠡᠮᠡᠨ ᠬᠠᠭᠠᠨ ᠤ ᠥᠭᠦᠯᠡᠭᠰᠡᠨ ᠢ ᠲᠡᠳᠡ ᠢᠨᠦ ᠰᠣᠨᠣᠰᠤᠭᠠᠳ ᠰᠠᠴᠠ ᠣᠳᠪᠠᠢ᠃ ᠲᠡᠶᠢᠨ ᠬᠦ ᠮᠠᠨᠠ᠂ ᠲᠡᠳᠡᠨ ᠦ ᠵᠡᠭᠦᠨ ᠵᠦᠭ᠌‍‌᠎ᠡ ᠦᠵᠡᠭᠰᠡᠨ ᠣᠳᠣᠨ ᠠᠨᠤ ᠲᠡᠳᠡᠨ ᠦ ᠡᠮᠦᠨᠡ ᠵᠣᠷᠴᠢᠵᠤ᠂ ᠲᠡᠷᠡ ᠬᠡᠦᠬᠡᠨ ᠦ ᠪᠠᠶᠢᠭᠰᠠᠨ ᠭᠠᠵᠠᠷ᠎ᠠ ᠬᠦᠷᠦᠭᠡᠳ ᠲᠡᠭᠦᠨ ᠦ ᠳᠡᠭᠡᠷ᠎ᠡ ᠵᠣᠭᠰᠤᠪᠠᠢ ᠅ 10᠂ ᠲᠡᠳᠡ ᠢᠨᠦ ᠣᠳᠤᠨ ᠢ ᠦᠵᠡᠭᠡᠳ᠂ ᠮᠠᠰᠢ ᠶᠡᠬᠡᠳ ᠪᠠᠶᠠᠰᠪᠠᠢ᠃ 11᠂ ᠲᠡᠶᠢᠨ ᠪᠥᠭᠡᠳ ᠲᠡᠳᠡ ᠢᠨᠦ ᠭᠡᠷ ᠲᠦᠷ ᠣᠷᠣᠵᠤ᠂ ᠲᠡᠷᠡ ᠬᠡᠦᠬᠡᠨ ᠢ ᠲᠡᠭᠦᠨ ᠦ ᠮᠠᠷᠢᠶ᠎ᠠ ᠡᠬᠡ ᠯᠦᠭᠡ ᠣᠯᠤᠭᠠᠳ᠃ ᠬᠥᠰᠡᠷ᠎ᠡ ᠤᠨᠠᠵᠤ᠂ ᠲᠡᠭᠦᠨ ᠳᠦᠷ ᠮᠥᠷᠭᠦᠨ᠂ ᠰᠠᠩ [ᠱᠠᠩ] ᠤᠳ ᠢᠶᠠᠨ ᠨᠡᠭᠡᠵᠤ᠂ ᠠᠯᠲᠠᠨ ᠬᠢᠭᠡᠳ ᠪᠤᠶᠢᠭᠤᠷ ᠪᠠ ᠰᠮᠢᠷᠨᠠ ᠨᠤᠭᠤᠳ ᠢ ᠲᠡᠭᠦᠨ ᠳᠦᠷ ᠡᠷᠭᠦᠪᠡᠢ ᠅ 12᠂ ᠲᠡᠶᠢᠨ ᠬᠦ ᠲᠡᠳᠡ ᠢᠨᠦ ᠾᠢᠷᠣᠳ᠋ ᠳᠤᠷ ᠪᠦᠦ ᠪᠤᠴᠠᠭᠲᠤᠨ᠂ ᠬᠡᠮᠡᠨ ᠵᠡᠭᠦᠳᠦᠨ ᠢᠶᠡᠷ ᠰᠤᠷᠭᠠᠭᠳᠠᠭᠠᠳ᠂ ᠪᠤᠰᠤ ᠵᠠᠮ ᠢᠶᠠᠷ ᠭᠠᠵᠠᠷ ᠲᠠᠭᠠᠨ ᠬᠠᠷᠢᠪᠠᠢ ᠅ 13᠂ ᠲᠡᠳᠡᠨ ᠦ ᠣᠳᠤᠭᠰᠠᠨ ᠤ ᠬᠣᠶᠢᠨᠠ᠂ ᠮᠠᠨᠠ᠂ ᠡᠵᠡᠨ ᠦ ᠠᠩᠭᠢᠯ ᠠᠨᠤ ᠶᠣᠰᠢᠪ ᠲᠤᠷ ᠵᠡᠭᠦᠳᠦᠨ ᠢᠶᠡᠷ ᠦᠵᠡᠭᠳᠡᠨ ᠡᠶᠢᠨ ᠥᠭᠦᠯᠡᠷᠦᠨ᠃ ᠪᠣᠰᠤᠭᠠᠳ᠂ ᠬᠡᠦᠬᠡᠨ ᠬᠢᠭᠡᠳ ᠲᠡᠭᠦᠨ ᠦ ᠡᠬᠡ ᠶᠢ ᠠᠪᠤᠨ᠂ ᠢᠺᠢᠹᠡᠳ ᠭᠠᠵᠠᠷ᠎ᠠ ᠵᠠᠶᠢᠯᠠᠭᠠᠳ᠂ ᠮᠢᠨᠦ ᠴᠢᠮᠠᠳᠤᠷ ᠥᠭᠦᠯᠡᠲᠡᠯ᠎ᠡ ᠲᠡᠨᠳᠡ ᠪᠠᠢ᠃ ᠲᠡᠷᠡ ᠶᠠᠭᠤᠨ ᠤ ᠲᠤᠯᠠ ᠬᠡᠮᠡᠪᠡᠰᠦ᠂ ᠾᠢᠷᠣᠳ᠋ ᠠᠨᠤ ᠲᠡᠷᠡ ᠬᠡᠦᠬᠡᠨ ᠢ ᠠᠯᠠᠬᠤᠢ ᠪᠡᠳᠡᠷᠢᠬᠦ ᠪᠤᠢ᠃ 14᠂ ᠬᠡᠮᠡᠭᠰᠡᠨ ᠳᠦᠷ ᠲᠡᠷᠡ ᠢᠨᠦ ᠪᠣᠰᠤᠭᠠᠳ᠂ ᠬᠡᠦᠬᠡᠨ ᠬᠢᠭᠡᠳ ᠲᠡᠭᠦᠨ ᠦ ᠡᠬᠡ ᠶᠢ ᠠᠪᠤᠨ᠂ ᠢᠺᠢᠹᠡᠳ ᠭᠠᠵᠠᠷ ᠲᠤᠷ ᠰᠥᠨᠢ ᠪᠡᠷ ᠣᠳᠤᠭᠠᠳ᠃ 15᠂ ᠾᠢᠷᠣᠳ᠋ ᠤᠨ ᠨᠥᠭᠴᠢᠲᠡᠯ᠎ᠡ ᠲᠡᠨᠳᠡ ᠪᠠᠶᠢᠪᠠᠢ᠃ ᠡᠨᠡ ᠬᠡᠮᠡᠪᠡᠰᠦ᠂ ᠪᠢ ᠪᠡᠷ ᠢᠺᠢᠹᠡᠳ ᠡᠴᠡ ᠬᠥᠪᠡᠭᠦᠨ ᠢᠶᠡᠨ ᠳᠠᠭᠤᠳᠠᠪᠠᠢ᠃ ᠬᠡᠮᠡᠨ ᠡᠵᠡᠨ ᠦ ᠹᠣᠷᠣᠹᠢᠳ ᠢᠶᠠᠷ ᠵᠠᠷᠯᠢᠭ ᠪᠣᠯᠤᠭᠰᠠᠨ ᠤ ᠪᠦᠲᠦᠬᠦ ᠶᠢᠨ ᠲᠤᠯᠠ ᠪᠣᠯᠤᠯᠤᠭ᠎ᠠ ᠅ 16᠂ ᠲᠡᠨᠳᠡ ᠾᠢᠷᠣᠳ᠋ ᠠᠨᠤ ᠮᠡᠷᠭᠡᠳ ᠲᠦᠷ ᠮᠡᠬᠡᠯᠡᠭᠳᠡᠭᠰᠡᠨ ᠢᠶᠡᠨ ᠦᠵᠡᠭᠡᠳ᠂ ᠶᠡᠬᠡᠳᠡ ᠬᠢᠯᠢᠩᠯᠡᠵᠦ᠂ ᠲᠡᠨᠳᠡᠴᠡ ᠢᠯᠡᠭᠡᠭᠡᠳ᠂ ᠮᠡᠷᠭᠡᠳ ᠡᠴᠡ ᠰᠠᠶᠢᠲᠤᠷ ᠰᠤᠷᠤᠭᠰᠠᠨ ᠴᠠᠭ ᠠᠴᠠ ᠠᠪᠤᠨ ᠪᠢᠳᠯᠢᠾᠢᠮ ᠳᠤᠷ ᠬᠢᠭᠡᠳ ᠬᠠᠮᠤᠭ ᠲᠣᠭᠤᠷᠢᠭᠴᠢ ᠭᠠᠵᠠᠳ ᠲᠤᠷ ᠬᠣᠶᠠᠷ ᠨᠠᠰᠤᠨ ᠠᠴᠠ ᠳᠣᠣᠷ᠎ᠠ ᠠᠭᠴᠢ ᠡᠷ᠎ᠡ ᠬᠡᠦᠬᠡᠳ ᠢ ᠠᠯᠠᠭᠤᠯᠪᠠᠢ ᠅ 17᠂ ᠲᠡᠷᠡ ᠴᠠᠭ ᠲᠤᠷ ᠶᠢᠷᠢᠮᠢᠶ᠎ᠡ ᠹᠣᠷᠣᠹᠢᠳ ᠤᠨ ᠥᠭᠦᠯᠡᠭᠰᠡᠨ ᠢᠨᠦ ᠪᠦᠲᠦᠪᠡᠢ᠃ ᠲᠡᠷᠡ ᠬᠡᠮᠡᠪᠡᠰᠦ ᠡᠶᠢᠨ᠃ 18᠂ ᠷᠠ᠋ ᠮᠠ᠋ ᠶᠢᠨ ᠳᠣᠲᠣᠷ᠎ᠠ ᠨᠢᠭᠡ ᠳᠠᠭᠤ ᠬᠡᠮᠡᠪᠡᠰᠦ᠂ ᠴᠤᠷᠬᠢᠷᠠᠬᠤᠢ ᠬᠢᠭᠡᠳ ᠤᠶᠢᠯᠠᠬᠤᠢ ᠪᠠ ᠶᠡᠬᠡ ᠬᠠᠶᠢᠯᠠᠯᠳᠤᠬᠤᠢ ᠠᠨᠤ ᠰᠣᠨᠣᠰᠳᠠᠪᠠᠢ᠃ ᠷᠠᠺᠢᠯ ᠠᠨᠤ ᠥᠪᠡᠷᠦᠨ ᠬᠡᠦᠬᠡᠳ ᠦᠨ ᠤᠴᠢᠷ᠎ᠠ ᠦᠢᠯᠡᠨ᠂ ᠲᠡᠳᠡᠨ ᠦ ᠦᠭᠡᠢ ᠪᠣᠯᠤᠭᠰᠠᠨ ᠤ ᠲᠤᠯᠠ ᠠᠮᠤᠭᠤᠯᠤᠭᠳᠠᠬᠤᠶ᠎ᠠ ᠡᠰᠡ ᠳᠤᠷᠠᠰᠢᠮᠤᠢ᠃ ᠬᠡᠮᠡᠯᠦᠭᠡ ᠅ 19᠂ ᠵᠦᠭᠡᠷ ᠾᠢᠷᠣᠳ᠋ ᠤᠨ ᠨᠥᠭᠴᠢᠭᠰᠡᠨ ᠦ ᠬᠣᠶᠢᠨᠠ᠂ ᠮᠠᠨᠠ᠂ ᠡᠵᠡᠨ ᠦ ᠠᠩᠭᠢᠯ ᠠᠨᠤ ᠶᠣᠰᠢᠪ ᠲᠤᠷ ᠢᠺᠢᠹᠡᠳ ᠦᠨ ᠳᠣᠲᠣᠷ᠎ᠠ ᠵᠡᠭᠦᠳᠦᠨ ᠢᠶᠡᠷ ᠦᠵᠡᠭᠳᠡᠨ ᠡᠶᠢᠨ ᠥᠭᠦᠯᠡᠷ ᠦᠨ᠃ 20᠂ ᠪᠣᠰᠤᠭᠠᠳ᠂ ᠬᠡᠦᠬᠡᠨ ᠬᠢᠭᠡᠳ ᠲᠡᠭᠦᠨ ᠦ ᠡᠬᠡ ᠶᠢ ᠠᠪᠤᠭᠠᠳ᠂ ᠢᠰᠷᠠᠶᠢᠯ ᠤᠨ ᠭᠠᠵᠠᠷ ᠲᠤᠷ ᠤᠳ᠃ ᠲᠡᠷᠡ ᠶᠠᠭᠤᠨ ᠤ ᠲᠤᠯᠠ ᠬᠡᠮᠡᠪᠡᠰᠦ᠂ ᠬᠡᠦᠬᠡᠨ ᠦ ᠠᠮᠢᠨ ᠢ ᠪᠡᠳᠡᠷᠢᠭᠰᠡᠳ ᠢᠨᠦ ᠨᠥᠭᠴᠢᠪᠡᠢ᠃ 21᠂ ᠬᠡᠮᠡᠭᠰᠡᠨ ᠳᠦᠷ ᠲᠡᠷᠡ ᠢᠨᠦ ᠪᠣᠰᠤᠭᠠᠳ᠂ ᠬᠡᠦᠬᠡᠨ ᠬᠢᠭᠡᠳ ᠲᠡᠭᠦᠨ ᠦ ᠡᠬᠡ ᠶᠢ ᠠᠪᠤᠭᠠᠳ᠂ ᠢᠰᠷᠠᠶᠢᠯ ᠤᠨ ᠭᠠᠵᠠᠷ ᠲᠤᠷ ᠣᠳᠪᠠᠢ ᠅ 22᠂ ᠲᠡᠶᠢᠨ ᠪᠣᠯᠪᠠᠴᠤ ᠲᠡᠷᠡ ᠢᠨᠦ ᠠᠷᠬᠢᠯᠠᠤᠰ ᠤᠨ ᠡᠴᠢᠭᠡ ᠶᠦᠭᠡᠨ ᠣᠷᠣᠨᠳᠠ ᠶᠦᠳᠢᠶ᠎ᠡ ᠳᠦᠷ ᠬᠠᠭᠠᠨ ᠪᠣᠯᠤᠭᠰᠠᠨ ᠢ ᠰᠣᠨᠣᠰᠤᠭᠠᠳ᠂ ᠲᠡᠨᠳᠡ ᠣᠳᠬᠤᠢ ᠠᠴᠠ ᠠᠶᠤᠪᠠᠢ᠃ ᠬᠠᠷᠢᠨ ᠵᠡᠭᠦᠳᠦᠨ ᠢᠶᠡᠷ ᠰᠤᠷᠭᠠᠭᠳᠠᠭᠠᠳ᠂ ᠲᠡᠷᠡ ᠢᠨᠦ ᠺᠠᠯᠢᠯᠢᠶ᠎ᠠ ᠶᠢᠨ ᠵᠦᠭ ᠲᠦᠷ ᠣᠳᠤᠭᠠᠳ᠂ ᠨᠠᠵᠠᠷᠢᠳ ᠬᠡᠮᠡᠭᠴᠢ ᠪᠠᠯᠭᠠᠰᠤᠨ ᠳᠤᠷ ᠨᠤᠲᠤᠭᠯᠠᠪᠠᠢ ᠅ 23᠂ ᠡᠨᠡ ᠮᠡᠲᠦ ᠪᠡᠷ᠂ ᠲᠡᠷᠡ ᠢᠨᠦ ᠨᠠᠵᠠᠷᠢᠳ ᠤᠨ ᠠᠶᠢᠮᠠᠭ ᠲᠤ ᠬᠡᠮᠡᠨ ᠨᠡᠷᠡᠶᠢᠳᠦᠭᠳᠡᠬᠦ ᠪᠤᠢ᠂ ᠬᠡᠮᠡᠨ ᠹᠣᠷᠣᠹᠢᠳ ᠤᠨ ᠥᠭᠦᠯᠡᠭᠰᠡᠨ ᠢᠨᠦ ᠪᠦᠲᠦᠪᠡᠢ ᠅

Podkreślenie

Udostępnij

Kopiuj

None

Chcesz, aby twoje zakreślenia były zapisywane na wszystkich twoich urządzeniach? Zarejestruj się lub zaloguj