ᠮᠠᠳᠲ᠋ᠢᠢ 14

14
ᠠᠷᠪᠠᠨ ᠳᠥᠷᠪᠡᠳᠦᠭᠡᠷ ᠪᠦᠯᠦᠭ ᠅
1᠂ ᠲᠡᠷᠡ ᠴᠠᠭ ᠲᠤᠷ ᠾᠢᠷᠣᠳ᠋ ᠠᠬᠠᠯᠠᠭᠴᠢ ᠠᠨᠤ ᠢᠢᠰᠦᠰ ᠤᠨ ᠠᠯᠳᠠᠷᠰᠢᠯ ᠢ ᠰᠣᠨᠣᠰᠤᠭᠠᠳ᠃ 2᠂ ᠪᠣᠭᠣᠯ ᠤᠳ ᠲᠤᠷ ᠢᠶᠠᠨ ᠥᠭᠦᠯᠡᠷᠦᠨ᠃ ᠡᠨᠡ ᠬᠡᠮᠡᠪᠡᠰᠦ ᠪᠠᠹᠲ᠋ᠢᠰᠯᠠᠭᠴᠢ ᠢᠣᠸᠠᠨ ᠠᠮᠤᠢ᠃ ᠲᠡᠷᠡ ᠢᠨᠦ ᠦᠬᠦᠭᠰᠡᠳ ᠡᠴᠡ ᠠᠮᠢᠳᠤᠷᠠᠪᠠᠢ᠃ ᠲᠡᠶᠢᠮᠦ ᠶᠢᠨ ᠲᠯᠤᠠ ᠭᠠᠶᠢᠬᠠᠮᠰᠢᠭ ᠲᠤ ᠦᠢᠯᠡᠰ ᠢᠨᠦ ᠲᠡᠭᠦᠨ ᠢᠶᠡᠷ ᠪᠦᠲᠦᠭᠡᠭᠳᠡᠮᠦᠢ᠃ ᠬᠡᠮᠡᠯᠦᠭᠡ 3᠂ ᠲᠡᠷᠡ ᠶᠠᠭᠤᠨ ᠤ ᠲᠤᠯᠠ ᠬᠡᠮᠡᠪᠡᠰᠦ᠂ ᠾᠢᠷᠣᠳ᠋ ᠠᠨᠤ ᠥᠪᠡᠷ ᠦᠨ ᠹᠢᠯᠢᠪ ᠳᠡᠭᠦᠦ ᠶᠢᠨ ᠾᠢᠷᠣᠳᠢᠶᠠᠰ ᠬᠠᠲᠤᠨ ᠤ ᠤᠴᠢᠷ᠎ᠠ ᠢᠣᠸᠠᠨ ᠢ ᠪᠠᠷᠢᠭᠤᠯᠵᠤ ᠬᠦᠯᠢᠭᠦᠯᠦᠭᠡᠳ᠂ ᠭᠢᠨᠳᠠᠨ ᠳᠤᠷ ᠬᠠᠭᠠᠯᠭᠠᠭᠰᠠᠨ ᠪᠥᠯᠦᠭᠡ᠃ 4᠂ ᠲᠡᠷᠡ ᠶᠠᠭᠤᠨ ᠤ ᠲᠤᠯᠠ ᠬᠡᠮᠡᠪᠡᠰᠦ᠂ ᠲᠡᠭᠦᠨ ᠢ ᠠᠪᠬᠤᠢ ᠠᠨᠤ ᠴᠢᠮᠠᠳᠤᠷ ᠶᠣᠰᠤ ᠦᠭᠡᠢ᠂ ᠬᠡᠮᠡᠨ ᠢᠣᠸᠠᠨ ᠠᠨᠤ ᠲᠡᠭᠦᠨ ᠳᠦᠷ ᠥᠭᠦᠯᠡᠪᠡᠢ ᠅ 5᠂ ᠲᠡᠶᠢᠨ ᠬᠦ ᠾᠢᠷᠣᠳ᠋ ᠠᠨᠤ ᠲᠡᠭᠦᠨ ᠢ ᠠᠯᠠᠬᠤᠶ᠎ᠠ ᠳᠤᠷᠠᠰᠢᠭᠰᠠᠨ ᠪᠣᠯᠪᠠᠴᠤ᠃ ᠤᠯᠤᠰ ᠠᠴᠠ ᠠᠶᠤᠪᠠᠢ᠃ ᠲᠡᠷᠡ ᠶᠠᠭᠤᠨ ᠤ ᠲᠤᠯᠠ ᠬᠡᠮᠡᠪᠡᠰᠦ᠂ ᠲᠡᠳᠡ ᠢᠨᠦ ᠢᠣᠸᠠᠨ ᠢ ᠹᠣᠷᠣᠹᠢᠳ ᠪᠣᠯᠭᠠᠨ ᠲᠤᠭᠠᠪᠠᠢ᠃ 6᠂ ᠬᠠᠷᠢᠨ ᠾᠢᠷᠣᠳ᠋ ᠤᠨ ᠲᠥᠷᠥᠭᠳᠡᠭᠰᠡᠨ ᠡᠳᠦᠷ ᠪᠣᠯᠤᠭᠰᠠᠨ ᠳᠤᠷ᠂ ᠾᠢᠷᠣᠳᠢᠶᠠᠰ ᠤᠨ ᠥᠬᠢᠨ ᠢᠨᠦ ᠲᠡᠳᠡᠨ ᠦ ᠡᠮᠦᠨᠡ ᠪᠦᠵᠢᠭᠡᠳ᠂ ᠾᠢᠷᠣᠳ᠋ ᠲᠤᠷ ᠲᠠᠭᠠᠯᠠᠮᠵᠢ ᠲᠤ ᠪᠣᠯᠪᠠᠢ᠃ 7᠂ ᠲᠡᠶᠢᠮᠦ ᠶᠢᠨ ᠲᠤᠯᠠ ᠲᠡᠷᠡ ᠢᠨᠦ ᠲᠠᠩᠭᠠᠷᠢᠭ ᠢᠶᠠᠷ ᠡᠶᠢᠨ᠃ ᠴᠢ ᠪᠡᠷ ᠶᠠᠭᠤᠨ ᠢ ᠴᠤ ᠡᠷᠢᠪᠡᠴᠦ ᠪᠢ ᠪᠡᠷ ᠴᠢᠮᠠᠳᠤᠷ ᠥᠭᠰᠦ᠃ 8᠂ ᠬᠡᠮᠡᠨ ᠲᠠᠩᠭᠠᠷᠢᠭᠯᠠᠭᠰᠠᠨ ᠳᠤᠷ ᠲᠡᠷᠡ ᠢᠨᠦ ᠡᠬᠡ ᠡᠴᠡᠭᠡᠨ ᠤᠷᠢᠳᠠ ᠰᠤᠷᠤᠭᠠᠳ ᠥᠭᠦᠯᠡᠷᠦᠨ᠃ ᠡᠨᠳᠡ ᠨᠢᠭᠡ ᠲᠠᠪᠠᠭ ᠤᠨ ᠳᠡᠭᠡᠷ᠎ᠡ ᠪᠠᠹᠲ᠋ᠢᠰᠯᠠᠭᠴᠢ ᠢᠣᠸᠠᠨ ᠤ ᠲᠣᠯᠤᠭᠠᠢ ᠶᠢ ᠨᠠᠳᠤᠷ ᠥᠭᠲᠦᠭᠡᠢ᠃ 9᠂ ᠬᠡᠮᠡᠭᠰᠡᠨ ᠳᠦᠷ ᠬᠠᠭᠠᠨ ᠠᠨᠤ ᠭᠣᠮᠤᠳᠠᠪᠠᠴᠤ᠂ ᠲᠠᠩᠭᠠᠷᠢᠭ ᠬᠢᠭᠡᠳ ᠵᠣᠴᠢᠳ ᠤᠨ ᠰᠢᠯᠲᠠᠭᠠᠪᠠᠷ ᠥᠭᠳᠡᠬᠦᠢ ᠶᠢ ᠵᠠᠬᠢᠭᠠᠳ᠃ 10᠂ ᠭᠢᠨᠳᠠᠨ ᠳᠤᠷ ᠢᠯᠡᠭᠡᠭᠡᠳ ᠢᠣᠸᠠᠨ ᠤ ᠲᠣᠯᠤᠭᠠᠢ ᠶᠢ ᠲᠠᠰᠤ ᠴᠠᠪᠴᠢᠭᠤᠯᠪᠠᠢ᠃ 11᠂ ᠲᠡᠶᠢᠨ ᠪᠥᠭᠡᠳ ᠲᠣᠯᠤᠭᠠᠢ ᠠᠨᠤ ᠲᠠᠪᠠᠭ ᠤᠨ ᠳᠡᠭᠡᠷ᠎ᠡ ᠠᠴᠠᠷᠠᠭᠳᠠᠭᠠᠳ ᠥᠬᠢᠨ ᠳᠦᠷ ᠥᠭᠳᠡᠪᠡᠢ᠃ ᠲᠡᠷᠡ ᠴᠤ ᠡᠬᠡ ᠳᠡᠭᠡᠨ ᠠᠪᠠᠭᠠᠴᠢᠪᠠᠢ ᠅ 12᠂ ᠲᠡᠨᠳᠡ ᠲᠡᠭᠦᠨ ᠦ ᠱᠠᠪᠢᠨᠠᠷ ᠠᠨᠤ ᠢᠷᠡᠨ ᠪᠡᠶ᠎ᠡ ᠶᠢ ᠠᠪᠴᠤ ᠪᠣᠯᠠᠭᠠᠳ᠃ ᠣᠳᠴᠤ ᠢᠢᠰᠦᠰ ᠲᠦᠷ ᠮᠡᠳᠡᠭᠦᠯᠪᠡᠢ ᠅ 13᠂ ᠲᠡᠶᠢᠨ ᠪᠥᠭᠡᠳ ᠢᠢᠰᠦᠰ ᠢᠨᠦ ᠰᠣᠨᠣᠰᠤᠭᠠᠳ᠂ ᠲᠡᠨᠳᠡᠴᠡ ᠡᠵᠡᠨ ᠦᠭᠡᠢ ᠭᠠᠵᠠᠷ ᠲᠤᠷ ᠣᠩᠭᠤᠴᠠ ᠪᠠᠷ ᠵᠣᠷᠴᠢᠭᠠᠳ᠂ ᠠᠭᠯᠠᠭ ᠲᠤᠷ ᠪᠠᠶᠢᠵᠤᠬᠤᠢ᠃ ᠬᠠᠷᠢᠨ ᠤᠯᠤᠰ ᠠᠨᠤ ᠰᠣᠨᠣᠰᠤᠭᠠᠳ᠂ ᠪᠠᠯᠭᠠᠳ ᠠᠴᠠ ᠶᠠᠪᠤᠭᠠᠨ ᠢᠶᠠᠷ ᠲᠡᠭᠦᠨ ᠢ ᠳᠠᠭᠠᠪᠠᠢ᠃ 14᠂ ᠲᠡᠶᠢᠨ ᠪᠥᠭᠡᠳ ᠢᠢᠰᠦᠰ ᠢᠨᠦ ᠭᠠᠷᠤᠭᠠᠳ᠂ ᠣᠯᠠᠨ ᠤᠯᠤᠰ ᠢ ᠦᠵᠡᠨ᠂ ᠲᠡᠳᠡᠨ ᠢ ᠡᠨᠡᠷᠢᠵᠦ ᠲᠡᠳᠡᠨ ᠦ ᠡᠪᠡᠳᠴᠢᠲᠡᠨ ᠢ ᠡᠳᠡᠭᠡᠭᠡᠪᠡᠢ᠃ 15᠂ ᠲᠡᠶᠢᠨ ᠬᠦ ᠦᠳᠡᠰᠢ ᠪᠣᠯᠤᠭᠰᠠᠨ ᠳᠤᠷ ᠲᠡᠭᠦᠨ ᠦ ᠱᠠᠪᠢᠨᠠᠷ ᠠᠨᠤ ᠲᠡᠭᠦᠨ ᠳᠦᠷ ᠢᠷᠡᠭᠡᠳ ᠠᠶᠢᠯᠳᠬᠠᠷᠤᠨ᠃ ᠡᠨᠡ ᠢᠨᠦ ᠡᠵᠡᠨ ᠦᠭᠡᠢ ᠭᠠᠵᠠᠷ ᠪᠥᠭᠡᠳ᠂ ᠴᠠᠭ ᠠᠨᠤ ᠣᠷᠣᠢ ᠪᠠᠯᠪᠠᠢ᠃ ᠤᠯᠤᠰ ᠤᠨ ᠬᠣᠲᠠᠳ ᠲᠤᠷ ᠣᠳᠤᠭᠠᠳ ᠪᠡᠶ᠎ᠡ ᠳᠡᠭᠡᠨ ᠢᠳᠡᠭᠡᠨ ᠢ ᠬᠤᠳᠠᠯᠳᠤᠵᠤ ᠠᠪᠬᠤ ᠶᠢᠨ ᠲᠤᠯᠠ ᠲᠡᠳᠡᠨ ᠢ ᠲᠠᠷᠬᠠᠭᠠᠨ ᠰᠣᠶᠤᠷᠬ᠎ᠠ᠃ 16᠂ ᠬᠡᠮᠡᠨ ᠠᠶᠢᠯᠳᠬᠠᠭᠰᠠᠨ ᠳᠤᠷ ᠢᠢᠰᠦᠰ ᠢᠨᠦ ᠲᠡᠳᠡᠨ ᠳᠦᠷ ᠡᠶᠢᠨ᠃ ᠲᠡᠳᠡ ᠢᠨᠦ ᠣᠳᠬᠤ ᠬᠡᠷᠡᠭ ᠦᠭᠡᠢ᠃ ᠲᠠ ᠪᠡᠷ ᠲᠡᠳᠡᠨ ᠢ ᠢᠳᠡᠭᠦᠯᠦᠭᠲᠦᠨ᠃ 17᠂ ᠬᠡᠮᠡᠨ ᠵᠠᠷᠯᠢᠭ ᠪᠣᠯᠤᠭᠰᠠᠨ ᠳᠤᠷ ᠲᠡᠳᠡ ᠢᠨᠦ ᠡᠶᠢᠨ᠃ ᠪᠢᠳᠡᠨ ᠳᠦᠷ ᠡᠨᠳᠡ ᠲᠠᠪᠤᠨ ᠪᠣᠭᠤᠷᠰᠤᠭ ᠬᠢᠭᠡᠳ ᠬᠣᠶᠠᠷ ᠵᠢᠭᠠᠰᠤᠨ ᠠᠴᠠ ᠪᠤᠰᠤ ᠶᠠᠭᠤᠮ᠎ᠠ ᠦᠭᠡᠢ᠃ 18᠂ ᠬᠡᠮᠡᠨ ᠠᠶᠢᠯᠠᠳᠬᠠᠭᠰᠠᠨ ᠳᠤᠷ ᠲᠡᠷᠡ ᠢᠨᠦ᠂ ᠲᠡᠳᠡᠨ ᠢ ᠢᠨᠠᠭᠰᠢ ᠠᠴᠠᠷᠠᠭᠲᠤᠨ᠃ ᠬᠡᠮᠡᠨ ᠵᠠᠷᠯᠢᠭ ᠪᠣᠯᠤᠭᠠᠳ᠃ 19᠂ ᠤᠯᠤᠰ ᠢ ᠨᠤᠭᠤ ᠳᠤᠷ ᠰᠠᠭᠤᠭᠲᠤᠨ᠃ ᠬᠡᠮᠡᠨ ᠵᠠᠬᠢᠭᠠᠳ᠂ ᠲᠡᠳᠡ ᠲᠠᠪᠤᠨ ᠪᠣᠭᠤᠷᠰᠤᠭ ᠬᠢᠭᠡᠳ ᠬᠣᠶᠠᠷ ᠵᠢᠭᠠᠰᠤᠨ ᠢ ᠠᠪᠤᠨ᠂ ᠣᠭᠲᠠᠷᠭᠤᠢ ᠶᠢᠨ ᠲᠡᠰᠢ ᠰᠢᠷᠲᠡᠨ᠂ ᠪᠣᠭᠤᠷᠰᠤᠭ ᠢ ᠠᠳᠢᠰᠯᠠᠨ ᠬᠤᠭᠤᠯᠤᠭᠠᠳ᠂ ᠱᠠᠪᠢᠨᠠᠷ ᠲᠤᠷ ᠥᠭᠪᠡᠢ᠃ ᠱᠠᠪᠢᠨᠠᠷ ᠴᠤ ᠤᠯᠤᠰ ᠲᠤᠷ (ᠥᠭᠪᠡᠢ)᠃ 20᠂ ᠡᠨᠡ ᠮᠡᠲᠦ ᠪᠡᠷ ᠲᠡᠳᠡ ᠪᠦᠭᠦᠳᠡᠭᠡᠷ ᠢᠳᠡᠵᠦ ᠴᠠᠳᠤᠭᠠᠳ᠂ ᠦᠯᠡᠭᠰᠡᠨ ᠦᠢᠷᠮᠡᠭ ᠦᠳ ᠢ ᠬᠤᠷᠢᠶᠠᠭᠠᠳ ᠠᠷᠪᠠᠨ ᠬᠣᠶᠠᠷ ᠰᠡᠪᠦᠭ ᠰᠠᠪᠠ ᠶᠢ ᠳᠦᠭᠦᠷᠭᠡᠪᠡᠢ᠃ 21᠂ ᠢᠳᠡᠭᠰᠡᠳ ᠬᠡᠮᠡᠪᠡᠰᠦ᠂ ᠡᠮᠡᠰ ᠬᠢᠭᠡᠳ ᠬᠡᠦᠬᠡᠳ ᠡᠴᠡ ᠭᠠᠳᠠᠨᠠ ᠲᠠᠪᠤᠨ ᠮᠢᠩᠭᠠᠨ ᠡᠷᠡᠰ ᠪᠥᠯᠦᠭᠡ᠃ 22᠂ ᠲᠡᠷᠡ ᠳᠠᠷᠤᠢ ᠲᠡᠷᠡ ᠢᠨᠦ ᠤᠯᠤᠰ ᠢ ᠲᠠᠷᠬᠠᠠᠭ᠋ᠲᠠᠯ᠎ᠠ [ᠲᠠᠷᠬᠠᠭᠠᠲᠠᠯ᠎ᠠ]᠂ ᠱᠠᠪᠢᠨᠠᠷ ᠢ ᠣᠩᠭᠤᠴᠠ ᠳᠤᠷ ᠣᠷᠣᠭᠤᠯᠤᠭᠠᠳ᠂ ᠴᠢᠨᠠᠭᠰᠢ ᠡᠲᠡᠭᠡᠳ ᠲᠦᠷ ᠤᠷᠢᠳᠠ ᠢᠯᠡᠭᠡᠪᠡᠢ᠃ 23᠂ ᠲᠡᠶᠢᠨ ᠬᠦ ᠲᠡᠷᠡ ᠢᠨᠦ ᠤᠯᠤᠰ ᠢ ᠲᠠᠷᠬᠠᠭᠠᠭᠠᠳ᠂ ᠵᠠᠯᠪᠠᠷᠢᠬᠤ ᠶᠢᠨ ᠲᠤᠯᠠ ᠭᠠᠭᠴᠠᠭᠠᠷ ᠨᠢᠭᠡᠨ ᠠᠭᠤᠯᠠᠨ ᠳᠤᠷ ᠥᠭᠡᠳᠡ ᠭᠠᠷᠤᠭᠠᠳ᠂ ᠦᠳᠡᠰᠢ ᠪᠣᠯᠤᠭᠰᠠᠨ ᠳᠤᠷ ᠲᠡᠨᠳᠡ ᠭᠠᠭᠴᠠᠭᠠᠷ ᠪᠠᠶᠢᠯᠤᠭ᠎ᠠ᠃ 24᠂ ᠵᠦᠭᠡᠷ ᠦᠭᠭᠤᠴᠠ [ᠣᠩᠭᠤᠴᠠ] ᠠᠨᠤ ᠳᠠᠯᠠᠢ ᠶᠢᠨ ᠲᠤᠮᠳᠠ ᠠᠭᠠᠳ᠂ ᠳᠠᠪᠠᠯᠭᠠᠳ ᠢᠶᠠᠷ ᠶᠡᠬᠡᠳᠡ ᠬᠠᠶᠢᠪᠠᠭᠤᠯᠤᠭᠳᠠᠪᠠᠢ᠃ ᠲᠡᠷᠡ ᠶᠠᠭᠤᠨ ᠤ ᠲᠤᠯᠠ ᠬᠡᠮᠡᠪᠡᠰᠦ᠂ ᠰᠠᠯᠬᠢᠨ ᠠᠨᠤ ᠡᠰᠡᠷᠭᠦ ᠪᠥᠯᠦᠭᠡ᠃ 25᠂ ᠵᠦᠭᠡᠷ ᠰᠥᠨᠢ ᠶᠢᠨ ᠳᠥᠷᠪᠡᠳᠦᠭᠡᠷ ᠬᠠᠷᠠᠭᠤᠯ ᠤᠨ ᠴᠠᠭ ᠲᠤᠷ ᠢᠢᠰᠦᠰ ᠢᠨᠦ ᠳᠠᠯᠠᠢ ᠶᠢᠨ ᠳᠡᠭᠡᠷ᠎ᠡ ᠶᠠᠪᠤᠭᠠᠨ ᠢᠶᠠᠷ ᠥᠭᠡᠳᠡ ᠪᠣᠯᠵᠤ ᠲᠡᠳᠡᠨ ᠳᠦᠷ ᠣᠳᠪᠠᠢ᠃ 26᠂ ᠲᠡᠶᠢᠨ ᠬᠦ ᠱᠠᠪᠢᠨᠠᠷ ᠠᠨᠤ ᠲᠡᠭᠦᠨ ᠦ ᠳᠠᠯᠠᠢ ᠶᠢᠨ ᠳᠡᠭᠡᠷ᠎ᠡ ᠶᠠᠪᠤᠭᠠᠨ ᠢᠶᠠᠷ ᠥᠭᠡᠳᠡ ᠪᠣᠯᠬᠤᠢ ᠶᠢ ᠦᠵᠡᠬᠦᠢ ᠳᠡᠭᠡᠨ ᠴᠣᠴᠢᠭᠠᠳ ᠡᠶᠢᠨ ᠥᠭᠦᠯᠡᠷᠦᠨ᠂ ᠡᠨᠡ ᠢᠨᠦ ᠡᠨᠳᠡ ᠠᠯᠮᠠᠰ ᠪᠤᠢ ᠵ᠎ᠠ᠂ ᠬᠡᠮᠡᠭᠡᠳ ᠠᠶᠤᠯ ᠠᠴᠠ ᠪᠠᠷᠬᠢᠷᠠᠪᠠᠢ᠃ 27᠂ ᠵᠦᠭᠡᠷ ᠢᠢᠰᠦᠰ ᠢᠨᠦ ᠲᠡᠷᠡ ᠳᠠᠷᠤᠢ ᠡᠶᠢᠨ᠂ ᠪᠠᠲᠤ ᠪᠣᠯᠤᠭᠲᠤᠨ᠃ ᠡᠨᠡ ᠪᠢ ᠮᠥᠨ᠃ ᠪᠦᠦ ᠠᠶᠤᠭᠲᠤᠨ᠃ 28᠂ ᠬᠡᠮᠡᠨ ᠵᠠᠷᠯᠢᠭ ᠪᠣᠯᠤᠭᠰᠠᠨ ᠳᠤᠷ ᠹᠢᠲ᠋ᠢᠷ ᠠᠨᠤ ᠠᠶᠢᠯᠳᠬᠠᠷᠤᠨ᠃ ᠡᠵᠡᠨ ᠡ᠂ ᠬᠡᠷᠪᠡ ᠲᠡᠷᠡ ᠴᠢ ᠪᠣᠯᠪᠠᠰᠤ᠂ ᠨᠠᠮᠠᠶᠢ ᠤᠰᠤᠨ ᠤ ᠳᠡᠭᠡᠷ᠎ᠡ ᠴᠢᠮᠠᠳᠤᠷ ᠢᠷᠡ᠂ ᠬᠡᠮᠡᠨ ᠵᠠᠷᠯᠢᠭ ᠪᠣᠯᠤᠨ ᠰᠣᠶᠤᠷᠬ᠎ᠠ᠃ 29᠂ ᠬᠡᠮᠡᠭᠰᠡᠨ ᠳᠦᠷ ᠲᠡᠷᠡ ᠢᠨᠦ ᠢᠷ᠎ᠡ᠂ ᠬᠡᠮᠡᠨ ᠵᠠᠷᠯᠢᠭ ᠪᠣᠯᠪᠠᠢ᠃ ᠲᠡᠶᠢᠨ ᠪᠡᠷ ᠹᠢᠲ᠋ᠢᠷ ᠠᠨᠤ ᠣᠩᠭᠤᠴᠠ ᠠᠴᠠ ᠭᠠᠷᠤᠭᠠᠳ᠂ ᠢᠢᠰᠦᠰ ᠲᠦᠷ ᠣᠳᠬᠤ ᠶᠢᠨ ᠲᠤᠯᠠ ᠤᠰᠤᠨ ᠤ ᠳᠡᠭᠡᠷ᠎ᠡ ᠶᠠᠪᠤᠨ ᠠᠲᠠᠯ᠎ᠠ᠃ 30᠂ ᠬᠦᠴᠦ ᠲᠦ ᠰᠠᠯᠬᠢᠨ ᠢ ᠦᠵᠡᠭᠡᠳ ᠠᠶᠤᠪᠠᠢ᠃ ᠲᠡᠨᠳᠡ ᠡᠬᠢᠯᠡᠵᠦ ᠴᠢᠪᠪᠦᠬᠦᠢ ᠳᠦᠷ ᠢᠶᠡᠨ ᠲᠡᠷᠡ ᠢᠨᠦ ᠳᠠᠭᠤᠳᠠᠨ ᠡᠶᠢᠨ᠃ ᠠᠶ᠎ᠠ ᠡᠵᠡᠨ ᠡ᠂ ᠨᠠᠮᠠᠶᠢ ᠲᠣᠨᠢᠯᠭᠠᠨ ᠰᠣᠶᠤᠷᠬ᠎ᠠ᠃ 31᠂ ᠬᠡᠮᠡᠨ ᠠᠶᠢᠯᠳᠬᠠᠭᠰᠠᠨ ᠳᠤᠷ ᠢᠢᠰᠦᠰ ᠢᠨᠦ ᠲᠡᠳᠦᠢ ᠳᠠᠷᠤᠢ ᠮᠤᠲᠤᠷ ᠢᠶᠠᠨ ᠰᠤᠩᠭᠠᠭᠠᠳ ᠲᠡᠭᠦᠨ ᠢ ᠪᠠᠷᠢᠭᠠᠳ ᠡᠶᠢᠨ᠃ ᠪᠢᠴᠢᠬᠠᠨ ᠢᠲᠡᠭᠡᠯ ᠲᠦ ᠡ᠂ ᠴᠢ ᠪᠡᠷ ᠶᠠᠭᠤᠨ ᠤ ᠲᠤᠯᠠ ᠰᠡᠵᠢᠭᠯᠡᠪᠦᠦ᠂ ᠬᠡᠮᠡᠨ ᠵᠠᠷᠯᠢᠭ ᠪᠣᠯᠪᠠᠢ᠃ 32᠂ ᠲᠡᠶᠢᠨ ᠬᠦ ᠲᠡᠳᠡᠨ ᠦ ᠣᠩᠭᠤᠴᠠ ᠳᠤᠷ ᠣᠷᠣᠭᠰᠠᠨ ᠯᠤᠭ᠎ᠠ ᠰᠠᠴᠠ᠂ ᠰᠠᠯᠬᠢᠨ ᠠᠨᠤ ᠨᠠᠮᠬᠠᠷᠠᠪᠠᠢ᠃ 33᠂ ᠲᠡᠶᠢᠨ ᠪᠡᠷ ᠣᠩᠭᠤᠴᠠ ᠶᠢᠨ ᠳᠣᠲᠣᠷ᠎ᠠ ᠠᠭᠰᠠᠳ ᠠᠨᠤ ᠢᠷᠡᠭᠡᠳ ᠲᠡᠭᠦᠨ ᠳᠦᠷ ᠮᠥᠷᠭᠦᠵᠦ ᠡᠶᠢᠨ᠃ ᠦᠨᠡᠬᠡᠷ ᠴᠢ ᠪᠡᠷ ᠪᠤᠷᠬᠠᠨ ᠤ ᠬᠥᠪᠡᠭᠦᠨ ᠮᠥᠨ᠂ ᠬᠡᠮᠡᠨ ᠠᠶᠢᠯᠳᠬᠠᠪᠠᠢ ᠅ 34᠂ ᠲᠡᠶᠢᠨ ᠪᠥᠭᠡᠳ ᠲᠡᠳᠡ ᠢᠨᠦ ᠭᠡᠲᠦᠯᠦᠭᠡᠳ᠂ ᠺᠢᠨᠢᠰᠠᠷᠢᠳ ᠬᠡᠮᠡᠭᠴᠢ ᠭᠠᠵᠠᠷ ᠲᠤᠷ ᠬᠦᠷᠪᠡᠢ᠃ 35᠂ ᠲᠡᠶᠢᠨ ᠬᠦ ᠲᠡᠷᠡ ᠭᠠᠵᠠᠷ ᠤᠨ ᠡᠷᠡᠰ ᠢᠨᠦ ᠲᠡᠭᠦᠨ ᠢ ᠲᠠᠨᠢᠭᠠᠳ ᠰᠠᠴᠠ᠂ ᠲᠡᠷᠡ ᠬᠦ ᠪᠦᠬᠦᠯᠢ ᠣᠷᠣᠨ ᠳᠤᠷ ᠢᠯᠡᠭᠡᠭᠡᠳ᠂ ᠬᠠᠮᠤᠭ ᠡᠪᠡᠳᠴᠢᠳᠡᠨ ᠢ ᠲᠡᠭᠦᠨ ᠳᠦᠷ ᠠᠴᠠᠷᠠᠭᠤᠯᠪᠠᠢ᠃ 36᠂ ᠲᠡᠳᠡ ᠴᠤ ᠢᠮᠠᠭᠲᠠ ᠲᠡᠭᠦᠨ ᠦ ᠬᠤᠪᠴᠠᠰᠤᠨ ᠤ ᠬᠢᠵᠠᠭᠠᠷ ᠲᠤᠷ ᠬᠦᠷᠪᠡᠢ ᠪᠡᠨ ᠲᠡᠭᠦᠨ ᠡᠴᠡ ᠭᠤᠶᠤᠪᠠᠢ᠃ ᠲᠡᠶᠢᠨ ᠬᠦ ᠬᠠᠮᠤᠭ ᠬᠦᠷᠦᠭᠰᠡᠳ ᠢᠨᠦ ᠢᠳᠡᠭᠡᠭᠡᠭᠳᠡᠯᠦᠭᠡ ᠅

Выделить

Поделиться

Копировать

None

Хотите, чтобы то, что вы выделили, сохранялось на всех ваших устройствах? Зарегистрируйтесь или авторизуйтесь