ᠢᠣᠸᠠᠨ 8
8
ᠨᠠᠶᠢᠮᠠᠳᠤᠭᠠᠷ ᠪᠦᠯᠦᠭ᠃
1ᠢᠢᠰᠦᠰ ᠢᠨᠦ ᠲᠣᠰᠤᠨ ᠤ ᠠᠭᠤᠯᠠᠨ ᠳᠤᠷ ᠥᠭᠡᠳᠡ ᠪᠣᠯᠤᠭᠠᠳ᠂ ᠡᠷᠲᠡ ᠮᠠᠨᠠᠭᠠᠷ ᠰᠦᠮ᠎ᠡ ᠳᠦᠷ ᠳ᠋ᠠᠬᠢᠨ ᠣᠷᠣᠪᠠᠢ᠃ 2ᠲᠡᠶᠢᠨ ᠬᠦ ᠤᠯᠤᠰ ᠪᠦᠭᠦᠳᠡᠭᠡᠷ ᠦᠨ ᠲᠡᠭᠦᠨ ᠳᠦᠷ ᠢᠷᠡᠭᠰᠡᠨ ᠳᠦᠷ ᠲᠡᠷᠡ ᠢᠨᠦ ᠰᠠᠭᠤᠭᠠᠳ ᠲᠡᠳᠡᠨ ᠢ ᠰᠤᠷᠭᠠᠪᠠᠢ᠃ 3ᠲᠡᠨᠳᠡ ᠨᠣᠮ ᠵᠢᠭᠠᠭᠴᠢᠨᠠᠷ ᠬᠢᠭᠡᠳ ᠹᠠᠷᠢᠰᠢ ᠨᠠᠷ ᠠᠨᠤ ᠲᠠᠴᠢᠶᠠᠩᠭᠤᠢ ᠶᠢᠨ ᠬᠤᠷᠢᠴᠠᠯ ᠢ ᠦᠢᠯᠡᠳᠦᠨ ᠠᠲᠠᠯ᠎ᠠ ᠪᠠᠷᠢᠭᠳᠠᠭᠰᠠᠨ ᠨᠢᠭᠡᠨ ᠡᠮ᠎ᠡ ᠶᠢ ᠲᠡᠭᠦᠨ ᠳᠦᠷ ᠠᠴᠠᠷᠠᠨ᠂ ᠳᠤᠮᠳᠠ ᠪᠠᠶᠢᠯᠭᠠᠭᠠᠳ ᠲᠡᠭᠦᠨ ᠳᠦᠷ ᠠᠶᠢᠯᠠᠳᠬᠠᠷᠤᠨ᠃ 4ᠪᠠᠭᠰᠢ ᠠ᠋᠂ ᠡᠨᠡ ᠡᠮ᠎ᠡ ᠢᠨᠦ ᠲᠠᠴᠢᠶᠠᠩᠭᠤᠢ ᠶᠢᠨ ᠬᠤᠷᠢᠴᠠᠯ ᠢ ᠦᠢᠯᠡᠳᠦᠨ ᠠᠲᠠᠯ᠎ᠠ ᠪᠠᠷᠢᠭᠳᠠᠪᠠᠢ᠃ 5ᠮᠣᠰᠢ ᠠᠨᠤ ᠲᠣᠭᠲᠠᠭᠠᠯ ᠳᠠᠭᠠᠨ ᠲᠡᠷᠡ ᠮᠡᠲᠦᠰ ᠢ ᠴᠢᠯᠠᠭᠤᠳᠠᠨ ᠠᠯᠠᠬᠤᠢ ᠶᠢ ᠪᠢᠳᠡᠨ ᠳᠦᠷ ᠵᠠᠬᠢᠪᠠᠢ᠃ ᠬᠠᠷᠢᠨ ᠴᠢ ᠪᠡᠷ ᠶᠠᠭᠤᠨ ᠵᠠᠷᠯᠢᠭ ᠪᠣᠯᠤᠮᠤᠶᠤ᠃ 6ᠬᠡᠮᠡᠨ ᠡᠭᠦᠨ ᠢ ᠠᠶᠢᠯᠠᠳᠬᠠᠭᠰᠠᠨ ᠰᠢᠯᠲᠠᠭ᠎ᠠ ᠬᠡᠮᠡᠪᠡᠰᠦ ᠲᠡᠭᠦᠨ ᠢ ᠲᠤᠷᠴᠢᠭᠠᠳ᠂ ᠪᠤᠷᠤᠭᠤᠰᠢᠶᠠᠬᠤ ᠶᠢᠨ ᠲᠤᠯᠠ ᠪᠥᠯᠦᠭᠡ᠃ ᠵᠦᠭᠡᠷ ᠢᠢᠰᠦᠰ ᠢᠨᠦ ᠳᠣᠣᠷᠠᠭᠰᠢ ᠪᠥᠬᠦᠶᠢᠵᠦ᠂ ᠲᠡᠳᠡᠨ ᠢ ᠡᠰᠡ ᠰᠣᠨᠣᠰᠤᠭᠰᠠᠨ ᠮᠡᠲᠦ ᠪᠡᠷ ᠭᠠᠵᠠᠷ ᠲᠤᠷ ᠬᠤᠷᠤᠭᠠᠨ ᠢᠶᠠᠷ ᠢᠶᠠᠨ ᠪᠢᠴᠢᠪᠡᠢ᠃ 7ᠲᠡᠶᠢᠨ ᠪᠥᠭᠡᠳ ᠲᠡᠳᠡᠨ ᠦ ᠠᠰᠠᠭᠤᠭᠰᠠᠭᠠᠷ ᠠᠬᠤᠢ ᠳᠤᠷ ᠲᠡᠷᠡ ᠢᠨᠦ ᠥᠭᠡᠳᠡ ᠪᠣᠰᠤᠭᠠᠳ ᠲᠡᠳᠡᠨ ᠳᠦᠷ ᠵᠠᠷᠯᠢᠭ ᠪᠣᠯᠤᠷᠤᠨ᠃ ᠲᠠᠨ ᠠᠴᠠ ᠨᠢᠭᠦᠯ ᠦᠭᠡᠢ ᠠᠭᠴᠢ ᠠᠨᠤ ᠲᠡᠷᠢᠭᠦᠨ ᠳᠡᠬᠢ ᠴᠢᠯᠠᠭᠤᠨ ᠢ ᠲᠡᠭᠦᠨ ᠦ ᠲᠤᠰ ᠬᠠᠶᠠᠬᠤ ᠪᠣᠯᠲᠤᠭᠠᠢ᠃ 8ᠬᠡᠮᠡᠨ ᠵᠠᠷᠯᠢᠭ ᠪᠣᠯᠤᠭᠠᠳ ᠳ᠋ᠠᠬᠢᠨ ᠳᠣᠣᠷᠠᠭᠰᠢ ᠪᠥᠬᠦᠶᠢᠵᠦ ᠭᠠᠵᠠᠷ ᠲᠤᠷ ᠪᠢᠴᠢᠪᠡᠢ᠃ 9ᠲᠡᠳᠡ ᠢᠨᠦ ᠰᠣᠨᠣᠰᠤᠭᠠᠳ ᠥᠪᠡᠷ ᠦᠨ ᠰᠡᠳᠬᠢᠯ ᠢᠶᠡᠷ ᠪᠤᠷᠤᠭᠤᠰᠢᠶᠠᠭᠳᠠᠭᠠᠳ᠂ ᠲᠡᠷᠢᠭᠦᠨ ᠳᠡᠬᠢ ᠡᠴᠡ ᠡᠴᠦᠰ ᠲᠡᠬᠢ ᠬᠦᠷᠲᠡᠯ᠎ᠡ ᠨᠢᠵᠡᠭᠡᠳ ᠨᠢᠵᠡᠭᠡᠳ ᠢᠶᠡᠷ ᠭᠠᠷᠴᠤ᠂ ᠢᠢᠰᠦᠰ ᠢ ᠳᠤᠮᠳᠠ ᠠᠭᠴᠢ ᠡᠮ᠎ᠡ ᠯᠦᠭᠡ ᠭᠠᠭᠴᠠᠭᠠᠷ ᠪᠠᠶᠢᠯᠭᠠᠪᠠᠢ᠃ 10ᠢᠢᠰᠦᠰ ᠢᠨᠦ ᠥᠭᠡᠳᠡ ᠪᠣᠰᠤᠭᠠᠳ᠂ ᠲᠡᠷᠡ ᠡᠮ᠎ᠡ ᠡᠴᠡ ᠥᠪᠡᠷ᠎ᠡ ᠬᠡᠨ ᠴᠤ ᠡᠰᠡ ᠦᠵᠡᠨ ᠲᠡᠭᠦᠨ ᠳᠦᠷ ᠵᠠᠷᠯᠢᠭ ᠪᠣᠯᠤᠷᠤᠨ᠃ ᠡᠮ᠎ᠡ ᠡ᠂ ᠲᠡᠳᠡ ᠴᠢᠮᠠᠶᠢ ᠪᠤᠷᠤᠭᠤᠰᠢᠶᠠᠭᠴᠢᠳ ᠠᠨᠤ ᠬᠠᠮᠢᠭ᠎ᠠ ᠪᠤᠶᠤ᠃ ᠬᠡᠨ ᠴᠤ ᠴᠢᠮᠠᠶᠢ ᠪᠤᠷᠤᠭᠤ ᠳᠤᠷ ᠡᠰᠡ ᠤᠨᠠᠭᠠᠭᠰᠠᠨ ᠪᠤᠶᠤ᠃ 11ᠲᠡᠷᠡ ᠢᠨᠦ ᠠᠶᠢᠯᠠᠳᠬᠠᠷᠤᠨ᠃ ᠡᠵᠡᠨ ᠡ᠂ ᠬᠡᠨ ᠴᠤ ᠡᠰᠡ (ᠤᠨᠠᠭᠠᠪᠠᠢ)᠃ ᠢᠢᠰᠦᠰ ᠢᠨᠦ ᠲᠡᠭᠦᠨ ᠳᠦᠷ ᠵᠠᠷᠯᠢᠭ ᠪᠣᠯᠤᠷᠤᠨ᠃ ᠲᠡᠶᠢᠨ ᠬᠦ ᠪᠢ ᠴᠤ ᠴᠢᠮᠠᠶᠢ ᠪᠤᠷᠤᠭᠤ ᠳᠤᠷ ᠡᠰᠡ ᠤᠨᠠᠭᠠᠮᠤᠢ᠃ ᠣᠳᠤᠭᠠᠳ ᠡᠭᠦᠨ ᠡᠴᠡ ᠬᠣᠶᠢᠨᠠᠭᠰᠢᠳᠠ ᠬᠢᠯᠢᠨᠴᠡ ᠶᠢ ᠪᠦᠦ ᠦᠢᠯᠡᠳ ᠅ 12ᠲᠡᠭᠦᠨ ᠡᠴᠡ ᠬᠣᠶᠢᠨᠠ ᠢᠢᠰᠦᠰ ᠢᠨᠦ ᠲᠡᠳᠡᠨ ᠳᠦᠷ ᠳ᠋ᠠᠬᠢᠨ ᠵᠠᠷᠯᠢᠭ ᠪᠣᠯᠤᠷᠤᠨ᠃ ᠪᠢ ᠪᠡᠷ ᠶᠢᠷᠲᠢᠨᠴᠦ ᠶᠢᠨ ᠭᠡᠷᠡᠯ ᠪᠣᠯᠠᠢ᠃ ᠨᠠᠮᠠᠶᠢ ᠳᠠᠭᠠᠭᠴᠢ ᠠᠨᠤ ᠬᠠᠷᠠᠩᠭᠤᠢ ᠳᠤᠷ ᠦᠯᠦ ᠶᠠᠪᠤᠨ᠂ ᠠᠮᠢᠨ ᠤ ᠭᠡᠷᠡᠯ ᠲᠦ ᠪᠣᠯᠬᠤ ᠪᠤᠢ᠃ 13ᠬᠡᠮᠡᠨ ᠵᠠᠷᠯᠢᠭ ᠪᠣᠯᠤᠭᠰᠠᠨ ᠳᠤᠷ ᠹᠠᠷᠢᠰᠢ ᠨᠠᠷ ᠠᠨᠤ ᠥᠭᠦᠯᠡᠷᠦᠨ᠃ ᠴᠢ ᠪᠡᠷ ᠥᠪᠡᠷ ᠦᠨ ᠪᠡᠶ᠎ᠡ ᠶᠢᠨ ᠤᠴᠢᠷ᠎ᠠ ᠭᠡᠷᠡᠴᠢᠯᠡᠳᠡᠭ᠃ ᠴᠢᠨᠦ ᠭᠡᠷᠡᠴᠢᠯᠡᠯᠭᠡ ᠢᠨᠦ ᠦᠨᠡᠨ ᠪᠤᠰᠤ᠃ 14ᠬᠡᠮᠡᠭᠰᠡᠨ ᠳᠦᠷ ᠢᠢᠰᠦᠰ ᠢᠨᠦ ᠬᠠᠷᠢᠭᠤ ᠵᠠᠷᠯᠢᠭ ᠪᠣᠯᠤᠷᠤᠨ᠃ ᠪᠢ ᠪᠡᠷ ᠥᠪᠡᠷ ᠦᠨ ᠪᠡᠶ᠎ᠡ ᠶᠢᠨ ᠤᠴᠢᠷ᠎ᠠ ᠭᠡᠷᠡᠴᠢᠯᠡᠪᠡᠴᠦ᠂ ᠮᠢᠨᠦ ᠭᠡᠷᠡᠴᠢᠯᠡᠯᠭᠡ ᠢᠨᠦ ᠦᠨᠡᠨ ᠪᠣᠯᠠᠢ᠃ ᠲᠡᠷᠡ ᠶᠠᠭᠤᠨ ᠤ ᠲᠤᠯᠠ ᠬᠡᠮᠡᠪᠡᠰᠦ᠂ ᠪᠢ ᠪᠡᠷ ᠬᠠᠮᠢᠭ᠎ᠠ ᠠᠴᠠ ᠢᠷᠡᠭᠰᠡᠨ ᠢᠶᠡᠨ ᠬᠢᠭᠡᠳ ᠬᠠᠮᠢᠭᠠᠰᠢ ᠣᠳᠬᠤᠢ ᠪᠠᠨ ᠮᠡᠳᠡᠮᠦᠢ᠃ ᠬᠠᠷᠢᠨ ᠲᠠ ᠪᠡᠷ ᠮᠢᠨᠦ ᠬᠠᠮᠢᠭ᠎ᠠ ᠠᠴᠠ ᠢᠷᠡᠭᠰᠡᠨ ᠬᠢᠭᠡᠳ ᠬᠠᠮᠢᠭᠠᠰᠢ ᠣᠳᠬᠤᠢ ᠶᠢ ᠡᠰᠡ ᠮᠡᠳᠡᠮᠦᠢ᠃ 15ᠲᠠ ᠪᠡᠷ ᠮᠠᠬᠠᠪᠣᠳ ᠪᠡᠶ᠎ᠡ ᠶᠢᠨ ᠶᠣᠰᠤᠭᠠᠷ ᠰᠢᠭᠦᠮᠦᠢ᠃ ᠪᠢ ᠪᠡᠷ ᠬᠡᠨ ᠢ ᠴᠤ ᠡᠰᠡ ᠰᠢᠭᠦᠮᠦᠢ᠃ 16ᠬᠠᠷᠢᠨ ᠬᠡᠷᠪᠡ ᠪᠢ ᠪᠡᠷ ᠰᠢᠭᠦᠪᠡᠰᠦ᠂ ᠮᠢᠨᠦ ᠰᠢᠭᠦᠪᠦᠷᠢ ᠢᠨᠦ ᠦᠨᠡᠨ ᠪᠤᠢ ᠬᠡᠮᠡᠪᠡᠰᠦ᠂ ᠪᠢ ᠪᠡᠷ ᠭᠠᠭᠴᠠᠭᠠᠷ ᠪᠤᠰᠤ᠂ ᠬᠠᠷᠢᠨ ᠪᠢ ᠬᠢᠭᠡᠳ ᠨᠠᠮᠠᠶᠢ ᠢᠯᠡᠭᠡᠭᠰᠡᠨ ᠡᠴᠢᠭᠡ ᠪᠤᠢ᠃ 17ᠵᠢᠴᠢ ᠲᠠᠨᠤ ᠲᠣᠭᠲᠠᠭᠠᠯ ᠤᠨ ᠳᠣᠲᠣᠷ᠎ᠠ ᠪᠢᠴᠢᠭᠳᠡᠭᠰᠡᠨ ᠢᠨᠦ ᠡᠶᠢᠨ᠃ ᠬᠣᠶᠠᠷ ᠬᠦᠮᠦᠨ ᠦ ᠭᠡᠷᠡᠴᠢᠯᠡᠯᠭᠡ ᠢᠨᠦ ᠦᠨᠡᠨ ᠪᠤᠢ᠃ 18ᠪᠢ ᠪᠡᠷ ᠥᠪᠡᠷ ᠦᠨ ᠪᠡᠶ᠎ᠡ ᠶᠢᠨ ᠤᠴᠢᠷ᠎ᠠ ᠭᠡᠷᠡᠴᠢᠯᠡᠮᠦᠢ᠃ ᠪᠠᠰᠠ ᠨᠠᠮᠠᠶᠢ ᠢᠯᠡᠭᠡᠭᠰᠡᠨ ᠡᠴᠢᠭᠡ ᠢᠨᠦ ᠮᠢᠨᠦ ᠤᠴᠢᠷ᠎ᠠ ᠭᠡᠷᠡᠴᠢᠯᠡᠮᠦᠢ᠃ 19ᠬᠡᠮᠡᠨ ᠵᠠᠷᠯᠢᠭ ᠪᠣᠯᠤᠭᠰᠠᠨ᠋ᠠ ᠲᠡᠳᠡ ᠢᠨᠦ ᠥᠭᠦᠯᠡᠷᠦᠨ᠃ ᠴᠢᠨᠦ ᠡᠴᠢᠭᠡ ᠬᠠᠮᠢᠭ᠎ᠠ ᠪᠤᠶᠤ᠃ ᠢᠢᠰᠦᠰ ᠢᠨᠦ ᠬᠠᠷᠢᠭᠤ ᠵᠠᠷᠯᠢᠭ ᠪᠣᠯᠤᠷᠤᠨ᠃ ᠲᠠ ᠪᠡᠷ ᠨᠠᠮᠠᠶᠢ ᠡᠰᠡ ᠲᠠᠨᠢᠨ᠂ ᠮᠢᠨᠦ ᠡᠴᠢᠭᠡ ᠶᠢ ᠴᠤ ᠡᠰᠡ ᠲᠠᠨᠢᠮᠤᠢ᠃ ᠬᠡᠷᠪᠡ ᠲᠠ ᠪᠡᠷ ᠨᠠᠮᠠᠶᠢ ᠲᠠᠨᠢᠭᠰᠠᠨ ᠪᠣᠯᠪᠠᠰᠤ᠂ ᠮᠢᠨᠦ ᠡᠴᠢᠭᠡ ᠶᠢ ᠴᠤ ᠲᠠᠨᠢᠬᠤ ᠪᠥᠯᠦᠭᠡ᠃ 20ᠬᠡᠮᠡᠨ ᠢᠢᠰᠦᠰ ᠢᠨᠦ ᠰᠦᠮ᠎ᠡ ᠶᠢᠨ ᠳᠣᠲᠣᠷ᠎ᠠ ᠰᠠᠩ ᠤᠨ ᠳᠡᠷᠭᠡᠳᠡ ᠰᠤᠷᠭᠠᠨ ᠵᠠᠷᠯᠢᠭ ᠪᠣᠯᠪᠠᠢ᠃ ᠲᠡᠶᠢᠨ ᠬᠦ ᠲᠡᠭᠦᠨ ᠦ ᠴᠠᠭ ᠢᠷᠡᠭᠡ ᠡᠳᠦᠢ ᠶᠢᠨ ᠲᠤᠯᠠ ᠬᠡᠨ ᠴᠤ ᠲᠡᠭᠦᠨ ᠢ ᠡᠰᠡ ᠪᠠᠷᠢᠪᠠᠢ᠃ 21ᠵᠢᠴᠢ ᠢᠢᠰᠦᠰ ᠢᠨᠦ ᠲᠡᠳᠡᠨ ᠳᠦᠷ ᠳ᠋ᠠᠬᠢᠨ ᠵᠠᠷᠯᠢᠭ ᠪᠣᠯᠤᠷᠤᠨ᠃ ᠪᠢ ᠪᠡᠷ ᠣᠳᠤᠮᠤᠢ᠃ ᠲᠡᠶᠢᠨ ᠬᠦ ᠲᠠ ᠪᠡᠷ ᠨᠠᠮᠠᠶᠢ ᠪᠡᠳᠡᠷᠢᠬᠦ᠃ ᠬᠠᠷᠢᠨ ᠬᠢᠯᠢᠨᠴᠡᠰ ᠲᠦᠷ ᠢᠶᠡᠨ ᠦᠬᠦᠬᠦ ᠪᠣᠯᠤᠶᠤ᠃ ᠮᠢᠨᠦ ᠬᠠᠮᠢᠭ᠎ᠠ ᠣᠳᠬᠤᠢ ᠲᠡᠨᠳᠡ ᠲᠠ ᠪᠡᠷ ᠬᠦᠷᠴᠦ ᠦᠯᠦ ᠴᠢᠳᠠᠬᠤ ᠪᠤᠢ᠃ 22ᠶᠦᠳᠠᠲᠠᠨ ᠢᠨᠦ ᠥᠭᠦᠯᠡᠯᠳᠦᠷᠦᠨ᠃ ᠮᠢᠨᠦ ᠬᠠᠮᠢᠭ᠎ᠠ ᠣᠳᠬᠤᠢ ᠲᠡᠨᠳᠡ ᠲᠠ ᠪᠡᠷ ᠬᠦᠷᠴᠦ ᠦᠯᠦ ᠴᠢᠳᠠᠬᠤ ᠪᠤᠢ᠃ ᠬᠡᠮᠡᠨ ᠲᠡᠭᠦᠨ ᠦ ᠥᠭᠦᠯᠡᠭᠰᠡᠨ ᠢᠨᠦ ᠶᠠᠭᠤᠨ ᠪᠤᠶᠤ᠃ ᠲᠡᠷᠡ ᠢᠨᠦ ᠠᠮᠢᠨ ᠢᠶᠠᠨ ᠲᠠᠰᠤᠯᠬᠤ ᠪᠤᠶᠤ᠃ 23ᠬᠡᠮᠡᠭᠰᠡᠨ ᠳᠦᠷ ᠲᠡᠷᠡ ᠢᠨᠦ ᠲᠡᠳᠡᠨ ᠳᠦᠷ ᠵᠠᠷᠯᠢᠭ ᠪᠣᠯᠤᠷᠤᠨ᠃ ᠲᠠ ᠪᠡᠷ ᠳᠣᠣᠷ᠎ᠠ ᠠᠴᠠ ᠪᠤᠢ᠃ ᠪᠢ ᠪᠡᠷ ᠳᠡᠭᠡᠷ᠎ᠡ ᠡᠴᠡ ᠪᠤᠢ᠃ ᠲᠠ ᠪᠡᠷ ᠡᠨᠡ ᠶᠢᠷᠲᠢᠨᠴᠦ ᠡᠴᠡ ᠪᠤᠢ᠃ ᠪᠢ ᠪᠡᠷ ᠡᠨᠡ ᠶᠢᠷᠲᠢᠨᠴᠦ ᠡᠴᠡ ᠪᠤᠰᠤ᠃ 24ᠲᠡᠶᠢᠮᠦ ᠶᠢᠨ ᠲᠤᠯᠠ ᠲᠠ ᠪᠡᠷ ᠬᠢᠯᠢᠨᠴᠡᠰ ᠲᠦᠷ ᠢᠶᠡᠨ ᠦᠬᠦᠬᠦ ᠪᠣᠯᠤᠶᠤ᠃ ᠬᠡᠮᠡᠨ ᠪᠢ ᠪᠡᠷ ᠲᠠᠨ ᠳᠤᠷ ᠵᠠᠷᠯᠢᠭ ᠪᠣᠯᠪᠠᠢ᠃ ᠲᠡᠷᠡ ᠶᠠᠭᠤᠨ ᠤ ᠲᠤᠯᠠ ᠬᠡᠮᠡᠪᠡᠰᠦ᠂ ᠬᠡᠷᠪᠡ ᠲᠠ ᠪᠡᠷ ᠨᠠᠮᠠᠶᠢ ᠲᠡᠷᠡ ᠮᠥᠨ ᠬᠡᠮᠡᠨ ᠦᠯᠦ ᠢᠲᠡᠭᠡᠬᠦ ᠪᠥᠭᠡᠰᠦ ᠡᠯ᠎ᠡ᠂ ᠲᠠ ᠪᠡᠷ ᠬᠢᠯᠢᠨᠴᠡᠰ ᠲᠦᠷ ᠢᠶᠡᠨ ᠦᠬᠦᠬᠦ ᠪᠤᠢ᠃ 25ᠲᠡᠳᠡ ᠢᠨᠦ ᠲᠡᠭᠦᠨ ᠳᠦᠷ ᠥᠭᠦᠯᠡᠷᠦᠨ᠃ ᠴᠢ ᠪᠡᠷ ᠬᠡᠨ ᠪᠤᠶᠤ᠃ ᠢᠢᠰᠦᠰ ᠢᠨᠦ ᠲᠡᠳᠡᠨ ᠳᠦᠷ ᠵᠠᠷᠯᠢᠭ ᠪᠣᠯᠤᠷᠤᠨ᠃ ᠡᠬᠢᠨ ᠡᠴᠡ ᠮᠢᠨᠦ ᠲᠠᠨ ᠳᠤᠷ ᠥᠭᠦᠯᠡᠭᠰᠡᠨ ᠲᠡᠷᠡ ᠪᠢ ᠮᠥᠨ᠃ 26ᠲᠠᠨᠤ ᠤᠴᠢᠷ᠎ᠠ ᠮᠢᠨᠦ ᠥᠭᠦᠯᠡᠬᠦᠢ ᠬᠢᠭᠡᠳ ᠰᠢᠭᠢᠳᠬᠡᠬᠦᠢ ᠢᠨᠦ ᠣᠯᠠᠨ ᠪᠣᠯᠠᠢ᠃ ᠬᠠᠷᠢᠨ ᠨᠠᠮᠠᠶᠢ ᠢᠯᠡᠭᠡᠭᠰᠡᠨ ᠢᠨᠦ ᠦᠨᠡᠨ ᠪᠤᠢ ᠪᠥᠭᠡᠳ᠂ ᠪᠢ ᠪᠡᠷ ᠲᠡᠭᠦᠨ ᠡᠴᠡ ᠰᠣᠨᠣᠰᠤᠭᠰᠠᠨ ᠢᠶᠠᠨ ᠶᠢᠷᠲᠢᠨᠴᠦ ᠳᠦᠷ ᠥᠭᠦᠯᠡᠮᠦᠢ ᠅ 27(ᠡᠭᠦᠨ ᠢ) ᠡᠴᠢᠭᠡ ᠶᠢᠨ ᠤᠴᠢᠷ᠎ᠠ ᠲᠡᠳᠡᠨ ᠳᠦᠷ ᠵᠠᠷᠯᠢᠭ ᠪᠣᠯᠤᠭᠰᠠᠨ ᠢ ᠲᠡᠳᠡ ᠢᠨᠦ ᠡᠰᠡ ᠣᠨᠤᠪᠠᠢ᠃ 28ᠲᠡᠶᠢᠮᠦ ᠶᠢᠨ ᠲᠤᠯᠠ ᠢᠢᠰᠦᠰ ᠢᠨᠦ ᠲᠡᠳᠡᠨ ᠳᠦᠷ ᠵᠠᠷᠯᠢᠭ ᠪᠣᠯᠤᠷᠤᠨ᠃ ᠲᠠ ᠪᠡᠷ ᠬᠦᠮᠦᠨ ᠲᠥᠷᠥᠯᠬᠢᠲᠦ ᠶᠢ ᠥᠷᠭᠦᠵᠢᠬᠦ ᠳᠠᠭᠠᠨ᠂ ᠪᠢ ᠪᠡᠷ ᠲᠡᠷᠡ ᠮᠥᠨ ᠪᠣᠯᠤᠭᠠᠳ᠂ ᠥᠪᠡᠷ ᠦᠨ ᠪᠡᠶ᠎ᠡ ᠡᠴᠡ ᠶᠠᠭᠤᠨ ᠢ ᠴᠤ ᠡᠰᠡ ᠦᠢᠯᠡᠳᠴᠦ᠂ ᠬᠠᠷᠢᠨ ᠮᠢᠨᠦ ᠡᠴᠢᠭᠡ ᠶᠢᠨ ᠨᠠᠳᠤᠷ ᠦᠵᠡᠭᠦᠯᠦᠭᠰᠡᠨ ᠢᠶᠡᠷ ᠡᠭᠦᠨ ᠢ ᠥᠭᠦᠯᠡᠮᠦᠢ᠂ ᠬᠡᠮᠡᠨ ᠲᠠ ᠪᠡᠷ ᠣᠨᠤᠬᠤ ᠪᠣᠯᠤᠶᠤ᠃ 29ᠵᠢᠴᠢ ᠨᠠᠮᠠᠶᠢ ᠢᠯᠡᠭᠡᠭᠰᠡᠨ ᠢᠨᠦ ᠨᠠᠳᠠ ᠯᠤᠭ᠎ᠠ ᠪᠤᠢ᠃ ᠡᠴᠢᠭᠡ ᠢᠨᠦ ᠨᠠᠮᠠᠶᠢ ᠭᠠᠭᠴᠠᠭᠠᠷ ᠡᠰᠡ ᠣᠷᠬᠢᠪᠠᠢ᠃ ᠲᠡᠷᠡ ᠶᠠᠭᠤᠨ ᠤ ᠲᠤᠯᠠ ᠬᠡᠮᠡᠪᠡᠰᠦ᠂ ᠪᠢ ᠪᠡᠷ ᠲᠡᠭᠦᠨ ᠳᠦᠷ ᠲᠠᠭᠠᠯᠠᠮᠵᠢᠲᠤ ᠶᠢ ᠦᠷᠭᠦᠯᠵᠢᠳᠡ ᠦᠢᠯᠡᠳᠮᠦᠢ᠃ 30ᠬᠡᠮᠡᠨ ᠡᠨᠡ ᠮᠡᠲᠦ ᠪᠡᠷ ᠵᠠᠷᠯᠢᠭ ᠪᠣᠯᠬᠤᠢ ᠳᠤᠷ ᠣᠯᠠᠨ ᠠᠨᠤ ᠲᠡᠭᠦᠨ ᠳᠦᠷ ᠢᠲᠡᠭᠡᠵᠦᠬᠦᠢ ᠅ 31ᠲᠡᠶᠢᠨ ᠪᠥᠭᠡᠳ ᠢᠢᠰᠦᠰ ᠢᠨᠦ ᠲᠡᠭᠦᠨ ᠳᠦᠷ ᠢᠲᠡᠭᠡᠯ ᠲᠦ ᠪᠣᠯᠤᠭᠰᠠᠨ ᠶᠦᠳᠠᠲᠠᠨ ᠳᠤᠷ ᠵᠠᠷᠯᠢᠭ ᠪᠣᠯᠤᠷᠤᠨ᠃ ᠬᠡᠷᠪᠡ ᠲᠠ ᠪᠡᠷ ᠮᠢᠨᠦ ᠵᠠᠷᠯᠢᠭ ᠲᠤᠷ ᠪᠠᠶᠢᠬᠤ ᠪᠥᠭᠡᠰᠦ᠂ ᠲᠠ ᠪᠡᠷ ᠮᠢᠨᠦ ᠱᠠᠪᠢᠨᠠᠷ ᠦᠨᠡᠬᠡᠷ ᠪᠣᠯᠤᠭᠠᠳ᠂ ᠦᠨᠡᠨ ᠢ ᠣᠨᠤᠬᠤ ᠪᠤᠢ᠃ 32ᠲᠡᠶᠢᠨ ᠬᠦ ᠦᠨᠡᠨ ᠢᠨᠦ ᠲᠠᠨ ᠢ ᠡᠷᠬᠡ ᠲᠦ ᠪᠣᠯᠭᠠᠬᠤ ᠪᠤᠢ᠃ 33(ᠵᠠᠷᠢᠮ ᠤᠳ ᠠᠨᠤ) ᠲᠡᠭᠦᠨ ᠳᠦᠷ ᠬᠠᠷᠢᠭᠤ ᠥᠭᠦᠯᠡᠷᠦᠨ᠃ ᠪᠢᠳᠡ ᠪᠡᠷ ᠠᠪᠷᠠᠾᠠᠮ ᠤᠨ ᠦᠷᠡᠰ ᠠᠭᠠᠳ᠂ ᠬᠡᠨ ᠳᠦᠷ ᠴᠤ ᠪᠣᠭᠣᠯ ᠤᠳ ᠬᠡᠵᠢᠶ᠎ᠡ ᠴᠤ ᠡᠰᠡ ᠪᠣᠯᠤᠭᠰᠠᠨ ᠠᠲᠠᠯ᠎ᠠ᠂ ᠲᠠ ᠪᠡᠷ ᠡᠷᠬᠡ ᠲᠦ ᠪᠣᠯᠬᠤ ᠪᠤᠢ᠂ ᠬᠡᠮᠡᠨ ᠴᠢ ᠪᠡᠷ ᠶᠠᠭᠤᠨ ᠤ ᠲᠤᠯᠠ ᠥᠭᠦᠯᠡᠮᠦᠶᠦ᠃ 34ᠬᠡᠮᠡᠭᠰᠡᠨ ᠳᠦᠷ ᠢᠢᠰᠦᠰ ᠢᠨᠦ ᠲᠡᠳᠡᠨ ᠳᠦᠷ ᠵᠠᠷᠯᠢᠭ ᠪᠣᠯᠤᠷᠤᠨ᠃ ᠮᠢᠨᠦ ᠲᠠᠨ ᠳᠤᠷ ᠮᠠᠭᠠᠳᠯᠠᠨ ᠥᠭᠦᠯᠡᠬᠦᠢ ᠢᠨᠦ᠂ ᠠᠯᠢ ᠬᠡᠨ ᠬᠢᠯᠢᠨᠴᠡ ᠶᠢ ᠦᠢᠯᠡᠳᠦᠭᠴᠢ ᠢᠨᠦ ᠬᠢᠯᠢᠨᠴᠡ ᠶᠢᠨ ᠪᠣᠭᠣᠯ ᠪᠤᠢ᠃ 35ᠪᠣᠭᠣᠯ ᠠᠨᠤ ᠭᠡᠷ ᠦᠨ ᠳᠣᠲᠣᠷ᠎ᠠ ᠨᠠᠰᠤᠳᠠ ᠡᠰᠡ ᠪᠠᠶᠢᠳᠠᠭ᠃ ᠬᠠᠷᠢᠨ ᠬᠥᠪᠡᠭᠦᠨ ᠢᠨᠦ ᠨᠠᠰᠤᠳᠠ ᠪᠠᠶᠢᠳᠠᠭ᠃ 36ᠲᠡᠶᠢᠮᠦ ᠶᠢᠨ ᠲᠤᠯᠠ ᠬᠡᠷᠪᠡ ᠬᠥᠪᠡᠭᠦᠨ ᠢᠨᠦ ᠲᠠᠨ ᠢ ᠡᠷᠬᠡ ᠲᠦ ᠪᠣᠯᠭᠠᠬᠤ ᠪᠥᠭᠡᠰᠦ ᠡᠯ᠎ᠡ᠂ ᠲᠠ ᠮᠠᠭᠠᠳ ᠢᠶᠠᠷ ᠡᠷᠬᠡᠲᠦ ᠪᠣᠯᠬᠤ ᠪᠣᠯᠤᠶᠤ᠃ 37ᠲᠠᠨ ᠢ ᠠᠪᠷᠠᠾᠠᠮ ᠤᠨ ᠦᠷᠡᠰ ᠮᠥᠨ ᠬᠡᠮᠡᠨ ᠪᠢ ᠪᠡᠷ ᠮᠡᠳᠡᠮᠦᠢ᠃ ᠵᠦᠭᠡᠷ ᠲᠠ ᠪᠡᠷ ᠨᠠᠮᠠᠶᠢ ᠠᠯᠠᠬᠤᠶ᠎ᠠ ᠡᠷᠢᠮᠦᠢ᠃ ᠲᠡᠷᠡ ᠶᠠᠭᠤᠨ ᠤ ᠲᠤᠯᠠ ᠬᠡᠮᠡᠪᠡᠰᠦ᠂ ᠮᠢᠨᠦ ᠵᠠᠷᠯᠢᠭ ᠠᠨᠤ ᠲᠠᠨᠤ ᠳᠣᠲᠣᠷ᠎ᠠ ᠡᠰᠡ ᠪᠠᠶᠢᠮᠤᠢ᠃ 38ᠪᠢ ᠪᠡᠷ ᠥᠪᠡᠷ ᠦᠨ ᠡᠴᠢᠭᠡ ᠯᠦᠭᠡ ᠶᠠᠭᠤᠨ ᠦᠵᠡᠭᠰᠡᠨ ᠢ ᠥᠭᠦᠯᠡᠮᠦᠢ᠃ ᠲᠠ ᠴᠤ ᠥᠪᠡᠷ ᠦᠨ ᠡᠴᠢᠭᠡ ᠯᠦᠭᠡ ᠶᠠᠭᠤᠨ ᠦᠵᠡᠭᠰᠡᠨ ᠢ ᠦᠢᠯᠡᠳᠦᠮᠦᠢ᠃ 39ᠬᠡᠮᠡᠨ ᠵᠠᠷᠯᠢᠭ ᠪᠣᠯᠤᠭᠰᠠᠨ᠋ᠠ ᠲᠡᠳᠡ ᠢᠨᠦ ᠲᠡᠭᠦᠨ ᠳᠦᠷ ᠬᠠᠷᠢᠭᠤ ᠥᠭᠦᠯᠡᠷᠦᠨ᠃ ᠠᠪᠷᠠᠾᠠᠮ ᠠᠨᠤ ᠪᠢᠳᠡᠨ ᠦ ᠡᠴᠢᠭᠡ ᠪᠤᠢ᠃ ᠢᠢᠰᠦᠰ ᠢᠨᠦ ᠲᠡᠳᠡᠨ ᠳᠦᠷ ᠵᠠᠷᠯᠢᠭ ᠪᠣᠯᠤᠷᠤᠨ᠃ ᠬᠡᠷᠪᠡ ᠲᠠ ᠪᠡᠷ ᠠᠪᠷᠠᠾᠠᠮ ᠤᠨ ᠦᠷᠡᠰ ᠠᠭᠰᠠᠨ ᠪᠣᠯᠪᠠᠰᠤ ᠡᠯ᠎ᠡ᠃ ᠠᠪᠷᠠᠾᠠᠮ ᠤᠨ ᠦᠢᠯᠡᠰ ᠢ ᠦᠢᠯᠡᠳᠬᠦ ᠪᠥᠯᠦᠭᠡ᠃ 40ᠬᠠᠷᠢᠨ ᠪᠤᠷᠬᠠᠨ ᠠᠴᠠ ᠰᠣᠨᠣᠰᠤᠭᠰᠠᠨ ᠦᠨᠡᠨ ᠢᠶᠡᠨ ᠲᠠᠨ ᠳᠤᠷ ᠥᠭᠦᠯᠡᠭᠰᠡᠨ ᠬᠦᠮᠦᠨ ᠠᠭᠴᠢ ᠨᠠᠮᠠᠶᠢ ᠲᠠ ᠪᠡᠷ ᠠᠯᠠᠬᠤᠶ᠎ᠠ ᠡᠷᠢᠮᠦᠢ᠃ ᠠᠪᠷᠠᠾᠠᠮ ᠠᠨᠤ ᠡᠨᠡ ᠮᠡᠲᠦ ᠪᠡᠷ ᠦᠢᠯᠡᠳᠦᠭᠰᠡᠨ ᠪᠤᠰᠤ᠃ 41ᠲᠠ ᠪᠡᠷ ᠥᠪᠡᠷ ᠦᠨ ᠡᠴᠢᠭᠡ ᠶᠢᠨ ᠦᠢᠯᠡᠰ ᠢᠶᠡᠷ ᠦᠢᠯᠡᠳᠦᠮᠦᠢ᠃ ᠬᠡᠮᠡᠨ ᠵᠠᠷᠯᠢᠭ ᠪᠣᠯᠤᠭᠰᠠᠨ ᠳᠤᠷ ᠲᠡᠨᠳᠡ ᠢᠨᠦ ᠲᠡᠭᠦᠨ ᠳᠦᠷ ᠥᠭᠦᠯᠡᠷᠦᠨ᠃ ᠪᠢᠳᠡ ᠪᠡᠷ ᠶᠣᠰᠤᠨ ᠪᠤᠰᠤ ᠪᠠᠷ ᠡᠰᠡ ᠲᠥᠷᠥᠭᠳᠡᠪᠡᠢ᠃ ᠪᠢᠳᠡᠨ ᠳᠦᠷ ᠭᠠᠭᠴᠠ ᠡᠴᠢᠭᠡ ᠬᠡᠮᠡᠪᠡᠰᠦ ᠪᠤᠷᠬᠠᠨ ᠪᠣᠯᠠᠢ᠃ 42ᠢᠢᠰᠦᠰ ᠢᠨᠦ ᠲᠡᠳᠡᠨ ᠳᠦᠷ ᠵᠠᠷᠯᠢᠭ ᠪᠣᠯᠤᠷᠤᠨ᠃ ᠬᠡᠷᠪᠡ ᠪᠤᠷᠬᠠᠨ ᠠᠨᠤ ᠲᠠᠨᠤ ᠡᠴᠢᠭᠡ ᠮᠥᠨ ᠪᠣᠯᠪᠠᠰᠤ᠂ ᠲᠠ ᠪᠡᠷ ᠨᠠᠮᠠᠶᠢ ᠨᠢᠨᠠᠭᠯᠠᠬᠤ [ᠢᠨᠠᠭᠯᠠᠬᠤ] ᠪᠥᠯᠦᠭᠡ᠃ ᠲᠡᠷᠡ ᠶᠠᠭᠤᠨ ᠤ ᠲᠤᠯᠠ ᠬᠡᠮᠡᠪᠡᠰᠦ᠂ ᠪᠢ ᠪᠡᠷ ᠪᠤᠷᠬᠠᠨ ᠠᠴᠠ ᠭᠠᠷᠤᠭᠠᠳ ᠢᠷᠡᠭᠰᠡᠨ ᠪᠤᠢ᠃ ᠪᠠᠰᠠ ᠪᠢ ᠪᠡᠷ ᠥᠪᠡᠷ ᠦᠨ ᠪᠡᠶ᠎ᠡ ᠡᠴᠡ ᠡᠰᠡ ᠢᠷᠡᠪᠡᠢ᠃ ᠬᠠᠷᠢᠨ ᠲᠡᠷᠡ ᠢᠨᠦ ᠨᠠᠮᠠᠶᠢ ᠢᠯᠡᠭᠡᠪᠡᠢ᠃ 43ᠲᠠ ᠪᠡᠷ ᠮᠢᠨᠦ ᠬᠡᠯᠡᠨ ᠢ ᠶᠠᠭᠤᠨ ᠤ ᠲᠤᠯᠠ ᠡᠰᠡ ᠣᠨᠤᠮᠤᠶᠤ᠃ ᠲᠡᠷᠡ ᠰᠢᠯᠲᠠᠭ᠎ᠠ ᠬᠡᠮᠡᠪᠡᠰᠦ᠂ ᠲᠠ ᠪᠡᠷ ᠮᠢᠨᠦ ᠵᠠᠷᠯᠢᠭ ᠢ ᠰᠣᠨᠣᠰᠴᠤ ᠡᠰᠡ ᠴᠢᠳᠠᠮᠤᠢ᠃ 44ᠲᠠ ᠪᠡᠷ ᠥᠪᠡᠷ ᠦᠨ ᠰᠠᠲ᠋ᠠᠨᠠ ᠡᠴᠢᠭᠡ ᠡᠴᠡ ᠪᠤᠢ ᠪᠥᠭᠡᠳ᠂ ᠥᠪᠡᠷ ᠦᠨ ᠡᠴᠢᠭᠡ ᠶᠢᠨ ᠲᠠᠭᠠᠯᠠᠯ ᠢ ᠪᠦᠲᠦᠭᠡᠬᠦᠶ᠎ᠡ ᠳᠤᠷᠠᠰᠢᠮᠤᠢ᠃ ᠲᠡᠷᠡ ᠢᠨᠦ ᠡᠬᠢᠨ ᠡᠴᠡ ᠦᠬᠦᠭᠦᠯᠦᠭᠴᠢ ᠪᠣᠯᠤᠭᠠᠳ ᠦᠨᠡᠨ ᠳᠦᠷ ᠡᠰᠡ ᠪᠠᠶᠢᠪᠠᠢ ᠬᠡᠮᠡᠪᠡᠰᠦ᠂ ᠲᠡᠭᠦᠨ ᠦ ᠳᠣᠲᠣᠷ᠎ᠠ ᠦᠨᠡᠨ ᠦᠭᠡᠢ ᠪᠤᠢ᠃ ᠲᠡᠷᠡ ᠢᠨᠦ ᠬᠤᠳᠠᠯ ᠢᠶᠠᠷ ᠥᠭᠦᠯᠡᠬᠦᠢ ᠳᠡᠭᠡᠨ ᠥᠪᠡᠷ ᠦᠨ ᠶᠣᠰᠤᠭᠠᠷ ᠥᠭᠦᠯᠡᠮᠦᠢ᠃ ᠲᠡᠷᠡ ᠶᠠᠭᠤᠨ ᠤ ᠲᠤᠯᠠ ᠬᠡᠮᠡᠪᠡᠰᠦ᠂ ᠲᠡᠷᠡ ᠢᠨᠦ ᠬᠤᠳᠠᠯᠴᠢ ᠪᠣᠯᠤᠭᠠᠳ᠂ (ᠬᠤᠳᠠᠯ ᠤᠨ) ᠡᠴᠢᠭᠡ ᠴᠤ ᠮᠥᠨ᠃ 45ᠬᠠᠷᠢᠨ ᠮᠢᠨᠦ ᠦᠨᠡᠨ ᠢ ᠥᠭᠦᠯᠡᠭᠰᠡᠨ ᠳᠦᠷ ᠲᠠ ᠪᠡᠷ ᠨᠠᠳᠤᠷ ᠡᠰᠡ ᠢᠲᠡᠭᠡᠮᠦᠢ᠃ 46ᠮᠢᠨᠦ ᠬᠢᠯᠢᠨᠴᠡ ᠦᠢᠯᠡᠳᠦᠭᠰᠡᠨ ᠢ ᠲᠠᠨ ᠠᠴᠠ ᠬᠡᠨ ᠦᠵᠡᠭᠦᠯᠵᠦ ᠴᠢᠳᠠᠬᠤ ᠪᠤᠶᠤ᠃ ᠲᠡᠶᠢᠨ ᠬᠦ ᠪᠢ ᠪᠡᠷ ᠦᠨᠡᠨ ᠢ ᠥᠭᠦᠯᠡᠪᠡᠰᠦ᠂ ᠲᠠ ᠪᠡᠷ ᠶᠠᠭᠤᠨ ᠤ ᠲᠤᠯᠠ ᠨᠠᠳᠤᠷ ᠡᠰᠡ ᠢᠲᠡᠭᠡᠮᠦᠶᠦ᠃ 47ᠠᠯᠢ ᠬᠡᠨ ᠪᠤᠷᠬᠠᠨ ᠠᠴᠠ ᠠᠭᠴᠢ ᠠᠨᠤ ᠪᠤᠷᠬᠠᠨ ᠤ ᠵᠠᠷᠯᠢᠭ ᠤᠳ ᠢ ᠰᠣᠨᠣᠰᠤᠮᠤᠢ᠃ ᠲᠠ ᠪᠡᠷ ᠪᠤᠷᠬᠠᠨ ᠠᠴᠠ ᠪᠤᠰᠤ ᠠᠭᠰᠠᠨ ᠤ ᠲᠤᠯᠠ ᠲᠡᠳᠡᠨ ᠢ ᠡᠰᠡ ᠰᠣᠨᠣᠰᠤᠮᠤᠢ᠃ 48ᠶᠦᠳᠠᠲᠠᠨ ᠢᠨᠦ ᠬᠠᠷᠢᠭᠤ ᠥᠭᠦᠯᠡᠷᠦᠨ᠃ ᠴᠢᠮᠠᠶᠢ ᠰᠠᠮᠠᠷᠢᠶ᠎ᠠ ᠶᠢᠨ ᠬᠦᠮᠦᠨ ᠪᠣᠯᠤᠭᠠᠳ᠂ ᠴᠢᠳᠬᠦᠷ᠎ᠡ ᠪᠠᠷᠢᠭᠳᠠᠭᠰᠠᠨ ᠬᠡᠮᠡᠨ ᠪᠢᠳᠡᠨ ᠦ ᠥᠭᠦᠯᠡᠭᠰᠡᠨ ᠢᠨᠦ ᠵᠥᠪ ᠪᠢᠰᠢᠶᠦ᠃ 49ᠢᠢᠰᠦᠰ ᠢᠨᠦ ᠬᠠᠷᠢᠭᠤ ᠵᠠᠷᠯᠢᠭ ᠪᠣᠯᠤᠷᠤᠨ᠃ ᠪᠢ ᠪᠡᠷ ᠴᠢᠳᠬᠦᠷ᠎ᠡ ᠪᠠᠷᠢᠭᠳᠠᠭᠰᠠᠨ ᠪᠤᠰᠤ᠃ ᠵᠦᠭᠡᠷ ᠪᠢ ᠪᠡᠷ ᠥᠪᠡᠷ ᠦᠨ ᠡᠴᠢᠭᠡ ᠶᠢ ᠬᠦᠨᠳᠦᠯᠡᠮᠦᠢ᠃ ᠬᠠᠷᠢᠨ ᠲᠠ ᠪᠡᠷ ᠨᠠᠮᠠᠶᠢ ᠳᠣᠷᠣᠮᠵᠢᠯᠠᠮᠤᠢ᠃ 50ᠪᠢ ᠪᠡᠷ ᠥᠪᠡᠷ ᠦᠨ ᠴᠣᠭ ᠵᠢᠪᠬᠤᠯᠠᠩ ᠢ ᠡᠰᠡ ᠡᠷᠢᠮᠦᠢ᠃ ᠨᠢᠭᠡᠨ ᠡᠷᠢᠭ᠍ᠴᠢ ᠬᠢᠭᠡᠳ ᠰᠢᠭᠦᠭᠴᠢ ᠪᠤᠢ ᠪᠣᠯᠠᠢ᠃ 51ᠬᠡᠷᠪᠡ ᠠᠯᠢ ᠬᠡᠨ ᠮᠢᠨᠦ ᠵᠠᠷᠯᠢᠭ ᠢ ᠰᠠᠬᠢᠬᠤ ᠪᠥᠭᠡᠰᠦ᠂ ᠲᠡᠷᠡ ᠢᠨᠦ ᠦᠬᠦᠯ ᠢ ᠮᠥᠩᠬᠡᠳᠡ ᠦᠯᠦ ᠦᠵᠡᠬᠦ ᠪᠣᠯᠤᠶᠤ᠃ ᠬᠡᠮᠡᠨ ᠪᠢ ᠪᠡᠷ ᠲᠠᠨ ᠳᠤᠷ ᠮᠠᠭᠠᠳᠯᠠᠨ ᠥᠭᠦᠯᠡᠮᠦᠢ᠃ 52ᠬᠡᠮᠡᠨ ᠵᠠᠷᠯᠢᠭ ᠪᠣᠯᠤᠭᠰᠠᠨ ᠤ ᠲᠤᠯᠠ ᠶᠦᠳᠠᠲᠠᠨ ᠢᠨᠦ ᠲᠡᠭᠦᠨ ᠳᠦᠷ ᠥᠭᠦᠯᠡᠷᠦᠨ᠃ ᠡᠳᠦᠭᠡ ᠴᠢᠮᠠᠶᠢ ᠴᠢᠳᠬᠦᠷ᠎ᠡ ᠪᠠᠷᠢᠭᠳᠠᠭᠰᠠᠨ ᠬᠡᠮᠡᠨ ᠪᠢᠳᠡ ᠪᠡᠷ ᠮᠡᠳᠡᠮᠦᠢ᠃ ᠠᠪᠷᠠᠾᠠᠮ ᠬᠢᠭᠡᠳ ᠹᠣᠷᠣᠹᠢᠳ ᠨᠠᠷ ᠠᠨᠤ ᠦᠬᠦᠭᠰᠡᠨ ᠪᠤᠢ᠃ ᠲᠡᠶᠢᠨ ᠪᠥᠭᠡᠳ ᠴᠢ ᠪᠡᠷ ᠡᠶᠢᠨ᠃ ᠬᠡᠷᠪᠡ ᠠᠯᠢ ᠬᠡᠨ ᠮᠢᠨᠦ ᠵᠠᠷᠯᠢᠭ ᠢ ᠰᠠᠬᠢᠬᠤ ᠪᠥᠭᠡᠰᠦ᠂ ᠲᠡᠷᠡ ᠢᠨᠦ ᠦᠬᠦᠯ ᠢ ᠮᠥᠩᠬᠡᠳᠡ ᠦᠯᠦ ᠠᠮᠰᠠᠬᠤ ᠪᠣᠯᠤᠶᠤ᠂ ᠬᠡᠮᠡᠨ ᠥᠭᠦᠯᠡᠮᠦᠢ᠃ 53ᠴᠢ ᠪᠡᠷ ᠪᠢᠳᠡᠨ ᠦ ᠠᠪᠷᠠᠾᠠᠮ ᠡᠴᠢᠭᠡ ᠡᠴᠡ ᠳᠡᠭᠡᠷ᠎ᠡ ᠪᠤᠶᠤ᠃ ᠲᠡᠷᠡ ᠢᠨᠦ ᠦᠬᠦᠭᠰᠡᠨ ᠪᠥᠭᠡᠳ᠂ ᠹᠣᠷᠣᠹᠢᠳ ᠨᠠᠷ ᠴᠤ ᠦᠬᠦᠭᠰᠡᠨ ᠪᠤᠢ᠃ ᠴᠢ ᠪᠡᠷ ᠪᠡᠶ᠎ᠡ ᠪᠡᠨ ᠬᠡᠨ ᠪᠣᠯᠭᠠᠮᠤᠶᠤ᠃ 54ᠬᠡᠮᠡᠭᠰᠡᠨ ᠳᠦᠷ ᠢᠢᠰᠦᠰ ᠢᠨᠦ ᠵᠠᠷᠯᠢᠭ ᠪᠣᠯᠤᠷᠤᠨ᠃ ᠪᠢ ᠪᠡᠷ ᠪᠡᠶ᠎ᠡ ᠪᠡᠨ ᠬᠦᠨᠳᠦᠯᠡᠬᠦ ᠪᠥᠭᠡᠰᠦ᠂ ᠮᠢᠨᠦ ᠬᠦᠨᠳᠦᠯᠡᠯ ᠢᠨᠦ ᠶᠠᠭᠤᠨ ᠴᠤ ᠪᠤᠰᠤ ᠪᠤᠢ᠃ ᠮᠢᠨᠦ ᠡᠴᠢᠭᠡ ᠢᠨᠦ ᠨᠠᠮᠠᠶᠢ ᠬᠦᠨᠳᠦᠯᠡᠮᠦᠢ᠃ ᠲᠡᠭᠦᠨ ᠢ ᠲᠠ ᠪᠡᠷ ᠥᠪᠡᠷ ᠦᠨ ᠪᠤᠷᠬᠠᠨ ᠪᠤᠢ ᠬᠡᠮᠡᠨ ᠥᠭᠦᠯᠡᠮᠦᠢ᠃ 55ᠵᠦᠭᠡᠷ ᠲᠠ ᠪᠡᠷ ᠲᠡᠭᠦᠨ ᠢ ᠡᠰᠡ ᠲᠠᠨᠢᠮᠤᠢ᠃ ᠬᠡᠷᠪᠡ ᠪᠢ ᠪᠡᠷ ᠲᠡᠭᠦᠨ ᠢ ᠡᠰᠡ ᠲᠠᠨᠢᠮᠤᠢ ᠬᠡᠮᠡᠨ ᠥᠭᠦᠯᠡᠬᠦ ᠪᠥᠭᠡᠰᠦ᠂ ᠪᠢ ᠪᠡᠷ ᠲᠠᠨ ᠯᠤᠭ᠎ᠠ ᠠᠳᠠᠯᠢ ᠬᠤᠳᠠᠯᠴᠢ ᠪᠣᠯᠬᠤ ᠪᠥᠯᠦᠭᠡ᠃ ᠵᠦᠭᠡᠷ ᠪᠢ ᠪᠡᠷ ᠲᠡᠭᠦᠨ ᠢ ᠲᠠᠨᠢᠨ᠂ ᠲᠡᠭᠦᠨ ᠦ ᠵᠠᠷᠯᠢᠭ ᠢ ᠰᠠᠬᠢᠮᠤᠢ᠃ 56ᠲᠠᠨᠤ ᠠᠪᠷᠠᠾᠠᠮ ᠡᠴᠢᠭᠡ ᠢᠨᠦ ᠮᠢᠨᠦ ᠡᠳᠦᠷ ᠢ ᠦᠵᠡᠬᠦᠢ ᠳᠦᠷ ᠶᠡᠬᠡᠳᠡ ᠵᠢᠷᠭᠠᠵᠤ᠂ ᠲᠡᠭᠦᠨ ᠢ ᠦᠵᠡᠭᠡᠳ ᠪᠠᠶᠠᠰᠪᠠᠢ᠃ 57ᠶᠦᠳᠠᠲᠠᠨ ᠢᠨᠦ ᠲᠡᠭᠦᠨ ᠳᠦᠷ ᠥᠭᠦᠯᠡᠷᠦᠨ᠃ ᠴᠢᠮᠠᠳᠤᠷ ᠲᠠᠪᠢᠨ ᠨᠠᠰᠤᠨ ᠬᠦᠷᠦᠭᠡ ᠡᠳᠦᠢ ᠠᠲᠠᠯ᠎ᠠ᠂ ᠴᠢ ᠪᠡᠷ ᠠᠪᠷᠠᠾᠠᠮ ᠢ ᠦᠵᠡᠭᠰᠡᠨ ᠪᠤᠶᠤ᠃ 58ᠬᠡᠮᠡᠭᠰᠡᠨ ᠳᠦᠷ ᠢᠢᠰᠦᠰ ᠢᠨᠦ ᠲᠡᠳᠡᠨ ᠳᠦᠷ ᠡᠶᠢᠨ᠃ ᠠᠪᠷᠠᠾᠠᠮ ᠤᠨ ᠠᠭᠰᠠᠨ ᠠᠴᠠ ᠤᠷᠢᠳᠠ ᠪᠢ ᠪᠡᠷ ᠪᠤᠢ ᠠᠮᠤᠢ᠃ 59ᠬᠡᠮᠡᠨ ᠵᠠᠷᠯᠢᠭ ᠪᠣᠯᠤᠭᠰᠠᠨ ᠳᠤᠷ ᠲᠡᠳᠡ ᠢᠨᠦ ᠲᠡᠭᠦᠨ ᠢ ᠴᠢᠯᠠᠭᠤᠳᠠᠬᠤ ᠶᠢᠨ ᠲᠤᠯᠠ ᠴᠢᠯᠠᠭᠤᠳ ᠢ ᠠᠪᠤᠨ ᠪᠠᠷᠢᠪᠠᠢ᠃ ᠬᠠᠷᠢᠨ ᠢᠢᠰᠦᠰ ᠢᠨᠦ ᠨᠢᠭᠤᠵᠤ᠂ ᠲᠡᠳᠡᠨ ᠦ ᠳᠤᠮᠳᠠ ᠥᠭᠡᠳᠡ ᠪᠣᠯᠤᠭᠠᠳ ᠰᠦᠮ᠎ᠡ ᠡᠴᠡ ᠭᠠᠷᠪᠠᠢ ᠅
Currently Selected:
ᠢᠣᠸᠠᠨ 8: MB1840
Highlight
Share
Copy
Want to have your highlights saved across all your devices? Sign up or sign in
Digital edition of the Mongolian translation published in 1840 (the Old Testament) and 1846 (the New Testament) by Edward Stallybrass and William Swan. Created by Bayarjargal Garamtseren and Simon Wong. Digital edition © United Bible Societies, 2020.