ᠯᠦᠺᠡ 10
10
ᠠᠷᠪᠠᠳᠤᠭᠠᠷ ᠪᠦᠯᠦᠭ ᠅
1᠂ ᠲᠡᠭᠦᠨ ᠡᠴᠡ ᠬᠣᠶᠢᠨᠠ ᠡᠵᠡᠨ ᠢᠨᠦ ᠪᠤᠰᠤ ᠳᠠᠯᠠᠨ (ᠱᠠᠪᠢ) ᠶᠢ ᠲᠣᠭᠲᠠᠭᠠᠭᠠᠳ᠂ ᠥᠪᠡᠷ ᠦᠨ ᠭᠡᠭᠡᠭᠡᠨ ᠦ ᠡᠮᠦᠨ᠎ᠡ ᠡᠴᠡ ᠬᠠᠮᠢᠭ᠎ᠠ ᠥᠭᠡᠳᠡ ᠪᠣᠯᠬᠤᠢ ᠪᠠᠯᠭᠠᠳ ᠬᠢᠭᠡᠳ ᠨᠤᠲᠤᠭ ᠤᠳ ᠲᠤᠷ ᠬᠣᠰᠢᠶᠠᠭᠠᠳ ᠬᠣᠰᠢᠶᠠᠭᠠᠳ ᠢᠶᠠᠷ ᠢᠯᠡᠭᠡᠨ᠃ 2᠂ ᠲᠡᠳᠡᠨ ᠳᠤᠷ ᠵᠠᠷᠯᠢᠭ ᠪᠣᠯᠤᠷᠤᠨ᠃ ᠲᠠᠷᠢᠶᠠᠯᠠᠩ ᠠᠨᠤ ᠶᠡᠬᠡ ᠪᠣᠯᠪᠠᠴᠤ᠂ ᠬᠤᠷᠢᠶᠠᠨ ᠦᠢᠯᠡᠳᠦᠭᠴᠢᠳ ᠢᠨᠦ ᠥᠴᠦᠬᠡᠨ ᠪᠣᠯᠠᠢ᠃ ᠲᠡᠶᠢᠮᠦ ᠶᠢᠨ ᠲᠤᠯᠠᠳᠠ ᠬᠤᠷᠢᠶᠠᠨ ᠦᠢᠯᠡᠳᠦᠭᠴᠢᠳ ᠢ ᠥᠪᠡᠷ ᠦᠨ ᠲᠠᠷᠢᠶᠠᠯᠠᠩ ᠳᠤᠷ ᠢᠯᠡᠭᠡᠨ ᠰᠣᠶᠤᠷᠬ᠎ᠠ᠂ ᠬᠡᠮᠡᠨ ᠲᠠᠷᠢᠶᠠᠯᠠᠩ ᠤᠨ ᠡᠵᠡᠨ ᠳᠦᠷ ᠵᠠᠯᠪᠠᠷᠢᠭᠲᠤᠨ᠃ 3᠂ ᠣᠳᠤᠭᠲᠤᠨ᠃ ᠮᠡᠨᠡ᠂ ᠪᠢ ᠪᠡᠷ ᠬᠤᠷᠢᠭᠠᠳ ᠢ ᠴᠢᠨᠤ᠎ᠠ ᠶᠢᠨ ᠰᠦᠷᠦᠭ ᠦᠨ ᠳᠣᠲᠣᠷ᠎ᠠ ᠮᠡᠲᠦ ᠲᠠᠨ ᠢ ᠢᠯᠡᠭᠡᠮᠦᠢ᠃ 4᠂ ᠲᠤᠯᠤᠮ ᠬᠢᠭᠡᠳ ᠤᠭᠤᠲᠠ ᠪᠠ ᠭᠤᠲᠤᠯ ᠢ ᠪᠦᠦ ᠠᠪᠤᠭᠲᠤᠨ᠃ ᠵᠠᠮ ᠤᠨ ᠳᠡᠭᠡᠷ᠎ᠡ ᠬᠡᠨ ᠢ ᠴᠤ ᠪᠦᠦ ᠮᠡᠩᠳᠦᠴᠢᠯᠡᠭᠲᠦᠨ᠃ 5᠂ ᠲᠠ ᠪᠡᠷ ᠶᠠᠮᠪᠠᠷ ᠴᠤ ᠭᠡᠷ ᠲᠦᠷ ᠬᠦᠷᠦᠨ ᠣᠷᠣᠪᠠᠰᠤ᠂ ᠤᠷᠢᠳᠠᠭᠠᠷ ᠡᠨᠡ ᠭᠡᠷ ᠲᠦᠷ ᠠᠮᠤᠷ ᠪᠣᠯᠲᠤᠭᠠᠢ ᠬᠡᠮᠡᠨ ᠥᠭᠦᠯᠡᠭᠲᠦᠨ᠃ 6᠂ ᠬᠡᠷᠪᠡ ᠲᠡᠨᠳᠡ ᠠᠮᠤᠷ ᠤᠨ ᠲᠥᠷᠥᠯ ᠲᠦ ᠪᠤᠢ ᠪᠥᠭᠡᠰᠦ᠂ ᠲᠠᠨᠤ ᠠᠮᠤᠷ ᠠᠨᠤ ᠲᠡᠭᠦᠨ ᠦ ᠳᠡᠭᠡᠷ᠎ᠡ ᠲᠣᠭᠲᠠᠬᠤ ᠪᠣᠯᠤᠶᠤ᠃ ᠲᠡᠶᠢᠨ ᠪᠤᠰᠤ ᠪᠥᠭᠡᠰᠦ ᠡᠯ᠎ᠡ᠂ ᠲᠠᠨ ᠳᠤᠷ ᠪᠤᠴᠠᠬᠤ ᠪᠣᠯᠤᠶᠤ᠃ 7᠂ ᠲᠡᠷᠡ ᠬᠦ ᠭᠡᠷ ᠲᠦᠷ ᠪᠠᠶᠢᠵᠤ ᠲᠡᠳᠡᠨ ᠳᠦᠷ ᠶᠠᠭᠤᠨ ᠪᠤᠢ ᠶᠢ ᠢᠳᠡᠨ ᠤᠭᠤᠨ ᠪᠠᠶᠢᠭᠲᠤᠨ᠃ ᠲᠡᠷᠡ ᠶᠠᠭᠤᠨ ᠤ ᠲᠤᠯᠠ ᠬᠡᠮᠡᠪᠡᠰᠦ᠂ ᠬᠥᠳᠦᠯᠮᠦᠷᠴᠢ ᠢᠨᠦ ᠱᠠᠩ ᠢᠶᠠᠨ ᠠᠪᠬᠤᠢ ᠲᠡᠩᠰᠡᠭᠦᠷᠢ ᠲᠦ ᠪᠤᠢ᠃ ᠨᠢᠭᠡᠨ ᠭᠡᠷ ᠡᠴᠡ ᠪᠤᠰᠤ ᠭᠡᠷ ᠲᠦᠷ ᠪᠦᠦ ᠬᠡᠰᠦᠨ ᠶᠠᠪᠤᠭᠲᠤᠨ᠃ 8᠂ ᠪᠠᠰᠠ ᠲᠠ ᠶᠠᠮᠪᠠᠷ ᠴᠤ ᠪᠠᠯᠭᠠᠰᠤᠨ ᠳᠤᠷ ᠣᠷᠣᠪᠠᠰᠤ᠂ ᠤᠯᠤᠰ ᠠᠨᠤ ᠲᠠᠨ ᠢ ᠬᠦᠨᠳᠦᠯᠡᠬᠦ ᠪᠥᠭᠡᠰᠦ ᠡᠯ᠎ᠡ᠂ ᠲᠠᠨ ᠳᠤᠷ ᠶᠠᠭᠤᠨ ᠡᠷᠭᠦᠭᠳᠡᠭᠰᠡᠨ ᠢ ᠢᠳᠡᠭᠲᠦᠨ᠃ 9᠂ ᠲᠡᠨᠳᠡ ᠡᠪᠡᠳᠴᠢᠨ ᠲᠦ ᠠᠭᠴᠢᠳ ᠢ ᠡᠳᠡᠭᠡᠭᠡᠨ ᠲᠡᠳᠡᠨ ᠳᠦᠷ ᠡᠶᠢᠨ᠃ ᠪᠤᠷᠬᠠᠨ ᠤ ᠡᠵᠡᠯᠡᠭᠦᠷᠢ ᠢᠨᠦ ᠲᠠᠨ ᠳᠤᠷ ᠰᠢᠳᠠᠷᠳᠠᠭᠰᠠᠨ ᠪᠤᠢ᠂ ᠬᠡᠮᠡᠨ ᠥᠭᠦᠯᠡᠭᠲᠦᠨ᠃ 10᠂ ᠵᠦᠭᠡᠷ ᠲᠠᠨᠤ ᠶᠠᠮᠪᠠᠷ ᠴᠤ ᠪᠠᠯᠭᠠᠰᠤᠨ ᠳᠤᠷ ᠣᠷᠣᠬᠤᠢ ᠳᠤᠷ ᠬᠡᠷᠪᠡ (ᠤᠯᠤᠰ ᠠᠨᠤ) ᠲᠠᠨ ᠢ ᠦᠯᠦ ᠲᠣᠭᠲᠠᠭᠠᠨ ᠠᠪᠬᠤ ᠪᠥᠭᠡᠰᠦ ᠡᠯ᠎ᠡ᠂ ᠲᠡᠭᠦᠨ ᠦ ᠵᠡᠭᠡᠯᠢᠨ ᠳᠦᠷ ᠭᠠᠷᠤᠭᠠᠳ ᠡᠶᠢᠨ᠃ 11᠂ ᠲᠠᠨ ᠤ ᠪᠠᠯᠭᠠᠰᠤᠨ ᠠᠴᠠ ᠪᠢᠳᠡᠨ ᠳᠦᠷ ᠬᠠᠯᠳᠠᠭᠰᠠᠨ ᠲᠣᠭᠣᠰᠤᠨ ᠢ ᠪᠢᠳᠡ ᠪᠡᠷ ᠲᠠᠨ ᠤ ᠲᠤᠰ ᠰᠡᠭᠴᠦᠷᠦᠨ ᠪᠤᠴᠠᠭᠠᠮᠤᠢ᠃ ᠲᠡᠶᠢᠨ ᠪᠣᠯᠪᠠᠴᠤ ᠪᠤᠷᠬᠠᠨ ᠤ ᠡᠵᠡᠯᠡᠭᠦᠷᠡ [ᠡᠵᠡᠯᠡᠭᠦᠷᠢᠨ] ᠦ ᠲᠠᠨ ᠳᠤᠷ ᠰᠢᠳᠠᠷᠳᠠᠭᠰᠠᠨ ᠢ ᠮᠡᠳᠡᠭᠲᠦᠨ᠃ ᠬᠡᠮᠡᠨ ᠥᠭᠦᠯᠡᠭᠲᠦᠨ᠃ 12᠂ ᠲᠡᠷᠡ ᠮᠡᠲᠦ ᠪᠠᠯᠭᠠᠰᠠᠤᠨ ᠠᠴᠠ ᠲᠡᠷᠡ ᠬᠦ ᠡᠳᠦᠷ᠎ᠡ ᠰᠣᠳᠣᠮ ᠳᠤᠷ ᠬᠥᠩᠭᠡᠨ ᠪᠣᠯᠬᠤ ᠪᠣᠯᠤᠶᠤ ᠬᠡᠮᠡᠨ ᠪᠢ ᠪᠡᠷ ᠲᠠᠨ ᠳᠤᠷ ᠥᠭᠦᠯᠡᠮᠦᠢ᠃ 13᠂ ᠠᠶ᠎ᠠ ᠺᠣᠷᠠᠵᠢᠨ ᠠ᠋᠂ ᠴᠢᠮᠠᠳᠤᠷ ᠵᠣᠪᠠᠯᠠᠩ ᠪᠣᠯᠬᠤ᠃ ᠠᠶ᠎ᠠ ᠪᠢᠳᠰᠠᠶᠢᠳᠠ ᠠ᠋᠂ ᠴᠢᠮᠠᠳᠤᠷ ᠵᠣᠪᠠᠯᠠᠩ ᠪᠣᠯᠬᠤ᠃ ᠲᠡᠷᠡ ᠶᠠᠭᠤᠨ ᠤ ᠲᠤᠯᠠ ᠬᠡᠮᠡᠪᠡᠰᠦ᠂ ᠬᠡᠷᠪᠡ ᠲᠠᠨᠤ ᠳᠣᠲᠣᠷ᠎ᠠ ᠦᠢᠯᠡᠳᠦᠭᠳᠡᠭᠰᠡᠨ ᠭᠠᠶᠢᠬᠠᠮᠰᠢᠭ ᠲᠤ ᠦᠢᠯᠡᠰ ᠢᠨᠦ ᠲᠢᠢᠷ ᠬᠢᠭᠡᠳ ᠰᠢᠢᠳᠣᠨ ᠤ ᠳᠣᠲᠣᠷ᠎ᠠ ᠦᠢᠯᠡᠳᠦᠭᠳᠡᠭᠰᠡᠨ ᠪᠣᠯᠪᠠᠰᠤ᠂ ᠲᠡᠳᠡ ᠢᠨᠦ ᠵᠦᠲᠡᠭᠦᠷᠢᠲᠦ ᠬᠤᠪᠴᠠᠰᠤᠨ ᠢ ᠡᠮᠦᠰᠦᠨ ᠦᠨᠡᠰᠦᠨ ᠳᠦᠷ ᠰᠠᠭᠤᠨ ᠥᠨᠢ ᠭᠡᠮᠰᠢᠬᠦ ᠪᠥᠯᠦᠭᠡ᠃ 14᠂ ᠲᠡᠶᠢᠮᠦ ᠶᠢᠨ ᠲᠤᠯᠠ ᠵᠠᠷᠭᠤᠨ ᠤ ᠴᠠᠭ ᠲᠤᠷ ᠲᠠᠨ ᠠᠴᠠ ᠲᠢᠢᠷ ᠬᠢᠭᠡᠳ ᠰᠢᠢᠳᠣᠨ ᠳᠤᠷ ᠬᠥᠩᠭᠡᠨ ᠪᠣᠯᠬᠤ ᠪᠣᠯᠤᠶᠤ᠃ 15᠂ ᠵᠢᠴᠢ ᠺᠠᠹᠢᠷᠨᠠ᠋ ᠦᠮ ᠠ᠋᠂ ᠴᠢ ᠪᠡᠷ ᠣᠭᠲᠠᠷᠭᠤᠢ ᠬᠦᠷᠲᠡᠯ᠎ᠡ ᠥᠨᠳᠦᠷᠢᠳᠦᠭᠰᠡᠨ ᠪᠣᠯᠪᠠᠴᠤ᠂ ᠲᠠᠮᠤ ᠳᠤᠷ ᠣᠷᠣᠬᠤ ᠤᠨᠠᠭᠠᠭᠳᠠᠬᠤ ᠪᠣᠯᠤᠶᠤ᠃ 16᠂ ᠠᠯᠢ ᠬᠡᠨ ᠲᠠᠨ ᠢ ᠰᠣᠨᠣᠰᠤᠭᠴᠢ ᠠᠨᠤ ᠨᠠᠮᠠᠶᠢ ᠰᠣᠨᠣᠰᠤᠮᠤᠢ᠃ ᠠᠯᠢ ᠬᠡᠨ ᠲᠠᠨ ᠢ ᠬᠡᠷᠡᠭ ᠦᠭᠡᠢ ᠪᠣᠯᠭᠠᠭᠴᠢ ᠠᠨᠤ ᠨᠠᠮᠠᠶᠢ ᠬᠡᠷᠡᠭ ᠦᠭᠡᠢ ᠪᠣᠯᠭᠠᠮᠤᠢ᠃ ᠬᠠᠷᠢᠨ ᠠᠯᠢ ᠬᠡᠨ ᠨᠠᠮᠠᠶᠢ ᠬᠡᠷᠡᠭ ᠦᠭᠡᠢ ᠪᠣᠯᠭᠠᠭᠴᠢ ᠠᠨᠤ ᠨᠠᠮᠠᠶᠢ ᠢᠯᠡᠭᠡᠭᠴᠢ ᠶᠢ ᠬᠡᠷᠡᠭ ᠦᠭᠡᠢ ᠪᠣᠯᠭᠠᠮᠤᠢ᠃ 17᠂ ᠲᠡᠨᠳᠡᠴᠡ ᠳᠠᠯᠠᠨ (ᠱᠠᠪᠢ) ᠠᠨᠤ ᠪᠠᠶᠠᠰᠬᠤᠯᠠᠩ ᠲᠤ ᠪᠠᠷ ᠬᠠᠷᠢᠵᠤ ᠢᠷᠡᠭᠡᠳ ᠡᠶᠢᠨ ᠠᠶᠢᠯᠠᠳᠬᠠᠷᠤᠨ᠃ ᠡᠵᠡᠨ ᠡ᠂ ᠴᠢᠨᠦ ᠨᠡᠷ᠎ᠡ ᠪᠡᠷ ᠴᠢᠳᠬᠦᠳ ᠢᠨᠦ ᠪᠢᠳᠡᠨ ᠦ ᠡᠷᠬᠡ ᠳᠦᠷ ᠣᠷᠣᠳᠠᠭ᠃ 18᠂ ᠬᠡᠮᠡᠨ ᠠᠶᠢᠯᠠᠳᠬᠠᠭᠰᠠᠨ ᠳᠤᠷ ᠲᠡᠷᠡ ᠢᠨᠦ ᠲᠡᠳᠡᠨ ᠳᠦᠷ ᠡᠶᠢᠨ᠃ ᠪᠢ ᠪᠡᠷ ᠰᠠᠲ᠋ᠨᠠᠠ [ᠰᠠᠲᠠᠨᠠ] ᠶᠢᠨ ᠴᠠᠬᠢᠯᠭᠠᠨ ᠮᠡᠲᠦ ᠣᠭᠲᠠᠷᠭᠤᠢ ᠠᠴᠠ ᠤᠨᠠᠬᠤᠢ ᠶᠢ ᠦᠵᠡᠪᠡᠢ᠃ 19᠂ ᠮᠡᠨᠡ᠂ ᠪᠢ ᠪᠡᠷ ᠲᠠᠨ ᠳᠤᠷ ᠮᠣᠭᠠᠢ ᠨᠤᠭᠤᠳ ᠬᠢᠭᠡᠳ ᠬᠢᠯᠢᠨᠴᠡᠲᠦ ᠬᠣᠷᠣᠬᠠᠢ ᠨᠤᠭᠤᠳ ᠪᠠ᠂ ᠳᠠᠶᠢᠰᠤᠨ ᠤ ᠬᠠᠮᠤᠭ ᠬᠦᠴᠦᠨ ᠢ ᠭᠢᠱᠬᠢᠨ ᠳᠠᠷᠤᠬᠤᠢ ᠡᠷᠬᠡ ᠶᠢ ᠥᠭᠭᠦᠮᠦᠢ᠃ ᠲᠡᠶᠢᠮᠦ ᠶᠢᠨ ᠲᠤᠯᠠ ᠶᠠᠭᠤᠨ ᠴᠤ ᠲᠠᠨ ᠳᠤᠷ ᠬᠣᠣᠷ᠎ᠠ ᠶᠢ ᠦᠯᠦ ᠬᠦᠷᠭᠡᠬᠦ ᠪᠤᠢ᠃ 20᠂ ᠲᠡᠶᠢᠨ ᠪᠣᠯᠪᠠᠴᠤ ᠴᠢᠳᠬᠦᠳ ᠦᠨ ᠲᠠᠨᠤ ᠡᠷᠬᠡ ᠶᠢᠨ ᠳᠣᠣᠷ᠎ᠠ ᠣᠷᠣᠭᠤᠯᠤᠭᠳᠠᠭᠰᠠᠨ ᠤ ᠤᠴᠢᠷ᠎ᠠ ᠦᠯᠦ ᠪᠠᠶᠠᠰᠤᠨ᠂ ᠲᠠᠨᠤ ᠨᠡᠷᠡᠰ ᠦᠨ ᠣᠭᠲᠠᠷᠭᠤᠢ ᠳᠤᠷ ᠪᠢᠴᠢᠭᠳᠡᠭᠰᠡᠨ ᠦ ᠲᠤᠯᠠᠳᠠ ᠪᠠᠶᠠᠰᠤᠭᠲᠤᠨ᠃ ᠬᠡᠮᠡᠨ ᠵᠠᠷᠯᠢᠭ ᠪᠣᠯᠪᠠᠢ ᠅ 21᠂ ᠲᠡᠷᠡ ᠬᠦ ᠴᠠᠭ ᠲᠤᠷ ᠢᠢᠰᠦᠰ ᠢᠨᠦ ᠭᠡᠭᠡᠭᠡᠨ ᠳᠡᠭᠡᠨ ᠪᠠᠶᠠᠰᠤᠨ ᠡᠶᠢᠨ᠃ ᠠᠶ᠎ᠠ ᠡᠴᠢᠭᠡ᠂ ᠣᠭᠲᠠᠷᠭᠤᠢ ᠬᠢᠭᠡᠳ ᠳᠡᠯᠡᠬᠡᠢ ᠶᠢᠨ ᠡᠵᠡᠨ ᠡ᠂ ᠪᠢ ᠪᠡᠷ ᠴᠢᠮᠠᠶᠢ ᠮᠠᠭᠲᠠᠮᠤᠢ᠃ ᠲᠡᠷᠡ ᠶᠠᠭᠤᠨ ᠤ ᠲᠤᠯᠠ ᠬᠡᠮᠡᠪᠡᠰᠦ᠂ ᠴᠢ ᠪᠡᠷ ᠡᠳᠡ ᠶᠠᠭᠤᠮᠠᠳ ᠢ ᠰᠡᠴᠡᠨ ᠬᠢᠭᠡᠳ ᠬᠡᠲᠦᠷᠬᠡᠢ ᠪᠢᠯᠢᠭ ᠲᠡᠨ ᠡᠴᠡ ᠳᠠᠯᠳᠠᠯᠠᠨ᠂ ᠨᠢᠯᠬ᠎ᠠ ᠬᠡᠦᠬᠡᠳ ᠲᠦᠷ ᠢᠯᠡᠷᠬᠡᠶᠢᠯᠡᠭᠰᠡᠨ ᠪᠤᠢ᠃ ᠦᠨᠡᠬᠡᠷ ᠡᠴᠢᠭᠡ ᠡ᠂ ᠴᠢᠨᠦ ᠲᠠᠭᠠᠯᠠᠯ ᠠᠨᠤ ᠲᠡᠭᠦᠨᠴᠢᠨᠯᠡ [ᠲᠡᠭᠦᠨᠴᠢᠯᠡᠨ] ᠬᠦ ᠪᠣᠯᠤᠭᠰᠠᠨ ᠮᠥᠨ ᠅ 22᠂ ᠬᠠᠮᠤᠭ ᠪᠤᠢ ᠨᠤᠭᠤᠳ ᠠᠨᠤ ᠮᠢᠨᠦ ᠡᠴᠢᠭᠡ ᠡᠴᠡ ᠨᠠᠳᠤᠷ ᠥᠭᠳᠡᠭᠰᠡᠨ ᠮᠥᠨ᠃ ᠬᠥᠪᠡᠭᠦᠨ ᠢᠨᠦ ᠬᠡᠨ ᠪᠤᠢ ᠬᠡᠮᠡᠨ ᠡᠴᠢᠭᠡ ᠡᠴᠡ ᠥᠪᠡᠷ᠎ᠡ ᠬᠡᠨ ᠴᠤ ᠡᠰᠡ ᠮᠡᠳᠡᠮᠦᠢ᠃ ᠪᠠᠰᠠ ᠡᠴᠢᠭᠡ ᠢᠨᠦ ᠬᠡᠨ ᠪᠤᠢ ᠬᠡᠮᠡᠨ ᠬᠥᠪᠡᠭᠦᠨ ᠬᠢᠭᠡᠳ ᠬᠥᠪᠡᠭᠦᠨ ᠦ ᠬᠡᠨ ᠳᠦᠷ ᠡᠭᠦᠨ ᠢ ᠢᠯᠡᠳᠬᠡᠨ ᠦᠵᠡᠭᠦᠯᠬᠦᠶᠡ ᠲᠠᠭᠠᠯᠠᠬᠤ ᠠᠴᠠ ᠪᠤᠰᠤ ᠬᠡᠨ ᠴᠤ ᠡᠰᠡ ᠮᠡᠳᠡᠮᠦᠢ᠃ 23᠂ ᠬᠡᠮᠡᠨ ᠵᠠᠷᠯᠢᠭ ᠪᠣᠯᠤᠭᠠᠳ ᠱᠠᠪᠢᠨᠠᠷ ᠲᠠᠭᠠᠨ ᠡᠷᠭᠢᠨ᠂ ᠲᠡᠳᠡᠨ ᠳᠦᠷ ᠲᠤᠰᠠᠭᠠᠷ ᠡᠶᠢᠨ᠃ ᠲᠠᠨᠤ ᠶᠠᠭᠤᠨ ᠦᠵᠡᠭᠰᠡᠨ ᠢ ᠦᠵᠡᠭᠴᠢ ᠨᠢᠳᠦᠳ ᠢᠨᠦ ᠠᠮᠤᠭᠤᠯᠠᠩ ᠮᠥᠨ᠃ 24᠂ ᠲᠡᠷᠡ ᠶᠠᠭᠤᠨ ᠤ ᠲᠤᠯᠠ ᠬᠡᠮᠡᠪᠡᠰᠦ᠂ ᠣᠯᠠᠨ ᠹᠣᠷᠣᠹᠢᠳ ᠨᠠᠷ ᠬᠢᠭᠡᠳ ᠬᠠᠳ ᠠᠨᠤ ᠲᠠᠨᠤ ᠶᠠᠭᠤᠨ ᠦᠵᠡᠭᠰᠡᠨ ᠢ ᠦᠵᠡᠬᠦᠶ᠎ᠡ ᠬᠦᠰᠡᠭᠰᠡᠨ ᠪᠣᠯᠪᠠᠴᠤ ᠡᠰᠡ ᠦᠵᠡᠭᠡᠳ᠂ ᠲᠠᠨᠤ ᠶᠠᠭᠤᠨ ᠰᠣᠨᠣᠰᠤᠭᠰᠠᠨ ᠰᠣᠨᠣᠰᠬᠤᠶ᠎ᠠ ᠬᠦᠰᠡᠭᠰᠡᠨ ᠪᠣᠯᠪᠠᠴᠤ ᠡᠰᠡ ᠰᠣᠨᠣᠰᠤᠯᠤᠭᠠ᠃ ᠬᠡᠮᠡᠨ ᠵᠠᠷᠯᠢᠭ ᠪᠣᠯᠪᠠᠢ ᠅ 25᠂ ᠲᠡᠶᠢᠨ ᠪᠦᠬᠦᠶᠡ ᠮᠡᠨᠡ᠂ ᠨᠢᠭᠡ ᠨᠣᠮ ᠵᠢᠭᠠᠭᠴᠢ ᠠᠨᠤ ᠪᠣᠰᠤᠭᠠᠳ ᠲᠡᠭᠦᠨ ᠢ ᠰᠢᠨᠵᠢᠯᠡᠨ ᠡᠶᠢᠨ᠃ ᠪᠠᠭᠰᠢ ᠠ᠋᠂ ᠪᠢ ᠪᠡᠷ ᠶᠠᠭᠤᠨ ᠦᠢᠯᠡᠳᠦᠭᠰᠡᠨ ᠢᠶᠡᠷ ᠪᠠᠷᠠᠭᠳᠠᠰᠢ ᠦᠭᠡᠢ ᠠᠮᠢᠨ᠋ᠠ ᠣᠷᠣᠰᠢᠬᠤ ᠪᠤᠶᠤ᠃ 26᠂ ᠬᠡᠮᠡᠨ ᠠᠶᠢᠯᠠᠳᠬᠠᠭᠰᠠᠨ ᠳᠤᠷ ᠲᠡᠷᠡ ᠢᠨᠦ ᠲᠡᠭᠦᠨ ᠳᠦᠷ ᠵᠠᠷᠯᠢᠭ ᠪᠣᠯᠤᠷᠤᠨ᠃ ᠲᠣᠭᠲᠠᠭᠠᠯ ᠤᠨ ᠳᠣᠲᠣᠷ᠎ᠠ ᠶᠠᠭᠤᠨ ᠪᠢᠴᠢᠭᠳᠡᠭᠰᠡᠨ ᠪᠤᠶᠤ᠃ ᠴᠢ ᠪᠡᠷ ᠬᠡᠷ ᠤᠩᠰᠢᠮᠤᠶᠤ᠃ 27᠂ ᠲᠡᠷᠡ ᠢᠨᠦ ᠬᠠᠷᠢᠭᠤ ᠠᠶᠢᠯᠠᠳᠬᠠᠷᠤᠨ᠃ ᠥᠪᠡᠷ ᠦᠨ ᠡᠵᠡᠨ ᠪᠤᠷᠬᠠᠨ ᠢ ᠬᠠᠮᠤᠭ ᠵᠢᠷᠦᠬᠡᠨ ᠢᠶᠡᠷ ᠬᠢᠭᠡᠳ ᠬᠠᠮᠤᠭ ᠰᠦᠨᠡᠰᠦᠨ ᠢᠶᠡᠷ ᠪᠠ ᠬᠠᠮᠤᠭ ᠴᠢᠳᠠᠯ ᠢᠶᠠᠷ ᠢᠨᠠᠭᠯᠠᠨ᠂ ᠰᠢᠳᠠᠷ ᠠᠭᠴᠢ ᠶᠢ ᠥᠪᠡᠷ ᠦᠨ ᠪᠡᠶ᠎ᠡ ᠮᠡᠲᠦ ᠢᠨᠠᠭᠯᠠᠨ ᠦᠢᠯᠡᠳ᠃ 28᠂ ᠬᠡᠮᠡᠭᠰᠡᠨ ᠳᠦᠷ (ᠢᠢᠰᠦᠰ) ᠢᠨᠦ ᠲᠡᠭᠦᠨ ᠳᠦᠷ ᠡᠶᠢᠨ᠃ ᠴᠢᠨᠦ ᠬᠠᠷᠢᠭᠤ ᠥᠭᠦᠯᠡᠭᠰᠡᠨ ᠢᠨᠦ ᠵᠥᠪ᠃ ᠴᠢ ᠪᠡᠷ ᠲᠡᠭᠦᠨᠴᠢᠯᠡᠨ ᠦᠢᠯᠡᠳᠪᠡᠰᠦ ᠠᠮᠢᠨ᠋ᠠ ᠣᠷᠣᠰᠢᠬᠤ ᠪᠣᠯᠤᠶᠤ᠃ 29᠂ ᠬᠡᠮᠡᠨ ᠵᠠᠷᠯᠢᠭ ᠪᠣᠯᠤᠭᠰᠠᠨ ᠳᠤᠷ ᠲᠡᠷᠡ ᠢᠨᠦ ᠪᠡᠶ᠎ᠡ ᠪᠡᠨ ᠵᠥᠪ ᠲᠦ ᠪᠣᠯᠭᠠᠬᠤᠶ᠎ᠠ ᠳᠤᠷᠠᠰᠢᠨ᠂ ᠢᠢᠰᠦᠰ ᠲᠦᠷ ᠠᠶᠢᠯᠠᠳᠬᠠᠷᠤᠨ᠃ ᠮᠢᠨᠦ ᠰᠢᠳᠠᠷ ᠠᠭᠴᠢ ᠠᠨᠤ ᠬᠡᠨ ᠪᠤᠶᠤ᠃ 30᠂ ᠢᠢᠰᠦᠰ ᠢᠨᠦ ᠬᠠᠷᠢᠭᠤ ᠵᠠᠷᠯᠢᠭ ᠪᠣᠯᠤᠷᠤᠨ᠃ ᠨᠢᠭᠡ ᠬᠦᠮᠦᠨ ᠢᠨᠦ ᠶᠢᠷᠤᠰᠠᠯᠢᠮ ᠠᠴᠠ ᠶᠢᠷᠢᠺᠣ ᠳᠤᠷ ᠵᠣᠷᠴᠢᠨ ᠠᠲᠠᠯ᠎ᠠ ᠳᠡᠭᠡᠷᠮᠡᠴᠢᠳ ᠯᠦᠭᠡ ᠤᠴᠢᠷᠠᠯᠳᠤᠪᠠᠢ᠃ ᠲᠡᠳᠡ ᠢᠨᠦ ᠲᠡᠭᠦᠨ ᠦ ᠬᠤᠪᠴᠠᠳ ᠢ ᠠᠪᠴᠤ ᠰᠢᠷᠬᠠᠳᠠᠭᠤᠯᠤᠭᠠᠳ ᠠᠷᠠᠶᠢᠬᠠᠨ ᠠᠮᠢᠳᠤ ᠪᠠᠷ ᠣᠷᠬᠢᠨ ᠴᠢᠨᠠᠭᠰᠢ ᠣᠳᠪᠠᠢ᠃ 31᠂ ᠨᠢᠭᠡ ᠯᠠᠮᠠ ᠠᠨᠤ ᠲᠡᠷᠡ ᠬᠦ ᠵᠠᠮ ᠢᠶᠠᠷ ᠣᠳᠬᠤᠶᠠ ᠤᠴᠢᠷᠠᠵᠤ᠂ ᠲᠡᠭᠦᠨ ᠢ ᠦᠵᠡᠭᠡᠳ ᠪᠤᠰᠤ ᠵᠦᠭ ᠢᠶᠡᠷ ᠠᠯᠤᠰᠳᠠᠪᠠᠢ᠃ 32᠂ ᠵᠢᠴᠢ ᠲᠡᠷᠡ ᠮᠡᠲᠦ ᠪᠡᠷ ᠨᠢᠭᠡ ᠯᠢᠸᠢ ᠶᠢᠨ ᠠᠶᠢᠮᠠᠭ ᠤᠨ ᠬᠦᠮᠦᠨ ᠢᠨᠦ ᠲᠡᠨᠳᠡ ᠢᠷᠡᠵᠦ ᠦᠵᠡᠭᠡᠳ᠂ ᠪᠤᠰᠤ ᠵᠦᠭ ᠢᠶᠡᠷ ᠠᠯᠤᠰᠳᠠᠪᠠᠢ᠃ 33᠂ ᠬᠠᠷᠢᠨ ᠨᠢᠭᠡ ᠰᠠᠮᠠᠷᠢᠶ᠎ᠠ ᠶᠢᠨ ᠬᠦᠮᠦᠨ ᠢᠨᠦ ᠶᠠᠪᠤᠨ ᠠᠲᠠᠯ᠎ᠠ ᠲᠡᠨᠳᠡ ᠢᠷᠡᠭᠡᠳ᠂ ᠲᠡᠭᠦᠨ ᠢ ᠦᠵᠡᠨ ᠬᠠᠶᠢᠷᠠᠯᠠᠵᠤ᠃ 34᠂ ᠲᠡᠭᠦᠨ ᠦ ᠳᠡᠷᠭᠡᠳᠡ ᠬᠦᠷᠦᠨ᠂ ᠲᠡᠭᠦᠨ ᠦ ᠰᠢᠷᠬᠠᠳ ᠲᠤᠷ ᠲᠣᠰᠤᠨ ᠬᠢᠭᠡᠳ ᠦᠵᠦᠮ ᠦᠨ ᠤᠮᠳᠠᠭᠠᠨ ᠢ ᠲᠣᠰᠤᠭᠠᠨ᠂ (ᠰᠢᠷᠬᠠᠳ ᠢ) ᠣᠷᠢᠶᠠᠭᠠᠳ᠂ ᠥᠪᠡᠷ ᠦᠨ ᠬᠦᠯᠭᠡᠨ᠋ᠡ ᠮᠣᠷᠳᠤᠭᠤᠯᠵᠤ ᠪᠠᠭᠤᠷᠴᠢᠨ ᠤ ᠭᠡᠷ ᠲᠦᠷ ᠬᠦᠷᠭᠡᠭᠡᠳ᠂ ᠲᠡᠭᠦᠨ ᠢ ᠠᠰᠠᠷᠠᠨ ᠦᠢᠯᠡᠳᠪᠡᠢ᠃ 35᠂ ᠲᠡᠶᠢᠨ ᠪᠥᠭᠡᠳ ᠲᠡᠭᠦᠨ ᠦ ᠮᠠᠨᠠᠭᠠᠷ ᠲᠡᠷᠡ ᠢᠨᠦ ᠲᠡᠨᠳᠡᠴᠡ ᠣᠳᠬᠤᠢ ᠳᠠᠭᠠᠨ ᠬᠣᠶᠠᠷ ᠴᠡᠩᠯᠡ ᠮᠥᠩᠭᠦᠨ ᠢ ᠭᠠᠷᠭᠠᠵᠤ ᠭᠡᠷ ᠦᠨ ᠡᠵᠡᠨ ᠳᠦᠷ ᠥᠭᠭᠦᠭᠡᠳ ᠲᠡᠭᠦᠨ ᠳᠦᠷ ᠡᠶᠢᠨ ᠥᠭᠦᠯᠡᠷᠦᠨ᠃ ᠲᠡᠭᠦᠨ ᠢ ᠭᠠᠮᠨᠠᠨ ᠦᠢᠯᠡᠳ᠃ ᠬᠡᠷᠪᠡ ᠡᠭᠦᠨ ᠡᠴᠡ ᠦᠯᠡᠮᠵᠢ ᠭᠠᠷᠭᠠᠰᠢ ᠭᠠᠷᠬᠤ ᠪᠥᠭᠡᠰᠦ᠂ ᠪᠢ ᠪᠡᠷ ᠪᠤᠴᠠᠵᠤ ᠢᠷᠡᠬᠦ ᠳᠡᠭᠡᠨ ᠴᠢᠮᠠᠳᠤᠷ ᠲᠥᠯᠥᠰᠦ᠃ ᠬᠡᠮᠡᠨ ᠥᠭᠦᠯᠡᠪᠡᠢ᠃ 36᠂ ᠲᠡᠶᠢᠨ ᠬᠦ ᠡᠳᠡ ᠭᠤᠷᠪᠠᠨ ᠠᠴᠠ ᠳᠡᠭᠡᠷᠮᠡᠴᠢᠳ ᠦᠨ ᠭᠠᠷ ᠲᠤᠷ ᠲᠤᠰᠤᠭᠰᠠᠨ ᠬᠦᠮᠦᠨ ᠳᠦᠷ ᠠᠯᠢ ᠠᠨᠤ ᠰᠢᠳᠠᠷ ᠠᠭᠰᠠᠨ ᠬᠡᠮᠡᠨ ᠰᠡᠳᠬᠢᠮᠦᠶᠦ᠃ 37᠂ ᠬᠡᠮᠡᠨ ᠵᠠᠷᠯᠢᠭ ᠪᠣᠯᠤᠭᠰᠠᠨ ᠳᠤᠷ ᠲᠡᠷᠡ ᠢᠨᠦ ᠠᠶᠢᠯᠠᠳᠬᠠᠷᠤᠨ᠃ ᠲᠡᠭᠦᠨ ᠳᠦᠷ ᠠᠰᠠᠷᠠᠯ ᠢ ᠦᠵᠡᠭᠦᠯᠦᠭᠰᠡᠨ (ᠲᠡᠷᠡ) ᠢᠨᠦ (ᠰᠢᠳᠠᠷ ᠪᠣᠯᠠᠢ)᠃ ᠬᠡᠮᠡᠭᠰᠡᠨ ᠳᠦᠷ ᠢᠢᠰᠦᠰ ᠢᠨᠦ ᠲᠡᠭᠦᠨ ᠳᠦᠷ ᠵᠠᠷᠯᠢᠭ ᠪᠣᠯᠤᠷᠤᠨ᠃ ᠴᠢ ᠪᠡᠷ ᠣᠳᠤᠭᠠᠳ ᠲᠡᠭᠦᠨᠴᠢᠯᠡᠨ ᠦᠢᠯᠡᠳ ᠅ 38᠂ ᠲᠡᠨᠳᠡᠴᠡ ᠲᠡᠳᠡᠨ ᠦ ᠶᠠᠪᠤᠭᠰᠠᠨ ᠳᠤᠷ ᠲᠡᠷᠡ ᠢᠨᠦ ᠨᠢᠭᠡ ᠬᠣᠲᠠᠨ ᠳᠤᠷ ᠬᠦᠷᠪᠡᠢ᠃ ᠲᠡᠨᠳᠡ ᠮᠠᠷᠲ᠋ᠠ᠋ ᠨᠡᠷᠡᠲᠦ ᠨᠢᠭᠡᠨ ᠡᠮ᠎ᠡ ᠢᠨᠦ ᠲᠡᠭᠦᠨ ᠢ ᠭᠡᠷ ᠲᠡᠭᠡᠨ ᠤᠷᠢᠨ ᠵᠠᠯᠠᠪᠠᠢ᠃ 39᠂ ᠲᠡᠭᠦᠨ ᠳᠦᠷ ᠮᠠᠷᠢᠶ᠎ᠠ ᠨᠡᠷ᠎ᠡ ᠲᠦ ᠨᠢᠭᠡᠨ ᠥᠬᠢᠨ ᠳᠡᠭᠦᠦ ᠪᠥᠯᠦᠭᠡ᠃ ᠲᠡᠷᠡ ᠢᠨᠦ ᠢᠢᠰᠦᠰ ᠦᠨ ᠥᠯᠡᠮᠢ [ᠥᠯᠮᠡᠢ] ᠶᠢᠨ ᠳᠡᠷᠭᠡᠳᠡ ᠰᠠᠭᠤᠨ ᠲᠡᠭᠦᠨ ᠦ ᠵᠠᠷᠯᠢᠭ ᠢ ᠰᠣᠨᠣᠰᠤᠨ ᠠᠪᠠᠢ᠃ 40᠂ ᠬᠠᠷᠢᠨ ᠮᠠᠷᠲ᠋ᠠ᠋ ᠠᠨᠤ ᠵᠣᠴᠢᠯᠠᠯ ᠤᠨ ᠪᠡᠯᠡᠳᠬᠡᠯ ᠢ ᠵᠢᠳᠬᠦᠨ ᠦᠢᠯᠡᠳᠴᠦ᠂ ᠲᠡᠭᠦᠨ ᠳᠦᠷ ᠢᠷᠡᠭᠡᠳ ᠠᠶᠢᠯᠠᠳᠬᠠᠷᠤᠨ᠃ ᠡᠵᠡᠨ ᠡ᠂ ᠮᠢᠨᠦ ᠳᠡᠭᠦᠦ ᠶᠢᠨ ᠨᠠᠮᠠᠶᠢ ᠭᠠᠭᠴᠠᠭᠠᠷ ᠬᠥᠳᠦᠯᠦᠭᠦᠯᠦᠨ ᠠᠬᠤᠢ ᠶᠢ ᠴᠢ ᠪᠡᠷ ᠡᠰᠡ ᠠᠶᠢᠯᠠᠳᠤᠮᠤᠶᠤ᠃ ᠲᠡᠭᠦᠨ ᠦ ᠨᠠᠳᠤᠷ ᠲᠤᠰᠠᠯᠠᠬᠤᠢ ᠶᠢ ᠲᠡᠭᠦᠨ ᠳᠦᠷ ᠵᠠᠷᠯᠢᠭ ᠪᠣᠯᠤᠨ ᠰᠣᠶᠤᠷᠬ᠎ᠠ᠃ 41᠂ ᠬᠡᠮᠡᠨ ᠠᠶᠢᠯᠠᠳᠬᠠᠭᠰᠠᠨ ᠳᠤᠷ ᠢᠢᠰᠦᠰ ᠢᠨᠦ ᠬᠠᠷᠢᠭᠤ ᠵᠠᠷᠯᠢᠭ ᠪᠣᠯᠤᠷᠤᠨ᠃ ᠮᠠᠷᠲ᠋ᠠ᠋ ᠠ᠋᠂ ᠮᠠᠷᠲ᠋ᠠ᠋ ᠠ᠋᠂ ᠴᠢ ᠪᠡᠷ ᠣᠯᠠᠨ ᠤ ᠤᠴᠢᠷ᠎ᠠ ᠵᠣᠪᠠᠵᠤ ᠰᠠᠨᠠᠭᠠᠯᠵᠠᠨ ᠠᠮᠤᠢ᠃ 42᠂ ᠵᠦᠭᠡᠷ ᠭᠠᠭᠴᠠᠬᠠᠨ ᠠᠨᠤ ᠬᠡᠷᠡᠭ ᠲᠦ ᠪᠣᠯᠠᠢ᠃ ᠮᠠᠷᠢᠶ᠎ᠠ ᠬᠡᠮᠡᠪᠡᠰᠦ ᠲᠡᠭᠦᠨ ᠡᠴᠡ ᠦᠯᠦ ᠠᠪᠲᠠᠬᠤ ᠰᠠᠶᠢᠨ ᠬᠤᠪᠢ ᠶᠢ ᠰᠣᠩᠭᠣᠭᠰᠠᠨ ᠪᠤᠢ ᠅
Currently Selected:
ᠯᠦᠺᠡ 10: MB1840
Highlight
Share
Copy
Want to have your highlights saved across all your devices? Sign up or sign in
Digital edition of the Mongolian translation published in 1840 (the Old Testament) and 1846 (the New Testament) by Edward Stallybrass and William Swan. Created by Bayarjargal Garamtseren and Simon Wong. Digital edition © United Bible Societies, 2020.