ᠯᠦᠺᠡ 9
9
ᠶᠢᠰᠦᠳᠦᠭᠡᠷ ᠪᠦᠯᠦᠭ᠂
1᠂ ᠲᠡᠨᠳᠡᠴᠡ ᠲᠡᠷᠡ ᠢᠨᠦ ᠠᠷᠪᠠᠨ ᠬᠣᠶᠠᠷ (ᠱᠠᠪᠢ ᠶᠢ) ᠳᠡᠷᠭᠡᠳᠡ ᠪᠡᠨ ᠢᠷᠡᠭᠦᠯᠦᠭᠡᠳ᠂ ᠬᠠᠮᠤᠭ ᠴᠢᠳᠬᠦᠳ ᠢ ᠳᠠᠷᠤᠬᠤᠢ ᠬᠢᠭᠡᠳ ᠡᠪᠡᠳᠴᠢᠨ ᠦᠳ ᠢ ᠡᠳᠡᠭᠡᠭᠡᠬᠦᠢ ᠬᠦᠴᠦᠨ ᠬᠢᠭᠡᠳ ᠡᠷᠬᠡ ᠶᠢ ᠲᠡᠳᠡᠨ ᠳᠦᠷ ᠥᠭᠪᠡᠢ᠃ 2᠂ ᠪᠠᠰᠠ ᠲᠡᠷᠡ ᠢᠨᠦ ᠪᠤᠷᠬᠠᠨ ᠤ ᠡᠵᠡᠯᠡᠭᠦᠷᠢᠨ ᠢ ᠳᠡᠯᠭᠡᠷᠡᠭᠦᠯᠦᠨ ᠮᠡᠳᠡᠭᠦᠯᠬᠦ ᠶᠢᠨ ᠲᠤᠯᠠ ᠬᠢᠭᠡᠳ ᠡᠪᠡᠳᠴᠢᠲᠡᠨ ᠢ ᠡᠳᠡᠭᠡᠭᠡᠬᠦᠶᠢᠨ ᠲᠤᠯᠠ ᠲᠡᠳᠡᠨ ᠢ ᠢᠯᠡᠭᠡᠪᠡᠢ᠃ 3᠂ ᠲᠡᠶᠢᠨ ᠬᠦ ᠲᠡᠷᠡ ᠢᠨᠦ ᠲᠡᠳᠡᠨ ᠳᠦᠷ ᠡᠶᠢᠨ ᠵᠠᠷᠯᠢᠭ ᠪᠣᠯᠤᠷᠤᠨ᠃ ᠵᠠᠮ ᠲᠠᠭᠠᠨ ᠶᠠᠭᠤᠬᠠᠨ ᠢ ᠴᠤ ᠦᠯᠦ ᠠᠪᠤᠨ᠂ ᠲᠠᠶᠠᠭ ᠬᠢᠭᠡᠳ ᠤᠭᠤᠲᠠ ᠪᠠ᠂ ᠪᠣᠭᠤᠷᠰᠤᠭ ᠬᠢᠭᠡᠳ ᠮᠣᠩᠭ᠍ᠭᠦᠨ [ᠮᠥᠩᠭᠦᠨ] ᠪᠠ᠂ ᠬᠣᠶᠠᠷ ᠬᠤᠪᠴᠠᠰᠤᠨ ᠢ (ᠦᠯᠦ ᠠᠪᠤᠨ)᠃ 4᠂ ᠶᠠᠮᠪᠠᠷ ᠴᠤ ᠭᠡᠷ ᠲᠦᠷ ᠣᠷᠣᠬᠤ ᠪᠥᠭᠡᠰᠦ᠂ ᠴᠢᠨᠠᠭᠰᠢ ᠭᠠᠷᠲᠠᠯ᠎ᠠ ᠲᠡᠨᠳᠡ ᠪᠠᠶᠢᠭᠲᠤᠨ᠂ 5᠂ ᠵᠢᠴᠢ ᠠᠯᠢ ᠬᠡᠨ ᠲᠠᠨ ᠢ ᠦᠯᠦ ᠲᠣᠭᠲᠠᠭᠠᠨ ᠠᠪᠬᠤ ᠪᠥᠭᠡᠰᠦ᠂ ᠲᠡᠷᠡ ᠮᠡᠲᠦ ᠪᠠᠯᠭᠠᠰᠤᠨ ᠠᠴᠠ ᠭᠠᠷᠬᠤᠢ ᠳᠠᠭᠠᠨ᠂ ᠲᠡᠳᠡᠨ ᠦ ᠲᠤᠰ ᠭᠡᠷᠡᠴᠢ ᠪᠣᠯᠬᠤ ᠶᠢᠨ ᠲᠤᠯᠠ ᠲᠠᠨᠤ ᠬᠥᠯ ᠳᠦᠷ ᠬᠠᠯᠳᠠᠭᠰᠠᠨ ᠲᠣᠭᠣᠰᠤᠨ ᠢ ᠰᠡᠭᠴᠦᠷᠦᠭᠲᠦᠨ᠃ 6᠂ ᠬᠡᠮᠡᠨ ᠵᠠᠷᠯᠢᠭ ᠪᠣᠯᠤᠭᠰᠠᠨ ᠳᠤᠷ ᠲᠡᠳᠡ ᠢᠨᠦ ᠣᠳᠤᠭᠠᠳ᠂ ᠬᠣᠲᠠᠳ ᠢ ᠠᠯᠤᠰᠳᠠᠨ ᠬᠠᠮᠢᠭ᠎ᠠ ᠴᠤ ᠰᠠᠶᠢᠨ ᠰᠣᠨᠣᠰᠬᠠᠯ ᠢ ᠳᠡᠯᠭᠡᠷᠡᠭᠦᠯᠦᠨ ᠡᠪᠡᠳᠴᠢᠨ ᠦᠳ ᠢ ᠡᠳᠡᠭᠡᠭᠡᠨ ᠦᠢᠯᠡᠳᠪᠡᠢ ᠅ 7᠂ ᠲᠡᠶᠢᠨ ᠬᠦ ᠾᠢᠷᠣᠳ᠋ ᠠᠬᠠᠯᠠᠭᠴᠢ ᠠᠨᠤ ᠲᠡᠭᠦᠨ ᠦ ᠬᠠᠮᠤᠭ ᠦᠢᠯᠡᠳᠦᠭᠰᠡᠨ ᠦ ᠤᠴᠢᠷ᠎ᠠ ᠰᠣᠨᠣᠰᠤᠭᠠᠳ ᠰᠡᠵᠢᠭᠯᠡᠪᠡᠢ᠃ ᠲᠡᠷᠡ ᠶᠠᠭᠤᠨ ᠤ ᠲᠤᠯᠠ ᠬᠡᠮᠡᠪᠡᠰᠦ᠂ ᠵᠠᠷᠢᠮ ᠤᠳ ᠠᠨᠤ ᠢᠣᠸᠠᠨ ᠠᠨᠤ ᠦᠬᠦᠭᠰᠡᠳ ᠡᠴᠡ ᠠᠮᠢᠳᠤᠷᠠᠭᠰᠠᠨ ᠪᠤᠢ ᠬᠡᠮᠡᠨ᠃ 8᠂ ᠪᠤᠰᠤ ᠵᠠᠷᠢᠮ ᠤᠳ ᠠᠨᠤ ᠢᠯᠢᠶ᠎ᠠ ᠠᠨᠤ ᠢᠯᠡᠷᠬᠡᠶᠢᠯᠡᠭᠳᠡᠭᠰᠡᠨ ᠪᠤᠢ ᠬᠡᠮᠡᠨ᠃ ᠪᠤᠰᠤᠳ ᠴᠤ ᠡᠷᠲᠡᠨ ᠦ ᠴᠠᠭ ᠤᠨ ᠹᠣᠷᠣᠹᠢᠳ ᠨᠠᠷ ᠠᠴᠠ ᠨᠢᠭᠡᠨ ᠢᠨᠦ ᠪᠣᠰᠤᠭᠰᠠᠨ ᠪᠤᠢ᠂ ᠬᠡᠮᠡᠨ ᠥᠭᠦᠯᠡᠯᠳᠦᠪᠡᠢ᠃ 9᠂ ᠾᠢᠷᠣᠳ᠋ ᠠᠨᠤ ᠡᠶᠢᠨ᠃ ᠪᠢ ᠪᠡᠷ ᠢᠣᠸᠠᠨ ᠤ ᠲᠣᠯᠤᠭᠠᠢ ᠶᠢ ᠣᠭᠲᠤᠯᠤᠭᠤᠯᠪᠠᠢ᠃ ᠵᠦᠭᠡᠷ ᠮᠢᠨᠦ ᠰᠣᠨᠣᠰᠤᠭᠰᠠᠨ ᠢᠶᠠᠷ ᠡᠨᠡ ᠮᠡᠲᠦᠰ ᠢ ᠦᠢᠯᠡᠳᠦᠭᠴᠢ ᠢᠨᠦ ᠬᠡᠨ ᠪᠤᠶᠤ᠂ ᠬᠡᠮᠡᠨ ᠥᠭᠦᠯᠡᠭᠡᠳ ᠢᠢᠰᠦᠰ ᠢ ᠦᠵᠡᠬᠦᠶ᠎ᠡ ᠬᠦᠰᠡᠪᠡᠢ ᠅ 10᠂ ᠲᠡᠨᠳᠡᠴᠡ ᠠᠹᠣᠰᠲ᠋ᠣᠯ ᠤᠳ ᠠᠨᠤ ᠪᠤᠴᠠᠭᠠᠳ᠂ ᠶᠠᠭᠤᠨ ᠦᠢᠯᠡᠳᠦᠭᠰᠡᠨ ᠢᠶᠡᠨ ᠲᠡᠭᠦᠨ ᠳᠦᠷ ᠠᠶᠢᠯᠠᠳᠬᠠᠪᠠᠢ᠃ ᠲᠡᠷᠡ ᠢᠨᠦ ᠲᠡᠳᠡᠨ ᠢ ᠳᠠᠭᠠᠭᠤᠯᠤᠨ ᠪᠢᠳᠰᠠᠶᠢᠳᠠ᠋ ᠬᠡᠮᠡᠭᠴᠢ ᠪᠠᠯᠭᠠᠰᠤᠨ ᠤᠨ ᠨᠢᠭᠡᠨ ᠡᠵᠡᠨ ᠦᠭᠡᠢ ᠭᠠᠵᠠᠷ᠎ᠠ ᠳᠠᠯᠳᠠᠯᠠᠨ ᠣᠳᠪᠠᠢ᠃ 11᠂ ᠲᠡᠶᠢᠨ ᠪᠥᠭᠡᠳ ᠣᠯᠠᠨ ᠤᠯᠤᠰ ᠠᠨᠤ ᠮᠡᠳᠡᠭᠡᠳ ᠲᠡᠭᠦᠨ ᠢ ᠳᠠᠭᠠᠪᠠᠢ᠃ ᠲᠡᠷᠡ ᠢᠨᠦ ᠲᠡᠳᠡᠨ ᠢ ᠲᠠᠭᠠᠯᠠᠨ ᠠᠪᠤᠭᠠᠳ ᠪᠤᠷᠬᠠᠨ ᠤ ᠡᠵᠡᠯᠡᠭᠦᠷᠢᠨ ᠦ ᠤᠴᠢᠷ᠎ᠠ ᠲᠡᠳᠡᠨ ᠳᠦᠷ ᠵᠠᠷᠯᠢᠭ ᠪᠣᠯᠤᠨ᠂ ᠡᠪᠡᠳᠴᠢᠨ ᠡᠴᠡ ᠡᠳᠡᠭᠡᠭᠡᠭᠳᠡᠬᠦᠢ ᠶᠢ ᠬᠡᠷᠡᠭᠯᠡᠭᠰᠡᠳ ᠢ ᠡᠳᠡᠭᠡᠭᠡᠪᠡᠢ᠃ 12᠂ ᠡᠳᠦᠷ ᠦᠨ ᠬᠡᠯᠪᠡᠶᠢᠭᠰᠡᠨ ᠳᠦᠷ ᠠᠷᠪᠠᠨ ᠬᠣᠶᠠᠷ ᠠᠨᠤ ᠢᠷᠡᠭᠡᠳ ᠲᠡᠭᠦᠨ ᠳᠦᠷ ᠠᠶᠢᠯᠠᠳᠬᠠᠷᠤᠨ᠃ ᠴᠢᠭᠤᠯᠤᠭᠰᠠᠨ ᠤᠯᠤᠰ ᠤᠨ ᠬᠣᠨᠣᠬᠤᠢ ᠬᠢᠭᠡᠳ ᠲᠡᠵᠢᠭᠡᠯ ᠢ ᠣᠯᠬᠤ ᠶᠢᠨ ᠲᠤᠯᠠ ᠲᠣᠭᠤᠷᠢᠨ ᠠᠭᠴᠢ ᠬᠣᠲᠠᠳ ᠬᠢᠭᠡᠳ ᠣᠷᠴᠢᠨ ᠭᠠᠵᠠᠷ᠎ᠠ ᠣᠳᠬᠤᠶᠠ ᠲᠠᠯᠪᠢᠨ ᠰᠣᠶᠤᠷᠬ᠎ᠠ᠃ ᠲᠡᠷᠡ ᠶᠠᠭᠤᠨ ᠤ ᠲᠤᠯᠠ ᠬᠡᠮᠡᠪᠡᠰᠦ᠂ ᠪᠢᠳᠡ ᠡᠨᠳᠡ ᠡᠵᠡᠨ ᠦᠭᠡᠢ ᠭᠠᠵᠠᠷ᠎ᠠ ᠠᠮᠤᠢ᠃ 13᠂ ᠬᠡᠮᠡᠨ ᠠᠶᠢᠯᠠᠳᠬᠠᠭᠰᠠᠨ ᠳᠤᠷ ᠲᠡᠷᠡ ᠢᠨᠦ ᠲᠡᠳᠡᠨ ᠳᠦᠷ ᠡᠶᠢᠨ᠃ ᠲᠡᠳᠡᠨ ᠳᠦᠷ ᠢᠳᠡᠭᠡᠨ ᠢ ᠥᠭᠭᠦᠭᠲᠦᠨ᠃ ᠬᠡᠮᠡᠨ ᠵᠠᠷᠯᠢᠭ ᠪᠣᠯᠤᠭᠰᠠᠨ ᠳᠤᠷ ᠲᠡᠳᠡ ᠢᠨᠦ ᠡᠶᠢᠨ᠃ ᠪᠢᠳᠡᠨ ᠳᠦᠷ ᠲᠠᠪᠤᠨ ᠪᠣᠭᠤᠷᠰᠤᠭ ᠬᠢᠭᠡᠳ ᠬᠣᠶᠠᠷ ᠵᠢᠭᠠᠰᠤᠨ ᠠᠴᠠ ᠥᠪᠡᠷ᠎ᠡ ᠶᠠᠭᠤᠬᠠᠨ ᠴᠤ ᠦᠭᠡᠢ᠃ ᠡᠰᠡᠪᠡᠰᠦ ᠪᠢᠳᠡ ᠪᠡᠷ ᠣᠳᠤᠭᠠᠳ ᠡᠨᠡ ᠤᠯᠤᠰ ᠪᠦᠬᠦᠨ ᠦ ᠲᠤᠯᠠ ᠲᠡᠵᠢᠭᠡᠯ ᠢ ᠬᠤᠳᠠᠯᠳᠤᠵᠤ ᠠᠪᠬᠤ ᠪᠤᠶᠤ᠃ ᠬᠡᠮᠡᠨ ᠠᠶᠢᠯᠠᠳᠬᠠᠪᠠᠢ᠃ 14᠂ ᠲᠡᠳᠡ ᠬᠡᠮᠡᠪᠡᠰᠦ ᠲᠠᠪᠤᠨ ᠮᠢᠩᠭᠠᠨ ᠤ ᠲᠡᠳᠦᠢ ᠡᠷᠡᠰ ᠪᠥᠯᠦᠭᠡ᠃ ᠲᠡᠷᠡ ᠢᠨᠦ ᠱᠠᠪᠢᠨᠠᠷ ᠲᠠᠭᠠᠨ ᠡᠶᠢᠨ᠃ ᠲᠡᠳᠡᠨ ᠢ ᠲᠠᠪᠢᠭᠠᠳ ᠲᠠᠪᠢᠭᠠᠳ ᠢᠶᠠᠷ ᠰᠠᠭᠤᠯᠭᠠᠭᠲᠤᠨ᠃ 15᠂ ᠬᠡᠮᠡᠨ ᠵᠠᠷᠯᠢᠭ ᠪᠣᠯᠤᠭᠰᠠᠨ ᠢᠶᠠᠷ ᠲᠡᠳᠡ ᠢᠨᠦ ᠲᠡᠳᠡᠨ ᠢ ᠰᠠᠭᠤᠯᠭᠠᠪᠠᠢ᠃ 16᠂ ᠲᠡᠷᠡ ᠢᠨᠦ ᠲᠠᠪᠤᠨ ᠪᠣᠭᠤᠷᠰᠤᠭ ᠬᠢᠭᠡᠳ ᠬᠣᠶᠠᠷ ᠵᠢᠭᠠᠰᠤᠨ ᠢ ᠠᠪᠤᠭᠠᠳ᠂ ᠣᠭᠲᠠᠷᠭᠤᠢ ᠶᠢᠨ ᠲᠡᠰᠢ ᠰᠢᠷᠲᠡᠵᠦ ᠲᠡᠳᠡᠨ ᠢ ᠠᠳᠢᠰᠯᠠᠭᠰᠠᠨ ᠤ ᠬᠣᠶᠢᠨᠠ ᠬᠤᠭᠤᠯᠤᠭᠠᠳ᠂ ᠲᠡᠷᠡ ᠣᠯᠠᠨ ᠤᠯᠤᠰ ᠤᠨ ᠡᠮᠦᠨ᠎ᠡ ᠲᠠᠯᠪᠢᠬᠤ ᠢᠨ ᠲᠤᠯᠠ ᠥᠭᠪᠡᠢ᠃ 17᠂ ᠲᠡᠶᠢᠨ ᠪᠡᠷ ᠲᠡᠳᠡ ᠪᠦᠭᠦᠳᠡᠭᠡᠷ ᠢᠳᠡᠭᠡᠳ ᠴᠠᠳᠪᠠᠢ᠃ ᠪᠠᠰᠠ ᠠᠷᠪᠠᠨ ᠬᠣᠶᠠᠷ ᠰᠡᠪᠦᠭ ᠰᠠᠪᠠ ᠶᠢᠨ ᠲᠡᠳᠦᠢ ᠦᠯᠳᠡᠭᠰᠡᠨ ᠴᠥᠪᠦᠳᠡᠯ ᠢᠨᠦ ᠬᠤᠷᠢᠶᠠᠭᠳᠠᠪᠠᠢ ᠅ 18᠂ ᠨᠢᠭᠡ ᠴᠠᠭ ᠲᠤᠷ ᠲᠡᠷᠡ ᠢᠨᠦ ᠱᠠᠪᠢᠨᠠᠷ ᠯᠤᠭ᠎ᠠ ᠳᠠᠯᠳᠠᠯᠠᠨ ᠵᠠᠯᠪᠠᠷᠢᠬᠤᠢ ᠳᠠᠭᠠᠨ ᠲᠡᠳᠡᠨ ᠡᠴᠡ ᠠᠰᠠᠭᠤᠷᠤᠨ᠃ ᠤᠯᠤᠰ ᠠᠨᠤ ᠨᠠᠮᠠᠶᠢ ᠬᠡᠨ ᠬᠡᠮᠡᠨ ᠲᠣᠭᠠᠳᠠᠭ ᠪᠤᠶᠤ᠃ 19᠂ ᠲᠡᠳᠡ ᠢᠨᠦ ᠬᠠᠷᠢᠭᠤ ᠥᠭᠦᠯᠡᠨ ᠡᠶᠢᠨ᠃ (ᠵᠠᠷᠢᠮ ᠤᠳ ᠠᠨᠤ) ᠪᠠᠹᠲ᠋ᠢᠰᠯᠠᠭᠴᠢ ᠢᠣᠸᠠᠨ ᠬᠡᠮᠡᠨ᠂ ᠪᠤᠰᠤᠳ ᠠᠨᠤ ᠢᠯᠢᠶ᠎ᠠ ᠬᠡᠮᠡᠨ᠂ ᠪᠤᠰᠤᠳ ᠠᠨᠤ ᠡᠷᠲᠡᠨ ᠦ ᠴᠠᠭ ᠤᠨ ᠹᠣᠷᠣᠹᠢᠳ ᠨᠠᠷ ᠠᠴᠠ ᠨᠢᠭᠡ ᠪᠣᠰᠤᠭᠰᠠᠨ ᠪᠤᠢ᠂ ᠬᠡᠮᠡᠨ (ᠥᠭᠦᠯᠡᠯᠴᠡᠳᠡᠭ)᠃ 20᠂ ᠬᠡᠮᠡᠨ ᠠᠶᠢᠯᠠᠳᠬᠠᠭᠰᠠᠨ ᠳᠤᠷ ᠲᠡᠷᠡ ᠢᠨᠦ ᠲᠡᠳᠡᠨ ᠳᠦᠷ ᠵᠠᠷᠯᠢᠭ ᠪᠣᠯᠤᠷᠤᠨ᠃ ᠬᠠᠷᠢᠨ ᠲᠠ ᠪᠡᠷ ᠨᠠᠮᠠᠶᠢ ᠬᠡᠨ ᠬᠡᠮᠡᠨ ᠥᠭᠦᠯᠡᠳᠡᠭ ᠪᠤᠶᠤ᠃ ᠹᠢᠲ᠋ᠢᠷ ᠠᠨᠤ ᠬᠠᠷᠢᠭᠤ ᠡᠶᠢᠨ᠃ ᠪᠢ ᠪᠡᠷ ᠪᠤᠷᠬᠠᠨ ᠤ ᠬᠡᠷᠢᠰᠲ᠋ᠣᠰ ᠮᠥᠨ᠃ 21᠂ ᠬᠡᠮᠡᠨ ᠠᠶᠢᠯᠠᠳᠬᠠᠭᠰᠠᠨ ᠳᠤᠷ ᠲᠡᠷᠡ ᠢᠨᠦ ᠲᠡᠳᠡᠨ ᠢ ᠴᠢᠩᠭᠠᠯᠠᠨ ᠬᠣᠷᠢᠵᠤ᠂ ᠡᠭᠦᠨ ᠢ ᠬᠡᠨ ᠳᠦᠷ ᠴᠤ ᠪᠦᠦ ᠥᠭᠦᠯᠡᠭᠲᠦᠨ ᠬᠡᠮᠡᠨ ᠵᠠᠷᠯᠢᠭ ᠪᠣᠯᠤᠭᠠᠳ᠂ ᠪᠠᠰᠠ ᠡᠶᠢᠨ᠃ 22᠂ ᠬᠦᠮᠦᠨ ᠲᠥᠷᠥᠯᠬᠢᠲᠦ ᠢᠨᠦ ᠶᠡᠬᠡ ᠵᠣᠪᠠᠯᠠᠩ ᠢ ᠲᠡᠰᠦᠨ᠂ ᠥᠲᠦᠭᠦᠰ ᠤᠯᠤᠰ ᠬᠢᠭᠡᠳ ᠲᠡᠷᠢᠭᠦᠨ ᠯᠠᠮᠠᠨᠠᠷ ᠪᠠ ᠨᠣᠮ ᠵᠢᠭᠠᠭᠴᠢᠨᠠᠷ ᠲᠤᠷ ᠣᠭᠤᠷᠤᠭᠳᠠᠨ ᠦᠬᠦᠭᠦᠯᠦᠭᠳᠡᠭᠡᠳ᠂ ᠭᠤᠷᠪᠠᠳᠤᠭᠠᠷ ᠡᠳᠦᠷ᠎ᠡ ᠠᠮᠢᠳᠤᠷᠠᠬᠤ ᠪᠣᠯᠤᠶᠤ᠃ 23᠂ ᠲᠡᠨᠳᠡ ᠲᠡᠷᠡ ᠢᠨᠦ ᠪᠦᠭᠦᠳᠡᠭᠡᠷ ᠲᠦᠷ ᠡᠶᠢᠨ ᠵᠠᠷᠯᠢᠭ ᠪᠣᠯᠤᠷᠤᠨ᠃ ᠠᠯᠢ ᠬᠡᠨ ᠨᠠᠮᠠᠶᠢ ᠳᠠᠭᠠᠬᠤᠶᠠ ᠳᠤᠷᠠᠰᠢᠬᠤ ᠪᠥᠭᠡᠰᠦ ᠡᠯ᠎ᠡ᠂ ᠪᠡᠶ᠎ᠡ ᠪᠡᠨ ᠬᠡᠷᠡᠭ ᠦᠭᠡᠢ ᠪᠣᠯᠭᠠᠨ ᠵᠠᠭᠤᠯᠮᠠᠶᠢᠯᠵᠢ ᠪᠠᠨ ᠡᠳᠦᠷ ᠪᠦᠷᠢ ᠳᠡ ᠦᠭᠦᠷᠦᠨ ᠨᠠᠮᠠᠶᠢ ᠳᠠᠭᠠᠬᠤ ᠪᠣᠯᠲᠤᠭᠠᠢ᠃ 24᠂ ᠲᠡᠷᠡ ᠶᠠᠭᠤᠨ ᠤ ᠲᠤᠯᠠ ᠬᠡᠮᠡᠪᠡᠰᠦ᠂ ᠠᠯᠢ ᠬᠡᠨ ᠠᠮᠢᠨ ᠢᠶᠠᠨ ᠠᠪᠤᠷᠬᠤᠶᠠ ᠬᠦᠰᠡᠪᠡᠰᠦ᠂ ᠲᠡᠭᠦᠨ ᠢ ᠭᠡᠭᠡᠬᠦ ᠪᠥᠭᠡᠳ᠂ ᠠᠯᠢ ᠬᠡᠨ ᠠᠮᠢᠨ ᠢᠶᠠᠨ ᠮᠢᠨᠦ ᠲᠤᠯᠠᠳᠠ ᠭᠡᠭᠡᠬᠦ ᠪᠥᠭᠡᠰᠦ᠂ ᠲᠡᠭᠦᠨ ᠢ ᠠᠪᠤᠷᠠᠬᠤ ᠪᠣᠯᠤᠶᠤ᠃ 25᠂ ᠪᠠᠰᠠ ᠬᠡᠷᠪᠡ ᠬᠦᠮᠦᠨ ᠢᠨᠦ ᠪᠦᠬᠦᠯᠢ ᠶᠢᠷᠲᠢᠨᠴᠦ ᠶᠢ ᠣᠯᠵᠠᠯᠠᠬᠤ ᠪᠣᠯᠪᠠᠴᠤ᠂ ᠥᠪᠡᠷ ᠢᠶᠡᠨ ᠡᠪᠳᠡᠷᠡᠯ ᠳᠦᠷ ᠬᠦᠷᠬᠦ᠂ ᠡᠰᠡᠪᠡᠰᠦ ᠭᠡᠭᠡᠭᠳᠡᠷᠡᠬᠦ ᠪᠥᠭᠡᠰᠦ ᠡᠯ᠎ᠡ᠂ ᠶᠠᠮᠪᠠᠷ ᠲᠤᠰᠠ ᠪᠣᠯᠬᠤ ᠪᠤᠶᠤ᠃ 26᠂ ᠵᠢᠴᠢ ᠠᠯᠢ ᠬᠡᠨ ᠨᠠᠳᠠ ᠠᠴᠠ ᠬᠢᠭᠡᠳ ᠮᠢᠨᠦ ᠵᠠᠷᠯᠢᠭ ᠠᠴᠠ ᠢᠴᠢᠬᠦ ᠪᠥᠭᠡᠰᠦ ᠡᠯ᠎ᠡ᠂ ᠬᠦᠮᠦᠨ ᠲᠥᠷᠥᠯᠬᠢᠲᠦ ᠢᠨᠦ ᠥᠪᠡᠷ ᠦᠨ ᠬᠢᠭᠡᠳ ᠡᠴᠢᠭᠡ ᠶᠦᠭᠡᠨ ᠪᠠ ᠠᠷᠢᠭᠤᠨ ᠠᠩᠭᠢᠯ ᠤᠳ ᠤᠨ ᠴᠣᠭ ᠵᠢᠪᠬᠤᠯᠠᠩ ᠲᠤ ᠪᠠᠷ ᠥᠭᠡᠳᠡ ᠪᠣᠯᠬᠤᠢ ᠳᠠᠭᠠᠨ ᠲᠡᠭᠦᠨ ᠡᠴᠡ ᠴᠤ ᠢᠴᠢᠬᠦ ᠪᠣᠯᠤᠶᠤ᠃ 27᠂ ᠡᠨᠳᠡ ᠵᠣᠭᠰᠤᠭᠴᠢᠳ ᠠᠴᠠ ᠵᠠᠷᠢᠮ ᠤᠳ ᠠᠨᠤ ᠪᠤᠷᠬᠠᠨ ᠤ ᠡᠵᠡᠯᠡᠭᠦᠷᠢᠨ ᠢ ᠦᠵᠡᠬᠦ ᠡᠴᠡ ᠤᠷᠢᠳᠠ ᠦᠬᠦᠯ ᠢ ᠦᠯᠦ ᠠᠮᠰᠠᠬᠤ ᠪᠣᠯᠤᠶᠤ᠂ ᠬᠡᠮᠡᠨ ᠪᠢ ᠲᠠᠨ ᠳᠤᠷ ᠦᠨᠡᠬᠡᠷ ᠥᠭᠦᠯᠡᠮᠦᠢ ᠅ 28᠂ ᠬᠡᠮᠡᠨ ᠵᠠᠷᠯᠢᠭ ᠪᠣᠯᠤᠭᠰᠠᠨ ᠤ ᠬᠣᠶᠢᠨᠠ ᠲᠡᠷᠡ ᠢᠨᠦ ᠨᠠᠶᠢᠮᠠᠨ ᠬᠣᠨᠣᠭ ᠢ ᠥᠩᠭᠡᠷᠡᠭᠦᠯᠦᠭᠡᠳ᠂ ᠹᠢᠲ᠋ᠢᠷ ᠬᠢᠭᠡᠳ ᠢᠣᠸᠠᠨ ᠪᠠ ᠶᠠᠺᠣᠪ ᠢ ᠳᠠᠭᠠᠭᠤᠯᠤᠨ᠂ ᠨᠢᠭᠡᠨ ᠠᠭᠤᠯᠠᠨ ᠤ ᠳᠡᠭᠡᠷ᠎ᠡ ᠵᠠᠯᠪᠠᠷᠢᠷᠠ ᠥᠭᠡᠳᠡ ᠪᠣᠯᠪᠠᠢ᠃ 29᠂ ᠲᠡᠶᠢᠨ ᠪᠥᠭᠡᠳ ᠵᠠᠯᠪᠠᠷᠢᠨ ᠠᠬᠤᠶ᠎ᠠ ᠲᠡᠭᠦᠨ ᠦ ᠴᠢᠷᠠᠢ ᠶᠢᠨ ᠪᠠᠶᠢᠳᠠᠯ ᠠᠨᠤ ᠬᠤᠪᠢᠯᠤᠭᠰᠠᠨ ᠪᠥᠭᠡᠳ᠂ ᠲᠡᠭᠦᠨ ᠦ ᠬᠤᠪᠴᠠᠰᠤ ᠠᠨᠤ ᠴᠠᠭᠠᠨ ᠬᠢᠭᠡᠳ ᠭᠢᠯᠪᠡᠯᠭᠡᠨ ᠪᠣᠯᠪᠠᠢ᠃ 30᠂ ᠲᠡᠶᠢᠨ ᠪᠥᠭᠡᠳ ᠮᠡᠨᠡ᠂ ᠬᠣᠶᠠᠷ ᠬᠦᠮᠦᠨ ᠬᠡᠮᠡᠪᠡᠰᠦ᠂ ᠮᠣᠰᠢ ᠬᠢᠭᠡᠳ ᠢᠯᠢᠶ᠎ᠠ ᠠᠨᠤ ᠲᠡᠭᠦᠨ ᠯᠦᠭᠡ ᠬᠡᠯᠡᠯᠴᠡᠪᠡᠢ᠃ 31᠂ ᠲᠡᠳᠡ ᠢᠨᠦ ᠴᠣᠭ ᠵᠢᠪᠬᠤᠯᠠᠩ ᠲᠤ ᠪᠠᠷ ᠦᠵᠡᠭᠳᠡᠨ᠂ ᠲᠡᠭᠦᠨ ᠦ ᠶᠢᠷᠤᠰᠠᠯᠢᠮ ᠳᠤᠷ ᠲᠡᠰᠡᠬᠦᠢ ᠦᠬᠦᠯ ᠦᠨ ᠤᠴᠢᠷ᠎ᠠ ᠥᠭᠦᠯᠡᠯᠳᠦᠨ ᠠᠪᠠᠢ᠃ 32᠂ ᠹᠢᠲ᠋ᠢᠷ ᠬᠢᠭᠡᠳ ᠲᠡᠭᠦᠨ ᠯᠦᠭᠡ ᠠᠭᠴᠢᠳ ᠠᠨᠤ ᠨᠣᠶᠢᠷ ᠲᠤᠷ ᠳᠠᠷᠤᠭᠳᠠᠪᠠᠢ᠃ ᠵᠦᠭᠡᠷ ᠲᠡᠳᠡ ᠢᠨᠦ ᠰᠡᠷᠢᠭᠡᠳ ᠲᠡᠭᠦᠨ ᠦ ᠴᠣᠭ ᠵᠢᠪᠬᠤᠯᠠᠩ ᠬᠢᠭᠡᠳ ᠲᠡᠭᠦᠨ ᠯᠦᠭᠡ ᠠᠭᠴᠢ ᠬᠣᠶᠠᠷ ᠬᠦᠮᠦᠨ ᠢ ᠦᠵᠡᠪᠡᠢ᠃ 33᠂ ᠲᠡᠶᠢᠨ ᠬᠦ ᠲᠡᠳᠡᠨ ᠦ ᠢᠢᠰᠦᠰ ᠡᠴᠡ ᠬᠠᠭᠠᠴᠠᠬᠤᠢ ᠳᠤᠷ ᠹᠢᠲ᠋ᠢᠷ ᠠᠨᠤ ᠶᠠᠭᠤᠨ ᠠᠶᠢᠯᠠᠳᠬᠠᠭᠰᠠᠨ ᠢ ᠡᠰᠡ ᠮᠡᠳᠡᠵᠦ ᠲᠡᠭᠦᠨ ᠳᠦᠷ ᠡᠶᠢᠨ᠃ ᠪᠠᠭᠰᠢ ᠠ᠋᠂ ᠪᠢᠳᠡᠨ ᠦ ᠡᠨᠳᠡ ᠠᠬᠤᠢ ᠠᠨᠤ ᠰᠠᠶᠢᠨ ᠪᠤᠢ᠃ ᠲᠡᠶᠢᠨ ᠬᠦ ᠭᠤᠷᠪᠠᠨ ᠴᠠᠴᠠᠷ ᠬᠡᠮᠡᠪᠡᠰᠦ᠂ ᠴᠢᠮᠠᠳᠤᠷ ᠨᠢᠭᠡᠨ ᠬᠢᠭᠡᠳ ᠮᠣᠰᠢ ᠳᠤᠷ ᠨᠢᠭᠡᠨ ᠪᠠ ᠢᠯᠢᠶ᠎ᠠ ᠳᠤᠷ ᠨᠢᠭᠡᠨ ᠢ ᠦᠢᠯᠡᠳᠦᠶ᠎ᠡ᠃ 34᠂ ᠬᠡᠮᠡᠨ ᠠᠶᠢᠯᠠᠳᠬᠠᠨ ᠠᠲᠠᠯ᠎ᠠ ᠨᠢᠭᠡᠨ ᠡᠭᠦᠯᠡ ᠢᠨᠦ ᠬᠦᠷᠦᠭᠡᠳ ᠲᠡᠳᠡᠨ ᠢ ᠪᠦᠷᠬᠦᠭᠡᠪᠡᠢ᠃ ᠲᠡᠳᠡ ᠢᠨᠦ ᠡᠭᠦᠯᠡᠨ ᠦ ᠳᠣᠣᠷ᠎ᠠ ᠣᠷᠣᠭᠰᠠᠨ ᠳᠠᠭᠠᠨ ᠠᠶᠤᠪᠠᠢ᠃ 35᠂ ᠵᠢᠴᠢ ᠲᠡᠷᠡ ᠬᠦ ᠡᠭᠦᠯᠡᠨ ᠡᠴᠡ ᠨᠢᠭᠡ ᠳᠠᠭᠤᠨ ᠠᠨᠤ ᠡᠶᠢᠨ᠃ ᠡᠨᠡ ᠢᠨᠦ ᠮᠢᠨᠦ ᠡᠩᠬᠦᠷᠡ ᠬᠥᠪᠡᠭᠦᠨ ᠮᠥᠨ᠃ ᠲᠡᠭᠦᠨ ᠢ ᠰᠣᠨᠣᠰᠤᠭᠲᠤᠨ᠂ ᠬᠡᠮᠡᠨ ᠵᠠᠷᠯᠢᠭ ᠪᠣᠯᠪᠠᠢ᠃ 36᠂ ᠲᠡᠷᠡ ᠬᠦ ᠳᠠᠭᠤᠨ ᠤ ᠰᠣᠨᠣᠰᠳᠠᠬᠤᠢ ᠳᠤᠷ ᠢᠢᠰᠦᠰ ᠢᠨᠦ ᠭᠠᠭᠴᠠᠭᠠᠷ ᠪᠠᠶᠢᠯᠤᠭ᠎ᠠ᠃ ᠲᠡᠶᠢᠨ ᠪᠥᠭᠡᠳ ᠲᠡᠳᠡ ᠢᠨᠦ ᠡᠭᠦᠨ ᠢ ᠨᠢᠭᠤᠨ᠂ ᠲᠡᠷᠡ ᠴᠠᠬ᠎ᠠ ᠦᠵᠡᠭᠰᠡᠨ ᠢᠶᠡᠨ ᠬᠡᠨ ᠳᠦᠷ ᠴᠤ ᠡᠰᠡ ᠥᠭᠦᠯᠡᠪᠡᠢ ᠅ 37᠂ ᠲᠡᠷᠡ ᠡᠳᠦᠷ ᠦᠨ ᠮᠠᠨᠠᠭᠠᠷ ᠲᠡᠳᠡᠨ ᠦ ᠠᠭᠤᠯᠠᠨ ᠠᠴᠠ ᠪᠠᠭᠤᠭᠰᠠᠨ ᠳᠤᠷ ᠣᠯᠠᠨ ᠤᠯᠤᠰ ᠠᠨᠤ ᠲᠡᠭᠦᠨ ᠢ ᠤᠭᠲᠤᠪᠠᠢ᠃ 38᠂ ᠲᠡᠶᠢᠨ ᠬᠦ ᠮᠡᠨᠡ᠂ ᠲᠡᠷᠡ ᠤᠯᠤᠰ ᠠᠴᠠ ᠨᠢᠭᠡ ᠬᠦᠮᠦᠨ ᠢᠨᠦ ᠳᠠᠭᠤᠳᠠᠨ ᠠᠶᠢᠯᠠᠳᠬᠠᠷᠤᠨ᠃ ᠪᠠᠭᠰᠢ ᠠ᠋᠂ ᠮᠢᠨᠦ ᠬᠥᠪᠡᠭᠦᠨ ᠢ ᠥᠷᠦᠰᠢᠶᠡᠨ ᠰᠣᠶᠤᠷᠬ᠎ᠠ᠃ ᠲᠡᠷᠡ ᠶᠠᠭᠤᠨ ᠤ ᠲᠤᠯᠠ ᠬᠡᠮᠡᠪᠡᠰᠦ᠂ ᠲᠡᠷᠡ ᠢᠨᠦ ᠮᠢᠨᠦ ᠭᠠᠭᠴᠠ ᠬᠥᠪᠡᠭᠦᠨ ᠪᠤᠢ᠃ 39᠂ ᠮᠡᠨᠡ᠂ ᠨᠢᠭᠡ ᠴᠢᠳᠬᠦᠷ ᠢᠨᠦ ᠲᠡᠭᠦᠨ ᠢ ᠪᠠᠷᠢᠳᠠᠭ ᠪᠥᠭᠡᠳ᠂ ᠲᠡᠷᠡ ᠢᠨᠦ ᠭᠡᠨᠡᠳᠲᠡ ᠪᠠᠷᠬᠢᠷᠠᠨ᠂ ᠢᠨᠠᠭᠰᠢ ᠴᠢᠨᠠᠭᠰᠢ ᠲᠠᠲᠠᠯᠠᠭᠳᠠᠭᠠᠳ ᠬᠥᠭᠡᠰᠦᠨ ᠢ ᠴᠤᠪᠤᠷᠢᠭᠤᠯᠤᠳᠠᠭ᠃ ᠲᠡᠶᠢᠨ ᠪᠡᠷ (ᠴᠢᠳᠬᠦᠷ) ᠢᠨᠦ ᠲᠡᠭᠦᠨ ᠢ ᠳᠠᠷᠤᠨ ᠠᠷᠠᠶᠢᠬᠠ [ᠠᠷᠠᠶᠢᠬᠠᠨ] ᠲᠡᠭᠦᠨ ᠡᠴᠡ ᠬᠠᠭᠠᠴᠠᠳᠠᠭ᠃ 40᠂ ᠲᠡᠶᠢᠨ ᠪᠦᠬᠦᠶᠡ ᠪᠢ ᠪᠡᠷ ᠲᠡᠭᠦᠨ ᠢ ᠵᠠᠶᠢᠯᠠᠭᠤᠯᠲᠤᠭᠠᠢ ᠬᠡᠮᠡᠨ᠂ ᠴᠢᠨᠦ ᠱᠠᠪᠢᠨᠠᠷ ᠠᠴᠠ ᠭᠤᠶᠤᠭᠰᠠᠨ ᠪᠣᠯᠪᠠᠴᠤ᠂ ᠲᠡᠳᠡ ᠢᠨᠦ ᠡᠰᠡ ᠴᠢᠳᠠᠪᠠᠢ᠃ 41᠂ ᠬᠡᠮᠡᠨ ᠠᠶᠢᠯᠠᠳᠬᠠᠭᠰᠠᠨ ᠳᠤᠷ ᠢᠢᠰᠦᠰ ᠢᠨᠦ ᠡᠶᠢᠨ᠃ ᠠᠶ᠎ᠠ ᠢᠲᠡᠭᠡᠯ ᠦᠭᠡᠢ ᠬᠢᠭᠡᠳ ᠬᠠᠵᠠᠭᠠᠢ ᠲᠥᠷᠥᠯ ᠡ᠂ ᠪᠢ ᠪᠡᠷ ᠬᠡᠵᠢᠶ᠎ᠡ ᠪᠣᠯᠲᠠᠯ᠎ᠠ ᠲᠠᠨ ᠯᠤᠭ᠎ᠠ ᠪᠠᠶᠢᠴᠠᠨ᠂ ᠲᠠᠨ ᠢ ᠬᠦᠯᠢᠴᠡᠬᠦ ᠪᠤᠶᠤ᠃ ᠬᠥᠪᠡᠭᠦᠨ ᠢᠶᠡᠨ ᠢᠨᠠᠭᠰᠢ ᠠᠴᠠᠷᠠᠲᠤᠭᠠᠢ᠃ 42᠂ ᠬᠡᠮᠡᠨ ᠵᠠᠷᠯᠢᠭ ᠪᠣᠯᠤᠭᠰᠠᠨ ᠳᠤᠷ ᠲᠡᠭᠦᠨ ᠦ ᠢᠷᠡᠬᠦᠢ ᠳᠦᠷ ᠴᠢᠳᠬᠦᠷ ᠢᠨᠦ ᠲᠡᠭᠦᠨ ᠢ ᠴᠢᠷᠡᠨ ᠭᠠᠵᠠᠷ ᠲᠤᠷ ᠬᠠᠶᠠᠨ ᠦᠢᠯᠡᠳᠪᠡᠢ᠃ ᠲᠡᠶᠢᠨ ᠪᠥᠭᠡᠳ ᠢᠢᠰᠦᠰ ᠢᠨᠦ ᠪᠤᠵᠠᠷ ᠴᠢᠳᠬᠦᠷ ᠢ ᠵᠢᠮᠡᠯᠡᠨ ᠬᠥᠪᠡᠭᠦᠨ ᠢ ᠡᠳᠡᠭᠡᠭᠡᠵᠦ ᠲᠡᠭᠦᠨ ᠦ ᠡᠴᠢᠭᠡ ᠳᠦᠷ ᠥᠭᠪᠡᠢ᠃ 43᠂ ᠲᠡᠳᠡ ᠪᠦᠭᠦᠳᠡᠭᠡᠷ ᠪᠤᠷᠬᠠᠨ ᠤ ᠶᠡᠬᠡ ᠠᠤᠭ᠎ᠠ ᠬᠦᠴᠦᠨ ᠢ ᠦᠵᠡᠭᠡᠳ ᠭᠠᠶᠢᠬᠠᠯᠴᠠᠪᠠᠢ᠃ ᠲᠡᠳᠡ ᠪᠦᠭᠦᠳᠡᠭᠡᠷ ᠦᠨ ᠢᠢᠰᠦᠰ ᠦᠨ ᠬᠠᠮᠤᠭ ᠦᠢᠯᠡᠳᠦᠭᠰᠡᠨ ᠦ ᠤᠴᠢᠷ᠎ᠠ ᠭᠠᠶᠢᠬᠠᠨ ᠠᠲᠠᠯ᠎ᠠ᠃ ᠲᠡᠷᠡ ᠢᠨᠦ ᠱᠠᠪᠢᠨᠠᠷ ᠲᠠᠭᠠᠨ ᠡᠶᠢᠨ᠃ 44᠂ ᠡᠳᠡ ᠦᠭᠡᠰ ᠢ ᠴᠢᠩᠨᠠᠨ ᠰᠣᠨᠣᠰᠤᠭᠲᠤᠨ ᠬᠡᠮᠡᠪᠡᠰᠦ᠂ ᠬᠦᠮᠦᠨ ᠲᠥᠷᠥᠯᠬᠢᠲᠦ ᠢᠨᠦ ᠬᠦᠮᠦᠨ ᠨᠦᠭᠦᠳ ᠦᠨ ᠭᠠᠷ ᠲᠤᠷ ᠲᠤᠰᠢᠶᠠᠭᠳᠠᠨ ᠥᠭᠳᠡᠬᠦ ᠪᠣᠯᠤᠶᠤ᠃ 45᠂ ᠬᠡᠮᠡᠨ ᠵᠠᠷᠯᠢᠭ ᠪᠣᠯᠤᠭᠰᠠᠨ ᠪᠣᠯᠪᠠᠴᠤ᠂ ᠡᠨᠡ ᠦᠭᠡ ᠶᠢᠨ ᠲᠡᠳᠡᠨ ᠡᠴᠡ ᠨᠢᠭᠤᠭᠳᠠᠭᠰᠠᠨ ᠤ ᠲᠤᠯᠠ ᠲᠡᠳᠡ ᠢᠨᠦ ᠡᠭᠦᠨ ᠢ ᠡᠰᠡ ᠤᠬᠠᠵᠤ᠂ ᠤᠳᠬ᠎ᠠ ᠶᠢ ᠡᠰᠡ ᠮᠡᠳᠡᠪᠡᠢ᠃ ᠵᠢᠴᠢ ᠲᠡᠳᠡ ᠢᠨᠦ ᠲᠡᠭᠦᠨ ᠡᠴᠡ ᠲᠡᠷᠡ ᠬᠦ ᠦᠭᠡ ᠶᠢᠨ ᠤᠴᠢᠷ᠎ᠠ ᠠᠰᠠᠭᠤᠬᠤᠢ ᠠᠴᠠ ᠠᠶᠤᠪᠠᠢ ᠅ 46᠂ ᠲᠡᠷᠡ ᠴᠠᠭ ᠲᠤᠷ ᠲᠡᠳᠡ ᠢᠨᠦ ᠪᠢᠳᠡᠨ ᠡᠴᠡ ᠬᠡᠨ ᠶᠡᠬᠡ ᠪᠣᠯᠬᠤ ᠪᠤᠶᠤ᠂ ᠬᠡᠮᠡᠨ ᠥᠪᠡᠷ ᠵᠠᠭᠤᠷ᠎ᠠ ᠪᠠᠨ ᠪᠤᠯᠢᠶᠠᠯᠳᠤᠯᠤᠭᠠ᠃ 47᠂ ᠵᠦᠭᠡᠷ ᠢᠢᠰᠦᠰ ᠢᠨᠦ ᠲᠡᠳᠡᠨ ᠦ ᠵᠢᠷᠦᠬᠡᠨ ᠦ ᠪᠤᠯᠢᠶᠠᠯᠳᠤᠯ ᠢ ᠠᠶᠢᠯᠠᠳᠴᠤ᠂ ᠨᠢᠭᠡ ᠬᠡᠦᠬᠡᠨ ᠢ ᠠᠪᠤᠭᠠᠳ ᠪᠡᠶ᠎ᠡ ᠶᠢᠨ ᠳᠡᠷᠭᠡᠳᠡ ᠪᠠᠶᠢᠯᠭ᠎ᠠ ᠲᠡᠳᠡᠨ ᠳᠦᠷ ᠡᠶᠢᠨ᠃ 48᠂ ᠠᠯᠢ ᠬᠡᠨ ᠡᠨᠡ ᠬᠦ ᠬᠡᠦᠬᠡᠨ ᠢ ᠮᠢᠨᠦ ᠨᠡᠷ᠎ᠡ ᠪᠡᠷ ᠲᠣᠭᠲᠠᠭᠠᠨ ᠠᠪᠤᠭᠴᠢ ᠠᠨᠤ ᠨᠠᠮᠠᠶᠢ ᠲᠣᠭᠲᠠᠭᠠᠨ ᠠᠪᠤᠮᠤᠢ᠃ ᠪᠠᠰᠠ ᠠᠯᠢ ᠬᠡᠨ ᠨᠠᠮᠠᠶᠢ ᠲᠣᠭᠲᠠᠭᠠᠨ ᠠᠪᠤᠭᠴᠢ ᠠᠨᠤ ᠨᠠᠮᠠᠶᠢ ᠢᠯᠡᠭᠡᠭᠴᠢ ᠶᠢ ᠴᠤ ᠲᠣᠭᠲᠠᠭᠠᠨ ᠠᠪᠤᠮᠤᠢ᠃ ᠲᠡᠷᠡ ᠶᠠᠭᠤᠨ ᠤ ᠲᠤᠯᠠ ᠬᠡᠮᠡᠪᠡᠰᠦ᠂ ᠲᠠ ᠪᠦᠭᠦᠳᠡᠭᠡᠷ ᠦᠨ ᠳᠣᠲᠣᠷ᠎ᠠ ᠠᠯᠢ ᠬᠡᠨ ᠪᠠᠭ᠎ᠠ ᠠᠭᠴᠢ ᠠᠨᠤ ᠶᠡᠬᠡ ᠪᠣᠯᠬᠤ ᠪᠤᠢ᠂ ᠬᠡᠮᠡᠨ ᠵᠠᠷᠯᠢᠭ ᠪᠣᠯᠪᠠᠢ᠃ 49᠂ ᠲᠡᠨᠳᠡᠴᠡ ᠢᠣᠸᠠᠨ ᠠᠨᠤ ᠠᠶᠢᠯᠠᠳᠬᠠᠷᠤᠨ᠃ ᠪᠠᠭᠰᠢ ᠠ᠋᠂ ᠪᠢᠳᠡᠨ ᠪᠡᠷ ᠴᠢᠨᠦ ᠨᠡᠷ᠎ᠡ ᠪᠡᠷ ᠴᠢᠳᠬᠦᠳ ᠢ ᠵᠠᠶᠢᠯᠠᠭᠤᠯᠤᠭᠴᠢ ᠨᠢᠭᠡᠨ ᠢ ᠦᠵᠡᠭᠡᠳ᠂ ᠲᠡᠭᠦᠨ ᠦ ᠪᠢᠳᠡᠨ ᠯᠤᠭ᠎ᠠ ᠡᠰᠡ ᠳᠠᠭᠠᠯᠴᠠᠳᠠᠭ ᠤᠨ ᠲᠤᠯᠠ᠂ ᠲᠡᠭᠦᠨ ᠢ ᠬᠣᠷᠢᠪᠠᠢ᠃ 50᠂ ᠬᠡᠮᠡᠨ ᠠᠶᠢᠯᠠᠳᠬᠠᠭᠰᠠᠨ ᠳᠤᠷ ᠢᠢᠰᠦᠰ ᠢᠨᠦ ᠬᠠᠷᠢᠭᠤ ᠡᠶᠢᠨ᠃ ᠪᠦᠦ ᠬᠣᠷᠢᠭᠲᠤᠨ᠃ ᠲᠡᠷᠡ ᠶᠠᠭᠤᠨ ᠤ ᠲᠤᠯᠠ ᠬᠡᠮᠡᠪᠡᠰᠦ᠂ ᠠᠯᠢ ᠬᠡᠨ ᠪᠢᠳᠡᠨ ᠦ ᠲᠤᠰ ᠪᠤᠰᠤ ᠠᠭᠴᠢ ᠠᠨᠤ ᠪᠢᠳᠡᠨ ᠦ ᠲᠤᠯᠠ ᠮᠥᠨ᠃ ᠬᠡᠮᠡᠨ ᠵᠠᠷᠯᠢᠭ ᠪᠣᠯᠪᠠᠢ ᠅ 51᠂ ᠲᠡᠶᠢᠨ ᠪᠥᠭᠡᠳ ᠲᠡᠭᠦᠨ ᠦ ᠥᠭᠡᠳᠡ ᠪᠣᠯᠬᠠᠤᠢ ᠴᠠᠭ ᠤᠨ ᠣᠶᠢᠷᠠᠲᠠᠬᠤᠢ ᠳᠤᠷ ᠲᠡᠷᠡ ᠢᠨᠦ ᠶᠢᠷᠤᠰᠠᠯᠢᠮ ᠤᠨ ᠲᠡᠰᠢ ᠵᠣᠷᠢᠮᠠᠭᠠᠢ ᠪᠠᠷ ᠵᠣᠷᠴᠢᠨ᠃ 52᠂ ᠪᠡᠶ᠎ᠡ ᠶᠢᠨ ᠤᠷᠢᠳᠠ ᠡᠯᠴᠢᠰ ᠢ ᠢᠯᠡᠭᠡᠪᠡᠢ᠃ ᠲᠡᠳᠡ ᠢᠨᠦ ᠰᠠᠮᠠᠷᠢᠶ᠎ᠠ ᠲᠠᠨ ᠤ ᠨᠢᠭᠡᠨ ᠬᠣᠲᠠᠨ ᠳᠤᠷ ᠲᠡᠭᠦᠨ ᠦ ᠲᠤᠯᠠ ᠪᠡᠯᠡᠳᠬᠦᠶᠡ ᠣᠷᠣᠪᠠᠢ᠃ 53᠂ ᠵᠦᠭᠡᠷ ᠲᠡᠳᠡ ᠢᠨᠦ ᠲᠡᠭᠦᠨ ᠢ ᠡᠰᠡ ᠣᠷᠣᠭᠤᠯᠪᠠᠢ᠃ ᠲᠡᠷᠡ ᠶᠠᠭᠤᠨ ᠤ ᠲᠤᠯᠠ ᠬᠡᠮᠡᠪᠡᠰᠦ᠂ ᠲᠡᠷᠡ ᠢᠨᠦ ᠶᠢᠷᠤᠰᠠᠯᠢᠮ ᠤᠨ ᠵᠦᠭ ᠲᠦᠷ ᠵᠣᠷᠴᠢᠪᠠᠢ᠃ 54᠂ ᠲᠡᠭᠦᠨ ᠦ ᠶᠠᠺᠣᠪ ᠬᠢᠭᠡᠳ ᠢᠣᠸᠠᠨ ᠬᠣᠶᠠᠷ ᠱᠠᠪᠢ ᠠᠨᠤ ᠡᠭᠦᠨ ᠢ ᠦᠵᠡᠭᠡᠳ ᠡᠶᠢᠨ ᠠᠶᠢᠯᠠᠳᠬᠠᠷᠤᠨ᠃ ᠪᠠᠭᠰᠢ ᠠ᠋᠂ ᠢᠯᠢᠶ᠎ᠠ ᠶᠢᠨ ᠦᠢᠯᠡᠳᠦᠭᠰᠡᠨ ᠮᠡᠲᠦ ᠪᠡᠷ ᠪᠢᠳᠡᠨ ᠦ ᠲᠡᠳᠡᠨ ᠢ ᠲᠦᠯᠡᠬᠦ ᠶᠢᠨ ᠲᠤᠯᠠ ᠣᠭᠲᠠᠷᠭᠤᠢ ᠠᠴᠠ ᠭᠠᠯ ᠢ ᠪᠠᠭᠤᠯᠭᠠᠬᠤᠢ ᠶᠢ ᠴᠢ ᠪᠡᠷ ᠳᠤᠷᠠᠰᠢᠮᠤᠶᠤ᠃ 55᠂ ᠬᠡᠮᠡᠨ ᠠᠶᠢᠯᠠᠳᠬᠠᠭᠰᠠᠨ ᠳᠤᠷ ᠲᠡᠷᠡ ᠢᠨᠦ ᠡᠷᠭᠢᠨ᠂ ᠲᠡᠳᠡᠨ ᠢ ᠵᠢᠮᠡᠯᠡᠨ ᠡᠶᠢᠨ᠃ ᠲᠠ ᠪᠡᠷ ᠶᠠᠮᠪᠠᠷ ᠣᠷᠣᠨ ᠤ ᠬᠤᠪᠢᠲᠠᠨ ᠠᠬᠤᠢ ᠪᠠᠨ ᠡᠰᠡ ᠮᠡᠳᠡᠮᠦᠢ ᠬᠡᠮᠡᠪᠡᠰᠦ᠂ 56᠂ ᠬᠦᠮᠦᠨ ᠲᠥᠷᠥᠯᠬᠢᠲᠦ ᠢᠨᠦ ᠬᠦᠮᠦᠨ ᠨᠦᠭᠦᠳ ᠦᠨ ᠠᠮᠢᠨ ᠢ ᠲᠠᠰᠤᠯᠬᠤ ᠶᠢᠨ ᠲᠤᠯᠠ ᠪᠤᠰᠤ᠂ ᠬᠠᠷᠢᠨ ᠲᠣᠨᠢᠯᠭᠠᠬᠤ ᠶᠢᠨ ᠲᠤᠯᠠ ᠢᠷᠡᠭᠰᠡᠨ ᠪᠤᠢ᠃ ᠬᠡᠮᠡᠨ ᠵᠠᠷᠯᠢᠭ ᠪᠣᠯᠤᠭᠰᠠᠨ ᠳᠤᠷ ᠲᠡᠳᠡ ᠢᠨᠦ ᠪᠤᠰᠤ ᠨᠢᠭᠡᠨ ᠬᠣᠲᠠᠨ ᠳᠤᠷ ᠣᠷᠣᠪᠠᠢ᠃ 57᠂ ᠲᠡᠶᠢᠨ ᠪᠥᠭᠡᠳ ᠲᠡᠳᠡᠨ ᠦ ᠵᠠᠮ ᠢᠶᠠᠷ ᠶᠠᠪᠤᠬᠤᠢ ᠳᠤᠷ ᠨᠢᠭᠡᠨ ᠬᠦᠮᠦᠨ ᠢᠨᠦ ᠲᠡᠭᠦᠨ ᠳᠦᠷ ᠠᠶᠢᠯᠠᠳᠬᠠᠷᠤᠨ᠃ ᠡᠵᠡᠨ ᠡ᠂ ᠪᠢ ᠪᠡᠷ ᠴᠢᠨᠦ ᠬᠠᠮᠢᠭ᠎ᠠ ᠴᠤ ᠣᠳᠬᠤᠢ ᠳᠤᠷ ᠴᠢᠮᠠᠶᠢ ᠳᠠᠭᠠᠰᠤ᠃ 58᠂ ᠬᠡᠮᠡᠨ ᠵᠠᠷᠯᠢᠭ ᠠᠶᠢᠯᠠᠳᠬᠠᠭᠰᠠᠨ ᠳᠤᠷ ᠢᠢᠰᠦᠰ ᠢᠨᠦ ᠲᠡᠭᠦᠨ ᠳᠤᠷ ᠵᠠᠷᠯᠢᠭ ᠪᠣᠯᠤᠷᠤᠨ᠂ ᠦᠨᠡᠭᠡᠳ ᠲᠦᠷ ᠨᠦᠬᠡᠳ ᠪᠤᠢ ᠪᠥᠭᠡᠳ᠂ ᠣᠭᠲᠠᠷᠭᠤᠢ ᠪᠠᠷ ᠨᠢᠰᠦᠭᠴᠢ ᠰᠢᠪᠠᠭᠤᠳ ᠲᠤᠷ ᠡᠭᠦᠷ ᠦᠳ ᠪᠤᠢ ᠪᠣᠯᠪᠠᠴᠤ᠂ ᠬᠦᠮᠦᠨ ᠲᠥᠷᠥᠯᠬᠢᠲᠦ ᠳᠦᠷ ᠲᠡᠷᠢᠭᠦᠨ ᠢᠶᠡᠨ ᠬᠡᠪᠲᠭᠦᠯᠬᠦᠢ [ᠬᠡᠪᠲᠡᠭᠦᠯᠬᠦ] ᠵᠠᠢ ᠦᠭᠡᠢ ᠪᠣᠯᠠᠢ᠃ 59᠂ ᠪᠠᠰᠠ ᠲᠡᠷᠡ ᠢᠨᠦ ᠪᠤᠰᠤ ᠨᠢᠭᠡᠨ ᠳᠦᠷ ᠡᠶᠢᠨ᠃ ᠨᠠᠮᠠᠶᠢ ᠳᠠᠭᠠᠨ ᠦᠢᠯᠡᠳ᠃ ᠬᠡᠮᠡᠨ ᠵᠠᠷᠯᠢᠭ ᠪᠣᠯᠤᠭᠰᠠᠨ ᠳᠤᠷ ᠲᠡᠷᠡ ᠢᠨᠦ ᠡᠶᠢᠨ᠃ ᠡᠵᠡᠨ ᠡ᠂ ᠤᠷᠢᠳᠠ ᠪᠠᠷ ᠮᠢᠨᠦ ᠡᠴᠢᠭᠡ ᠶᠢᠨ ᠬᠡᠭᠦᠷ ᠢ ᠪᠤᠯᠠᠬᠤ ᠶᠢᠨ ᠲᠤᠯᠠ ᠨᠠᠮᠠᠶᠢ ᠲᠠᠯᠪᠢᠨ ᠰᠣᠶᠤᠷᠬ᠎ᠠ᠃ 60᠂ ᠬᠡᠮᠡᠨ ᠠᠶᠢᠯᠠᠳᠬᠠᠭᠰᠠᠨ ᠳᠤᠷ ᠢᠢᠰᠦᠰ ᠢᠨᠦ ᠲᠡᠭᠦᠨ ᠳᠦᠷ ᠵᠠᠷᠯᠢᠭ ᠪᠣᠯᠤᠷᠤᠨ᠃ ᠦᠬᠦᠭᠰᠡᠳ ᠢᠨᠦ ᠦᠬᠦᠭᠰᠡᠳ ᠢᠶᠡᠨ ᠪᠤᠯᠠᠬᠤ ᠪᠣᠯᠲᠤᠭᠠᠢ᠃ ᠬᠠᠷᠢᠨ ᠴᠢ ᠪᠡᠷ ᠣᠳᠤᠭᠠᠳ ᠪᠤᠷᠬᠠᠨ ᠤ ᠡᠵᠡᠯᠡᠭᠦᠷᠢᠨ ᠢ ᠳᠡᠯᠭᠡᠷᠡᠭᠦᠯᠦᠨ ᠦᠢᠯᠡᠳ᠃ 61᠂ ᠪᠠᠰᠠ ᠪᠤᠰᠤ ᠨᠢᠭᠡᠨ ᠢᠨᠦ ᠠᠶᠢᠯᠠᠳᠬᠠᠷᠤᠨ᠃ ᠡᠵᠡᠨ ᠡ᠂ ᠪᠢ ᠪᠡᠷ ᠴᠢᠮᠠᠶᠢ ᠳᠠᠭᠠᠰᠤ᠃ ᠵᠦᠭᠡᠷ ᠤᠷᠢᠳᠠ ᠪᠠᠷ ᠮᠢᠨᠦ ᠭᠡᠷᠲᠡᠬᠢ ᠯᠦᠭᠡ ᠠᠭᠤᠯᠵᠠᠨ ᠮᠡᠩᠳᠦᠴᠢᠯᠡᠬᠦ ᠶᠢᠨ ᠲᠤᠯᠠ ᠨᠠᠮᠠᠶᠢ ᠲᠠᠯᠪᠢᠨ ᠰᠣᠶᠤᠷᠬ᠎ᠠ᠃ 62᠂ ᠬᠡᠮᠡᠨ ᠠᠶᠢᠯᠠᠳᠬᠠᠭᠰᠠᠨ ᠳᠤᠷ ᠢᠢᠰᠦᠰ ᠢᠨᠦ ᠲᠡᠭᠦᠨ ᠳᠦᠷ ᠵᠠᠷᠯᠢᠭ ᠪᠣᠯᠤᠷᠤᠨ᠃ ᠠᠯᠢ ᠬᠡᠨ ᠠᠨᠵᠢᠰᠤᠨ ᠤ ᠡᠰᠢ ᠶᠢ ᠭᠠᠷ ᠢᠶᠠᠷ ᠢᠶᠠᠨ ᠪᠠᠷᠢᠭᠠᠳ ᠬᠣᠶᠢᠨᠠᠭᠰᠢ ᠪᠠᠨ ᠬᠠᠷᠠᠭᠴᠢ ᠠᠨᠤ ᠪᠤᠷᠬᠠᠨ ᠤ ᠡᠵᠡᠯᠡᠭᠦᠷᠢᠨ ᠳᠦᠷ ᠵᠣᠬᠢᠰ ᠦᠭᠡᠢ ᠪᠣᠯᠠᠢ ᠅
Currently Selected:
ᠯᠦᠺᠡ 9: MB1840
Highlight
Share
Copy
Want to have your highlights saved across all your devices? Sign up or sign in
Digital edition of the Mongolian translation published in 1840 (the Old Testament) and 1846 (the New Testament) by Edward Stallybrass and William Swan. Created by Bayarjargal Garamtseren and Simon Wong. Digital edition © United Bible Societies, 2020.