ᠯᠦᠺᠡ 8
8
ᠨᠠᠶᠢᠮᠠᠳᠤᠭᠠᠷ ᠪᠦᠯᠦᠭ ᠅
1᠂ ᠲᠡᠭᠦᠨ ᠡᠴᠡ ᠬᠣᠶᠢᠨᠠ ᠲᠡᠷᠡ ᠢᠨᠦ ᠪᠠᠯᠭᠠᠳ ᠬᠢᠭᠡᠳ ᠬᠣᠲᠠᠳ ᠲᠤᠷ ᠥᠭᠡᠳᠡ ᠪᠣᠯᠤᠨ ᠪᠤᠷᠬᠠᠨ ᠤ ᠡᠵᠡᠯᠡᠭᠦᠷᠢᠨ ᠦ ᠰᠠᠶᠢᠨ ᠰᠣᠨᠣᠰᠬᠠᠯ ᠢ ᠳᠡᠯᠭᠡᠷᠡᠭᠦᠯᠦᠨ ᠮᠡᠳᠡᠭᠦᠯᠪᠡᠢ᠃ ᠲᠡᠭᠦᠨ ᠯᠦᠭᠡ ᠠᠭᠰᠠᠳ ᠬᠡᠮᠡᠪᠡᠰᠦ᠂ ᠠᠷᠪᠠᠨ ᠬᠣᠶᠠᠷ (ᠠᠹᠣᠰᠲ᠋ᠣᠯ) ᠬᠢᠭᠡᠳ᠂ 2᠂ ᠪᠤᠵᠠᠷ ᠴᠢᠳᠬᠦᠳ ᠬᠢᠭᠡᠳ ᠡᠪᠡᠳᠴᠢᠨ ᠨᠤᠭᠤᠳ ᠠᠴᠠ ᠠᠪᠤᠷᠠᠭᠳᠠᠭᠰᠠᠨ ᠡᠮᠡᠰ ᠬᠡᠮᠡᠪᠡᠰᠦ᠂ ᠳᠣᠯᠣᠭᠠᠨ ᠴᠢᠳᠬᠦᠷ ᠡᠴᠡ ᠠᠷᠢᠯᠭᠠᠭᠳᠠᠭᠰᠠᠨ ᠮᠠᠺᠳᠠᠯᠢᠨᠠ ᠬᠡᠮᠡᠭᠴᠢ ᠮᠠᠷᠢᠶ᠎ᠠ ᠬᠢᠭᠡᠳ᠂ 3᠂ ᠾᠢᠷᠣᠳ᠋ ᠤᠨ ᠭᠡᠷ ᠢ ᠲᠡᠷᠢᠭᠦᠯᠡᠭᠴᠢ ᠪᠣᠯᠤᠭᠰᠠᠨ ᠺᠦᠵᠠ ᠶᠢᠨ ᠶᠣᠸᠠᠨᠠ ᠭᠡᠷᠭᠡᠢ ᠪᠠ᠂ ᠰᠦᠰᠠᠨᠠ ᠬᠢᠭᠡᠳ ᠡᠳ᠋ ᠲᠠᠸᠠᠷ ᠡᠴᠡᠭᠡᠨ ᠲᠡᠭᠦᠨ ᠳᠦᠷ ᠡᠷᠭᠦᠨ ᠦᠢᠯᠡᠴᠢᠯᠡᠭᠰᠡᠨ ᠪᠤᠰᠤ ᠵᠠᠷᠢᠮ ᠤᠳ ᠪᠥᠯᠦᠭᠡ᠃ 4᠂ ᠣᠯᠠᠨ ᠤᠯᠤᠰ ᠬᠢᠭᠡᠳ ᠪᠠᠯᠭᠠᠳ ᠠᠴᠠ ᠢᠷᠡᠯᠴᠡᠭᠰᠡᠳ ᠦᠨ ᠴᠢᠭᠤᠯᠤᠭᠰᠠᠨ ᠳᠤᠷ᠂ ᠲᠡᠷᠡ ᠢᠨᠦ ᠲᠡᠳᠡᠨ ᠳᠦᠷ ᠦᠯᠢᠭᠡᠷ ᠢᠶᠡᠷ ᠵᠠᠷᠯᠢᠭ ᠪᠣᠯᠤᠷᠤᠨ᠃ 5᠂ ᠨᠢᠭᠡ ᠲᠠᠷᠢᠶᠠᠴᠢ ᠠᠨᠤ ᠬᠥᠷᠦᠩᠭᠡ ᠪᠡᠨ ᠲᠠᠷᠢᠷᠠ ᠭᠠᠷᠪᠠᠢ᠃ ᠲᠡᠶᠢᠨ ᠬᠦ ᠲᠡᠭᠦᠨ ᠬᠦ ᠲᠠᠷᠢᠬᠤᠢ ᠳᠤᠷ ᠵᠠᠷᠢᠮ (ᠬᠥᠷᠦᠩᠭᠡ) ᠢᠨᠦ ᠵᠠᠮ ᠤᠨ ᠳᠡᠭᠡᠷ᠎ᠡ ᠤᠨᠠᠭᠠᠳ ᠭᠢᠱᠬᠢᠭᠳᠡᠪᠡᠢ᠃ ᠲᠡᠶᠢᠨ ᠪᠡᠷ ᠣᠭᠲᠠᠷᠭᠤᠢ ᠪᠠᠷ ᠨᠢᠰᠦᠭᠴᠢ ᠰᠢᠪᠠᠭᠤᠳ ᠠᠨᠤ ᠢᠳᠡᠨ ᠴᠥᠯᠮᠦᠪᠡᠢ᠃ 6᠂ ᠪᠠᠰᠠ ᠵᠠᠷᠢᠮ ᠠᠨᠤ ᠬᠠᠳᠠ ᠶᠢᠨ ᠳᠡᠭᠡᠷ᠎ᠡ ᠤᠨᠠᠭᠠᠳ᠂ ᠤᠷᠭᠤᠭᠠᠳ ᠰᠠᠴᠠ ᠴᠢᠭᠢᠭ ᠦᠭᠡᠢ ᠶᠢᠨ ᠲᠤᠯᠠ ᠬᠤᠪᠠᠬᠠᠶᠢᠷᠠᠪᠠᠢ᠃ 7᠂ ᠪᠠᠰᠠ ᠵᠠᠷᠢᠮ ᠠᠨᠤ ᠥᠷᠭᠡᠰᠦ ᠲᠦ ᠬᠠᠯᠠᠭᠠᠢ ᠶᠢᠨ ᠳᠣᠲᠣᠷ᠎ᠠ ᠤᠨᠠᠪᠠᠢ᠃ ᠲᠡᠶᠢᠨ ᠪᠡᠷ ᠥᠷᠭᠡᠰᠦ ᠲᠦ ᠬᠠᠯᠠᠭᠠᠢ ᠠᠨᠤ ᠬᠠᠮᠲᠤ ᠤᠷᠭᠤᠭᠠᠳ ᠲᠡᠭᠦᠨ ᠢ ᠳᠠᠷᠤᠪᠠᠢ᠃ 8᠂ ᠪᠠᠰᠠ ᠵᠠᠷᠢᠮ ᠠᠨᠤ ᠰᠠᠶᠢᠨ ᠰᠢᠷᠣᠢ ᠳᠤᠷ ᠤᠨᠠᠭᠠᠳ᠂ ᠤᠷᠭᠤᠵᠤ ᠵᠠᠭᠤᠨ ᠳᠠᠪᠬᠤᠷ ᠲᠤ ᠦᠷ᠎ᠡ ᠶᠢ ᠡᠭᠦᠰᠬᠡᠪᠡᠢ᠃ ᠬᠡᠮᠡᠨ ᠵᠠᠷᠯᠢᠭ ᠪᠣᠯᠤᠭᠠᠳ ᠪᠠᠰᠠ ᠡᠶᠢᠨ᠃ ᠠᠯᠢ ᠬᠡᠨ ᠰᠣᠨᠣᠰᠬᠤᠢ ᠴᠢᠬᠢ ᠲᠦ ᠢᠨᠦ ᠰᠣᠨᠣᠰᠬᠤ ᠪᠣᠯᠲᠤᠭᠠᠢ᠃ ᠬᠡᠮᠡᠨ ᠳᠠᠭᠤᠳᠠᠨ ᠵᠠᠷᠯᠢᠭ ᠪᠣᠯᠪᠠᠢ᠃ 9᠂ ᠲᠡᠨᠳᠡᠴᠡ ᠲᠡᠭᠦᠨ ᠦ ᠱᠠᠪᠢᠨᠠᠷ ᠠᠨᠤ ᠲᠡᠭᠦᠨ ᠳᠦᠷ ᠡᠶᠢᠨ᠃ ᠡᠨᠡ ᠦᠯᠢᠭᠡᠷ ᠢᠨᠦ ᠶᠠᠭᠤᠨ ᠪᠤᠶᠤ᠃ 10᠂ ᠬᠡᠮᠡᠨ ᠠᠰᠠᠭᠤᠭᠰᠠᠨ ᠳᠤᠷ ᠲᠡᠷᠡ ᠢᠨᠦ ᠬᠠᠷᠢᠭᠤ ᠵᠠᠷᠯᠢᠭ ᠪᠣᠯᠤᠷᠤᠨ᠃ ᠪᠤᠷᠬᠠᠨ ᠤ ᠡᠵᠡᠯᠡᠭᠦᠷᠢᠨ ᠦ ᠭᠦᠨ ᠨᠠᠷᠢᠨ ᠢ ᠤᠬᠠᠬᠤᠢ ᠠᠨᠤ ᠲᠠᠨ ᠳᠤᠷ ᠥᠭᠳᠡᠭᠰᠡᠨ ᠪᠣᠯᠪᠠᠴᠤ᠂ ᠪᠤᠰᠤᠳ ᠲᠤᠷ ᠦᠯᠢᠭᠡᠷ ᠢᠶᠡᠷ (ᠥᠭᠳᠡᠭᠰᠡᠨ ᠪᠤᠢ)᠃ ᠲᠡᠶᠢᠨ ᠪᠡᠷ ᠲᠡᠳᠡ ᠢᠨᠦ ᠦᠵᠡᠪᠡᠴᠦ ᠦᠯᠦ ᠦᠵᠡᠨ᠂ ᠰᠣᠨᠣᠰᠪᠠᠴᠤ ᠦᠯᠦ ᠤᠬᠠᠬᠤ ᠪᠤᠢ᠃ 11᠂ ᠲᠡᠷᠡ ᠬᠦ ᠦᠯᠢᠭᠡᠷ ᠢᠨᠦ ᠡᠶᠢᠨ᠃ ᠬᠥᠷᠦᠩᠭᠡ ᠢᠨᠦ ᠪᠤᠷᠬᠠᠨ ᠤ ᠵᠠᠷᠯᠢᠭ ᠮᠥᠨ᠃ 12᠂ ᠵᠠᠮ ᠤᠨ ᠳᠡᠭᠡᠷ᠎ᠡ ᠠᠭᠴᠢᠳ ᠠᠨᠤ ᠰᠣᠨᠣᠰᠤᠭᠴᠢᠳ ᠪᠤᠢ᠃ ᠲᠡᠳᠡ ᠢᠨᠦ ᠪᠦᠦ ᠢᠲᠡᠭᠡᠨ ᠲᠣᠨᠢᠯᠲᠤᠭᠠᠢ ᠬᠡᠮᠡᠨ ᠰᠠᠲ᠋ᠠᠨᠠ ᠠᠨᠤ ᠢᠷᠡᠵᠦ ᠲᠡᠳᠡᠨ ᠦ ᠵᠢᠷᠦᠬᠡᠳ ᠡᠴᠡ ᠵᠠᠷᠯᠢᠭ ᠢ ᠠᠪᠤᠮᠤᠢ᠃ 13᠂ ᠬᠠᠳᠠ ᠶᠢᠨ ᠳᠡᠭᠡᠷ᠎ᠡ ᠠᠭᠴᠢᠳ ᠬᠡᠮᠡᠪᠡᠰᠦ᠂ ᠲᠡᠳᠡ ᠢᠨᠦ ᠰᠣᠨᠣᠰᠴᠤ ᠵᠠᠷᠯᠢᠭ ᠢ ᠪᠠᠶᠠᠰᠬᠤᠯᠠᠩ ᠲᠤ ᠪᠠᠷ ᠬᠦᠷᠲᠡᠪᠡᠴᠦ᠂ ᠦᠨᠳᠦᠰᠦᠨ ᠦᠭᠡᠢ ᠶᠢᠨ ᠲᠤᠯᠠ ᠥᠴᠦᠬᠡᠨ ᠴᠠᠭ ᠪᠣᠯᠲᠠᠯ᠎ᠠ ᠢᠲᠡᠭᠡᠭᠡᠳ᠂ ᠰᠢᠨᠵᠢᠯᠡᠭᠳᠡᠬᠦᠢ ᠳᠡᠭᠡᠨ ᠤᠷᠪᠠᠨ ᠣᠭᠤᠷᠤᠮᠤᠢ᠃ 14᠂ ᠥᠷᠭᠡᠰᠦ ᠲᠦ ᠬᠠᠯᠠᠭᠠᠢ ᠳᠤᠷ ᠤᠨᠠᠭᠰᠠᠨ ᠬᠡᠮᠡᠪᠡᠰᠦ᠂ ᠲᠡᠷᠡ ᠢᠨᠦ ᠰᠣᠨᠣᠰᠤᠭᠠᠳ᠂ ᠡᠨᠡ ᠬᠦ ᠨᠠᠰᠤᠨ ᠤ ᠰᠠᠨᠰᠠᠷ ᠬᠢᠭᠡᠳ ᠪᠠᠶᠠᠵᠢᠯ ᠪᠠ ᠵᠢᠷᠭᠠᠯ ᠳᠤᠷ ᠳᠠᠷᠤᠭᠳᠠᠭᠠᠳ ᠲᠡᠭᠦᠰ ᠦᠷ᠎ᠡ ᠶᠢ ᠡᠰᠡ ᠡᠭᠦᠰᠬᠡᠳᠡᠭ᠃ 15᠂ ᠬᠠᠷᠢᠨ ᠰᠠᠶᠢᠨ ᠰᠢᠷᠣᠢ ᠳᠤᠷ ᠠᠭᠴᠢ ᠬᠡᠮᠡᠪᠡᠰᠦ᠂ ᠲᠡᠳᠡ ᠢᠨᠦ ᠵᠠᠷᠯᠢᠭ ᠢ ᠰᠣᠨᠣᠰᠤᠭᠠᠳ᠂ ᠰᠠᠶᠢᠨ ᠰᠢᠳᠤᠷᠭᠤ ᠵᠢᠷᠦᠬᠡᠨ ᠦ ᠳᠣᠲᠣᠷ᠎ᠠ ᠪᠠᠷᠢᠵᠤ ᠬᠦᠯᠢᠴᠡᠩᠭᠦᠢ ᠲᠦ ᠪᠡᠷ ᠦᠷ᠎ᠡ ᠶᠢ ᠡᠭᠦᠰᠬᠡᠳᠡᠭ᠃ 16᠂ ᠬᠡᠨ ᠴᠤ ᠵᠤᠯᠠ ᠶᠢ ᠨᠣᠴᠤᠭᠠᠳ ᠰᠠᠪᠠ ᠪᠠᠷ ᠡᠰᠡ ᠪᠦᠷᠬᠦᠭᠡᠨ᠂ ᠰᠢᠷᠡᠭᠡᠨ ᠦ ᠳᠣᠣᠷ᠎ᠠ ᠡᠰᠡ ᠲᠠᠯᠪᠢᠳᠠᠭ᠃ ᠬᠠᠷᠢᠨ ᠣᠷᠣᠭᠴᠢᠳ ᠠᠨᠤ ᠭᠡᠷᠡᠯ ᠢ ᠦᠵᠡᠬᠦ ᠪᠣᠯᠲᠤᠭᠠᠢ ᠬᠡᠮᠡᠨ ᠭᠡᠷᠡᠪᠴᠢ ᠶᠢᠨ ᠳᠡᠭᠡᠷ᠎ᠡ (ᠲᠠᠯᠪᠢᠳᠠᠭ)᠃ 17᠂ ᠲᠡᠷᠡ ᠶᠠᠭᠤᠨ ᠤ ᠲᠤᠯᠠ ᠬᠡᠮᠡᠪᠡᠰᠦ᠂ ᠢᠯᠡᠷᠬᠡᠢ ᠦᠯᠦ ᠪᠣᠯᠬᠤᠢ ᠨᠢᠭᠤᠭᠳᠠᠭᠰᠠᠨ ᠶᠠᠭᠤᠨ ᠴᠤ ᠦᠭᠡᠢ ᠬᠢᠭᠡᠳ᠂ ᠦᠯᠦ ᠮᠡᠳᠡᠭᠳᠡᠨ᠂ ᠢᠯᠡ ᠦᠯᠦ ᠭᠠᠷᠬᠤᠢ ᠳᠠᠯᠳᠠᠯᠳᠠᠭᠳᠠᠭᠰᠠᠨ ᠶᠠᠭᠤᠨ ᠴᠤ ᠦᠭᠡᠢ ᠪᠤᠢ᠃ 18᠂ ᠲᠡᠶᠢᠮᠦ ᠶᠢᠨ ᠲᠤᠯᠠ ᠬᠡᠷ ᠰᠣᠨᠣᠰᠬᠤᠢ ᠪᠠᠨ ᠬᠢᠴᠢᠶᠡᠨ ᠦᠢᠯᠡᠳᠦᠭᠲᠦᠨ᠃ ᠲᠡᠷᠡ ᠶᠠᠭᠤᠨ ᠤ ᠲᠤᠯᠠ ᠬᠡᠮᠡᠪᠡᠰᠦ᠂ ᠠᠯᠢ ᠬᠡᠨ ᠳᠦᠷ ᠪᠤᠢ ᠪᠣᠯᠪᠠᠰᠤ ᠲᠡᠭᠦᠨ ᠳᠦᠷ ᠥᠭᠳᠡᠬᠦ ᠪᠥᠭᠡᠳ᠂ ᠠᠯᠢ ᠬᠡᠨ ᠳᠦᠷ ᠦᠭᠡᠢ ᠪᠣᠯᠪᠠᠰᠤ ᠲᠡᠭᠦᠨ ᠳᠦᠷ ᠪᠤᠢ ᠮᠡᠲᠦ ᠪᠣᠯᠤᠭᠰᠠᠨ ᠠᠨᠤ ᠲᠡᠭᠦᠨ ᠡᠴᠡ ᠠᠪᠲᠠᠬᠤ ᠪᠣᠯᠤᠶᠤ᠃ ᠬᠡᠮᠡᠨ ᠵᠠᠷᠯᠢᠭ ᠪᠣᠯᠪᠠᠢ ᠅ 19᠂ ᠲᠡᠨᠳᠡ ᠲᠡᠭᠦᠨ ᠦ ᠡᠬᠡ ᠬᠢᠭᠡᠳ ᠳᠡᠭᠦᠦᠨᠠᠷ ᠢᠨᠦ ᠲᠡᠭᠦᠨ ᠳᠦᠷ ᠢᠷᠡᠭᠡᠳ᠂ ᠴᠢᠭᠤᠯᠤᠭᠰᠠᠨ ᠣᠯᠠᠨ ᠤᠯᠤᠰ ᠤᠨ ᠰᠢᠯᠲᠠᠭᠠᠪᠠᠷ ᠲᠡᠭᠦᠨ ᠦ ᠳᠡᠷᠭᠡᠳᠡ ᠬᠦᠷᠴᠦ ᠡᠰᠡ ᠴᠢᠳᠠᠪᠠᠢ᠃ 20᠂ ᠲᠡᠶᠢᠨ ᠪᠥᠭᠡᠳ ᠲᠡᠭᠦᠨ ᠳᠦᠷ ᠡᠶᠢᠨ᠃ ᠴᠢᠨᠦ ᠡᠬᠡ ᠬᠢᠭᠡᠳ ᠳᠡᠭᠦᠦᠨᠠᠷ ᠢᠨᠦ ᠭᠠᠳᠠᠨ᠎ᠠ ᠵᠣᠭᠰᠤᠵᠤ ᠴᠢᠮᠠᠯᠤᠭ᠎ᠠ ᠠᠭᠤᠯᠵᠠᠬᠤᠢ ᠶᠢ ᠬᠦᠰᠡᠮᠦᠢ᠃ 21᠂ ᠬᠡᠮᠡᠨ ᠠᠶᠢᠯᠠᠳᠬᠠᠭᠳᠠᠭᠰᠠᠨ ᠳᠤᠷ ᠲᠡᠷᠡ ᠢᠨᠦ ᠲᠡᠳᠡᠨ ᠳᠦᠷ ᠡᠶᠢᠨ᠃ ᠮᠢᠨᠦ ᠡᠬᠡ ᠬᠢᠭᠡᠳ ᠳᠡᠭᠦᠦᠨᠠᠷ ᠬᠡᠨ ᠪᠤᠢ ᠬᠡᠮᠡᠪᠡᠰᠦ᠂ ᠪᠤᠷᠬᠠᠨ ᠤ ᠵᠠᠷᠯᠢᠭ ᠢ ᠰᠣᠨᠣᠰᠴᠤ ᠪᠦᠲᠦᠭᠡᠭᠴᠢᠳ ᠲᠡᠳᠡ ᠮᠥᠨ᠂ ᠬᠡᠮᠡᠨ ᠵᠠᠷᠯᠢᠭ ᠪᠣᠯᠪᠠᠢ ᠅ 22᠂ ᠲᠡᠨᠳᠡᠴᠡ ᠨᠢᠭᠡᠨ ᠡᠳᠦᠷ᠎ᠡ ᠲᠡᠷᠡ ᠢᠨᠦ ᠱᠠᠪᠢᠨᠠᠷ ᠯᠤᠭ᠎ᠠ ᠪᠠᠨ ᠨᠢᠭᠡᠨ ᠣᠩᠭᠤᠴᠠ ᠳᠤᠷ ᠣᠷᠣᠭᠠᠳ ᠲᠡᠳᠡᠨ ᠳᠦᠷ ᠡᠶᠢᠨ ᠨᠠᠭᠤᠷ ᠤᠨ ᠲᠡᠷᠡ ᠡᠲᠡᠭᠡᠳ ᠲᠦᠷ ᠭᠡᠲᠦᠯᠦᠶᠡ᠂ ᠬᠡᠮᠡᠨ ᠵᠠᠷᠯᠢᠭ ᠪᠣᠯᠤᠭᠰᠠᠨ ᠳᠤᠷ ᠲᠡᠳᠡ ᠢᠨᠦ ᠣᠳᠪᠠᠢ᠃ 23᠂ ᠲᠡᠳᠡᠨ ᠦ ᠭᠡᠲᠦᠯᠬᠦᠢ ᠳᠦᠷ ᠲᠡᠷᠡ ᠢᠨᠦ ᠨᠣᠶᠢᠷᠰᠤᠪᠠᠢ᠃ ᠲᠡᠶᠢᠨ ᠠᠬᠤᠶ᠎ᠠ ᠨᠠᠭᠤᠷ ᠤᠨ ᠳᠡᠭᠡᠷ᠎ᠡ ᠨᠢᠭᠡ ᠬᠤᠢ ᠱᠤᠷᠭᠠᠨ ᠪᠣᠯᠤᠭᠠᠳ (ᠣᠩᠭᠤᠴᠠ ᠶᠢ) ᠳᠦᠭᠦᠷᠭᠡᠨ ᠲᠡᠳᠡᠨ ᠳᠦᠷ ᠠᠶᠤᠭᠤᠮᠰᠢᠭ ᠲᠤ ᠪᠣᠯᠪᠠᠢ᠃ 24᠂ ᠲᠡᠳᠡ ᠢᠨᠦ ᠲᠡᠭᠦᠨ ᠳᠦᠷ ᠢᠷᠡᠭᠡᠳ᠂ ᠰᠡᠷᠢᠭᠦᠯᠵᠦ ᠡᠶᠢᠨ᠃ ᠪᠠᠭᠰᠢ ᠠ᠋᠂ ᠪᠢᠳᠡ ᠦᠬᠦᠬᠦᠢ ᠳᠦᠷ ᠬᠦᠷᠪᠡᠢ᠃ ᠬᠡᠮᠡᠨ ᠠᠶᠢᠯᠠᠳᠬᠠᠭᠰᠠᠨ ᠳᠤᠷ ᠲᠡᠷᠡ ᠢᠨᠦ ᠪᠣᠰᠤᠭᠠᠳ᠂ ᠰᠠᠯᠬᠢᠨ ᠬᠢᠭᠡᠳ ᠤᠰᠤᠨ ᠤ ᠳᠠᠪᠠᠯᠭᠠᠨ ᠢ ᠬᠣᠷᠢᠪᠠᠢ᠃ ᠲᠡᠶᠢᠨ ᠪᠡᠷ ᠲᠡᠳᠡ ᠢᠨᠦ ᠵᠣᠭᠰᠤᠨ ᠨᠠᠮᠬᠠᠷᠪᠠᠢ᠃ 25᠂ ᠵᠢᠴᠢ ᠲᠡᠷᠡ ᠢᠨᠦ ᠲᠡᠳᠡᠨ ᠳᠦᠷ ᠡᠶᠢᠨ᠃ ᠲᠠᠨᠤ ᠢᠲᠡᠭᠡᠯ ᠢᠨᠦ ᠬᠠᠮᠢᠭ᠎ᠠ ᠪᠤᠶᠤ᠃ ᠬᠡᠮᠡᠨ ᠵᠠᠷᠯᠢᠭ ᠪᠣᠯᠤᠭᠰᠠᠨ᠋ᠠ ᠲᠡᠳᠡ ᠢᠨᠦ ᠠᠶᠤᠨ ᠭᠠᠶᠢᠬᠠᠨ ᠪᠠᠶᠢᠵᠤ ᠥᠪᠡᠷ ᠵᠠᠭᠤᠷ᠎ᠠ ᠪᠠᠨ ᠡᠶᠢᠨ᠃ ᠡᠨᠡ ᠢᠨᠦ ᠬᠡᠨ ᠪᠤᠶᠤ᠃ ᠲᠡᠭᠦᠨ ᠦ ᠰᠠᠯᠬᠢᠨ ᠬᠢᠭᠡᠳ ᠤᠰᠤᠨ ᠳᠤᠷ ᠵᠠᠷᠯᠢᠭ ᠪᠣᠯᠬᠤᠢ ᠳᠤᠷ ᠲᠡᠳᠡ ᠢᠨᠦ ᠲᠡᠭᠦᠨ ᠢ ᠰᠣᠨᠣᠰᠤᠮᠤᠢ᠃ ᠬᠡᠮᠡᠨ ᠥᠭᠦᠯᠡᠯᠳᠦᠪᠡᠢ᠃ 26᠂ ᠲᠡᠶᠢᠨ ᠪᠥᠭᠡᠳ ᠲᠡᠳᠡ ᠢᠨᠦ ᠺᠠᠯᠢᠯᠢᠶ᠎ᠠ ᠶᠢᠨ ᠲᠤᠰ ᠠᠭᠴᠢ ᠺᠠᠲᠠᠷᠢᠨᠠ ᠲᠠᠨ ᠤ ᠣᠷᠣᠨ ᠳᠤᠷ ᠬᠦᠷᠪᠡᠢ᠃ 27᠂ ᠲᠡᠶᠢᠨ ᠬᠦ ᠲᠡᠭᠦᠨ ᠦ (ᠬᠠᠭᠤᠷᠠᠢ) ᠭᠠᠵᠠᠷ ᠲᠤᠷ ᠭᠠᠷᠬᠤᠢ ᠳᠤᠷ ᠲᠡᠨᠳᠡᠬᠢ ᠪᠠᠯᠭᠠᠰᠤᠨ ᠤ ᠨᠢᠭᠡ ᠬᠦᠮᠦᠨ ᠢᠨᠦ ᠲᠡᠭᠦᠨ ᠯᠦᠭᠡ ᠤᠴᠢᠷᠠᠯᠳᠤᠪᠠᠢ᠃ ᠲᠡᠷᠡ (ᠬᠦᠮᠦᠨ) ᠢᠨᠦ ᠴᠢᠳᠬᠦᠷ᠎ᠡ ᠪᠠᠷᠢᠭᠳᠠᠭᠰᠠᠭᠠᠷ ᠥᠨᠢ ᠪᠣᠯᠤᠭᠠᠳ ᠂ ᠬᠤᠪᠴᠠᠰᠤᠨ ᠢ ᠡᠰᠡ ᠡᠮᠦᠰᠦᠨ᠂ ᠭᠡᠷ ᠦᠨ ᠳᠣᠲᠣᠷ᠎ᠠ ᠪᠤᠰᠤ᠂ ᠬᠠᠷᠢᠨ ᠪᠤᠯᠠᠰᠢᠨ ᠤᠳ ᠤᠨ ᠲᠡᠨᠳᠡ ᠪᠠᠶᠢᠳᠠᠭ ᠪᠥᠯᠦᠭᠡ᠃ 28᠂ ᠲᠡᠷᠡ ᠢᠨᠦ ᠢᠢᠰᠦᠰ ᠢ ᠦᠵᠡᠭᠡᠳ᠂ ᠳᠠᠭᠤᠳᠠᠨ ᠲᠡᠭᠦᠨ ᠦ ᠡᠮᠦᠨ᠎ᠡ ᠬᠥᠰᠡᠷ᠎ᠡ ᠤᠨᠠᠨ ᠴᠢᠩ᠋ᠭ᠎ᠠ ᠳᠠᠭᠤᠨ ᠭᠠᠷᠤᠨ ᠡᠶᠢᠨ᠃ ᠳᠡᠭᠡᠷ᠎ᠡ ᠦᠭᠡᠢ ᠳᠡᠭᠡᠳᠦ ᠪᠤᠷᠬᠠᠨ ᠤ ᠬᠥᠪᠡᠭᠦᠨ ᠡ᠂ ᠴᠢ ᠪᠡᠷ ᠨᠠᠳᠤᠷ ᠶᠠᠭᠤᠨ ᠬᠡᠷᠡᠭ ᠲᠦ ᠪᠤᠶᠤ᠃ ᠨᠠᠮᠠᠶᠢ ᠪᠦᠦ ᠵᠣᠪᠠᠭᠠᠨ ᠰᠣᠶᠤᠷᠬ᠎ᠠ᠃ ᠬᠡᠮᠡᠨ ᠠᠶᠢᠯᠠᠳᠬᠠᠪᠠᠢ᠃ 29᠂ ᠲᠡᠷᠡ ᠶᠠᠭᠤᠨ ᠤ ᠲᠤᠯᠠ ᠬᠡᠮᠡᠪᠡᠰᠦ᠂ ᠲᠡᠷᠡ ᠢᠨᠦ ᠪᠤᠵᠠᠷ ᠴᠢᠳᠬᠦᠷ ᠢ ᠡᠨᠡ ᠬᠦᠮᠦᠨ ᠡᠴᠡ ᠵᠠᠶᠢᠯᠠ ᠬᠡᠮᠡᠨ ᠵᠠᠷᠯᠢᠭ ᠪᠣᠯᠤᠭᠰᠠᠨ ᠪᠥᠯᠦᠭᠡ᠃ (ᠲᠡᠷᠡ ᠬᠦ ᠬᠦᠮᠦᠨ) ᠢᠨᠦ ᠭᠢᠨᠵᠢᠯᠡᠭᠳᠡᠭᠰᠡᠨ ᠴᠢᠳᠦᠷᠯᠡᠭᠳᠡᠭᠰᠡᠨ ᠪᠣᠯᠪᠠᠴᠤ᠂ ᠴᠢᠳᠬᠦᠷ ᠲᠦᠷ ᠣᠯᠠᠨᠲᠠ ᠪᠠᠷᠢᠭᠳᠠᠭᠠᠳ᠂ ᠭᠢᠨᠵᠢ ᠪᠡᠨ ᠬᠤᠭᠤᠴᠢᠨ᠂ ᠡᠵᠡᠨ ᠦᠭᠡᠢ ᠭᠠᠵᠠᠷ ᠲᠤᠷ ᠬᠥᠭᠡᠭᠳᠡᠭᠰᠡᠨ ᠪᠥᠯᠦᠭᠡ᠃ 30᠂ ᠢᠢᠰᠦᠰ ᠢᠨᠦ ᠴᠢᠨᠦ ᠨᠡᠷ᠎ᠡ ᠬᠡᠨ ᠪᠤᠶᠤ ᠬᠡᠮᠡᠨ ᠲᠡᠭᠦᠨ ᠡᠴᠡ ᠠᠰᠠᠭᠤᠭᠰᠠᠨ ᠳᠤᠷ᠂ ᠲᠡᠷᠡ ᠢᠨᠦ ᠯᠢᠺᠢᠶᠣᠩ᠂ ᠬᠡᠮᠡᠨ ᠠᠶᠢᠯᠠᠳᠬᠠᠪᠠᠢ᠃ ᠲᠡᠷᠡ ᠶᠠᠭᠤᠨ ᠤ ᠲᠤᠯᠠ ᠬᠡᠮᠡᠪᠡᠰᠦ᠂ ᠣᠯᠠᠨ ᠴᠢᠳᠬᠦᠳ ᠢᠨᠦ ᠲᠡᠭᠦᠨ ᠦ ᠳᠣᠲᠣᠷ᠎ᠠ ᠣᠷᠣᠭᠰᠠᠨ ᠪᠥᠯᠦᠭᠡ᠃ 31᠂ ᠲᠡᠳᠡ ᠢᠨᠦ ᠪᠢᠳᠡᠨ ᠢ ᠢᠷᠤᠭᠠᠷ ᠦᠭᠡᠢ ᠭᠦᠨ ᠳᠦᠷ ᠪᠦᠦ ᠣᠷᠣᠭᠤᠯᠲᠤᠭᠠᠢ᠂ ᠬᠡᠮᠡᠨ ᠲᠡᠭᠦᠨ ᠡᠴᠡ ᠭᠤᠶᠤᠪᠠᠢ᠃ 32᠂ ᠲᠡᠨᠳᠡ ᠨᠢᠭᠡᠨ ᠠᠭᠤᠯᠠᠨ ᠤ ᠳᠡᠭᠡᠷ᠎ᠡ ᠣᠯᠠᠨ ᠭᠠᠬᠠᠢ ᠶᠢᠨ ᠰᠦᠷᠦᠭ ᠢᠨᠦ ᠰᠠᠬᠢᠭᠳᠠᠨ ᠠᠪᠠᠢ᠃ ᠲᠡᠶᠢᠨ ᠬᠦ ᠲᠡᠳᠡ ᠢᠨᠦ ᠭᠠᠬᠠᠢ ᠶᠢᠨ ᠳᠣᠲᠣᠷ᠎ᠠ ᠪᠢᠳᠡᠨ ᠢ ᠣᠷᠣᠭᠤᠯᠤᠨ ᠰᠣᠶᠤᠷᠬ᠎ᠠ ᠬᠡᠮᠡᠨ ᠭᠤᠶᠤᠭᠰᠠᠨ ᠳᠤᠷ᠂ ᠲᠡᠷᠡ ᠢᠨᠦ ᠲᠡᠳᠡᠨ ᠢ ᠣᠷᠣᠬᠤᠶ᠎ᠠ ᠲᠠᠯᠪᠢᠪᠠᠢ᠃ 33᠂ ᠲᠡᠶᠢᠨ ᠪᠥᠭᠡᠳ ᠴᠢᠳᠬᠦᠳ ᠢᠨᠦ ᠲᠡᠷᠡ ᠬᠦᠮᠦᠨ ᠡᠴᠡ ᠭᠠᠷᠤᠭᠠᠳ᠂ ᠭᠠᠬᠠᠢ ᠨᠤᠭᠤᠳ ᠤᠨ ᠳᠣᠲᠣᠷ᠎ᠠ ᠣᠷᠣᠪᠠᠢ᠃ ᠲᠡᠨᠳᠡ ᠰᠦᠷᠦᠭ ᠢᠨᠦ ᠬᠠᠪᠴᠠᠭᠠᠢ ᠠᠴᠠ ᠳᠣᠭᠣᠭᠰᠢᠳᠠ ᠨᠠᠭᠤᠷ ᠲᠤᠷ ᠳᠡᠭᠦᠯᠢᠨ ᠭᠦᠶᠦᠭᠡᠳ ᠴᠢᠪᠪᠦᠪᠡᠢ᠃ 34᠂ ᠰᠠᠬᠢᠭᠴᠢᠳ ᠠᠨᠤ ᠡᠭᠦᠨ ᠢ ᠦᠵᠡᠭᠡᠳ᠂ ᠳᠤᠲᠠᠭᠠᠵᠤ ᠲᠡᠨᠳᠡᠬᠢ ᠪᠠᠯᠭᠠᠰᠤᠨ ᠬᠢᠭᠡᠳ ᠣᠷᠣᠳ ᠲᠤᠷ ᠰᠣᠨᠣᠰᠬᠠᠵᠤᠬᠤᠢ᠃ 35᠂ ᠲᠡᠶᠢᠨ ᠪᠥᠭᠡᠳ (ᠤᠯᠤᠰ) ᠠᠨᠤ ᠶᠠᠭᠤᠨ ᠪᠣᠯᠤᠭᠰᠠᠨ ᠢ ᠦᠵᠡᠷ᠎ᠡ ᠭᠠᠷᠤᠯᠴᠠᠨ᠂ ᠢᠢᠰᠦᠰ ᠲᠦᠷ ᠬᠦᠷᠦᠭᠡᠳ᠂ ᠴᠢᠳᠬᠦᠳ ᠡᠴᠡ ᠠᠪᠤᠷᠠᠭᠳᠠᠭᠰᠠᠨ ᠬᠦᠮᠦᠨ ᠦ ᠬᠤᠪᠴᠠᠰᠤ ᠲᠤ ᠪᠣᠯᠢᠨ ᠤᠬᠠᠭᠠᠨ ᠲᠤ ᠪᠣᠯᠤᠭᠠᠳ᠂ ᠢᠢᠰᠦᠰ ᠦᠨ ᠥᠯᠮᠡᠢ ᠶᠢᠨ ᠳᠡᠷᠭᠡᠳᠡ ᠰᠠᠭᠤᠭᠰᠠᠨ ᠢ ᠣᠯᠤᠭᠠᠳ ᠠᠶᠤᠪᠠᠢ᠃ 36᠂ ᠦᠵᠡᠭᠴᠢᠳ ᠴᠤ ᠴᠢᠳᠬᠦᠷ᠎ᠡ ᠪᠠᠷᠢᠭᠳᠠᠭᠰᠠᠨ ᠤ ᠶᠠᠬᠢᠨ ᠡᠳᠡᠭᠡᠭᠡᠭᠳᠡᠭᠰᠡᠨ ᠢ ᠲᠡᠳᠡᠨ ᠳᠦᠷ ᠰᠣᠨᠣᠰᠬᠠᠪᠠᠢ᠃ 37᠂ ᠲᠡᠶᠢᠨ ᠬᠦ ᠺᠠᠲᠠᠷᠢᠨᠠ ᠲᠠᠨ ᠤ ᠣᠷᠣᠨ ᠤ ᠪᠦᠬᠦᠯᠢ ᠤᠯᠤᠰ ᠠᠨᠤ (ᠢᠢᠰᠦᠰ ᠦᠨ) ᠲᠡᠳᠡᠨ ᠡᠴᠡ ᠬᠣᠯᠠᠳᠠᠬᠤᠢ ᠶᠢ ᠭᠤᠶᠤᠪᠠᠢ᠃ ᠲᠡᠷᠡ ᠶᠠᠭᠤᠨ ᠤ ᠲᠤᠯᠠ ᠬᠡᠮᠡᠪᠡᠰᠦ᠂ ᠲᠡᠳᠡ ᠢᠨᠦ ᠶᠡᠬᠡᠳᠡ ᠠᠶᠤᠯᠤᠭᠠ᠃ ᠲᠡᠶᠢᠮᠦ ᠶᠢᠨ ᠲᠤᠯᠠ ᠲᠡᠷᠡ ᠢᠨᠦ ᠣᠩᠭᠤᠴᠠ ᠳᠤᠷ ᠣᠷᠣᠭᠠᠳ ᠪᠤᠴᠠᠪᠠᠢ᠃ 38᠂ ᠲᠡᠷᠡ ᠬᠦ ᠴᠢᠳᠬᠦᠳ ᠡᠴᠡ ᠠᠪᠤᠷᠠᠭᠳᠠᠭᠰᠠᠨ ᠬᠦᠮᠦᠨ ᠢᠨᠦ ᠲᠡᠭᠦᠨ ᠯᠦᠭᠡ ᠪᠠᠶᠢᠬᠤᠢ ᠶᠢ ᠡᠷᠢᠪᠡᠢ᠃ 39᠂ ᠵᠦᠭᠡᠷ ᠢᠢᠰᠦᠰ ᠢᠨᠦ ᠲᠡᠭᠦᠨ ᠢ ᠬᠠᠷᠢᠭᠤᠯᠤᠨ ᠡᠶᠢᠨ᠃ ᠭᠡᠷ ᠲᠡᠭᠡᠨ ᠬᠠᠷᠢᠭᠠᠳ᠂ ᠪᠤᠷᠬᠠᠨ ᠤ ᠴᠢᠮᠠᠳᠤᠷ ᠶᠠᠭᠤᠨ ᠦᠢᠯᠡᠳᠦᠭᠰᠡᠨ ᠢ ᠮᠡᠳᠡᠭᠦᠯ᠃ ᠬᠡᠮᠡᠨ ᠵᠠᠷᠯᠢᠭ ᠪᠣᠯᠤᠭᠰᠠᠨ ᠳᠤᠷ ᠲᠡᠷᠡ ᠢᠨᠦ ᠣᠳᠤᠭᠠᠳ᠂ ᠲᠡᠷᠡ ᠬᠦ ᠪᠦᠬᠦᠯᠢ ᠪᠠᠯᠭᠠᠰᠤᠨ ᠳᠤᠷ ᠢᠢᠰᠦᠰ ᠦᠨ ᠲᠡᠭᠦᠨ ᠳᠦᠷ ᠶᠠᠭᠤᠨ ᠦᠢᠯᠡᠳᠦᠭᠰᠡᠨ ᠢ ᠳᠡᠯᠭᠡᠷᠡᠭᠦᠯᠦᠨ ᠮᠡᠳᠡᠭᠦᠯᠪᠡᠢ ᠅ 40᠂ ᠢᠢᠰᠦᠰ ᠦᠨ ᠪᠤᠴᠠᠭᠰᠠᠨ ᠳᠤᠷ ᠣᠯᠠᠨ ᠤᠯᠤᠰ ᠠᠨᠤ ᠲᠡᠭᠦᠨ ᠢ ᠲᠠᠭᠠᠯᠠᠨ ᠤᠭᠲᠤᠪᠠᠢ᠃ ᠲᠡᠷᠡ ᠶᠠᠭᠤᠨ ᠤ ᠲᠤᠯᠠ ᠬᠡᠮᠡᠪᠡᠰᠦ᠂ ᠲᠡᠳᠡ ᠪᠦᠭᠦᠳᠡᠭᠡᠷ ᠲᠡᠭᠦᠨ ᠢ ᠬᠦᠯᠢᠶᠡᠨ ᠠᠪᠠᠢ᠃ 41᠂ ᠲᠡᠶᠢᠨ ᠪᠥᠭᠡᠳ ᠮᠡᠨᠡ᠂ ᠬᠤᠷᠠᠯ ᠤᠨ ᠲᠡᠷᠢᠭᠦᠯᠡᠭᠴᠢ ᠪᠣᠯᠤᠭᠰᠠᠨ ᠶᠠᠶᠢᠷᠤᠰ ᠬᠡᠮᠡᠭᠴᠢ ᠨᠢᠭᠡ ᠬᠦᠮᠦᠨ ᠢᠨᠦ ᠢᠷᠡᠭᠡᠳ᠂ ᠢᠢᠰᠦᠰ ᠦᠨ ᠬᠥᠯ ᠦᠨ ᠡᠮᠦᠨ᠎ᠡ ᠬᠥᠰᠡᠷ᠎ᠡ ᠮᠥᠷᠭᠦᠨ᠂ ᠮᠢᠨᠦ ᠭᠡᠷ ᠲᠦᠷ ᠥᠭᠡᠳᠡ ᠪᠣᠯᠤᠨ ᠰᠣᠶᠤᠷᠬ᠎ᠠ ᠬᠡᠮᠡᠨ ᠵᠠᠯᠪᠠᠷᠢᠪᠠᠢ᠃ 42᠂ ᠲᠡᠷᠡ ᠶᠠᠭᠤᠨ ᠤ ᠲᠤᠯᠠ ᠬᠡᠮᠡᠪᠡᠰᠦ᠂ ᠲᠡᠭᠦᠨ ᠦ ᠠᠷᠪᠠᠨ ᠬᠣᠶᠠᠷ ᠨᠠᠰᠤ ᠲᠤ ᠭᠠᠭᠴᠠ ᠥᠬᠢᠨ ᠢᠨᠦ ᠦᠬᠦᠬᠦᠢ ᠳᠦᠷ ᠣᠶᠢᠷᠠᠲᠠᠭᠰᠠᠨ ᠠᠵᠢᠭᠤ᠃ ᠲᠡᠨᠳᠡᠴᠡ ᠲᠡᠭᠦᠨ ᠦ ᠣᠳᠬᠤᠢ ᠳᠤᠷ ᠣᠯᠠᠨ ᠤᠯᠤᠰ ᠠᠨᠤ ᠲᠡᠭᠦᠨ ᠢ ᠲᠦᠷᠢᠯᠦᠭᠡ᠃ 43᠂ ᠲᠡᠶᠢᠨ ᠪᠦᠬᠦᠶᠡ ᠠᠷᠪᠠᠨ ᠬᠣᠶᠠᠷ ᠵᠢᠯ ᠦᠨ ᠲᠤᠷᠰᠢ ᠪᠠᠷ ᠴᠢᠰᠤᠨ ᠤ ᠴᠤᠪᠤᠷᠢᠬᠤᠢ ᠡᠪᠡᠳᠴᠢᠨ ᠲᠦ ᠪᠣᠯᠤᠭᠠᠳ᠂ ᠬᠠᠮᠤᠭ ᠡᠳ᠋ ᠲᠠᠸᠠᠷ ᠢᠶᠠᠨ ᠪᠠᠷᠠᠲᠠᠯ᠎ᠠ ᠡᠮᠴᠢᠨᠠᠷ ᠲᠤᠷ ᠥᠭᠭᠦᠭᠰᠡᠨ ᠪᠣᠯᠪᠠᠴᠤ ᠲᠡᠳᠡᠨ ᠦ ᠨᠢᠭᠡᠨ ᠡᠴᠡ ᠴᠤ ᠡᠳᠡᠭᠡᠭᠡᠬᠦᠢ ᠲᠤᠰᠠ ᠶᠢ ᠡᠰᠡ ᠬᠦᠷᠲᠡᠭᠰᠡᠨ ᠨᠢᠭᠡᠨ ᠡᠮ᠎ᠡ ᠢᠨᠦ (ᠢᠢᠰᠦᠰ ᠦᠨ) ᠬᠣᠶᠢᠨᠠ ᠢᠷᠡᠨ᠂ ᠲᠡᠭᠦᠨ ᠦ ᠬᠤᠪᠴᠠᠰᠤᠨ ᠤ ᠬᠣᠷᠮᠠᠢ ᠳᠤᠷ ᠭᠠᠷ ᠢᠶᠠᠨ ᠬᠦᠷᠭᠡᠪᠡᠢ᠃ 44᠂ ᠲᠡᠶᠢᠨ ᠪᠡᠷ ᠲᠡᠭᠦᠨ ᠦ ᠴᠢᠰᠤᠨ ᠤ ᠴᠤᠪᠤᠷᠢᠬᠤᠢ ᠠᠨᠤ ᠲᠣᠭᠲᠠᠪᠠᠢ᠃ 45᠂ ᠲᠡᠶᠢᠨ ᠪᠥᠭᠡᠳ ᠢᠢᠰᠦᠰ ᠢᠨᠦ᠂ ᠨᠠᠳᠤᠷ ᠬᠦᠷᠦᠭᠰᠡᠨ ᠬᠡᠨ ᠪᠤᠶᠤ᠃ ᠬᠡᠮᠡᠨ ᠵᠠᠷᠯᠢᠭ ᠪᠣᠯᠤᠭᠰᠠᠨ ᠳᠤᠷ ᠲᠡᠳᠡ ᠪᠦᠭᠦᠳᠡᠭᠡᠷ ᠪᠢ ᠪᠤᠰᠤ ᠬᠡᠮᠡᠨ ᠥᠭᠦᠯᠡᠨ ᠠᠲᠠᠯ᠎ᠠ᠂ ᠹᠢᠲ᠋ᠢᠷ ᠬᠢᠭᠡᠳ ᠲᠡᠭᠦᠨ ᠯᠦᠭᠡ ᠠᠭᠴᠢᠳ ᠠᠨᠤ ᠬᠠᠷᠢᠭᠤ ᠥᠭᠦᠯᠡᠷᠦᠨ᠃ ᠪᠠᠭᠰᠢᠠ᠂ ᠣᠯᠠᠨ ᠤᠯᠤᠰ ᠤᠨ ᠴᠢᠮᠠᠶᠢ ᠲᠦᠷᠢᠨ ᠵᠠᠢ ᠦᠭᠡᠢ ᠪᠣᠯᠭᠠᠨ ᠪᠥᠭᠡᠲᠡᠯ᠎ᠡ᠂ ᠴᠢ ᠪᠡᠷ ᠨᠠᠳᠤᠷ ᠬᠦᠷᠦᠭᠰᠡᠨ ᠬᠡᠨ ᠪᠤᠶᠤ᠂ ᠬᠡᠮᠡᠨ ᠵᠠᠷᠯᠢᠭ ᠪᠣᠯᠤᠮᠤᠶᠤ᠃ 46᠂ ᠬᠡᠮᠡᠨ ᠠᠶᠢᠯᠠᠳᠬᠠᠭᠰᠠᠨ ᠳᠤᠷ ᠢᠢᠰᠦᠰ ᠢᠨᠦ ᠵᠠᠷᠢᠮ ᠨᠢᠭᠡᠨ ᠢᠨᠦ ᠨᠠᠳᠤᠷ ᠬᠦᠷᠦᠭᠰᠡᠨ ᠪᠤᠢ᠃ ᠲᠡᠷᠡ ᠶᠠᠭᠤᠨ ᠤ ᠲᠤᠯᠠ ᠬᠡᠮᠡᠪᠡᠰᠦ᠂ ᠨᠠᠳᠠᠴᠠ ᠬᠦᠴᠦᠨ ᠭᠠᠷᠤᠭᠰᠠᠨ ᠢ ᠪᠢ ᠪᠡᠷ ᠮᠡᠳᠡᠮᠦᠢ᠃ 47᠂ ᠬᠡᠮᠡᠨ ᠵᠠᠷᠯᠢᠭ ᠪᠣᠯᠤᠭᠰᠠᠨ ᠳᠤᠷ ᠲᠡᠷᠡ ᠡᠮ᠎ᠡ ᠢᠨᠦ ᠨᠢᠭᠤᠭᠳᠠᠭᠰᠠᠨ ᠪᠤᠰᠤ ᠪᠠᠨ ᠦᠵᠡᠭᠡᠳ᠂ ᠴᠢᠴᠢᠷᠡᠵᠦ ᠢᠷᠡᠭᠡᠳ᠂ ᠲᠡᠭᠦᠨ ᠦ ᠡᠮᠦᠨ᠎ᠡ ᠬᠥᠰᠡᠷ᠎ᠡ ᠮᠥᠷᠭᠦᠨ ᠪᠦᠬᠦ ᠤᠯᠤᠰ ᠤᠨ ᠡᠮᠦᠨ᠎ᠡ ᠶᠠᠭᠤᠨ ᠤ ᠲᠤᠯᠠ ᠲᠡᠭᠦᠨ ᠳᠦᠷ ᠭᠠᠷ ᠢᠶᠠᠨ ᠬᠦᠷᠭᠡᠭᠰᠡᠨ ᠬᠢᠭᠡᠳ᠂ ᠲᠡᠷᠡ ᠳᠠᠷᠤᠢ ᠬᠡᠷ ᠡᠳᠡᠭᠡᠭᠡᠭᠳᠡᠭᠰᠡᠨ ᠢᠶᠡᠨ ᠲᠡᠭᠦᠨ ᠳᠦᠷ ᠠᠶᠢᠯᠠᠳᠬᠠᠪᠠᠢ᠃ 48᠂ (ᠢᠢᠰᠦᠰ) ᠢᠨᠦ ᠲᠡᠭᠦᠨ ᠳᠦᠷ ᠵᠠᠷᠯᠢᠭ ᠪᠣᠯᠤᠷᠤᠨ᠃ ᠥᠬᠢᠨ ᠮᠢᠨᠦ ᠡ᠂ ᠪᠦᠦ ᠠᠶᠤᠲᠤᠭᠠᠢ᠃ ᠴᠢᠨᠦ ᠢᠲᠡᠭᠡᠯ ᠢᠨᠦ ᠴᠢᠮᠠᠶᠢ ᠲᠣᠨᠢᠯᠭᠠᠪᠠᠢ᠃ ᠠᠮᠤᠷ ᠢᠶᠠᠷ ᠣᠳᠲᠤᠭᠠᠢ᠃ 49᠂ ᠬᠡᠮᠡᠨ ᠵᠠᠷᠯᠢᠭ ᠪᠣᠯᠤᠨ ᠠᠲᠠᠯ᠎ᠠ ᠬᠤᠷᠠᠯ ᠤᠨ ᠲᠡᠷᠢᠭᠦᠯᠡᠭᠴᠢ ᠶᠢᠨ ᠭᠡᠷ ᠡᠴᠡ ᠨᠢᠭᠡᠨ ᠢᠨᠦ ᠢᠷᠡᠭᠡᠳ ᠲᠡᠭᠦᠨ ᠳᠦᠷ ᠡᠶᠢᠨ᠃ ᠴᠢᠨᠦ ᠥᠬᠢᠨ ᠢᠨᠦ ᠦᠬᠦᠪᠡᠢ᠃ ᠪᠠᠭᠰᠢ ᠶᠢ ᠪᠦᠦ ᠲᠦᠪᠡᠭᠴᠢᠭᠦᠯ᠃ 50᠂ ᠬᠡᠮᠡᠭᠰᠡᠨ ᠢ ᠢᠢᠰᠦᠰ ᠢᠨᠦ ᠰᠣᠨᠣᠰᠤᠭᠠᠳ ᠲᠡᠭᠦᠨ ᠳᠦᠷ ᠬᠠᠷᠢᠭᠤ ᠡᠶᠢᠨ᠃ ᠪᠦᠦ ᠠᠶᠤᠲᠤᠭᠠᠢ᠃ ᠢᠮᠠᠭᠲᠠ ᠢᠲᠡᠭᠡᠨ ᠦᠢᠯᠡᠳ᠃ ᠲᠡᠶᠢᠨ ᠬᠦ ᠲᠡᠷᠡ ᠢᠨᠦ ᠡᠳᠡᠭᠡᠬᠦ ᠪᠤᠢ᠃ ᠬᠡᠮᠡᠨ ᠵᠠᠷᠯᠢᠭ ᠪᠣᠯᠪᠠᠢ᠃ 51᠂ ᠲᠡᠶᠢᠨ ᠬᠦ ᠲᠡᠷᠡ ᠢᠨᠦ ᠭᠡᠷ ᠲᠦᠷ ᠬᠦᠷᠦᠭᠡᠳ᠂ ᠹᠢᠲ᠋ᠢᠷ ᠬᠢᠭᠡᠳ ᠢᠣᠸᠠᠨ ᠪᠠ ᠶᠠᠺᠣᠪ ᠬᠢᠭᠡᠳ ᠲᠡᠷᠡ ᠬᠡᠦᠬᠡᠨ ᠦ ᠡᠴᠢᠭᠡ ᠡᠬᠡ ᠡᠴᠡ ᠪᠤᠰᠤ ᠬᠡᠨ ᠢ ᠴᠤ ᠣᠷᠣᠬᠤᠶ᠎ᠠ ᠡᠰᠡ ᠲᠠᠯᠪᠢᠯᠤᠭᠠ᠃ 52᠂ ᠪᠦᠭᠦᠳᠡᠭᠡᠷ ᠦᠨ ᠲᠡᠷᠡ (ᠬᠡᠦᠬᠡᠨ) ᠦ ᠲᠤᠯᠠ ᠤᠶᠢᠯᠠᠯᠴᠠᠨ ᠭᠠᠰᠢᠭᠤᠳᠠᠯᠴᠠᠭᠰᠠᠨ ᠳᠤᠷ ᠲᠡᠷᠡ ᠢᠨᠦ ᠡᠶᠢᠨ᠃ ᠪᠦᠦ ᠤᠶᠢᠯᠠᠭᠲᠤᠨ᠃ ᠲᠡᠷᠡ ᠢᠨᠦ ᠦᠬᠦᠭᠰᠡᠨ ᠪᠤᠰᠤ᠂ ᠢᠮᠠᠭᠲᠠ ᠤᠨᠲᠠᠮᠤᠢ᠃ 53᠂ ᠬᠡᠮᠡᠨ ᠵᠠᠷᠯᠢᠭ ᠪᠣᠯᠤᠭᠰᠠᠨ ᠳᠤᠷ ᠲᠡᠳᠡ ᠢᠨᠦ ᠲᠡᠭᠦᠨ ᠦ ᠦᠬᠦᠭᠰᠡᠨ ᠢ ᠮᠡᠳᠡᠭᠡᠳ (ᠢᠢᠰᠦᠰ) ᠦᠨ ᠲᠤᠰ ᠢᠨᠢᠶᠡᠯᠳᠦᠯᠦᠭᠡ᠃ 54᠂ ᠵᠦᠭᠡᠷ ᠲᠡᠷᠡ ᠢᠨᠦ ᠲᠡᠳᠡ ᠪᠦᠭᠦᠳᠡᠭᠡᠷ ᠢ ᠭᠠᠳᠠᠭᠰᠢ ᠭᠠᠷᠭᠠᠭᠠᠳ᠂ ᠲᠡᠭᠦᠨ ᠦ ᠭᠠᠷ ᠠᠴᠠ ᠪᠠᠷᠢᠨ ᠡᠶᠢᠨ ᠳᠠᠭᠤᠳᠠᠨ ᠵᠠᠷᠯᠢᠭ ᠪᠣᠯᠤᠷᠤᠨ᠃ ᠥᠬᠢᠨ ᠡ᠂ ᠪᠣᠰᠲᠤᠭᠠᠢ᠃ 55᠂ ᠬᠡᠮᠡᠨ ᠵᠠᠷᠯᠢᠭ ᠪᠣᠯᠤᠭᠰᠠᠨ ᠳᠤᠷ ᠲᠡᠭᠦᠨ ᠦ ᠰᠦᠨᠡᠰᠦᠨ ᠢᠨᠦ ᠪᠤᠴᠠᠭᠰᠠᠨ ᠪᠥᠭᠡᠳ᠂ ᠲᠡᠷᠡ ᠢᠨᠦ ᠳᠠᠷᠤᠢ ᠪᠣᠰᠪᠠᠢ᠃ ᠲᠡᠷᠡ ᠢᠨᠦ (ᠥᠬᠢᠨ) ᠳᠦᠷ ᠢᠳᠡᠭᠡᠨ ᠢ ᠥᠭᠭᠦᠭᠲᠦᠨ ᠬᠡᠮᠡᠨ ᠵᠠᠷᠯᠢᠭ ᠪᠣᠯᠪᠠᠢ᠃ 56᠂ ᠲᠡᠭᠦᠨ ᠦ ᠡᠴᠢᠭᠡ ᠡᠬᠡ ᠬᠣᠶᠠᠷ ᠠᠨᠤ ᠶᠡᠬᠡᠳᠡ ᠭᠠᠶᠢᠬᠠᠪᠠᠢ᠃ ᠵᠦᠭᠡᠷ ᠲᠡᠷᠡ ᠢᠨᠦ ᠲᠡᠳᠡ ᠳᠦᠷ ᠶᠠᠭᠤᠨ ᠤᠴᠢᠷᠠᠭᠰᠠᠨ ᠢ ᠬᠡᠨ ᠳᠦᠷ ᠴᠤ ᠪᠦᠦ ᠥᠭᠦᠯᠡᠭᠲᠦᠨ ᠬᠡᠮᠡᠨ ᠵᠠᠬᠢᠪᠠᠢ ᠅
Currently Selected:
ᠯᠦᠺᠡ 8: MB1840
Highlight
Share
Copy
Want to have your highlights saved across all your devices? Sign up or sign in
Digital edition of the Mongolian translation published in 1840 (the Old Testament) and 1846 (the New Testament) by Edward Stallybrass and William Swan. Created by Bayarjargal Garamtseren and Simon Wong. Digital edition © United Bible Societies, 2020.