ᠯᠦᠺᠡ 23
23
ᠬᠣᠷᠢᠨ ᠭᠤᠷᠪᠠᠳᠤᠭᠠᠷ ᠪᠦᠯᠦᠭ ᠅
1᠂ ᠲᠡᠶᠢᠨ ᠪᠥᠭᠡᠳ ᠲᠡᠳᠡᠨ ᠦ ᠴᠢᠭᠤᠯᠭᠠᠨ ᠠᠨᠤ ᠪᠣᠰᠤᠭᠠᠳ ᠲᠡᠭᠦᠨ ᠢ ᠹᠢᠯᠠᠳ ᠲᠤᠷ ᠬᠦᠷᠭᠡᠭᠡᠳ᠂ ᠲᠡᠭᠦᠨ ᠢ ᠪᠤᠷᠤᠭᠤᠰᠢᠶᠠᠨ ᠡᠶᠢᠨ᠃ 2᠂ ᠡᠭᠦᠨ ᠦ ᠤᠯᠤᠰ ᠢ ᠮᠡᠬᠡ ᠪᠡᠷ ᠡᠪᠳᠡᠷᠡᠭᠦᠯᠦᠨ᠂ ᠺᠠᠶᠢᠰᠠᠷ ᠲᠤᠷ ᠠᠯᠪᠠᠨ ᠢ ᠲᠥᠯᠦᠬᠦᠢ ᠶᠢ ᠬᠣᠷᠢᠨ᠂ ᠪᠢ ᠬᠡᠷᠢᠰᠲ᠋ᠣᠰ (ᠬᠡᠮᠡᠭᠴᠢ) ᠬᠠᠭᠠᠨ ᠮᠥᠨ᠂ ᠬᠡᠮᠡᠨ ᠥᠭᠦᠯᠡᠬᠦᠢ ᠶᠢ ᠪᠢᠳᠡ ᠪᠡᠷ ᠣᠯᠪᠠᠢ᠃ 3᠂ ᠬᠡᠮᠡᠭᠰᠡᠨ ᠳᠦᠷ ᠹᠢᠯᠠᠳ ᠠᠨᠤ ᠲᠡᠭᠦᠨ ᠡᠴᠡ ᠠᠰᠠᠭᠤᠷᠤᠨ᠃ ᠴᠢ ᠪᠡᠷ ᠶᠦᠳᠠᠲᠠᠨ ᠤ ᠬᠠᠭᠠᠨ ᠮᠥᠨ ᠶᠦ᠃ ᠬᠡᠮᠡᠨ ᠠᠶᠢᠯᠠᠳᠬᠠᠭᠰᠠᠨ ᠳᠤᠷ ᠲᠡᠷᠡ ᠢᠨᠦ ᠲᠡᠭᠦᠨ ᠳᠦᠷ ᠬᠠᠷᠢᠭᠤ ᠡᠶᠢᠨ᠃ ᠴᠢᠨᠦ ᠥᠭᠦᠯᠡᠭᠰᠡᠨ ᠢᠨᠦ (ᠵᠥᠪ)᠃ 4᠂ ᠬᠡᠮᠡᠨ ᠵᠠᠷᠯᠢᠭ ᠪᠣᠯᠤᠭᠰᠠᠨ ᠳᠤᠷ ᠹᠢᠯᠠᠳ ᠠᠨᠤ ᠲᠡᠷᠢᠭᠦᠨ ᠯᠠᠮᠠᠨᠠᠷ ᠬᠢᠭᠡᠳ ᠨᠡᠶᠢᠲᠡ ᠤᠯᠤᠰ ᠲᠤᠷ ᠥᠭᠦᠯᠡᠷᠦᠨ᠃ ᠪᠢ ᠪᠡᠷ ᠡᠨᠡ ᠬᠦ ᠬᠦᠮᠦᠨ ᠳᠦᠷ ᠨᠢᠭᠡᠬᠡᠨ ᠴᠤ ᠪᠤᠷᠤᠭᠤ ᠶᠢ ᠡᠰᠡ ᠣᠯᠤᠮᠤᠢ᠃ 5᠂ ᠬᠡᠮᠡᠭᠰᠡᠨ ᠳᠦᠷ ᠲᠡᠳᠡ ᠢᠨᠦ ᠦᠯᠡᠮᠵᠢ ᠬᠦᠴᠦᠯᠡᠵᠦ ᠡᠶᠢᠨ᠃ ᠲᠡᠷᠡ ᠢᠨᠦ ᠪᠦᠬᠦᠯᠢ ᠶᠦᠳᠢᠶᠠ ᠳᠤᠷ ᠺᠠᠯᠢᠯᠢᠶ᠎ᠠ ᠠᠴᠠ ᠡᠬᠢᠯᠡᠵᠦ ᠡᠨᠡ ᠣᠷᠣᠨ ᠬᠦᠷᠲᠡᠯ᠎ᠡ ᠰᠤᠷᠭᠠᠵᠤ᠂ ᠤᠯᠤᠰ ᠢ ᠬᠤᠳᠬᠤᠯᠠᠨ ᠬᠥᠳᠡᠯᠭᠡᠨ ᠠᠮᠤᠢ᠃ 6᠂ ᠬᠡᠮᠡᠭᠰᠡᠨ ᠳᠦᠷ ᠹᠢᠯᠠᠳ ᠠᠨᠤ ᠺᠠᠯᠢᠯᠢᠶ᠎ᠠ ᠶᠢᠨ ᠤᠴᠢᠷ᠎ᠠ ᠰᠣᠨᠣᠰᠤᠭᠠᠳ᠂ ᠡᠨᠡ ᠢᠨᠦ ᠺᠠᠯᠢᠯᠢᠶ᠎ᠠ ᠶᠢᠨ ᠬᠦᠮᠦᠨ ᠪᠤᠶᠤ᠃ 7᠂ ᠬᠡᠮᠡᠨ ᠠᠰᠠᠭᠤᠵᠤ᠂ ᠲᠡᠭᠦᠨ ᠦ ᠾᠢᠷᠣᠳ᠋ ᠤᠨ ᠮᠡᠳᠡᠯ ᠦᠨ ᠮᠤᠵᠢ ᠶᠢᠨ ᠬᠦᠮᠦᠨ ᠮᠥᠨ ᠠᠬᠤᠢ ᠶᠢ ᠮᠡᠳᠡᠭᠡᠳ᠂ ᠲᠡᠷᠡ ᠬᠦ ᠴᠠᠭ ᠲᠤᠷ ᠶᠢᠷᠤᠰᠠᠯᠢᠮ ᠤᠨ ᠳᠣᠲᠣᠷ᠎ᠠ ᠠᠭᠰᠠᠨ ᠾᠢᠷᠣᠳ᠋ ᠲᠤᠷ ᠲᠡᠭᠦᠨ ᠢ ᠢᠯᠡᠭᠡᠪᠡᠢ᠃ 8᠂ ᠾᠢᠷᠣᠳ᠋ ᠠᠨᠤ ᠢᠢᠰᠦᠰ ᠢ ᠦᠵᠡᠭᠡᠳ ᠮᠠᠰᠢᠳᠠ ᠪᠠᠶᠠᠰᠪᠠᠢ᠃ ᠲᠡᠷᠡ ᠶᠠᠭᠤᠨ ᠤ ᠲᠤᠯᠠ ᠬᠡᠮᠡᠪᠡᠰᠦ᠂ ᠲᠡᠷᠡ ᠢᠨᠦ ᠲᠡᠭᠦᠨ ᠦ ᠤᠴᠢᠷ᠎ᠠ ᠣᠯᠠᠨ ᠢ ᠰᠣᠨᠣᠰᠤᠭᠠᠳ᠂ ᠲᠡᠷᠡ ᠢᠨᠦ ᠨᠢᠭᠡᠨ ᠭᠠᠶᠢᠬᠠᠮᠰᠢᠭ ᠢ ᠦᠵᠡᠭᠦᠯᠬᠦ᠂ ᠬᠡᠮᠡᠨ ᠨᠠᠶᠢᠳᠠᠭᠰᠠᠨ ᠤ ᠲᠤᠯᠠ ᠥᠨᠢ ᠡᠴᠡ ᠲᠡᠭᠦᠨ ᠢ ᠦᠵᠡᠬᠦᠶ᠎ᠡ ᠬᠦᠰᠡᠭᠰᠡᠨ ᠪᠥᠯᠦᠭᠡ᠃ 9᠂ ᠲᠡᠶᠢᠮᠦ ᠶᠢᠨ ᠲᠤᠯᠠᠳᠠ ᠲᠡᠷᠡ ᠢᠨᠦ ᠣᠯᠠᠨ ᠦᠭᠡᠰ ᠢᠶᠡᠷ ᠲᠡᠭᠦᠨ ᠡᠴᠡ ᠠᠰᠠᠭᠤᠪᠠᠢ᠃ ᠬᠠᠷᠢᠨ ᠢᠢᠰᠦᠰ ᠢᠨᠦ ᠲᠡᠭᠦᠨ ᠳᠦᠷ ᠬᠠᠷᠢᠭᠤ ᠡᠰᠡ ᠵᠠᠷᠯᠢᠭ ᠪᠣᠯᠪᠠᠢ᠃ 10᠂ ᠲᠡᠶᠢᠨ ᠪᠦᠬᠦᠶᠡ ᠲᠡᠷᠢᠭᠦᠨ ᠯᠠᠮᠠᠨᠠᠷ ᠬᠢᠭᠡᠳ ᠨᠣᠮ ᠵᠢᠭᠠᠭᠴᠢᠨᠠᠷ ᠠᠨᠤ ᠲᠡᠨᠳᠡ ᠪᠠᠶᠢᠵᠤ ᠲᠡᠭᠦᠨ ᠢ ᠵᠢᠳᠬᠦᠯᠭᠡ ᠲᠦ ᠪᠡᠷ ᠪᠤᠷᠤᠭᠤᠰᠢᠶᠠᠪᠠᠢ᠃ 11᠂ ᠵᠦᠭᠡᠷ ᠾᠢᠷᠣᠳ᠋ ᠬᠢᠭᠡᠳ ᠲᠡᠭᠦᠨ ᠦ ᠴᠢᠷᠢᠭ ᠦᠨ ᠤᠯᠤᠰ ᠠᠨᠤ ᠲᠡᠭᠦᠨ ᠢ ᠳᠣᠷᠣᠮᠵᠢᠯᠠᠨ ᠴᠠᠭᠠᠨ ᠥᠩᠭᠡ ᠲᠦ ᠬᠤᠪᠴᠠᠰᠤᠨ ᠢ ᠡᠮᠦᠰᠬᠡᠭᠡᠳ᠂ ᠹᠢᠯᠠᠳ ᠲᠤᠷ ᠪᠤᠷᠴᠠᠭᠠᠨ ᠢᠯᠡᠭᠡᠵᠦᠬᠦᠢ᠃ 12᠂ ᠲᠡᠷᠡ ᠬᠦ ᠡᠳᠦᠷ᠎ᠡ ᠹᠢᠯᠠᠳ ᠾᠢᠷᠣᠳ᠋ ᠬᠣᠶᠠᠷ ᠠᠨᠤ ᠢᠨᠠᠭ ᠠᠮᠠᠷᠠᠭ ᠪᠣᠯᠤᠴᠠᠪᠠᠢ ᠬᠡᠮᠡᠪᠡᠰᠦ᠂ ᠤᠷᠢᠳᠠ ᠡᠪ ᠦᠭᠡᠢ ᠪᠥᠯᠦᠭᠡ ᠅ 13᠂ ᠲᠡᠶᠢᠨ ᠪᠥᠭᠡᠳ ᠹᠢᠯᠠᠳ ᠠᠨᠤ ᠲᠡᠷᠢᠭᠦᠨ ᠯᠠᠮᠠᠨᠠᠷ ᠬᠢᠭᠡᠳ ᠠᠬᠠᠯᠠᠭᠴᠢᠨᠠᠷ ᠪᠠ ᠤᠯᠤᠰ ᠢ ᠴᠢᠭᠤᠯᠭᠠᠭᠠᠳ ᠲᠡᠳᠡᠨ ᠳᠦᠷ ᠥᠭᠦᠯᠡᠷᠦᠨ᠃ 14᠂ ᠲᠠ ᠪᠡᠷ ᠡᠨᠡ ᠬᠦᠮᠦᠨ ᠢ ᠤᠯᠤᠰ ᠢ ᠤᠷᠪᠠᠭᠤᠯᠤᠭᠴᠢ ᠪᠣᠯᠭᠠᠨ ᠨᠠᠳᠤᠷ ᠠᠴᠠᠷᠠᠭᠰᠠᠨ ᠪᠤᠢ᠃ ᠵᠦᠭᠡᠷ ᠪᠢ ᠪᠡᠷ ᠲᠠᠨᠤ ᠡᠮᠦᠨ᠎ᠡ ᠲᠡᠭᠦᠨ ᠢ ᠮᠥᠱᠬᠢᠨ ᠠᠰᠠᠭᠤᠭᠰᠠᠨ ᠪᠣᠯᠪᠠᠴᠤ᠂ ᠲᠠᠨᠤ ᠪᠤᠷᠤᠭᠤᠰᠢᠶᠠᠭᠰᠠᠨ ᠠᠴᠠ ᠡᠨᠡ ᠬᠦᠮᠦᠨ ᠦ ᠨᠢᠭᠡᠨ ᠴᠤ ᠪᠤᠷᠤᠭᠤ ᠶᠢ ᠡᠰᠡ ᠬᠦ ᠣᠯᠪᠠᠢ᠃ 15᠂ ᠾᠢᠷᠣᠳ᠋ ᠴᠤ ᠶᠠᠭᠤᠨ ᠢ ᠴᠤ ᠡᠰᠡ ᠣᠯᠪᠠᠢ ᠬᠡᠮᠡᠪᠡᠰᠦ᠂ ᠪᠢ ᠪᠡᠷ ᠲᠠᠨ ᠢ ᠲᠡᠭᠦᠨ ᠳᠦᠷ ᠢᠯᠡᠭᠡᠪᠡᠢ᠃ ᠲᠡᠶᠢᠨ ᠪᠥᠭᠡᠳ ᠮᠡᠨᠡ᠂ ᠲᠡᠷᠡ ᠢᠨᠦ ᠦᠬᠦᠬᠦ ᠶᠢᠨ ᠵᠠᠰᠠᠭ ᠲᠤᠷ ᠤᠨᠠᠭᠠᠬᠤᠢ ᠶᠠᠭᠤᠨ ᠢ ᠴᠤ ᠡᠰᠡ ᠦᠢᠯᠡᠳᠦᠯᠦᠭᠡ᠃ 16᠂ ᠲᠡᠶᠢᠮᠦ ᠶᠢᠨ ᠲᠤᠯᠠ ᠪᠢ ᠪᠡᠷ ᠲᠡᠭᠦᠨ ᠢ ᠵᠠᠨᠴᠢᠭᠠᠳ ᠰᠤᠯᠠ ᠲᠠᠯᠪᠢᠰᠤ᠃ ᠬᠡᠮᠡᠯᠦᠭᠡ᠃ 17᠂ ᠨᠠᠶᠢᠷ ᠤᠨ ᠴᠠᠭ ᠲᠤᠷ ᠨᠢᠭᠡᠨ ᠢ ᠲᠡᠳᠡᠨ ᠳᠦᠷ ᠰᠤᠯᠠ ᠲᠠᠯᠪᠢᠬᠤᠢ ᠶᠣᠰᠤ ᠪᠤᠢ ᠪᠥᠯᠦᠭᠡ᠃ 18᠂ ᠲᠡᠶᠢᠨ ᠪᠥᠭᠡᠳ ᠬᠠᠮᠤᠭ ᠤᠯᠤᠰ ᠠᠨᠤ ᠳᠠᠭᠤᠳᠠᠯᠴᠠᠷᠤᠨ᠃ ᠡᠭᠦᠨ ᠢ ᠪᠠᠷᠢᠭᠠᠳ᠂ ᠪᠢᠳᠡᠨ ᠳᠦᠷ ᠪᠠᠷᠠᠪᠪᠠ ᠶᠢ ᠰᠤᠯᠠ ᠲᠠᠯᠪᠢᠲᠤᠭᠠᠢ᠃ 19᠂ ᠪᠠᠷᠠᠪᠪᠠ ᠬᠡᠮᠡᠪᠡᠰᠦ ᠪᠠᠯᠭᠠᠰᠤᠨ ᠤ ᠳᠣᠲᠣᠷ᠎ᠠ ᠡᠪᠳᠡᠷᠡᠯ ᠬᠤᠳᠬᠤᠯᠠᠯ ᠢ ᠡᠭᠦᠰᠬᠡᠭᠰᠡᠨ ᠪᠥᠭᠡᠳ ᠬᠦᠮᠦᠨ ᠢ ᠠᠯᠠᠭᠰᠠᠨ ᠤ ᠲᠤᠯᠠ ᠭᠢᠨᠳᠠᠨ ᠤ ᠳᠣᠲᠣᠷ᠎ᠠ ᠬᠣᠷᠢᠭᠳᠠᠭᠰᠠᠨ ᠬᠦᠮᠦᠨ ᠪᠥᠯᠦᠭᠡ᠃ 20᠂ ᠹᠢᠯᠠᠳ ᠠᠨᠤ ᠢᠢᠰᠦᠰ ᠢ ᠰᠤᠯᠠ ᠲᠠᠯᠪᠢᠬᠤᠶᠠ ᠳᠤᠷᠠᠰᠢᠨ ᠲᠡᠳᠡᠨ ᠳᠦᠷ ᠳ᠋ᠠᠬᠢᠨ ᠥᠭᠦᠯᠡᠪᠡᠢ᠃ 21᠂ ᠵᠦᠭᠡᠷ ᠲᠡᠳᠡ ᠢᠨᠦ ᠶᠡᠬᠡ ᠳᠠᠭᠤᠨ ᠭᠠᠷᠤᠯᠴᠠᠨ ᠡᠶᠢᠨ᠃ ᠲᠡᠭᠦᠨ ᠢ ᠵᠠᠭᠤᠯᠮᠠᠶᠢᠯᠴᠢᠯᠠᠨ ᠦᠢᠯᠡᠳ᠃ ᠲᠡᠭᠦᠨ ᠢ ᠵᠠᠭᠤᠯᠮᠠᠶᠢᠯᠴᠢᠯᠠᠨ ᠦᠢᠯᠡᠳ᠃ 22᠂ ᠬᠡᠮᠡᠨ ᠥᠭᠦᠯᠡᠯᠳᠦᠭᠰᠡᠨ ᠳᠦᠷ (ᠹᠢᠯᠠᠳ ᠠᠨᠤ) ᠭᠤᠷᠪᠠᠳᠤᠭᠠᠷ ᠦᠶ᠎ᠡ ᠲᠡᠳᠡᠨ ᠳᠦᠷ ᠥᠭᠦᠯᠡᠷᠦᠨ᠃ ᠬᠠᠷᠢᠨ ᠲᠡᠭᠦᠨ ᠦ ᠪᠤᠷᠤᠭᠤ ᠦᠢᠯᠡᠳᠦᠭᠰᠡᠨ ᠢᠨᠦ ᠶᠠᠭᠤᠨ ᠪᠤᠶᠤ᠃ ᠪᠢ ᠪᠡᠷ ᠲᠡᠭᠦᠨ ᠳᠦᠷ ᠦᠬᠦᠬᠦ ᠶᠢᠨ ᠵᠠᠰᠠᠭ ᠲᠤᠷ ᠤᠨᠠᠭᠠᠬᠤᠢ ᠪᠤᠷᠤᠭᠤ ᠶᠢ ᠡᠰᠡ ᠣᠯᠤᠭᠰᠠᠨ ᠪᠤᠢ᠃ ᠲᠡᠶᠢᠮᠦ ᠶᠢᠨ ᠲᠤᠯᠠ ᠪᠢ ᠪᠡᠷ ᠲᠡᠭᠦᠨ ᠢ ᠵᠠᠨᠴᠢᠭᠠᠳ ᠰᠤᠯᠠ ᠲᠠᠯᠪᠢᠰᠤ᠃ 23᠂ ᠬᠡᠮᠡᠪᠡᠴᠦ ᠲᠡᠳᠡ ᠢᠨᠦ ᠴᠢᠩᠭ᠍᠎ᠠ ᠳᠠᠭᠤᠨ ᠢᠶᠠᠷ ᠲᠡᠭᠦᠨ ᠦ ᠵᠠᠭᠤᠯᠮᠠᠶᠢᠯᠵᠢᠯᠠᠭᠳᠠᠬᠤᠢ ᠶᠢ ᠬᠡᠷᠡᠭᠯᠡᠪᠡᠢ᠃ ᠲᠡᠶᠢᠨ ᠪᠡᠷ ᠲᠡᠳᠡᠨ ᠦ ᠬᠢᠭᠡᠳ ᠲᠡᠷᠢᠭᠦᠨ ᠯᠠᠮᠠᠨᠠᠷ ᠤᠨ ᠳᠠᠭᠤᠨ ᠠᠨᠤ ᠳᠡᠶᠢᠯᠪᠡᠢ ᠅ 24᠂ ᠲᠡᠶᠢᠨ ᠬᠦ ᠹᠢᠯᠠᠳ ᠠᠨᠤ ᠲᠡᠳᠡᠨ ᠦ ᠳᠤᠷ᠎ᠠ ᠪᠠᠷ ᠪᠣᠯᠬᠤᠢ ᠶᠢ ᠰᠢᠭᠢᠢᠳᠦᠭᠡᠳ᠂ 25᠂ ᠡᠪᠳᠡᠷᠡᠯ ᠬᠤᠳᠬᠤᠯᠠᠯ ᠢ ᠡᠭᠦᠰᠬᠡᠭᠰᠡᠨ ᠬᠢᠭᠡᠳ ᠬᠦᠮᠦᠨ ᠢ ᠠᠯᠠᠭᠰᠠᠨ ᠤ ᠲᠤᠯᠠ ᠭᠢᠨᠳᠠᠨ ᠤ ᠳᠣᠲᠣᠷ᠎ᠠ ᠬᠣᠷᠢᠭᠳᠠᠭᠰᠠᠨ ᠬᠡᠮᠡᠪᠡᠰᠦ᠂ ᠲᠡᠳᠡᠨ ᠦ ᠬᠦᠰᠡᠭᠰᠡᠨ (ᠬᠦᠮᠦᠨ) ᠢ ᠰᠤᠯᠠ ᠲᠠᠯᠪᠢᠭᠠᠳ᠂ ᠢᠢᠰᠦᠰ ᠢ ᠲᠡᠳᠡᠨ ᠦ ᠡᠷᠬᠡ ᠳᠦᠷ ᠥᠭᠪᠡᠢ᠃ 26᠂ ᠲᠡᠨᠳᠡᠴᠡ ᠲᠡᠳᠡ ᠢᠨᠦ ᠲᠡᠭᠦᠨ ᠢ ᠬᠥᠳᠡᠯᠦᠨ ᠭᠠᠷᠭᠠᠬᠤᠢ ᠳᠠᠭᠠᠨ᠂ ᠲᠠᠷᠢᠶᠠᠯᠠᠩ ᠠᠴᠠ ᠪᠤᠴᠠᠵᠤ ᠶᠠᠪᠤᠭᠰᠠᠨ ᠬᠢᠷᠢᠨᠢ ᠶᠢᠨ ᠰᠢᠢᠮᠣᠨ ᠬᠡᠮᠡᠭᠴᠢ ᠨᠢᠭᠡᠨ ᠬᠦᠮᠦᠨ ᠢ ᠪᠠᠷᠢᠭᠠᠳ᠂ ᠲᠡᠭᠦᠨ ᠳᠦᠷ ᠵᠠᠭᠤᠯᠮᠠᠶᠢᠯᠵᠢᠢ ᠮᠣᠳᠤᠨ ᠢ ᠡᠷᠭᠦᠭᠦᠯᠦᠨ ᠢᠢᠰᠦᠰ ᠦᠨ ᠬᠣᠶᠢᠨᠠ ᠠᠴᠠ ᠶᠠᠪᠤᠭᠤᠯᠪᠠᠢ᠃ 27᠂ ᠲᠡᠷᠡ ᠲᠡᠶᠢᠨ ᠪᠦᠬᠦᠶᠡ ᠮᠠᠰᠢ ᠣᠯᠠᠨ ᠤᠯᠤᠰ ᠬᠢᠭᠡᠳ ᠲᠡᠭᠦᠨ ᠦ ᠤᠴᠢᠷ᠎ᠠ ᠦᠢᠯᠡᠯᠳᠦᠨ ᠴᠤᠷᠬᠢᠷᠠᠯᠳᠤᠭᠰᠠᠨ ᠡᠮᠡᠰ ᠢᠨᠦ ᠲᠡᠭᠦᠨ ᠢ ᠳᠠᠭᠠᠯᠴᠠᠪᠠᠢ᠃ 28᠂ ᠢᠢᠰᠦᠰ ᠢᠨᠦ ᠲᠡᠳᠡᠨ ᠳᠦᠷ ᠡᠷᠭᠢᠨ ᠡᠶᠢᠨ ᠵᠠᠷᠯᠢᠭ ᠪᠣᠯᠤᠷᠤᠨ᠃ ᠶᠢᠷᠤᠰᠠᠯᠢᠮ ᠤᠨ ᠥᠬᠢᠳ ᠡ᠂ ᠮᠢᠨᠦ ᠤᠴᠢᠷ᠎ᠠ ᠦᠯᠦ ᠤᠶᠢᠯᠠᠯᠳᠤᠨ᠂ ᠥᠪᠡᠷ ᠦᠨ ᠪᠡᠶᠡᠰ ᠬᠢᠭᠡᠳ ᠥᠪᠡᠷ ᠦᠨ ᠬᠡᠦᠬᠡᠳ ᠦᠨ ᠤᠴᠢᠷ᠎ᠠ ᠤᠶᠢᠯᠠᠯᠳᠤᠭᠲᠤᠨ᠃ 29᠂ ᠲᠡᠷᠡ ᠶᠠᠭᠤᠨ ᠤ ᠲᠤᠯᠠ ᠬᠡᠮᠡᠪᠡᠰᠦ᠂ ᠮᠡᠨᠡ᠂ ᠬᠡᠭᠦᠰᠡᠷ ᠬᠢᠭᠡᠳ ᠡᠰᠡ ᠲᠥᠷᠥᠭᠰᠡᠨ ᠤᠮᠠᠢ ᠪᠠ ᠡᠰᠡ ᠬᠥᠬᠥᠭᠦᠯᠦᠭᠰᠡᠨ ᠬᠥᠬᠦᠨ ᠨᠦᠭᠦᠳ ᠢᠨᠦ ᠠᠮᠤᠭᠠᠯᠠᠩ ᠮᠥᠨ᠂ ᠬᠡᠮᠡᠨ ᠥᠭᠦᠯᠡᠭᠳᠡᠬᠦ ᠡᠳᠦᠷ ᠦᠳ ᠢᠨᠦ ᠢᠷᠡᠬᠦ ᠪᠣᠯᠤᠶᠤ᠃ 30᠂ ᠲᠡᠷᠡ ᠬᠦ ᠴᠠᠭ ᠲᠤᠷ ᠲᠡᠳᠡ ᠢᠨᠦ ᠠᠭᠤᠯᠠᠳ ᠲᠤᠷ ᠡᠶᠢᠨ᠃ ᠪᠢᠳᠡᠨ ᠦ ᠳᠡᠭᠡᠷ᠎ᠡ ᠤᠨᠠᠭᠲᠤᠨ᠃ ᠪᠠᠰᠠ ᠬᠠᠳᠠᠳ ᠲᠤᠷ ᠡᠶᠢᠨ᠃ ᠪᠢᠳᠡᠨ ᠢ ᠪᠦᠷᠬᠦᠭᠡᠭᠲᠦᠨ ᠬᠡᠮᠡᠨ ᠥᠭᠦᠯᠡᠯᠳᠦᠬᠦ ᠪᠣᠯᠤᠶᠤ᠃ 31᠂ ᠬᠡᠷᠪᠡ ᠨᠣᠶᠢᠲᠠᠨ ᠮᠣᠳᠤᠨ ᠳᠤᠷ ᠡᠨᠡ ᠮᠡᠲᠦ ᠪᠡᠷ ᠦᠢᠯᠡᠳᠦᠭᠳᠡᠬᠦ ᠪᠥᠭᠡᠰᠦ᠂ ᠬᠠᠭᠤᠷᠠᠢ ᠮᠣᠳᠤᠨ ᠳᠤᠷ ᠶᠠᠭᠤᠨ ᠤᠴᠢᠷᠠᠯᠳᠤᠬᠤ ᠪᠤᠶᠤ᠃ ᠬᠡᠮᠡᠨ ᠵᠠᠷᠯᠢᠭ ᠪᠣᠯᠪᠠᠢ ᠅ 32᠂ ᠪᠠᠰᠠ ᠲᠡᠭᠦᠨ ᠯᠦᠭᠡ ᠬᠠᠮᠲᠤ ᠬᠣᠶᠠᠷ ᠶᠠᠯ᠎ᠠ ᠲᠤ ᠬᠦᠮᠦᠨ ᠢᠨᠦ ᠦᠬᠦᠭᠦᠯᠦᠭᠳᠡᠬᠦ ᠶᠢᠨ ᠲᠤᠯᠠ ᠬᠥᠳᠡᠯᠦᠭᠳᠡᠪᠡᠢ ᠅ 33᠂ ᠲᠡᠶᠢᠨ ᠪᠥᠭᠡᠳ ᠲᠡᠳᠡ ᠢᠨᠦ ᠶᠠᠰᠤᠨ ᠤ ᠣᠪᠤᠭ᠎ᠠ ᠬᠡᠮᠡᠬᠦ ᠭᠠᠵᠠᠷ ᠲᠤᠷ ᠬᠦᠷᠦᠭᠡᠳ᠂ ᠲᠡᠨᠳᠡ ᠲᠡᠭᠦᠨ ᠢ ᠵᠠᠭᠤᠯᠮᠠᠶᠢᠯᠵᠢᠯᠠᠵᠤ᠂ ᠬᠣᠶᠠᠷ ᠶᠠᠯ᠎ᠠ ᠲᠤ ᠶᠢᠨ ᠨᠢᠭᠡᠨ ᠢ ᠪᠠᠷᠠᠭᠤᠨ ᠡᠲᠡᠭᠡᠳᠡ ᠬᠢᠭᠡᠳ ᠨᠥᠭᠦᠭᠡ ᠶᠢ ᠵᠡᠭᠦᠨ ᠡᠲᠡᠭᠡᠳᠡ ᠵᠠᠭᠤᠯᠮᠠᠶᠢᠯᠵᠢᠯᠠᠪᠠᠢ ᠅ 34᠂ ᠢᠢᠰᠦᠰ ᠢᠨᠦ ᠡᠶᠢᠨ᠃ ᠡᠴᠢᠭᠡ ᠡ᠂ ᠲᠡᠳᠡᠨ ᠢ ᠬᠡᠯᠲᠦᠷᠢᠭᠦᠯᠦᠨ ᠰᠣᠶᠤᠷᠬ᠎ᠠ᠃ ᠲᠡᠷᠡ ᠶᠠᠭᠤᠨ ᠤ ᠲᠤᠯᠠ ᠬᠡᠮᠡᠪᠡᠰᠦ᠂ ᠲᠡᠳᠡ ᠢᠨᠦ ᠶᠠᠭᠤᠨ ᠦᠢᠯᠡᠳᠦᠨ ᠠᠬᠤᠢ ᠪᠠᠨ ᠡᠰᠡ ᠮᠡᠳᠡᠮᠦᠢ᠃ ᠬᠡᠮᠡᠨ ᠵᠠᠯᠪᠠᠷᠢᠯᠤᠭᠠ ᠅ ᠪᠠᠰᠠ ᠲᠡᠳᠡ ᠢᠨᠦ ᠲᠡᠭᠦᠨ ᠦ ᠬᠤᠪᠴᠠᠳ ᠢ ᠬᠤᠪᠢᠶᠠᠨ ᠰᠢᠪᠠᠭ᠎ᠠ ᠶᠢ ᠣᠷᠬᠢᠪᠠᠢ᠃ 35᠂ ᠲᠡᠨᠳᠡ ᠤᠯᠤᠰ ᠠᠨᠤ ᠬᠠᠷᠠᠵᠤ ᠪᠠᠶᠢᠪᠠᠢ᠃ ᠲᠡᠷᠢᠭᠦᠯᠡᠭᠴᠢᠳ ᠴᠤ ᠲᠡᠳᠡ ᠯᠦᠭᠡ ᠬᠠᠮᠲᠤ ᠲᠡᠭᠦᠨ ᠢ ᠳᠣᠷᠣᠮᠵᠢᠯᠠᠨ ᠡᠶᠢᠨ᠃ ᠲᠡᠷᠡ ᠢᠨᠦ ᠪᠤᠰᠤᠳ ᠢ ᠲᠣᠨᠢᠯᠭᠠᠪᠠᠢ᠃ ᠬᠡᠷᠪᠡ ᠲᠡᠷᠡ ᠢᠨᠦ ᠪᠤᠷᠬᠠᠨ ᠤ ᠰᠣᠩᠭᠣᠭᠰᠠᠨ ᠬᠡᠷᠢᠰᠲ᠋ᠣᠰ ᠮᠥᠨ ᠪᠣᠯᠪᠠᠰᠤ᠂ ᠪᠡᠶ᠎ᠡ ᠪᠡᠨ ᠲᠣᠨᠢᠯᠭᠠᠬᠤ ᠪᠣᠯᠲᠤᠭᠠᠢ᠃ ᠬᠡᠮᠡᠯᠳᠦᠯᠦᠭᠡ ᠅ 36᠂ ᠵᠢᠴᠢ ᠴᠢᠷᠢᠭ ᠦᠨ ᠤᠯᠤᠰ ᠠᠨᠤ ᠲᠡᠭᠦᠨ ᠢ ᠡᠯᠡᠭᠯᠡᠨ᠂ ᠳᠡᠷᠭᠡᠳᠡ ᠢᠷᠡᠭᠡᠳ ᠲᠡᠭᠦᠨ ᠳᠦᠷ ᠢᠰᠬᠦᠯᠡᠩ ᠤᠮᠳᠠᠭᠠᠨ ᠢ ᠥᠭᠭᠦᠨ ᠡᠶᠢᠨ᠃ 37᠂ ᠬᠡᠷᠪᠡ ᠴᠢ ᠪᠡᠷ ᠶᠦᠳᠠᠲᠠᠨ ᠤ ᠬᠠᠭᠠᠨ ᠮᠥᠨ ᠪᠣᠯᠪᠠᠰᠤ᠂ ᠪᠡᠶ᠎ᠡ ᠪᠡᠨ ᠲᠣᠨᠢᠯᠭᠠᠨ ᠦᠢᠯᠡᠳ᠃ 38᠂ ᠵᠢᠴᠢ ᠲᠡᠨᠳᠡ ᠲᠡᠭᠦᠨ ᠦ ᠳᠡᠭᠡᠷ᠎ᠡ ᠭᠡᠷᠢᠶᠡᠭ ᠬᠢᠭᠡᠳ ᠯᠠᠲ᠋ᠢᠨ ᠪᠠ ᠾᠢᠪᠷᠢ ᠶᠢᠨ (ᠭᠤᠷᠪᠠᠨ) ᠬᠡᠯᠡᠪᠡᠷ᠂ ᠡᠨᠡ ᠢᠨᠦ ᠶᠦᠳᠠᠲᠠᠨ ᠤ ᠬᠠᠭᠠᠨ ᠪᠤᠢ᠂ ᠬᠡᠮᠡᠨ ᠪᠢᠴᠢᠭᠳᠡᠭᠰᠡᠨ ᠪᠥᠯᠦᠭᠡ ᠅ 39᠂ ᠡᠯᠭᠦᠭᠳᠡᠭᠰᠡᠨ ᠶᠠᠯ᠎ᠠ ᠲᠠᠨ ᠠᠴᠠ ᠨᠢᠭᠡᠨ ᠢᠨᠦ ᠲᠡᠭᠦᠨ ᠢ ᠬᠠᠷᠢᠶᠠᠨ ᠡᠶᠢᠨ᠃ ᠬᠡᠷᠪᠡ ᠴᠢ ᠪᠡᠷ ᠬᠡᠷᠢᠰᠲ᠋ᠣᠰ ᠮᠥᠨ ᠪᠣᠯᠪᠠᠰᠤ᠂ ᠪᠡᠶ᠎ᠡ ᠪᠡᠨ ᠬᠢᠭᠡᠳ ᠪᠢᠳᠡᠨ ᠢ ᠲᠣᠨᠢᠯᠭᠠᠨ ᠦᠢᠯᠡᠳ᠃ 40᠂ ᠬᠡᠮᠡᠭᠰᠡᠨ ᠳᠦᠷ ᠨᠥᠭᠦᠭᠡ ᠢᠨᠦ ᠲᠡᠭᠦᠨ ᠢ ᠵᠢᠮᠡᠯᠡᠵᠦ ᠡᠶᠢᠨ᠃ ᠴᠢ ᠪᠡᠷ ᠡᠨᠡ ᠬᠦ ᠵᠠᠰᠠᠭ ᠲᠤᠷ ᠤᠨᠠᠭᠰᠠᠨ ᠪᠣᠯᠪᠠᠴᠤ᠂ ᠪᠤᠷᠬᠠᠨ ᠠᠴᠠ ᠡᠰᠡ ᠠᠶᠤᠮᠤᠶᠤ᠃ 41᠂ ᠪᠢᠳᠡ ᠴᠤ ᠶᠣᠰᠤ ᠲᠤ ᠪᠠᠷ ᠤᠨᠠᠭᠰᠠᠨ ᠪᠤᠢ ᠬᠡᠮᠡᠪᠡᠰᠦ᠂ ᠪᠢᠳᠡ ᠥᠪᠡᠷ ᠦᠨ ᠦᠢᠯᠡᠰ ᠦᠨ ᠶᠣᠰᠤ ᠲᠤ ᠵᠠᠰᠠᠭ ᠢ ᠡᠳᠡᠯᠡᠮᠦᠢ᠃ ᠵᠦᠭᠡᠷ ᠡᠨᠡ ᠢᠨᠦ ᠠᠯᠢᠪᠠ ᠴᠤ ᠪᠤᠷᠤᠭᠤ ᠶᠢ ᠡᠰᠡ ᠦᠢᠯᠡᠳᠦᠭᠰᠡᠨ ᠪᠤᠢ᠃ 42᠂ ᠬᠡᠮᠡᠭᠡᠳ ᠪᠠᠰᠠ ᠢᠢᠰᠦᠰ ᠲᠦᠷ ᠡᠶᠢᠨ᠃ ᠡᠵᠡᠨ ᠡ᠋᠂ ᠴᠢ ᠪᠡᠷ ᠥᠪᠡᠷ ᠦᠨ ᠡᠵᠡᠯᠡᠭᠦᠷᠢᠨ ᠳᠦᠷ ᠣᠷᠣᠰᠢᠬᠤᠢ ᠳᠠᠭᠠᠨ ᠨᠠᠮᠠᠶᠢ ᠰᠠᠨᠠᠨ ᠰᠣᠶᠤᠷᠬ᠎ᠠ᠃ 43᠂ ᠬᠡᠮᠡᠨ ᠠᠶᠢᠯᠠᠳᠬᠠᠭᠰᠠᠨ ᠳᠤᠷ ᠢᠢᠰᠦᠰ ᠢᠨᠦ ᠲᠡᠭᠦᠨ ᠳᠦᠷ ᠡᠶᠢᠨ᠃ ᠡᠳᠦᠭᠡ ᠡᠳᠦᠷ᠎ᠡ ᠴᠢ ᠪᠡᠷ ᠨᠠᠳᠠᠯᠤᠭᠠ ᠠᠮᠤᠭᠤᠯᠠᠩ ᠤᠨ ᠣᠷᠣᠨ ᠳᠤᠷ ᠪᠠᠶᠢᠯᠴᠠᠬᠤ ᠪᠣᠯᠤᠶᠤ᠃ ᠬᠡᠮᠡᠨ ᠪᠢ ᠪᠡᠷ ᠴᠢᠮᠠᠳᠤᠷ ᠮᠠᠭᠠᠳᠯᠠᠨ ᠥᠭᠦᠯᠡᠮᠦᠢ᠃ ᠬᠡᠮᠡᠨ ᠵᠠᠷᠯᠢᠭ ᠪᠣᠯᠪᠠᠢ ᠅ 44᠂ ᠡᠨᠡ ᠢᠨᠦ ᠵᠢᠷᠭᠤᠳᠤᠭᠠᠷ ᠴᠠᠭ ᠲᠤᠷ ᠪᠥᠯᠦᠭᠡ᠃ ᠲᠡᠶᠢᠨ ᠬᠦ ᠶᠢᠰᠦᠳᠦᠭᠡᠷ ᠴᠠᠭ ᠪᠣᠯᠲᠠᠯ᠎ᠠ ᠪᠦᠬᠦᠯᠢ ᠭᠠᠵᠠᠷ ᠤᠨ ᠳᠡᠭᠡᠷ᠎ᠡ ᠬᠠᠷᠠᠩᠭᠤᠢ ᠪᠣᠯᠪᠠᠢ᠃ ᠬᠡᠮᠡᠪᠡᠰᠦ᠃ 45᠂ ᠨᠠᠷᠠ ᠠᠨᠤ ᠪᠦᠷᠬᠦᠭᠡᠭᠳᠡᠭᠰᠡᠨ ᠪᠥᠭᠡᠳ᠂ ᠰᠦᠮ᠎ᠡ ᠶᠢᠨ ᠬᠥᠰᠢᠭᠡ ᠢᠨᠦ ᠬᠣᠶᠠᠷ ᠠᠩᠭᠢ ᠪᠣᠯᠤᠨ ᠰᠢᠭᠤᠷᠪᠠᠢ᠃ 46᠂ ᠲᠡᠶᠢᠨ ᠪᠥᠭᠡᠳ ᠢᠢᠰᠦᠰ ᠢᠨᠦ ᠴᠢᠩᠭ᠎ᠠ ᠳᠠᠭᠤᠨ ᠢᠶᠠᠷ ᠡᠶᠢᠨ᠃ ᠡᠴᠢᠭᠡ ᠡ᠂ ᠪᠢ ᠪᠡᠷ ᠰᠦᠨᠡᠰᠦᠨ ᠢᠶᠡᠨ ᠴᠢᠨᠦ ᠮᠤᠲᠤᠷ ᠲᠤᠷ ᠲᠤᠰᠢᠶᠠᠨ ᠥᠭᠭᠦᠮᠦᠢ᠃ ᠬᠡᠮᠡᠨ ᠵᠠᠷᠯᠢᠭ ᠪᠣᠯᠤᠭᠠᠳ ᠨᠥᠭᠴᠢᠪᠡᠢ ᠅ 47᠂ ᠲᠡᠨᠳᠡ ᠵᠠᠭᠤᠨ ᠤ ᠳᠠᠷᠤᠭ᠎ᠠ ᠠᠨᠤ ᠶᠠᠭᠤᠨ ᠪᠣᠯᠤᠭᠰᠠᠨ ᠢ ᠦᠵᠡᠭᠡᠳ ᠪᠤᠷᠬᠠᠨ ᠢ ᠮᠠᠭᠲᠠᠨ ᠡᠶᠢᠨ᠃ ᠡᠨᠡ ᠢᠨᠦ ᠵᠥᠪ ᠲᠦ ᠬᠦᠮᠦᠨ ᠪᠥᠯᠦᠭᠡ᠃ ᠬᠡᠮᠡᠵᠦᠬᠦᠢ᠃ 48᠂ ᠵᠢᠴᠢ ᠲᠡᠷᠡ ᠬᠦ ᠦᠵᠡᠭᠳᠡᠯ ᠢ ᠦᠵᠡᠷ᠎ᠡ ᠪᠠᠶᠢᠭᠰᠠᠨ ᠬᠠᠮᠤᠭ ᠤᠯᠤᠰ ᠠᠨᠤ ᠤᠴᠢᠷᠠᠭᠰᠠᠨ ᠢ ᠦᠵᠡᠭᠡᠳ᠂ ᠡᠪᠴᠢᠬᠦᠨ ᠢᠶᠡᠨ ᠳᠡᠯᠡᠳᠳᠦᠨ ᠬᠠᠷᠢᠪᠠᠢ᠃ 49᠂ ᠪᠠᠰᠠ ᠲᠡᠭᠦᠨ ᠦ ᠲᠠᠨᠢᠯ ᠤᠳ ᠬᠢᠭᠡᠳ ᠺᠠᠯᠢᠯᠢᠶ᠎ᠠ ᠠᠴᠠ ᠲᠡᠭᠦᠨ ᠢ ᠳᠠᠭᠠᠭᠰᠠᠨ ᠡᠮᠡᠰ ᠢᠨᠦ ᠲᠥᠰᠦᠷ ᠪᠠᠶᠢᠵᠤ ᠡᠨᠡ ᠮᠡᠲᠦᠰ ᠢ ᠦᠵᠡᠯᠦᠭᠡ ᠅ 50᠂ ᠲᠡᠶᠢᠨ ᠬᠦ ᠶᠦᠳᠠᠲᠠᠨ ᠤ ᠠᠷᠢᠮᠠᠲ᠋ᠢᠶᠠ (ᠬᠡᠮᠡᠭᠴᠢ) ᠪᠠᠯᠭᠠᠰᠤᠨ ᠠᠴᠠ ᠠᠵᠤ᠂ ᠵᠥᠪᠯᠡᠭᠡᠨ ᠦ ᠰᠠᠶᠢᠳ ᠪᠣᠯᠤᠨ ᠲᠥᠪ ᠰᠢᠯᠠᠭᠤᠨ ᠬᠦᠮᠦᠨ ᠠᠭᠴᠢ ᠶᠣᠰᠢᠪ ᠬᠡᠮᠡᠭᠴᠢ ᠨᠢᠭᠡᠨ ᠢᠨᠦ᠂ 51᠂ ᠲᠡᠳᠡᠨ ᠦ ᠵᠥᠪᠯᠡᠭᠡᠨ ᠬᠢᠭᠡᠳ ᠦᠢᠯᠡ ᠶᠢ ᠡᠰᠡ ᠵᠥᠪᠰᠢᠶᠡᠭᠡᠳ᠂ ᠪᠤᠷᠬᠠᠨ ᠤ ᠡᠵᠡᠯᠡᠭᠦᠷᠢᠨ ᠢ ᠬᠦᠯᠢᠶᠡᠳᠡᠭ ᠪᠥᠯᠦᠭᠡ᠃ 52᠂ ᠲᠡᠷᠡ ᠢᠨᠦ ᠹᠢᠯᠠᠳ ᠲᠤᠷ ᠣᠳᠤᠭᠠᠳ ᠢᠢᠰᠦᠰ ᠦᠨ ᠬᠡᠭᠦᠷ ᠢ ᠡᠷᠢᠭᠡᠳ᠃ 53ᠪᠠᠭᠤᠯᠭᠠᠨ ᠪᠥᠰ ᠣᠷᠢᠶᠠᠭᠠᠳ᠂ ᠲᠡᠷᠡ ᠴᠠᠭ ᠠᠴᠠ ᠤᠷᠢᠳᠠ ᠬᠡᠨ ᠦ ᠴᠤ ᠬᠡᠭᠦᠷ ᠢ ᠡᠰᠡ ᠣᠷᠣᠰᠢᠭᠤᠯᠤᠭᠰᠠᠨ ᠬᠢᠭᠡᠳ ᠴᠢᠯᠠᠭᠤᠨ ᠠᠴᠠ ᠴᠠᠪᠴᠢᠭᠳᠠᠭᠰᠠᠨ ᠪᠤᠯᠠᠰᠢᠨ ᠳᠤᠷ ᠲᠠᠯᠪᠢᠵᠤᠬᠤᠢ᠃ 54᠂ ᠲᠡᠷᠡ ᠡᠳᠦᠷ ᠬᠡᠮᠡᠪᠡᠰᠦ ᠪᠡᠯᠡᠳᠬᠡᠯ ᠦᠨ (ᠡᠳᠦᠷ) ᠠᠭᠰᠠᠨ ᠪᠥᠭᠡᠳ᠂ ᠰᠠᠪᠠᠳ ᠡᠳᠦᠷ ᠢᠨᠦ ᠣᠶᠢᠷᠠᠲᠠᠭᠰᠠᠨ ᠪᠥᠯᠦᠭᠡ᠃ 55᠂ (ᠢᠢᠰᠦᠰ) ᠯᠦᠭᠡ ᠺᠠᠯᠢᠯᠢᠶ᠎ᠠ ᠠᠴᠠ ᠢᠷᠡᠯᠴᠡᠭᠰᠡᠨ ᠡᠮᠡᠰ ᠢᠨᠦ ᠳᠠᠭᠠᠨ ᠣᠳᠤᠯᠴᠠᠭᠠᠳ ᠪᠤᠯᠠᠰᠢᠨ ᠢ ᠦᠵᠡᠨ᠂ ᠬᠡᠭᠦᠷ ᠦᠨ ᠶᠠᠬᠢᠨ ᠬᠡᠪᠲᠡᠭᠦᠯᠦᠭᠳᠡᠭᠰᠡᠨ ᠢ ᠦᠵᠡᠯᠦᠭᠡ᠃ 56᠂ ᠲᠡᠨᠳᠡᠴᠡ ᠲᠡᠳᠡ ᠢᠨᠦ ᠪᠤᠴᠤᠭᠠᠳ ᠠᠩᠬᠢᠯᠠᠬᠤᠢ ᠦᠨᠦᠷᠲᠡᠨ ᠬᠢᠭᠡᠳ ᠮᠢᠢᠷᠡ ᠶᠢ ᠪᠡᠯᠡᠳᠦᠭᠡᠳ᠂ ᠲᠣᠭᠲᠠᠭᠠᠯ ᠤᠨ ᠶᠣᠰᠤᠭᠠᠷ ᠰᠠᠪᠠᠳ ᠡᠳᠦᠷ᠎ᠡ ᠠᠮᠤᠷᠠᠯᠤᠭᠠ ᠅
Currently Selected:
ᠯᠦᠺᠡ 23: MB1840
Highlight
Share
Copy
Want to have your highlights saved across all your devices? Sign up or sign in
Digital edition of the Mongolian translation published in 1840 (the Old Testament) and 1846 (the New Testament) by Edward Stallybrass and William Swan. Created by Bayarjargal Garamtseren and Simon Wong. Digital edition © United Bible Societies, 2020.