ᠯᠦᠺᠡ 5
5
ᠲᠠᠪᠤᠳᠤᠭᠠᠷ ᠪᠦᠯᠦᠭ ᠅
1᠂ ᠲᠡᠨᠳᠡᠴᠡ ᠴᠢᠭᠤᠯᠭᠠᠨ ᠠᠨᠤ ᠪᠤᠷᠬᠠᠨ ᠤ ᠵᠠᠷᠯᠢᠭ ᠢ ᠰᠣᠨᠣᠰᠬᠤ ᠶᠢᠨ ᠲᠤᠯᠠ ᠲᠡᠭᠦᠨ ᠦ ᠡᠮᠦᠨ᠎ᠡ ᠲᠦᠷᠢᠪᠡᠢ᠃ 2᠂ ᠲᠡᠶᠢᠨ ᠬᠦ ᠲᠡᠷᠡ ᠢᠨᠦ ᠺᠢᠨᠢᠰᠠᠷᠢᠳ ᠨᠠᠭᠤᠷ ᠤᠨ ᠳᠡᠷᠭᠡᠳᠡ ᠵᠣᠭᠰᠤᠨ ᠪᠠᠶᠢᠭᠠᠳ᠂ ᠨᠠᠭᠤᠷ ᠤᠨ ᠣᠶᠢᠷ᠎ᠠ ᠬᠣᠶᠠᠷ ᠣᠩᠭᠤᠴᠠ ᠶᠢ ᠦᠵᠡᠪᠡᠢ᠃ ᠵᠢᠭᠠᠰᠤᠴᠢᠨᠠᠷ ᠠᠨᠤ ᠲᠡᠳᠡᠨ ᠡᠴᠡ ᠭᠠᠷᠤᠭᠠᠳ ᠭᠥᠯᠮᠢ ᠪᠡᠨ ᠤᠬᠢᠶᠠᠵᠤ ᠪᠠᠶᠢᠪᠠᠢ᠃ 3᠂ ᠪᠠᠰᠠ ᠲᠡᠷᠡ ᠢᠨᠦ ᠲᠡᠷᠡ ᠬᠣᠶᠠᠷ ᠣᠩᠭᠤᠴᠠ ᠠᠴᠠ ᠨᠢᠭᠡᠨ ᠳᠦᠷ ᠬᠡᠮᠡᠪᠡᠰᠦ᠂ ᠰᠢᠢᠮᠣᠨ ᠤ (ᠣᠩᠭᠤᠴᠠ) ᠳᠤᠷ ᠣᠷᠣᠭᠠᠳ᠃ (ᠣᠩᠭᠤᠴᠠ ᠶᠢ) ᠭᠠᠵᠠᠷ ᠠᠴᠠ ᠥᠴᠦᠬᠡᠨ ᠦ ᠲᠡᠳᠦᠢ ᠭᠠᠷᠭᠠᠬᠤᠢ ᠶᠢ ᠭᠤᠶᠤᠪᠠᠢ᠃ ᠲᠡᠶᠢᠨ ᠪᠥᠭᠡᠳ ᠲᠡᠷᠡ ᠢᠨᠦ ᠰᠠᠭᠤᠭᠠᠳ᠂ ᠲᠡᠷᠡ ᠬᠦ ᠣᠩᠭᠤᠴᠠ ᠠᠴᠠ ᠤᠯᠤᠰ ᠢ ᠰᠤᠷᠭᠠᠵᠤᠬᠤᠢ᠃ 4᠂ ᠵᠢᠴᠢ ᠲᠡᠷᠡ ᠢᠨᠦ ᠵᠠᠷᠯᠢᠭ ᠪᠣᠯᠤᠭᠰᠠᠨ ᠢ ᠳᠠᠭᠤᠰᠤᠭᠠᠳ᠂ ᠰᠢᠢᠮᠣᠨ ᠳᠤᠷ ᠡᠶᠢᠨ᠃ ᠭᠦᠨ ᠳᠦᠷ (ᠣᠩᠭᠤᠴᠠ ᠪᠠᠨ) ᠬᠦᠷᠭᠡᠭᠡᠳ ᠵᠢᠭᠠᠰᠤᠨ ᠢ ᠲᠣᠷᠭᠤᠷᠠ ᠭᠥᠯᠮᠢ ᠪᠡᠨ ᠬᠠᠶᠠᠭᠲᠤᠨ᠃ 5᠂ ᠬᠡᠮᠡᠨ ᠵᠠᠷᠯᠢᠭ ᠪᠣᠯᠤᠭᠰᠠᠨ ᠳᠤᠷ ᠰᠢᠢᠮᠣᠨ ᠠᠨᠤ ᠬᠠᠷᠢᠭᠤ ᠠᠶᠢᠯᠠᠳᠬᠠᠨ ᠡᠶᠢᠨ᠃ ᠪᠠᠭᠰᠢ ᠠ᠋᠂ ᠪᠢᠳᠡ ᠪᠡᠷ ᠪᠦᠬᠦᠯᠢ ᠰᠥᠨᠢ ᠳᠦᠷ ᠬᠥᠳᠦᠯᠦᠭᠡᠳ ᠶᠠᠭᠤᠬᠠᠨ ᠢ ᠡᠰᠡ ᠪᠠᠷᠢᠭᠰᠠᠨ ᠪᠤᠢ᠃ ᠬᠠᠷᠢᠨ ᠴᠢᠨᠦ ᠵᠠᠷᠯᠢᠭ ᠢᠶᠠᠷ ᠪᠢ ᠪᠡᠷ ᠭᠥᠯᠮᠢ ᠪᠡᠨ ᠬᠠᠶᠠᠰᠤ᠃ 6᠂ ᠬᠡᠮᠡᠭᠰᠡᠨ ᠳᠦᠷ ᠲᠡᠳᠡ ᠢᠨᠦ ᠲᠡᠷᠡ ᠮᠡᠲᠦ ᠪᠡᠷ ᠦᠢᠯᠡᠳᠦᠭᠡᠳ ᠮᠠᠰᠢ ᠣᠯᠠᠨ ᠵᠢᠭᠠᠰᠤᠨ ᠢ ᠪᠠᠷᠢᠪᠠᠢ᠃ ᠭᠥᠯᠮᠢ ᠴᠤ ᠰᠢᠭᠤᠷᠪᠠᠢ᠃ 7᠂ ᠲᠡᠶᠢᠨ ᠪᠥᠭᠡᠳ ᠲᠡᠳᠡ ᠢᠨᠦ ᠪᠤᠰᠤ ᠣᠩᠭᠤᠴᠠ ᠳᠤᠷ ᠠᠭᠰᠠᠨ ᠨᠥᠬᠥᠰ ᠢ ᠢᠷᠡᠵᠦ ᠲᠤᠰᠠᠯᠠᠭᠲᠤᠨ ᠬᠡᠮᠡᠨ ᠳᠣᠬᠢᠶ᠎ᠠ ᠶᠢ ᠥᠭᠪᠡᠢ᠃ ᠲᠡᠭᠦᠨᠴᠢᠯᠡᠨ ᠬᠦ ᠲᠡᠳᠡ ᠢᠨᠦ ᠢᠷᠡᠭᠡᠳ ᠬᠣᠶᠠᠭᠤᠯᠠ ᠣᠩᠭᠤᠴᠠ ᠪᠠᠨ ᠴᠢᠪᠪᠦᠵᠦ ᠡᠬᠢᠯᠡᠬᠦᠢ ᠬᠦᠷᠲᠡᠯ᠎ᠡ ᠳᠦᠭᠦᠷᠭᠡᠯᠦᠭᠡ᠃ 8᠂ ᠰᠢᠢᠮᠣᠨ ᠹᠢᠲ᠋ᠢᠷ ᠠᠨᠤ (ᠡᠭᠦᠨ ᠢ) ᠦᠵᠡᠭᠡᠳ ᠢᠢᠰᠦᠰ ᠦᠨ ᠥᠯᠮᠡᠢ ᠳᠦᠷ ᠬᠥᠰᠡᠷ᠎ᠡ ᠮᠥᠷᠭᠦᠨ ᠡᠶᠢᠨ᠃ ᠡᠵᠡᠨ ᠡ᠂ ᠪᠢ ᠪᠡᠷ ᠬᠢᠯᠢᠨᠴᠡ ᠲᠦ ᠬᠦᠮᠦᠨ ᠮᠥᠨ ᠦ ᠲᠤᠯᠠ ᠨᠠᠳᠠᠴᠠ ᠬᠠᠭᠠᠴᠠᠨ ᠰᠣᠶᠤᠷᠬ᠎ᠠ᠂ ᠬᠡᠮᠡᠨ ᠠᠶᠢᠯᠠᠳᠬᠠᠪᠠᠢ᠃ 9᠂ ᠲᠡᠷᠡ ᠶᠠᠭᠤᠨ ᠤ ᠲᠤᠯᠠ ᠬᠡᠮᠡᠪᠡᠰᠦ᠂ ᠲᠡᠳᠡᠨ ᠦ ᠪᠠᠷᠢᠭᠰᠠᠨ ᠵᠢᠭᠠᠰᠤᠨ ᠤ ᠰᠢᠯᠲᠠᠭᠠᠪᠠᠷ ᠲᠡᠷᠡ ᠬᠢᠭᠡᠳ ᠲᠡᠭᠦᠨ ᠯᠦᠭᠡ ᠬᠠᠮᠤᠭ ᠠᠭᠰᠠᠳ ᠪᠠ᠂ 10᠂ ᠰᠢᠢᠮᠣᠨ ᠤ ᠨᠥᠬᠥᠰ ᠪᠣᠯᠤᠭᠰᠠᠨ ᠵᠢᠪᠢᠳᠢᠢ ᠶᠢᠨ ᠶᠠᠺᠣᠪ ᠢᠣᠸᠠᠨ ᠬᠣᠶᠠᠷ ᠬᠥᠪᠡᠭᠦᠨ ᠢᠨᠦ ᠶᠡᠬᠡᠳᠡ ᠠᠶᠤᠯᠴᠠᠭᠰᠠᠨ ᠪᠥᠯᠦᠭᠡ᠃ ᠲᠡᠶᠢᠨ ᠪᠥᠭᠡᠳ ᠢᠢᠰᠦᠰ ᠢᠨᠦ ᠰᠢᠢᠮᠣᠨ ᠳᠤᠷ ᠵᠠᠷᠯᠢᠭ ᠪᠣᠯᠤᠷᠤᠨ᠃ ᠪᠦᠦ ᠠᠶᠤᠲᠤᠭᠠᠢ᠃ ᠡᠭᠦᠨ ᠡᠴᠡ ᠠᠪᠤᠨ ᠴᠢ ᠪᠡᠷ ᠬᠦᠮᠦᠨ ᠨᠦᠭᠦᠳ ᠢ ᠲᠣᠷᠭᠤᠬᠤ ᠪᠣᠯᠤᠶᠤ᠃ 11᠂ ᠬᠡᠮᠡᠨ ᠵᠠᠷᠯᠢᠭ ᠪᠣᠯᠤᠭᠰᠠᠨ ᠳᠤᠷ ᠲᠡᠳᠡ ᠢᠨᠦ ᠣᠩᠭᠤᠴᠠᠰ ᠢᠶᠠᠨ ᠡᠷᠭᠢ ᠳᠦᠷ ᠬᠦᠷᠭᠡᠭᠡᠳ᠂ ᠬᠠᠮᠤᠭ ᠢᠶᠠᠨ ᠣᠭᠤᠷᠴᠤ ᠲᠡᠭᠦᠨ ᠢ ᠳᠠᠭᠠᠪᠠᠢ ᠅ 12᠂ ᠲᠡᠨᠳᠡᠴᠡ ᠲᠡᠭᠦᠨ ᠦ ᠨᠢᠭᠡ ᠪᠠᠯᠭᠠᠰᠤᠨ ᠤ ᠳᠣᠲᠣᠷ᠎ᠠ ᠪᠠᠶᠢᠬᠤᠢ ᠳᠤᠷ᠂ ᠮᠡᠨᠡ᠂ ᠪᠦᠬᠦᠯᠢ ᠪᠡᠶ᠎ᠡ ᠪᠡᠷ ᠪᠤᠵᠠᠷ ᠪᠤᠰᠠᠷᠠᠭ ᠡᠪᠡᠳᠴᠢᠨ ᠲᠦ ᠨᠢᠭᠡ ᠬᠦᠮᠦᠨ ᠢᠨᠦ ᠢᠢᠰᠦᠰ ᠢ ᠦᠵᠡᠭᠡᠳ᠂ ᠬᠥᠰᠡᠷ᠎ᠡ ᠤᠨᠠᠨ ᠲᠡᠭᠦᠨ ᠳᠦᠷ ᠡᠶᠢᠨ᠂ ᠡᠵᠡᠨ ᠡ᠂ ᠬᠡᠷᠪᠡ ᠴᠢ ᠪᠡᠷ ᠲᠠᠭᠠᠯᠠᠪᠠᠰᠤ ᠴᠢ ᠪᠡᠷ ᠨᠠᠮᠠᠶᠢ ᠠᠷᠢᠯᠭᠠᠵᠤ ᠴᠢᠳᠠᠮᠤᠢ᠃ 13᠂ ᠬᠡᠮᠡᠨ ᠥᠭᠦᠯᠡᠭᠰᠡᠨ ᠳᠦᠷ (ᠢᠢᠰᠦᠰ) ᠢᠨᠦ ᠮᠤᠲᠤᠷ ᠢᠶᠠᠨ ᠰᠤᠩᠭᠠᠨ ᠲᠡᠭᠦᠨ ᠳᠦᠷ ᠬᠦᠷᠭᠡᠨ ᠡᠶᠢᠨ᠃ ᠪᠢ ᠲᠠᠭᠠᠯᠠᠮᠤᠢ᠃ ᠠᠷᠢᠯᠲᠤᠭᠠᠢ᠃ ᠬᠡᠮᠡᠨ ᠵᠠᠷᠯᠢᠭ ᠪᠣᠯᠤᠭᠰᠠᠨ ᠯᠤᠭ᠎ᠠ ᠰᠠᠴᠠ ᠲᠡᠷᠡ ᠬᠦ ᠪᠤᠵᠠᠷ ᠪᠤᠰᠠᠷᠠᠭ ᠠᠨᠤ ᠦᠭᠡᠢ ᠪᠣᠯᠤᠨ ᠠᠷᠢᠯᠪᠠᠢ᠃ 14᠂ ᠲᠡᠶᠢᠨ ᠬᠦ ᠢᠢᠰᠦᠰ ᠢᠨᠦ ᠲᠡᠭᠦᠨ ᠳᠦᠷ ᠡᠶᠢᠨ᠃ ᠬᠡᠨ ᠳᠦᠷ ᠴᠤ ᠦᠯᠦ ᠮᠡᠳᠡᠭᠦᠯᠦᠨ ᠣᠳᠤᠭᠠᠳ᠂ ᠯᠠᠮᠠ ᠳᠤᠷ ᠪᠡᠶ᠎ᠡ ᠪᠡᠨ ᠦᠵᠡᠭᠦᠯᠵᠦ᠂ ᠲᠡᠳᠡᠨ ᠳᠦᠷ ᠭᠡᠷᠡᠴᠢᠯᠡᠬᠦ ᠶᠢᠨ ᠲᠤᠯᠠ ᠮᠣᠰᠢ ᠶᠢᠨ ᠲᠣᠭᠲᠠᠭᠠᠭᠰᠠᠨ ᠤ ᠶᠣᠰᠤᠭᠠᠷ ᠥᠪᠡᠷ ᠦᠨ ᠠᠷᠢᠯᠭᠠᠯ ᠤᠨ (ᠡᠷᠭᠦᠯ ᠢ) ᠡᠷᠭᠦᠨ ᠦᠢᠯᠡᠳ᠃ ᠬᠡᠮᠡᠨ ᠵᠠᠷᠯᠢᠭ ᠪᠣᠯᠪᠠᠢ᠃ 15᠂ ᠲᠡᠶᠢᠨ ᠪᠣᠯᠪᠠᠴᠤ (ᠢᠢᠰᠦᠰ) ᠦᠨ ᠤᠴᠢᠷ᠎ᠠ ᠰᠣᠨᠣᠰᠬᠠᠯ ᠠᠨᠤ ᠦᠯᠡᠮᠵᠢ ᠠᠯᠳᠠᠷᠰᠢᠭᠰᠠᠨ ᠪᠥᠭᠡᠳ᠂ ᠣᠯᠠᠨ ᠤᠯᠤᠰ ᠠᠨᠤ (ᠲᠡᠭᠦᠨ ᠢ) ᠰᠣᠨᠣᠰᠬᠤ ᠬᠢᠭᠡᠳ ᠡᠪᠡᠳᠴᠢᠨ ᠦᠳ ᠡᠴᠡᠭᠡᠨ ᠡᠳᠡᠭᠡᠭᠡᠭᠳᠡᠬᠦ ᠶᠢᠨ ᠲᠤᠯᠠ ᠴᠢᠭᠤᠯᠵᠤᠬᠤᠢ ᠅ 16᠂ ᠲᠡᠨᠳᠡᠴᠡ ᠲᠡᠷᠡ ᠢᠨᠦ ᠡᠵᠡᠨ ᠦᠭᠡᠢ ᠭᠠᠵᠠᠷ᠎ᠠ ᠬᠣᠯᠠᠳᠠᠭᠠᠳ ᠵᠠᠯᠪᠠᠷᠢᠵᠤ ᠪᠠᠶᠢᠪᠠᠢ ᠅ 17᠂ ᠲᠡᠳᠡᠭᠡᠷ ᠡᠳᠦᠷ ᠦᠳ ᠦᠨ ᠨᠢᠭᠡ ᠡᠳᠦᠷ᠎ᠡ ᠲᠡᠭᠦᠨ ᠦ ᠰᠤᠷᠭᠠᠨ ᠠᠬᠤᠢ ᠳᠤᠷ᠂ ᠶᠢᠷᠤᠰᠠᠯᠢᠮ ᠠᠴᠠ ᠬᠢᠭᠡᠳ ᠺᠠᠯᠢᠯᠢᠶ᠎ᠠ ᠪᠠ ᠶᠦᠳᠢᠶᠠ ᠶᠢᠨ ᠬᠠᠮᠤᠭ ᠪᠠᠯᠭᠠᠳ ᠠᠴᠠ ᠢᠷᠡᠭᠰᠡᠨ ᠹᠠᠷᠢᠰᠢ ᠨᠠᠷ ᠬᠢᠭᠡᠳ ᠪᠠᠭᠰᠢᠨᠠᠷ ᠠᠨᠤ ᠰᠠᠭᠤᠨ ᠠᠪᠠᠢ᠃ ᠲᠡᠶᠢᠨ ᠬᠦ ᠡᠵᠡᠨ ᠦ ᠠᠤᠭ᠎ᠠ ᠬᠦᠴᠦᠨ ᠢᠶᠡᠷ (ᠡᠪᠡᠳᠴᠢᠲᠡᠨ) ᠢᠨᠦ ᠡᠳᠡᠭᠡᠭᠡᠭᠳᠡᠪᠡᠢ᠃ 18᠂ ᠲᠡᠶᠢᠨ ᠪᠥᠭᠡᠳ ᠮᠡᠨᠡ᠂ ᠵᠠᠷᠢᠮ ᠤᠳ ᠠᠨᠤ ᠳᠡᠪᠢᠰᠬᠡᠷ ᠦᠨ ᠳᠡᠭᠡᠷ᠎ᠡ ᠬᠡᠪᠲᠡᠭᠦᠯᠦᠭᠰᠡᠨ ᠮᠡᠨᠡᠩ ᠱᠠᠷᠬᠢᠷᠠᠭᠠᠨ ᠡᠪᠡᠳᠴᠢᠲᠦ ᠬᠦᠮᠦᠨ ᠢ ᠣᠷᠣᠭᠤᠯᠵᠤ ᠲᠡᠭᠦᠨ ᠦ ᠡᠮᠦᠨ᠎ᠡ ᠬᠦᠷᠭᠡᠬᠦᠶᠡ ᠲᠤᠭᠤᠷᠪᠢᠪᠠᠢ᠃ 19᠂ ᠬᠠᠷᠢᠨ ᠲᠡᠳᠡ ᠢᠨᠦ ᠣᠯᠠᠨ (ᠴᠢᠭᠤᠯᠤᠭᠰᠠᠨ) ᠤᠯᠤᠰ ᠤᠨ ᠰᠢᠯᠲᠠᠭᠠᠪᠠᠷ ᠲᠡᠭᠦᠨ ᠢ ᠣᠷᠣᠭᠤᠯᠬᠤᠢ ᠠᠷᠭ᠎ᠠ ᠶᠢ ᠡᠰᠡ ᠣᠯᠤᠭᠠᠳ᠂ ᠭᠡᠷ ᠦᠨ ᠳᠡᠭᠡᠷ᠎ᠡ ᠣᠳᠤᠭᠠᠳ᠂ ᠲᠡᠭᠦᠨ ᠢ ᠳᠡᠪᠢᠰᠬᠡᠷ ᠯᠦᠭᠡ ᠬᠠᠮᠲᠤ ᠪᠠᠷ ᠳᠡᠭᠡᠯᠪᠦᠷ ᠡᠴᠡ (ᠭᠡᠷ ᠦᠨ) ᠳᠣᠲᠣᠷ᠎ᠠ ᠢᠢᠰᠦᠰ ᠦᠨ ᠡᠮᠦᠨ᠎ᠡ ᠪᠠᠭᠤᠯᠭᠠᠪᠠᠢ᠃ 20᠂ ᠢᠢᠰᠦᠰ ᠢᠨᠦ ᠲᠡᠳᠡᠨ ᠦ ᠢᠲᠡᠭᠡᠯ ᠢ ᠦᠵᠡᠨ ᠲᠡᠭᠦᠨ ᠳᠦᠷ ᠡᠶᠢᠨ᠃ ᠬᠦᠮᠦᠨ ᠡ᠂ ᠴᠢᠨᠦ ᠬᠢᠯᠢᠨᠴᠡᠰ ᠢᠨᠦ ᠬᠡᠯᠲᠦᠷᠢᠭᠦᠯᠦᠭᠳᠡᠭᠰᠡᠨ ᠪᠤᠢ᠃ 21᠂ ᠬᠡᠮᠡᠨ ᠵᠠᠷᠯᠢᠭ ᠪᠣᠯᠤᠭᠰᠠᠨ ᠳᠤᠷ ᠨᠣᠮ ᠵᠢᠭᠠᠭᠴᠢᠨᠠᠷ ᠬᠢᠭᠡᠳ ᠹᠠᠷᠢᠰᠢ ᠨᠠᠷ ᠠᠨᠤ ᠡᠶᠢᠨ ᠰᠡᠳᠬᠢᠯᠴᠡᠷᠦᠨ᠃ ᠪᠤᠷᠬᠠᠨ ᠢ ᠳᠣᠷᠣᠮᠵᠢᠯᠠᠬᠤᠢ ᠣᠯᠬᠢᠶᠠᠨ ᠦᠭᠡ ᠶᠢ ᠥᠭᠦᠯᠡᠭᠴᠢ ᠡᠨᠡ ᠢᠨᠦ ᠬᠡᠨ ᠪᠤᠶᠤ᠃ ᠭᠠᠭᠴᠠ ᠪᠤᠷᠬᠠᠨ ᠠᠴᠠ ᠬᠡᠨ ᠬᠢᠯᠢᠨᠴᠡᠰ ᠢ ᠬᠡᠯᠲᠦᠷᠢᠭᠦᠯᠵᠦ ᠴᠢᠳᠠᠮᠤᠶᠤ᠃ 22᠂ ᠬᠡᠮᠡᠨ ᠲᠡᠳᠡᠨ ᠦ ᠰᠡᠳᠬᠢᠯᠴᠡᠭᠰᠡᠨ ᠢ ᠢᠢᠰᠦᠰ ᠢᠨᠦ ᠠᠶᠢᠯᠠᠳᠤᠭᠠᠳ ᠲᠡᠳᠡᠨ ᠳᠦᠷ ᠬᠠᠷᠢᠭᠤ ᠵᠠᠷᠯᠢᠭ ᠪᠣᠯᠤᠷᠤᠨ᠃ ᠲᠠ ᠪᠡᠷ ᠵᠢᠷᠦᠬᠡᠨ ᠳᠡᠭᠡᠨ ᠶᠠᠭᠤᠨ ᠢ ᠰᠡᠳᠬᠢᠯᠴᠡᠮᠦᠶᠦ᠃ 23᠂ ᠴᠢᠨᠦ ᠬᠢᠯᠢᠨᠴᠡᠰ ᠢᠨᠦ ᠬᠡᠯᠲᠦᠷᠢᠭᠦᠯᠦᠭᠳᠡᠭᠰᠡᠨ ᠪᠤᠢ ᠬᠡᠮᠡᠬᠦᠢ᠂ ᠡᠰᠡᠪᠡᠰᠦ ᠪᠣᠯᠤᠭᠠᠳ ᠶᠠᠪᠤᠲᠤᠭᠠᠢ ᠬᠡᠮᠡᠬᠦᠢ ᠡᠳᠡ ᠬᠣᠶᠠᠷ ᠤᠨ ᠠᠯᠢᠨ ᠠᠨᠤ ᠬᠢᠯᠪᠠᠷ ᠪᠤᠶᠤ᠃ 24᠂ ᠵᠦᠭᠡᠷ ᠬᠦᠮᠦᠨ ᠲᠥᠷᠥᠯᠬᠢᠲᠦ ᠢᠨᠦ ᠳᠡᠯᠡᠬᠡᠢ ᠶᠢᠨ ᠳᠡᠭᠡᠷ᠎ᠡ ᠬᠢᠯᠢᠨᠴᠡᠰ ᠢ ᠬᠡᠯᠲᠦᠷᠢᠭᠦᠯᠬᠦᠢ ᠡᠷᠬᠡ ᠲᠦ ᠮᠥᠨ ᠬᠡᠮᠡᠨ ᠲᠠᠨᠤ ᠮᠡᠳᠡᠬᠦ ᠶᠢᠨ ᠲᠤᠯᠠ ᠲᠡᠨᠳᠡ ᠲᠡᠷᠡ ᠢᠨᠦ ᠮᠡᠨᠡᠩ ᠱᠠᠷᠬᠢᠷᠠᠭᠠᠨ ᠡᠪᠡᠳᠴᠢᠲᠦ ᠬᠦᠮᠦᠨ ᠳᠦᠷ ᠡᠶᠢᠨ᠃ ᠪᠣᠰᠤᠭᠠᠳ᠂ ᠳᠡᠪᠢᠰᠬᠡᠷ ᠢᠶᠡᠨ ᠠᠪᠤᠭᠠᠳ᠂ ᠭᠡᠷ ᠲᠡᠭᠡᠨ ᠬᠠᠷᠢᠲᠤᠭᠠᠢ᠃ 25᠂ ᠬᠡᠮᠡᠨ ᠵᠠᠷᠯᠢᠭ ᠪᠣᠯᠤᠭᠰᠠᠨ ᠯᠤᠭ᠎ᠠ ᠰᠠᠴᠠ ᠲᠡᠷᠡ ᠬᠦ (ᠬᠦᠮᠦᠨ) ᠢᠨᠦ ᠪᠣᠰᠤᠭᠠᠳ ᠳᠡᠪᠢᠰᠬᠡᠷ ᠢᠶᠡᠨ ᠠᠪᠤᠭᠠᠳ᠂ ᠪᠤᠷᠬᠠᠨ ᠢ ᠮᠠᠭᠲᠠᠨ ᠭᠡᠷ ᠲᠡᠭᠡᠨ ᠬᠠᠷᠢᠪᠠᠢ᠃ 26᠂ ᠲᠡᠶᠢᠨ ᠪᠥᠭᠡᠳ ᠲᠡᠳᠡ ᠪᠦᠭᠦᠳᠡᠭᠡᠷ ᠶᠡᠬᠡᠳᠡ ᠭᠠᠶᠢᠬᠠᠵᠤ ᠪᠤᠷᠬᠠᠨ ᠢ ᠮᠠᠭᠲᠠᠯᠴᠠᠨ᠂ ᠠᠶᠤᠭᠤᠮᠰᠢᠭ ᠲᠤᠷ ᠳᠠᠷᠤᠭᠳᠠᠨ ᠡᠶᠢᠨ᠃ ᠪᠢᠳᠡ ᠪᠡᠷ ᠡᠳᠦᠭᠡ ᠡᠳᠦᠷ᠎ᠡ ᠭᠠᠶᠢᠬᠠᠮᠰᠢᠭ ᠤᠳ ᠢ ᠦᠵᠡᠭᠰᠡᠨ ᠪᠤᠢ᠃ ᠬᠡᠮᠡᠨ ᠥᠭᠦᠯᠡᠯᠳᠦᠵᠦᠬᠦᠢ ᠅ 27᠂ ᠡᠨᠡ ᠮᠡᠲᠦ ᠪᠣᠯᠤᠭᠰᠠᠨ ᠤ ᠬᠣᠶᠢᠨᠠ ᠲᠡᠷᠡ ᠢᠨᠦ ᠭᠠᠷᠤᠭᠠᠳ ᠯᠢᠸᠢ ᠬᠡᠮᠡᠭᠴᠢ ᠠᠪᠤᠯᠭᠠᠴᠢ ᠬᠦᠮᠦᠨ ᠦ ᠠᠯᠪᠠᠨ ᠢ ᠬᠤᠷᠢᠶᠠᠬᠤᠢ ᠣᠷᠣᠨ ᠳᠤᠷ ᠰᠠᠭᠤᠨ ᠠᠬᠤᠢ ᠶᠢ ᠦᠵᠡᠭᠡᠳ ᠲᠡᠭᠦᠨ ᠳᠦᠷ ᠡᠶᠢᠨ᠃ ᠨᠠᠮᠠᠶᠢ ᠳᠠᠭᠠᠲᠤᠭᠠᠢ᠃ 28᠂ ᠬᠡᠮᠡᠨ ᠵᠠᠷᠯᠢᠭ ᠪᠣᠯᠤᠭᠰᠠᠨ ᠳᠤᠷ ᠲᠡᠷᠡ ᠢᠨᠦ ᠬᠠᠮᠤᠭ ᠢ ᠣᠭᠤᠷᠴᠤ᠂ ᠪᠣᠰᠤᠭᠠᠳ ᠲᠡᠭᠦᠨ ᠢ ᠳᠠᠭᠠᠪᠠᠢ᠃ 29᠂ ᠲᠡᠶᠢᠨ ᠪᠥᠭᠡᠳ ᠯᠢᠸᠢ ᠠᠨᠤ ᠲᠡᠭᠦᠨ ᠦ ᠲᠤᠯᠠ ᠥᠪᠡᠷ ᠦᠨ ᠭᠡᠷ ᠲᠦᠷ ᠨᠢᠭᠡ ᠶᠡᠬᠡ ᠨᠠᠶᠢᠷ ᠢ ᠦᠢᠯᠡᠳᠪᠡᠢ᠃ ᠲᠡᠨᠳᠡ ᠠᠪᠤᠯᠭᠠᠴᠢᠨᠠᠷ ᠬᠢᠭᠡᠳ ᠶᠡᠬᠡ ᠴᠢᠭᠤᠯᠭᠠᠨ ᠪᠣᠯᠤᠭᠰᠠᠨ ᠪᠤᠰᠤᠳ ᠠᠨᠤ ᠲᠡᠳᠡᠨ ᠯᠦᠭᠡ ᠰᠠᠭᠤᠯᠴᠠᠪᠠᠢ᠃ 30᠂ ᠵᠦᠭᠡᠷ ᠲᠡᠳᠡᠨ ᠦ ᠨᠣᠮ ᠵᠢᠭᠠᠭᠴᠢᠨᠠᠷ ᠬᠢᠭᠡᠳ ᠹᠠᠷᠢᠰᠢ ᠨᠠᠷ ᠠᠨᠤ ᠱᠠᠪᠢᠨᠠᠷ ᠤᠨ ᠲᠤᠰ ᠭᠣᠮᠤᠳᠠᠨ ᠡᠶᠢᠨ᠃ ᠲᠠ ᠪᠡᠷ ᠶᠠᠭᠤᠨ ᠤ ᠲᠤᠯᠠ ᠠᠪᠤᠯᠭᠠᠴᠢᠨᠠᠷ ᠬᠢᠭᠡᠳ ᠬᠢᠯᠢᠨᠴᠡᠲᠡᠨ ᠯᠦᠭᠡ ᠢᠳᠡᠯᠴᠡᠮᠦᠶᠦ᠃ 31᠂ ᠢᠢᠰᠦᠰ ᠢᠨᠦ ᠲᠡᠳᠡᠨ ᠳᠦᠷ ᠬᠠᠷᠢᠭᠤ ᠵᠠᠷᠯᠢᠭ ᠪᠣᠯᠤᠷᠤᠨ᠃ ᠡᠷᠡᠭᠦᠯ ᠨᠦᠭᠦᠳ ᠲᠦᠷ ᠡᠮᠴᠢ ᠬᠡᠷᠡᠭ ᠦᠭᠡᠢ᠃ ᠬᠠᠷᠢᠨ ᠡᠪᠡᠳᠴᠢᠲᠡᠨ ᠳᠦᠷ ᠬᠡᠷᠡᠭᠲᠦ ᠪᠤᠢ᠃ 32᠂ ᠪᠢ ᠪᠡᠷ ᠵᠥᠪ ᠲᠡᠨ ᠢ ᠪᠤᠰᠤ᠂ ᠬᠠᠷᠢᠨ ᠬᠢᠯᠢᠨᠴᠡᠲᠡᠨ ᠢ ᠭᠡᠮᠰᠢᠯ ᠳᠦᠷ ᠳᠠᠭᠤᠳᠠᠷ᠎ᠠ ᠢᠷᠡᠭᠰᠡᠨ ᠪᠤᠢ᠃ 33᠂ ᠬᠡᠮᠡᠨ ᠵᠠᠷᠯᠢᠭ ᠪᠣᠯᠤᠭᠰᠠᠨ ᠳᠤᠷ ᠲᠡᠳᠡ ᠢᠨᠦ ᠲᠡᠭᠦᠨ ᠳᠦᠷ ᠡᠶᠢᠨ᠃ ᠢᠣᠸᠨᠠ [ ᠢᠣᠸᠠᠨ ᠤ] ᠬᠢᠭᠡᠳ ᠹᠠᠷᠢᠰᠢ ᠨᠠᠷ ᠤᠨ ᠱᠠᠪᠢᠨᠠᠷ ᠠᠨᠤ ᠣᠯᠠᠨ ᠲᠠ ᠪᠠᠴᠠᠭᠯᠠᠨ ᠵᠠᠯᠪᠠᠷᠢᠨ ᠠᠲᠠᠯ᠎ᠠ᠂ ᠴᠢᠨᠦ (ᠱᠠᠪᠢᠨᠠᠷ) ᠠᠨᠤ ᠶᠠᠭᠤᠨ ᠤ ᠲᠤᠯᠠ ᠢᠳᠡᠨ ᠤᠭᠤᠨ ᠠᠮᠤᠤ᠃ 34᠂ ᠬᠡᠮᠡᠨ ᠠᠶᠢᠯᠠᠳᠬᠠᠭᠰᠠᠨ ᠳᠤᠷ ᠲᠡᠷᠡ ᠢᠨᠦ ᠲᠡᠳᠡᠨ ᠳᠦᠷ ᠡᠶᠢᠨ᠃ ᠲᠤᠰᠶᠠ [ᠲᠤᠰᠢᠶ᠎ᠠ] ᠲᠤ ᠡᠷ᠎ᠡ ᠢᠨᠦ ᠬᠤᠷᠢᠮ ᠤᠨ ᠵᠣᠴᠢᠳ ᠯᠤᠭ᠎ᠠ ᠪᠤᠢ ᠴᠠᠭ ᠲᠤᠷ ᠲᠡᠳᠡᠨ ᠢ ᠪᠠᠴᠠᠭᠯᠠᠭᠤᠯᠵᠤ ᠪᠣᠯᠬᠤ ᠪᠤᠶᠤ᠃ 35᠂ ᠵᠦᠭᠡᠷ ᠲᠤᠰᠢᠶ᠎ᠠ ᠲᠤ ᠡᠷ᠎ᠡ ᠶᠢᠨ ᠲᠡᠳᠡᠨ ᠡᠴᠡ ᠬᠠᠭᠠᠴᠠᠬᠤᠢ ᠡᠳᠦᠷ ᠦᠳ ᠢᠨᠦ ᠢᠷᠡᠬᠦ ᠪᠤᠢ᠃ ᠲᠡᠷᠡ ᠴᠠᠭ ᠲᠤᠷ ᠲᠡᠳᠡ ᠢᠨᠦ ᠪᠠᠴᠠᠭᠯᠠᠬᠤ ᠪᠣᠯᠤᠶᠤ᠃ 36᠂ ᠬᠡᠮᠡᠨ ᠵᠠᠷᠯᠢᠭ ᠪᠣᠯᠤᠭᠠᠳ ᠪᠠᠰᠠ ᠲᠡᠳᠡᠨ ᠳᠦᠷ ᠡᠨᠡ ᠬᠦ ᠦᠯᠢᠭᠡᠷ ᠵᠠᠷᠯᠢᠭ ᠪᠣᠯᠤᠷᠤᠨ᠃ ᠬᠡᠨ ᠴᠤ ᠰᠢᠨ᠎ᠡ ᠨᠥᠬᠥᠭᠰᠦᠨ ᠢᠶᠡᠷ ᠬᠠᠭᠤᠴᠢᠨ ᠬᠤᠪᠴᠠᠰᠤᠨ ᠢ ᠦᠯᠦ ᠨᠥᠬᠥᠳᠡᠭ᠃ ᠬᠡᠷᠪᠡ ᠲᠡᠶᠢᠨ ᠦᠢᠯᠡᠳᠪᠡᠰᠦ᠂ ᠰᠢᠨ᠎ᠡ ᠢᠨᠦ ᠬᠠᠭᠤᠴᠢᠨ ᠢ ᠬᠠᠭᠠᠯᠠᠬᠤ ᠶᠢᠨ ᠳᠡᠭᠡᠷ᠎ᠡ ᠰᠢᠨ᠎ᠡ ᠨᠥᠬᠥᠭᠡᠰᠦ ᠬᠠᠭᠤᠴᠢᠨ ᠬᠣᠶᠠᠷ ᠠᠨᠤ ᠦᠯᠦ ᠵᠣᠬᠢᠮᠤᠢ᠃ 37᠂ ᠵᠢᠴᠢ ᠬᠡᠨ ᠴᠤ ᠰᠢᠨ᠎ᠡ (ᠰᠢᠬᠠᠭᠰᠠᠨ) ᠦᠵᠦᠮ ᠦᠨ ᠤᠮᠳᠠᠭᠠᠨ ᠢ ᠬᠠᠭᠤᠴᠢᠨ ᠰᠠᠪᠠᠰ ᠤᠨ ᠳᠣᠲᠣᠷ᠎ᠠ ᠠᠭᠤᠯᠤᠳᠠᠭ ᠦᠭᠡᠢ᠃ ᠬᠡᠷᠪᠡ ᠲᠡᠶᠢᠨ ᠦᠢᠯᠡᠳᠪᠡᠰᠦ᠂ ᠰᠢᠨ᠎ᠡ (ᠰᠢᠬᠠᠭᠰᠠᠨ) ᠦᠵᠦᠮ ᠦᠨ ᠤᠮᠳᠠᠭᠠᠨ ᠠᠨᠤ ᠰᠠᠪᠠᠰ ᠢ ᠳᠡᠯᠪᠡᠷᠡᠭᠦᠯᠬᠦ ᠪᠥᠭᠡᠳ᠂ ᠦᠵᠦᠮ ᠦᠨ ᠤᠮᠳᠠᠭᠠᠨ ᠠᠨᠤ ᠠᠰᠬᠠᠷᠠᠬᠤ ᠪᠠ᠂ ᠰᠠᠪᠠᠰ ᠴᠤ ᠬᠣᠬᠢᠷᠠᠬᠤ ᠪᠣᠯᠤᠶᠤ᠃ 38᠂ ᠵᠦᠭᠡᠷ ᠰᠢᠨ᠎ᠡ (ᠰᠢᠬᠠᠭᠰᠠᠨ) ᠦᠵᠦᠮ ᠦᠨ ᠤᠮᠳᠠᠭᠠᠨ ᠠᠨᠤ ᠰᠢᠨ᠎ᠡ ᠰᠠᠪᠠᠰ ᠲᠤᠷ ᠠᠭᠤᠯᠤᠭᠳᠠᠬᠤ ᠪᠥᠭᠡᠰᠦ᠂ ᠬᠣᠶᠠᠭᠤᠯᠠ ᠠᠨᠤ ᠭᠠᠮᠨᠠᠭᠳᠠᠬᠤ ᠪᠣᠯᠤᠶᠤ᠃ 39᠂ ᠵᠢᠴᠢ ᠬᠡᠨ ᠴᠤ ᠬᠠᠭᠤᠴᠢᠨ ᠦᠵᠦᠮ ᠦᠨ ᠤᠮᠳᠠᠭᠠᠨ ᠢ ᠤᠭᠤᠭᠠᠳ᠂ ᠳᠠᠷᠤᠢ ᠰᠢᠨ᠎ᠡ ᠶᠢ ᠦᠯᠦ ᠬᠡᠷᠡᠭᠯᠡᠬᠦ ᠪᠤᠢ᠃ ᠲᠡᠷᠡ ᠶᠠᠭᠤᠨ ᠤ ᠲᠤᠯᠠ ᠬᠡᠮᠡᠪᠡᠰᠦ᠂ ᠲᠡᠷᠡ ᠢᠨᠦ ᠬᠠᠭᠤᠴᠢᠨ ᠢ ᠦᠯᠡᠮᠵᠢ ᠳᠡᠭᠡᠷ᠎ᠡ ᠬᠡᠮᠡᠨ ᠥᠭᠦᠯᠡᠳᠡᠭ᠃ ᠬᠡᠮᠡᠨ ᠵᠠᠷᠯᠢᠭ ᠪᠣᠯᠪᠠᠢ ᠅
Currently Selected:
ᠯᠦᠺᠡ 5: MB1840
Highlight
Share
Copy
![None](/_next/image?url=https%3A%2F%2Fimageproxy.youversionapistaging.com%2F58%2Fhttps%3A%2F%2Fweb-assets.youversion.com%2Fapp-icons%2Fen.png&w=128&q=75)
Want to have your highlights saved across all your devices? Sign up or sign in
Digital edition of the Mongolian translation published in 1840 (the Old Testament) and 1846 (the New Testament) by Edward Stallybrass and William Swan. Created by Bayarjargal Garamtseren and Simon Wong. Digital edition © United Bible Societies, 2020.