ᠯᠦᠺᠡ 6
6
ᠵᠢᠷᠭᠤᠳᠤᠭᠠᠷ ᠪᠦᠯᠦᠭ ᠅
1᠂ ᠲᠡᠨᠳᠡᠴᠡ (ᠪᠠᠰᠬᠠ ᠶᠢᠨ) ᠬᠣᠶᠠᠳᠤᠭᠠᠷ ᠡᠳᠦᠷ ᠡᠴᠡ ᠬᠣᠶᠢᠨᠠ ᠲᠡᠷᠢᠭᠦᠨ ᠰᠠᠪᠠᠳ ᠡᠳᠦᠷ᠎ᠡ᠂ ᠢᠢᠰᠦᠰ ᠦᠨ ᠲᠠᠷᠢᠶᠠᠯᠠᠩ ᠢᠶᠠᠷ ᠠᠯᠤᠰᠳᠠᠨ ᠠᠲᠠᠯ᠎ᠠ᠂ ᠲᠡᠭᠦᠨ ᠦ ᠱᠠᠪᠢᠨᠠᠷ ᠠᠨᠤ ᠲᠠᠷᠢᠶᠠᠨ ᠤ ᠲᠦᠷᠦᠭᠦᠦ ᠨᠤᠭᠤᠳ ᠢ ᠲᠡᠭᠦᠵᠦ ᠭᠠᠷ ᠢᠶᠠᠷ ᠢᠶᠠᠨ ᠪᠤᠲᠠᠷᠠᠭᠠᠵᠤ ᠢᠳᠡᠯᠦᠭᠡ᠃ 2᠂ ᠲᠡᠶᠢᠨ ᠪᠥᠭᠡᠳ ᠹᠠᠷᠢᠰᠢ ᠨᠠᠷ ᠠᠴᠠ ᠵᠠᠷᠢᠮ ᠤᠳ ᠠᠨᠤ ᠲᠡᠳᠡᠨ ᠳᠦᠷ ᠡᠶᠢᠨ᠃ ᠲᠠ ᠪᠡᠷ ᠶᠠᠭᠤᠨ ᠤ ᠲᠤᠯᠠ ᠰᠠᠪᠠᠳ ᠡᠳᠦᠷ᠎ᠡ ᠦᠢᠯᠡᠳᠬᠦᠢ ᠶᠣᠰᠤ ᠦᠭᠡᠢ ᠶᠢ ᠦᠢᠯᠡᠳᠦᠮᠦᠶᠦ᠃ 3᠂ ᠬᠡᠮᠡᠨ ᠥᠭᠦᠯᠡᠭᠰᠡᠨ ᠳᠦᠷ ᠢᠢᠰᠦᠰ ᠢᠨᠦ ᠲᠡᠳᠡᠨ ᠳᠦᠷ ᠬᠠᠷᠢᠭᠤ ᠵᠠᠷᠯᠢᠭ ᠪᠣᠯᠤᠷᠤᠨ᠃ ᠳ᠋ᠠᠸᠢᠳ᠋ ᠬᠢᠭᠡᠳ ᠲᠡᠭᠦᠨ ᠯᠦᠭᠡ ᠠᠭᠰᠠᠳ ᠤᠨ ᠥᠯᠥᠰᠬᠦᠢ ᠳᠡᠭᠡᠨ ᠶᠠᠭᠤᠨ ᠦᠢᠯᠡᠳᠦᠭᠰᠡᠨ ᠢ ᠲᠠ ᠪᠡᠷ ᠡᠰᠡ ᠤᠩᠰᠢᠭᠰᠠᠨ ᠪᠤᠶᠤ ᠬᠡᠮᠡᠪᠡᠰᠦ᠃ 4᠂ ᠲᠡᠷᠡ ᠢᠨᠦ ᠪᠤᠷᠬᠠᠨ ᠤ ᠭᠡᠷ ᠲᠦᠷ ᠣᠷᠣᠭᠠᠳ᠂ ᠡᠮᠦᠨᠡᠬᠢ ᠪᠣᠭᠤᠷᠰᠤᠭ ᠢ ᠠᠪᠤᠭᠠᠳ ᠢᠳᠡᠵᠦ᠂ ᠪᠡᠶ᠎ᠡ ᠯᠦᠭᠡ ᠠᠭᠰᠠᠳ ᠲᠤᠷ ᠴᠤ ᠥᠭᠪᠡᠢ᠃ ᠵᠦᠭᠡᠷ (ᠲᠡᠷᠡ ᠬᠦ ᠪᠣᠭᠤᠷᠰᠤᠭ ᠢ) ᠢᠮᠠᠭᠲᠠ ᠯᠠᠮᠠᠨᠠᠷ ᠠᠴᠠ ᠪᠤᠰᠤ ᠬᠡᠨ ᠴᠤ ᠢᠳᠡᠬᠦᠢ ᠶᠣᠰᠤ ᠦᠭᠡᠢ ᠪᠥᠯᠦᠭᠡ᠃ 5᠂ ᠪᠠᠰᠠ ᠲᠡᠳᠡᠨ ᠳᠦᠷ ᠡᠶᠢᠨ᠃ ᠬᠦᠮᠦᠨ ᠲᠥᠷᠥᠯᠬᠢᠲᠦ ᠢᠨᠦ ᠰᠠᠪᠠᠳ ᠡᠳᠦᠷ ᠦᠨ ᠡᠵᠡᠨ ᠮᠥᠨ᠃ ᠬᠡᠮᠡᠨ ᠵᠠᠷᠯᠢᠭ ᠪᠣᠯᠪᠠᠢ ᠅ 6᠂ ᠲᠡᠨᠳᠡᠴᠡ ᠪᠤᠰᠤ ᠨᠢᠭᠡ ᠰᠠᠪᠠᠳ ᠡᠳᠦᠷ᠎ᠡ ᠲᠡᠷᠡ ᠢᠨᠦ ᠬᠤᠷᠠᠯ ᠳᠤᠷ ᠣᠷᠣᠭᠠᠳ ᠰᠤᠷᠭᠠᠪᠠᠢ᠃ ᠲᠡᠨᠳᠡ ᠬᠠᠲᠠᠭᠰᠠᠨ ᠪᠠᠷᠠᠭᠤᠨ ᠭᠠᠷ ᠲᠤ ᠨᠢᠭᠡ ᠬᠦᠮᠦᠨ ᠪᠥᠯᠦᠭᠡ᠃ 7᠂ ᠲᠡᠶᠢᠨ ᠪᠥᠭᠡᠳ ᠨᠣᠮ ᠵᠢᠭᠠᠭᠴᠢᠨᠠᠷ ᠬᠢᠭᠡᠳ ᠹᠠᠷᠢᠰᠢ ᠨᠠᠷ ᠠᠨᠤ ᠲᠡᠭᠦᠨ ᠢ ᠪᠤᠷᠤᠭᠤᠰᠶᠠᠬᠤᠢ ᠰᠢᠯᠲᠠᠭᠠᠨ ᠢ ᠣᠯᠬᠤ ᠶᠢᠨ ᠲᠤᠯᠠ᠂ ᠲᠡᠷᠡ ᠢᠨᠦ ᠰᠠᠪᠠᠳ ᠡᠳᠦᠷ᠎ᠡ ᠡᠳᠡᠭᠡᠭᠡᠬᠦ ᠪᠤᠶᠤ᠂ ᠬᠡᠮᠡᠨ ᠰᠠᠬᠢᠨ ᠠᠪᠠᠢ᠃ 8᠂ ᠵᠦᠭᠡᠷ ᠲᠡᠷᠡ ᠢᠨᠦ ᠲᠡᠳᠡᠨ ᠦ ᠰᠡᠳᠬᠢᠯ ᠢ ᠮᠡᠳᠡᠭᠡᠳ ᠬᠠᠲᠠᠭᠰᠠᠨ ᠭᠠᠷ ᠲᠤ ᠬᠦᠮᠦᠨ ᠳᠦᠷ ᠡᠶᠢᠨ᠃ ᠪᠣᠰᠤᠭᠠᠳ ᠳᠤᠮᠳᠠᠳᠠ ᠵᠣᠭᠰᠤᠨ ᠪᠠᠢ᠃ ᠬᠡᠮᠡᠨ ᠵᠠᠷᠯᠢᠭ ᠪᠣᠯᠤᠭᠰᠠᠨ ᠳᠤᠷ ᠲᠡᠷᠡ ᠢᠨᠦ ᠪᠣᠰᠤᠭᠠᠳ ᠵᠣᠭᠰᠤᠨ ᠪᠠᠶᠢᠪᠠᠢ᠃ 9᠂ ᠢᠢᠰᠦᠰ ᠢᠨᠦ ᠲᠡᠳᠡᠨ ᠳᠦᠷ ᠡᠶᠢᠨ᠃ ᠪᠢ ᠪᠡᠷ ᠲᠠᠨ ᠠᠴᠠ ᠨᠢᠭᠡ (ᠶᠠᠭᠤᠮ᠎ᠠ ᠶᠢ) ᠠᠰᠠᠭᠤᠰᠤ ᠬᠡᠮᠡᠪᠡᠰᠦ᠂ ᠰᠠᠪᠠᠳ ᠡᠳᠦᠷ᠎ᠡ ᠰᠠᠶᠢᠨ ᠢ ᠦᠢᠯᠡᠳᠬᠦᠢ ᠡᠰᠡᠪᠡᠰᠦ ᠮᠠᠭᠤ ᠶᠢ ᠦᠢᠯᠡᠳᠬᠦᠢ᠂ ᠠᠮᠢᠨ ᠢ ᠠᠪᠤᠷᠠᠬᠤᠢ ᠡᠰᠡᠪᠡᠰᠦ ᠲᠠᠰᠤᠯᠬᠤᠢ ᠠᠨᠤ ᠶᠣᠰᠤ ᠲᠤ ᠪᠤᠶᠤ᠃ 10᠂ ᠬᠡᠮᠡᠨ ᠵᠠᠷᠯᠢᠭ ᠪᠣᠯᠤᠭᠠᠳ ᠲᠡᠳᠡ ᠪᠦᠭᠦᠳᠡᠭᠡᠷ ᠢ ᠰᠠᠶᠢᠲᠤᠷ ᠰᠢᠷᠲᠡᠭᠡᠳ᠂ ᠲᠡᠷᠡ ᠬᠦ ᠬᠦᠮᠦᠨ ᠳᠦᠷ ᠡᠶᠢᠨ᠃ ᠭᠠᠷ ᠢᠶᠠᠨ ᠰᠤᠩᠭ᠍ᠠ᠂ ᠬᠡᠮᠡᠨ ᠵᠠᠷᠯᠢᠭ ᠪᠣᠯᠤᠭᠰᠠᠨ ᠳᠤᠷ ᠲᠡᠷᠡ ᠢᠨᠦ ᠲᠡᠭᠦᠨᠴᠢᠯᠡᠨ ᠬᠦ ᠦᠢᠯᠡᠳᠪᠡᠢ᠃ ᠲᠡᠶᠢᠨ ᠬᠦ ᠲᠡᠭᠦᠨ ᠦ ᠭᠠᠷ ᠠᠨᠤ ᠡᠳᠡᠭᠡᠭᠡᠭᠳᠡᠨ᠂ ᠨᠥᠭᠦᠭᠡ ᠯᠦᠭᠡ ᠠᠳᠠᠯᠢ ᠡᠷᠡᠭᠦᠯ ᠪᠣᠯᠪᠠᠢ᠃ 11᠂ ᠲᠡᠶᠢᠨ ᠪᠥᠭᠡᠳ ᠲᠡᠳᠡ ᠢᠨᠦ ᠮᠠᠰᠢ ᠶᠡᠬᠡᠳᠡ ᠬᠢᠯᠢᠩᠯᠡᠭᠡᠳ᠂ ᠢᠢᠰᠦᠰ ᠲᠦᠷ ᠶᠠᠭᠤᠨ ᠦᠢᠯᠡᠳᠬᠦᠢ ᠶᠢ ᠥᠪᠡᠷ ᠵᠠᠭᠤᠷ᠎ᠠ ᠪᠠᠨ ᠵᠥᠪᠯᠡᠯᠳᠦᠪᠡᠢ ᠅ 12᠂ ᠲᠡᠨᠳᠡᠴᠡ ᠲᠡᠷᠡ ᠬᠦ ᠴᠠᠭ ᠲᠤᠷ ᠢᠢᠰᠦᠰ ᠢᠨᠦ ᠨᠢᠭᠡᠨ ᠠᠭᠤᠯᠠᠨ ᠳᠤᠷ ᠵᠠᠯᠪᠠᠷᠢᠷᠠ ᠣᠳᠤᠭᠠᠳ ᠪᠦᠬᠦᠯᠢ ᠰᠥᠨᠢ ᠳᠦᠷ ᠪᠤᠷᠬᠠᠨ ᠳᠤᠷ ᠵᠠᠯᠪᠠᠷᠢᠨ ᠪᠠᠶᠢᠪᠠᠢ᠃ 13᠂ ᠲᠡᠶᠢᠨ ᠬᠦ ᠡᠳᠦᠷ ᠪᠣᠯᠤᠭᠰᠠᠨ ᠳᠤᠷ ᠲᠡᠷᠡ ᠢᠨᠦ ᠱᠠᠪᠢᠨᠠᠷ ᠢᠶᠠᠨ ᠳᠡᠷᠭᠡᠳᠡ ᠪᠡᠨ ᠢᠷᠡᠭᠦᠯᠦᠭᠡᠳ᠂ ᠲᠡᠳᠡᠨ ᠡᠴᠡ ᠠᠷᠪᠠᠨ ᠬᠣᠶᠠᠷ ᠢ ᠰᠣᠩᠭᠣᠨ ᠠᠹᠣᠰᠲ᠋ᠣᠯ ᠤᠳ ᠬᠡᠮᠡᠨ ᠨᠡᠷᠡᠯᠡᠪᠡᠢ᠃ 14᠂ (ᠡᠳᠡᠭᠡᠷ ᠦᠨ ᠨᠡᠷᠡᠰ ᠬᠡᠮᠡᠪᠡᠰᠦ) ᠹᠢᠲ᠋ᠢᠷ ᠬᠡᠮᠡᠨ ᠨᠡᠷᠡᠯᠡᠭᠳᠡᠭᠰᠡᠨ ᠰᠢᠢᠮᠣᠨ ᠬᠢᠭᠡᠳ ᠲᠡᠭᠦᠨ ᠦ ᠠᠨᠳ᠋ᠷᠢ ᠳᠡᠭᠦᠦ ᠪᠠ᠂ ᠶᠠᠺᠣᠪ ᠬᠢᠭᠡᠳ ᠢᠣᠸᠠᠨ ᠪᠠ᠂ ᠹᠢᠯᠢᠪ ᠬᠢᠭᠡᠳ ᠪᠠᠷᠲ᠋ᠣᠯᠣᠮᠢ ᠪᠠ᠂ 15᠂ ᠮᠠᠳᠲ᠋ᠢᠢ ᠬᠢᠭᠡᠳ ᠲᠣᠾᠮᠠ᠋ [ᠲᠾᠣᠮᠠ᠋] ᠪᠠ᠂ ᠠᠯᠹᠢᠢ ᠶᠢᠨ ᠶᠠᠺᠣᠪ ᠬᠥᠪᠡᠭᠦᠨ ᠬᠢᠭᠡᠳ ᠵᠢᠯᠣᠳ ᠬᠡᠮᠡᠭᠴᠢ ᠰᠢᠢᠮᠣᠨ ᠪᠠ᠂ 16᠂ ᠶᠠᠺᠣᠪ ᠤᠨ ᠶᠦᠳᠠ᠋ ᠳᠡᠭᠦᠦ ᠬᠢᠭᠡᠳ ᠪᠠᠷᠢᠭᠤᠯᠤᠭᠴᠢ ᠪᠣᠯᠤᠭᠰᠠᠨ ᠶᠦᠳᠠ᠋ ᠢᠰᠺᠠᠷᠢᠶᠣᠳ ᠪᠥᠯᠦᠭᠡ᠃ 17᠂ ᠲᠡᠨᠳᠡᠴᠡ ᠲᠡᠷᠡ ᠢᠨᠦ ᠲᠡᠳᠡᠨ ᠯᠦᠭᠡ ᠪᠠᠭᠤᠵᠤ ᠨᠢᠭᠡ ᠲᠠᠯ᠎ᠠ ᠭᠠᠵᠠᠷ ᠲᠤᠷ ᠪᠠᠶᠢᠪᠠᠢ᠃ ᠲᠡᠨᠳᠡ ᠲᠡᠭᠦᠨ ᠦ ᠱᠠᠪᠢᠨᠠᠷ ᠤᠨ ᠴᠢᠭᠤᠯᠭᠠᠨ ᠬᠢᠭᠡᠳ ᠶᠦᠳᠢᠶᠠ ᠶᠢᠨ ᠬᠠᠮᠤᠭ ᠵᠦᠭ ᠦᠳ ᠡᠴᠡ ᠪᠠ ᠶᠢᠷᠤᠰᠠᠯᠢᠮ ᠠᠴᠠ ᠬᠢᠭᠡᠳ ᠲᠢᠢᠷ ᠪᠠ ᠰᠢᠢᠳᠣᠨ ᠤ ᠳᠠᠯᠠᠢ ᠶᠢᠨ ᠵᠠᠬ᠎ᠠ ᠠᠴᠠ ᠮᠠᠰᠢ ᠣᠯᠠᠨ ᠤᠯᠤᠰ ᠠᠨᠤ ᠲᠡᠭᠦᠨ ᠢ ᠰᠣᠨᠣᠰᠬᠤ ᠬᠢᠭᠡᠳ᠂ ᠡᠪᠡᠳᠴᠢᠨ ᠦᠳ ᠡᠴᠡᠭᠡᠨ ᠡᠳᠡᠭᠡᠭᠡᠭᠳᠡᠬᠦ ᠶᠢᠨ ᠲᠤᠯᠠ ᠢᠷᠡᠯᠴᠡᠭᠰᠡᠨ ᠪᠥᠯᠦᠭᠡ᠃ 18᠂ ᠵᠢᠴᠢ ᠪᠤᠵᠠᠷ ᠴᠢᠳᠬᠦᠳ ᠢᠶᠡᠷ ᠵᠣᠪᠠᠭᠠᠭᠳᠠᠭᠰᠠᠳ ᠠᠨᠤ ᠡᠳᠡᠭᠡᠭᠡᠭᠳᠡᠪᠡᠢ᠃ 19᠂ ᠪᠦᠬᠦᠯᠢ ᠴᠢᠭᠤᠯᠭᠠᠨ ᠠᠨᠤ ᠲᠡᠭᠦᠨ ᠦ ᠪᠡᠶ᠎ᠡ ᠳᠦᠷ ᠬᠦᠷᠬᠦᠶ᠎ᠡ ᠰᠢᠮᠳᠠᠪᠠᠢ᠃ ᠲᠡᠷᠡ ᠶᠠᠭᠤᠨ ᠤ ᠲᠤᠯᠠ ᠬᠡᠮᠡᠪᠡᠰᠦ᠂ ᠲᠡᠭᠦᠨ ᠦ ᠪᠡᠶ᠎ᠡ ᠡᠴᠡ ᠠᠤᠭ᠎ᠠ ᠬᠦᠴᠦᠨ ᠢᠨᠦ ᠭᠠᠷᠤᠨ ᠪᠦᠭᠦᠳᠡᠭᠡᠷ ᠢ ᠡᠳᠡᠭᠡᠭᠡᠪᠡᠢ᠃ 20᠂ ᠲᠡᠶᠢᠨ ᠬᠦ ᠲᠡᠷᠡ ᠢᠨᠦ ᠱᠠᠪᠢᠨᠠᠷ ᠶᠤᠭᠠᠨ ᠲᠤᠰ ᠰᠢᠷᠲᠡᠨ ᠡᠶᠢᠨ ᠵᠠᠷᠯᠢᠭ ᠪᠣᠯᠤᠷᠤᠨ᠃ ᠦᠭᠡᠭᠦᠦ ᠨᠤᠭᠤᠳ ᠠ᠋᠂ ᠲᠠ ᠪᠡᠷ ᠠᠮᠤᠭᠤᠯᠠᠩ ᠮᠥᠨ᠃ ᠲᠡᠷᠡ ᠶᠠᠭᠤᠨ ᠤ ᠲᠤᠯᠠ ᠬᠡᠮᠡᠪᠡᠰᠦ᠂ ᠪᠤᠷᠬᠠᠨ ᠤ ᠡᠵᠡᠯᠡᠭᠦᠷᠢ ᠢᠨᠦ ᠲᠠᠨᠤ ᠪᠤᠢ᠃ 21᠂ ᠡᠳᠦᠭᠡ ᠥᠯᠥᠰᠦᠭᠴᠢᠳ ᠡ᠂ ᠲᠠ ᠪᠡᠷ ᠠᠮᠤᠭᠤᠯᠠᠩ ᠮᠥᠨ᠃ ᠲᠡᠷᠡ ᠶᠠᠭᠤᠨ ᠤ ᠲᠤᠯᠠ ᠬᠡᠮᠡᠪᠡᠰᠦ᠂ ᠲᠠ ᠪᠡᠷ ᠴᠠᠳᠬᠤᠯᠠᠩ ᠪᠣᠯᠬᠤ ᠪᠣᠯᠤᠶᠤ᠃ ᠡᠳᠦᠭᠡ ᠤᠶᠢᠯᠠᠭᠴᠢᠳ ᠠ᠋᠂ ᠲᠠ ᠪᠡᠷ ᠠᠮᠤᠭᠤᠯᠠᠩ ᠮᠥᠨ᠃ ᠲᠡᠷᠡ ᠶᠠᠭᠤᠨ ᠤ ᠲᠤᠯᠠ ᠬᠡᠮᠡᠪᠡᠰᠦ᠂ ᠲᠠ ᠪᠡᠷ ᠢᠨᠢᠶᠡᠬᠦ ᠪᠣᠯᠤᠶᠤ᠃ 22᠂ ᠬᠦᠮᠦᠨ ᠲᠥᠷᠥᠯᠬᠢᠲᠦ ᠶᠢᠨ ᠲᠤᠯᠠᠳᠠ ᠬᠦᠮᠦᠨ ᠨᠦᠭᠦᠳ ᠦᠨ ᠲᠠᠨ ᠢ ᠥᠰᠢᠶᠡᠯᠡᠨ ᠬᠠᠭᠠᠴᠠᠭᠤᠯᠤᠨ᠂ ᠲᠠᠨᠤ ᠨᠡᠷ᠎ᠡ ᠶᠢ ᠡᠭᠡᠯ ᠳᠣᠣᠷ᠎ᠠ ᠲᠤ ᠪᠣᠯᠭᠠᠨ ᠵᠠᠶᠢᠯᠠᠭᠤᠯᠬᠤᠢ ᠳᠤᠷ᠂ ᠲᠠ ᠪᠡᠷ ᠠᠮᠤᠭᠤᠯᠠᠩ ᠮᠥᠨ᠃ 23᠂ ᠲᠡᠷᠡ ᠡᠳᠦᠷ᠎ᠡ ᠪᠠᠶᠠᠰᠴᠤ ᠵᠢᠷᠭᠠᠭᠲᠤᠨ᠃ ᠲᠡᠷᠡ ᠶᠠᠭᠤᠨ ᠤ ᠲᠤᠯᠠ ᠬᠡᠮᠡᠪᠡᠰᠦ᠂ ᠣᠭᠲᠠᠷᠭᠤᠢ ᠳᠠᠬᠢ ᠲᠠᠨᠤ ᠱᠠᠩ ᠠᠨᠤ ᠶᠡᠬᠡ ᠪᠣᠯᠬᠤ ᠪᠤᠢ᠃ ᠲᠡᠷᠡ ᠮᠡᠲᠦ ᠪᠡᠷ ᠲᠡᠳᠡᠨ ᠦ ᠡᠴᠢᠭᠡᠨᠠᠷ ᠢᠨᠦ ᠹᠣᠷᠣᠹᠢᠳ ᠨᠠᠷ ᠲᠤᠷ ᠦᠢᠯᠡᠳᠪᠡᠢ᠃ 24᠂ ᠵᠦᠭᠡᠷ ᠪᠠᠶᠠᠨ ᠨᠤᠭᠤᠳ ᠠ᠋᠂ ᠲᠠᠨ ᠳᠤᠷ ᠵᠣᠪᠠᠯᠠᠩ ᠪᠣᠯᠬᠤ ᠪᠣᠯᠤᠶᠤ᠃ ᠲᠠ ᠪᠡᠷ ᠠᠮᠤᠷᠵᠢᠯ ᠢᠶᠠᠨ ᠬᠦᠷᠲᠡᠭᠰᠡᠨ ᠪᠤᠢ᠃ 25᠂ ᠴᠠᠳᠬᠤᠯᠠᠩ ᠨᠤᠭᠤᠳ ᠠ᠋᠂ ᠲᠠᠨ ᠳᠤᠷ ᠵᠣᠪᠠᠯᠠᠩ ᠪᠣᠯᠬᠤ ᠪᠣᠯᠤᠶᠤ᠃ ᠲᠡᠷᠡ ᠶᠠᠭᠤᠨ ᠤ ᠲᠤᠯᠠ ᠬᠡᠮᠡᠪᠡᠰᠦ᠂ ᠲᠠ ᠪᠡᠷ ᠥᠯᠥᠰᠬᠦ ᠪᠤᠢ᠃ ᠡᠳᠦᠭᠡ ᠢᠨᠢᠶᠡᠭᠴᠢᠳ ᠡ᠂ ᠲᠠᠨ ᠳᠤᠷ ᠵᠣᠪᠠᠯᠠᠩ ᠪᠣᠯᠬᠤ ᠪᠣᠯᠤᠶᠤ᠃ ᠲᠡᠷᠡ ᠶᠠᠭᠤᠨ ᠤ ᠲᠤᠯᠠ ᠬᠡᠮᠡᠪᠡᠰᠦ᠂ ᠲᠠ ᠪᠡᠷ ᠭᠠᠰᠢᠭᠤᠳᠠᠨ ᠤᠶᠢᠯᠠᠬᠤ ᠪᠣᠯᠤᠶᠤ᠃ 26᠂ ᠬᠦᠮᠦᠨ ᠨᠦᠭᠦᠳ ᠦᠨ ᠲᠠᠨ ᠤ ᠤᠴᠢᠷ᠎ᠠ ᠰᠠᠶᠢᠨ ᠢ ᠥᠭᠦᠯᠡᠬᠦᠢ ᠳᠦᠷ ᠲᠠᠨ ᠳᠤᠷ ᠵᠣᠪᠠᠯᠠᠩ ᠪᠣᠯᠬᠤ ᠪᠣᠯᠤᠶᠤ᠃ ᠲᠡᠷᠡ ᠶᠠᠭᠤᠨ ᠤ ᠲᠤᠯᠠ ᠬᠡᠮᠡᠪᠡᠰᠦ᠂ ᠲᠡᠷᠡ ᠮᠡᠲᠦ ᠪᠡᠷ ᠲᠡᠳᠡᠨ ᠦ ᠡᠴᠢᠭᠡᠨᠠᠷ ᠢᠨᠦ ᠬᠠᠭᠤᠷᠮᠠᠭᠴᠢ ᠹᠣᠷᠣᠹᠢᠳ ᠨᠠᠷ ᠲᠤᠷ ᠦᠢᠯᠡᠳᠪᠡᠢ᠃ 27᠂ ᠵᠦᠭᠡᠷ ᠰᠣᠨᠣᠰᠤᠭᠴᠢᠳ ᠠ᠋᠂ ᠲᠠᠨ ᠳᠤᠷ ᠮᠢᠨᠦ ᠵᠠᠷᠯᠢᠭ ᠪᠣᠯᠬᠤᠢ ᠠᠨᠤ ᠡᠶᠢᠨ᠃ ᠳᠠᠶᠢᠰᠤᠳ ᠢᠶᠠᠨ ᠢᠨᠠᠭᠯᠠᠭᠲᠤᠨ᠃ ᠲᠠᠨ ᠢ ᠥᠰᠢᠶᠡᠯᠡᠭᠴᠢᠳ ᠲᠦᠷ ᠰᠠᠶᠢᠨ ᠢ ᠦᠢᠯᠡᠳᠦᠭᠲᠦᠨ᠃ 28᠂ ᠲᠠᠨ ᠢ ᠬᠠᠷᠢᠶᠠᠭᠴᠢᠳ ᠢ ᠠᠳᠢᠰᠯᠠᠨ᠂ ᠲᠠᠨ ᠢ ᠳᠣᠷᠣᠮᠵᠢᠯᠠᠭᠴᠢᠳ ᠤᠨ ᠲᠤᠯᠠ ᠵᠠᠯᠪᠠᠷᠢᠭᠲᠤᠨ᠃ 29᠂ ᠴᠢᠨᠦ ᠨᠢᠭᠡ ᠬᠠᠴᠠᠷ ᠢ ᠴᠣᠬᠢᠭᠴᠢ ᠳᠤᠷ ᠨᠥᠭᠦᠭᠡ ᠶᠢ ᠥᠭ᠃ ᠪᠠᠰᠠ ᠴᠢᠨᠦ ᠳᠡᠪᠢᠯ ᠢ ᠠᠪᠤᠭᠴᠢ ᠶᠢ ᠳᠣᠲᠣᠭᠠᠳᠤ ᠬᠤᠪᠴᠠᠰᠤᠨ ᠢ ᠴᠤ ᠠᠪᠬᠤᠶ᠎ᠠ ᠪᠦᠦ ᠬᠣᠷᠢ 30᠂ ᠠᠯᠢ ᠬᠡᠨ ᠴᠢᠮᠠᠴᠠ ᠡᠷᠢᠭ᠍ᠴᠢ ᠳᠦᠷ ᠥᠭ᠃ ᠵᠢᠴᠢ ᠴᠢᠨᠦ ᠡᠳ᠋ ᠠᠭᠤᠷᠰᠤᠨ ᠢ ᠠᠪᠤᠭᠴᠢ ᠠᠴᠠ ᠰᠥᠷᠭᠡᠨ ᠪᠦᠦ ᠡᠷᠢ᠃ 31᠂ ᠲᠠ ᠪᠡᠷ ᠬᠦᠮᠦᠨ ᠨᠦᠭᠦᠳ ᠦᠨ ᠲᠠᠨ ᠳᠤᠷ ᠬᠡᠷ ᠦᠢᠯᠡᠳᠬᠦᠢ ᠶᠢ ᠬᠦᠰᠡᠳᠡᠭ ᠮᠡᠲᠦ᠂ ᠲᠡᠭᠦᠨᠴᠢᠯᠡᠨ ᠬᠦ ᠲᠠ ᠴᠤ ᠲᠡᠳᠡᠨ ᠳᠦᠷ ᠦᠢᠯᠡᠳᠦᠭᠲᠦᠨ᠃ 32᠂ ᠬᠡᠷᠪᠡ ᠲᠠ ᠪᠡᠷ ᠢᠮᠠᠭᠲᠠ ᠲᠠᠨ ᠢ ᠢᠨᠠᠭᠯᠠᠭᠴᠢᠳ ᠢ ᠢᠨᠠᠭᠯᠠᠪᠠᠰᠤ᠂ ᠲᠠᠨᠤ ᠬᠠᠶᠢᠷ᠎ᠠ ᠠᠨᠤ ᠶᠠᠮᠪᠠᠷ ᠪᠤᠶᠤ᠃ ᠬᠢᠯᠢᠨᠴᠡᠲᠡᠨ ᠴᠤ ᠲᠡᠳᠡᠨ ᠢ ᠢᠨᠠᠭᠯᠠᠭᠴᠢᠳ ᠢ ᠢᠨᠠᠭᠯᠠᠳᠠᠭ᠃ 33᠂ ᠵᠢᠴᠢ ᠬᠡᠷᠪᠡ ᠲᠠ ᠪᠡᠷ ᠢᠮᠠᠭᠲᠠ ᠲᠠᠨ ᠳᠤᠷ ᠲᠤᠰᠠᠯᠠᠭᠴᠢᠳ ᠲᠤᠷ ᠲᠤᠰᠠᠯᠠᠪᠠᠰᠤ᠂ ᠲᠠᠨᠤ ᠬᠠᠶᠢᠷ᠎ᠠ ᠠᠨᠤ ᠶᠠᠮᠪᠠᠷ ᠪᠤᠶᠤ᠃ ᠬᠢᠯᠢᠨᠴᠡᠲᠡᠨ ᠴᠤ ᠲᠡᠷᠡ ᠮᠡᠲᠦ ᠪᠡᠷ ᠦᠢᠯᠡᠳᠦᠳᠡᠭ᠃ 34᠂ ᠵᠢᠴᠢ ᠬᠡᠷᠪᠡ ᠲᠠ ᠪᠡᠷ ᠠᠯᠢ ᠬᠡᠨ ᠡᠴᠡ ᠠᠪᠬᠤᠶ᠎ᠠ ᠲᠡᠳᠡᠨ ᠳᠦᠷ ᠲᠥᠯᠦᠭᠡᠰᠦᠪᠡᠷ ᠥᠭᠪᠡᠰᠦ᠂ ᠲᠠᠨᠤ ᠬᠠᠶᠢᠷ᠎ᠠ ᠠᠨᠤ ᠶᠠᠮᠪᠠᠷ ᠪᠤᠶᠤ᠃ ᠬᠢᠯᠢᠨᠴᠡᠲᠡᠨ ᠴᠤ ᠬᠠᠷᠢᠭᠤᠯᠤᠨ ᠠᠪᠬᠤ ᠶᠢᠨ ᠲᠤᠯᠠ ᠬᠢᠯᠢᠨᠴᠡᠲᠡᠨ ᠳᠦᠷ ᠲᠥᠯᠦᠭᠡᠰᠦ ᠪᠡᠷ ᠥᠭᠭᠦᠳᠡᠭ᠃ 35᠂ ᠵᠦᠭᠡᠷ ᠳᠠᠶᠢᠰᠤᠳ ᠢᠶᠠᠨ ᠢᠨᠠᠭᠯᠠᠭᠲᠤᠨ᠃ ᠰᠠᠶᠢᠨ ᠢ ᠦᠢᠯᠡᠳᠦᠨ᠂ ᠬᠠᠷᠢᠭᠤ ᠪᠠᠷ ᠠᠪᠬᠤᠶ᠎ᠠ ᠨᠠᠶᠢᠳᠠᠯ ᠦᠭᠡᠭᠦᠶ᠎ᠡ ᠲᠥᠯᠦᠭᠡᠰᠦ ᠪᠡᠷ ᠥᠭᠭᠦᠭᠲᠦᠨ᠃ ᠲᠡᠶᠢᠨ ᠬᠦ ᠲᠠᠨᠤ ᠱᠠᠩ ᠠᠨᠤ ᠶᠡᠬᠡ ᠪᠣᠯᠬᠤ ᠪᠤᠢ᠃ ᠲᠠ ᠴᠤ ᠳᠡᠭᠡᠷ᠎ᠡ ᠦᠭᠡᠢ ᠳᠡᠭᠡᠳᠦ ᠶᠢᠨ ᠦᠷᠡᠰ ᠪᠣᠯᠬᠤ ᠪᠣᠯᠤᠶᠤ᠃ ᠲᠡᠷᠡ ᠶᠠᠭᠤᠨ ᠤ ᠲᠤᠯᠠ ᠬᠡᠮᠡᠪᠡᠰᠦ᠂ ᠲᠡᠷᠡ ᠢᠨᠦ ᠬᠠᠩᠭᠠᠯ ᠦᠭᠡᠢ ᠨᠤᠭᠤᠳ ᠬᠢᠭᠡᠳ ᠮᠠᠭᠤ ᠨᠤᠭᠤᠳ ᠲᠤᠷ ᠨᠢᠭᠦᠯᠡᠰᠬᠦᠢ ᠲᠦ ᠪᠤᠢ᠃ 36᠂ ᠲᠡᠶᠢᠮᠦ ᠶᠢᠨ ᠲᠤᠯᠠ ᠲᠠᠨᠤ ᠡᠴᠢᠭᠡ ᠢᠨᠦ ᠥᠷᠦᠰᠢᠶᠡᠯ ᠲᠦ ᠪᠤᠢ ᠮᠡᠲᠦ᠂ ᠲᠡᠭᠦᠨᠴᠢᠯᠡᠨ ᠲᠠ ᠴᠤ ᠥᠷᠦᠰᠢᠶᠡᠯ ᠲᠦ ᠠᠭᠲᠤᠨ᠃ 37᠂ ᠪᠦᠦ ᠰᠢᠭᠦᠭᠲᠦᠨ᠃ ᠲᠡᠶᠢᠨ ᠬᠦ ᠲᠠ ᠴᠤ ᠦᠯᠦ ᠰᠢᠭᠦᠭᠳᠡᠬᠦ ᠪᠣᠯᠤᠶᠤ᠃ ᠪᠦᠦ ᠪᠤᠷᠤᠭᠤᠰᠢᠶᠠᠭᠲᠤᠨ᠃ ᠲᠡᠶᠢᠨ ᠬᠦ ᠲᠠ ᠴᠤ ᠦᠯᠦ ᠪᠤᠷᠤᠭᠤᠰᠢᠶᠠᠭᠳᠠᠬᠤ ᠪᠣᠯᠤᠶᠤ᠃ ᠬᠡᠯᠲᠦᠷᠢᠭᠦᠯᠦᠭᠲᠦᠨ᠃ ᠲᠡᠶᠢᠨ ᠬᠦ ᠲᠠ ᠴᠤ ᠬᠡᠯᠲᠦᠷᠢᠭᠦᠯᠦᠭᠳᠡᠬᠦ ᠪᠣᠯᠤᠶᠤ᠃ 38᠂ ᠥᠭᠭᠦᠭᠲᠦᠨ᠃ ᠲᠡᠶᠢᠨ ᠬᠦ ᠲᠠᠨ ᠳᠤᠷ ᠴᠤ ᠥᠭᠳᠡᠬᠦ ᠪᠣᠯᠤᠶᠤ᠃ ᠰᠢᠬᠠᠲᠠᠯ᠎ᠠ ᠳᠤᠭᠲᠤᠷᠠᠭᠳᠠᠭᠰᠠᠨ ᠬᠢᠭᠡᠳ ᠬᠠᠯᠢᠲᠠᠯᠠ ᠳᠦᠭᠦᠷᠭᠡᠭᠳᠡᠭᠰᠡᠨ ᠰᠠᠶᠢᠨ ᠬᠡᠮᠵᠢᠶ᠎ᠡ ᠢᠨᠦ ᠲᠠᠨᠤ ᠡᠪᠦᠷ ᠲᠦᠷ ᠥᠭᠳᠡᠬᠦ ᠪᠣᠯᠤᠶᠤ᠃ ᠲᠡᠷᠡ ᠶᠠᠭᠤᠨ ᠤ ᠲᠤᠯᠠ ᠬᠡᠮᠡᠪᠡᠰᠦ᠂ ᠲᠠᠨ ᠤ ᠬᠡᠮᠵᠢᠬᠦᠢ ᠬᠡᠮᠵᠢᠶ᠎ᠡ ᠪᠡᠷ ᠲᠠᠨ ᠳᠤᠷ ᠴᠤ ᠬᠡᠮᠵᠢᠭᠳᠡᠬᠦ ᠪᠣᠯᠤᠶᠤ᠃ 39᠂ ᠬᠡᠮᠡᠨ ᠵᠠᠷᠯᠢᠭ ᠪᠣᠯᠤᠭᠠᠳ ᠵᠢᠴᠢ ᠦᠯᠢᠭᠡᠷ ᠢᠶᠡᠷ ᠡᠶᠢᠨ᠃ ᠰᠣᠬᠣᠷ ᠬᠦᠮᠦᠨ ᠢᠨᠦ ᠰᠣᠬᠣᠷ ᠬᠦᠮᠦᠨ ᠢ ᠬᠥᠳᠡᠯᠵᠦ ᠴᠢᠳᠠᠬᠤ ᠪᠤᠶᠤ᠃ ᠲᠡᠳᠡ ᠬᠣᠶᠠᠭᠤᠯᠠ ᠠᠨᠤ ᠵᠤᠤᠬ᠎ᠠ ᠳᠤᠷ ᠤᠨᠠᠬᠤ ᠪᠢᠰᠢᠶᠦ᠃ 40᠂ ᠱᠠᠪᠢ ᠠᠨᠤ ᠥᠪᠡᠷ ᠦᠨ ᠪᠠᠭᠰᠢ ᠠᠴᠠ ᠳᠡᠭᠡᠷ᠎ᠡ ᠪᠤᠰᠤ᠃ ᠵᠦᠭᠡᠷ ᠠᠯᠢᠪᠠ ᠲᠡᠭᠦᠰ ᠪᠣᠯᠤᠭᠰᠠᠨ ᠠᠨᠤ ᠥᠪᠡᠷ ᠦᠨ ᠪᠠᠭᠰᠢ ᠮᠡᠲᠦ ᠪᠣᠯᠬᠤ ᠪᠣᠯᠤᠶᠤ᠃ 41᠂ ᠪᠠᠰᠠ ᠴᠢ ᠪᠡᠷ ᠥᠪᠡᠷ ᠦᠨ ᠨᠢᠳᠦᠨ ᠳᠦᠷ ᠠᠭᠴᠢ ᠨᠠᠤᠯᠠ ᠶᠢ ᠡᠰᠡ ᠠᠵᠢᠭᠯᠠᠨ ᠠᠲᠠᠯ᠎ᠠ᠂ ᠠᠬ᠎ᠠ ᠳᠡᠭᠦᠦ ᠶᠦᠭᠡᠨ ᠨᠢᠳᠦᠨ ᠳᠦᠷ ᠠᠭᠴᠢ ᠥᠷᠭᠡᠰᠦᠨ ᠢ ᠶᠠᠬᠢᠵᠢ ᠦᠵᠡᠮᠦᠶᠦ᠃ 42᠂ ᠵᠢᠴᠢ ᠴᠢ ᠪᠡᠷ ᠥᠪᠡᠷ ᠦᠨ ᠨᠢᠳᠦᠨ ᠦ ᠳᠣᠲᠣᠷ᠎ᠠ ᠨᠠᠤᠯᠠ ᠶᠢ ᠦᠯᠦ ᠠᠵᠢᠭᠯᠠᠨ ᠠᠲᠠᠯ᠎ᠠ᠂ ᠳᠡᠭᠦᠦ ᠳᠡᠭᠡᠨ ᠡᠶᠢᠨ᠃ ᠳᠡᠭᠦᠦ ᠡ᠂ ᠴᠢᠨᠦ ᠨᠢᠳᠦᠨ ᠡᠴᠡ ᠥᠷᠭᠡᠰᠦᠨ ᠢ ᠭᠠᠷᠭᠠᠬᠤᠶ᠎ᠠ ᠨᠠᠮᠠᠶᠢ ᠲᠠᠯᠪᠢ᠂ ᠬᠡᠮᠡᠨ ᠶᠠᠬᠢᠵᠢ ᠥᠭᠦᠯᠡᠬᠦ ᠪᠤᠶᠤ᠃ ᠮᠡᠬᠡᠴᠢ ᠨᠢᠭᠤᠷ ᠲᠤ ᠠ᠋᠂ ᠥᠪᠡᠷ ᠦᠨ ᠨᠢᠳᠦᠨ ᠳᠡᠬᠢ ᠨᠠᠤᠯᠠ ᠶᠢ ᠤᠷᠢᠳᠠᠭᠠᠷ ᠭᠠᠷᠭᠠᠨ ᠦᠢᠯᠡᠳ᠃ ᠲᠡᠶᠢᠨ ᠬᠦ ᠴᠢ ᠪᠡᠷ ᠳᠡᠭᠦᠦ ᠶᠦᠭᠡᠨ ᠨᠢᠳᠦᠨ ᠳᠦᠷ ᠠᠭᠴᠢ ᠥᠷᠭᠡᠰᠦᠨ ᠢ ᠭᠠᠷᠭᠠᠭᠬᠤᠶᠠ ᠰᠠᠶᠢᠲᠤᠷ ᠦᠵᠡᠬᠦ ᠪᠣᠯᠤᠶᠤ ᠅ 43᠂ ᠮᠠᠭᠤ ᠵᠢᠮᠡᠰ ᠢ ᠡᠭᠦᠰᠬᠡᠭᠴᠢ ᠮᠣᠳᠤ ᠠᠨᠤ ᠰᠠᠶᠢᠨ ᠪᠤᠰᠤ ᠪᠥᠭᠡᠳ᠂ ᠰᠠᠶᠢᠨ ᠵᠢᠮᠡᠰ ᠢ ᠡᠭᠦᠰᠬᠡᠭᠴᠢ ᠮᠣᠳᠤ ᠠᠨᠤ ᠮᠠᠭᠤ ᠪᠤᠰᠤ᠃ ᠲᠡᠷᠡ ᠶᠠᠭᠤᠨ ᠤ ᠲᠤᠯᠠ ᠬᠡᠮᠡᠪᠡᠰᠦ᠂ ᠲᠤᠰᠪᠦᠷᠢ ᠮᠣᠳᠤ ᠠᠨᠤ ᠵᠢᠮᠡᠰ ᠢᠶᠡᠷ ᠢᠶᠡᠨ ᠲᠠᠨᠢᠭᠳᠠᠮᠤᠢ᠃ 44᠂ ᠲᠡᠶᠢᠮᠦ ᠶᠢᠨ ᠲᠤᠯᠠᠳᠠ ᠥᠷᠭᠡᠰᠦᠨ ᠬᠠᠯᠠᠭᠠᠢ ᠠᠴᠠ ᠲᠣᠰᠢᠯᠤᠭ ᠠᠨᠤ ᠦᠯᠦ ᠬᠤᠷᠢᠶᠠᠭᠳᠠᠳᠠᠭ᠃ ᠪᠠᠰᠠ ᠰᠢᠷᠡᠩᠬᠢ ᠡᠴᠡ ᠦᠵᠦᠮ ᠠᠨᠤ ᠦᠯᠦ ᠬᠤᠷᠢᠶᠠᠭᠳᠠᠳᠠᠭ᠃ 45᠂ ᠰᠠᠶᠢᠨ ᠬᠦᠮᠦᠨ ᠢᠨᠦ ᠥᠪᠡᠷ ᠦᠨ ᠵᠢᠷᠦᠬᠡᠨ ᠦ ᠰᠠᠶᠢᠨ ᠱᠠᠩ ᠠᠴᠠ ᠰᠠᠶᠢᠨ ᠢ ᠭᠠᠷᠭᠠᠳᠠᠭ᠃ ᠮᠠᠭᠤ ᠬᠦᠮᠦᠨ ᠴᠤ ᠥᠪᠡᠷ ᠦᠨ ᠵᠢᠷᠦᠬᠡᠨ ᠦ ᠮᠠᠭᠤ ᠰᠠᠩ ᠠᠴᠠ ᠮᠠᠭᠤ ᠶᠢ ᠭᠠᠷᠭᠠᠳᠠᠭ᠃ ᠲᠡᠷᠡ ᠶᠠᠭᠤᠨ ᠤ ᠲᠤᠯᠠ ᠬᠡᠮᠡᠪᠡᠰᠦ᠂ ᠵᠢᠷᠦᠬᠡᠨ ᠦ ᠦᠯᠡᠮᠵᠢ ᠶᠡᠬᠡ ᠠᠭᠰᠠᠨ ᠡᠴᠡ ᠲᠡᠭᠦᠨ ᠦ ᠠᠮᠠ ᠠᠨᠤ ᠥᠭᠦᠯᠡᠳᠡᠭ᠃ 46᠂ ᠵᠦᠭᠡᠷ ᠲᠠ ᠪᠡᠷ ᠮᠢᠨᠦ ᠵᠠᠷᠯᠢᠭ ᠪᠣᠯᠬᠤᠢ ᠶᠢ ᠡᠰᠡ ᠪᠦᠲᠦᠭᠡᠨ ᠠᠲᠠᠯ᠎ᠠ ᠨᠠᠳᠤᠷ ᠡᠵᠡᠨ ᠡ᠂ ᠡᠵᠡᠨ ᠡ᠂ ᠬᠡᠮᠡᠨ ᠶᠠᠭᠤᠨ ᠤ ᠲᠤᠯᠠ ᠳᠠᠭᠤᠳᠠᠨ ᠠᠶᠢᠯᠠᠳᠬᠠᠮᠤᠶᠤ᠃ 47᠂ ᠠᠯᠢ ᠬᠡᠨ ᠨᠠᠳᠤᠷ ᠢᠷᠡᠨ ᠮᠢᠨᠦ ᠵᠠᠷᠯᠢᠭ ᠢ ᠰᠣᠨᠣᠰᠴᠤ᠂ ᠲᠡᠭᠦᠨᠴᠢᠯᠡᠨ ᠬᠦ ᠪᠦᠲᠦᠭᠡᠭᠴᠢ ᠶᠢ ᠪᠢ ᠪᠡᠷ ᠬᠡᠨ ᠳᠦᠷ ᠠᠳᠠᠯᠢᠳᠬᠠᠬᠤᠢ ᠶᠢ ᠲᠠᠨ ᠳᠤᠷ ᠦᠵᠡᠭᠦᠯᠰᠦ᠃ 48᠂ ᠲᠡᠷᠡ ᠢᠨᠦ ᠨᠢᠭᠡ ᠭᠡᠷ ᠢ ᠡᠭᠦᠳᠬᠦᠢ ᠳᠡᠭᠡᠨ ᠭᠦᠨ ᠮᠠᠯᠲᠠᠭᠠᠳ᠂ ᠴᠢᠯᠠᠭᠤᠨ ᠤ ᠳᠡᠭᠡᠷ᠎ᠡ ᠰᠠᠭᠤᠷᠢᠯᠠᠭᠰᠠᠨ ᠬᠦᠮᠦᠨ ᠳᠦᠷ ᠠᠳᠠᠯᠢ ᠪᠤᠢ᠃ ᠲᠡᠶᠢᠨ ᠪᠥᠭᠡᠳ ᠦᠶᠡᠷᠯᠡᠬᠦᠢ ᠴᠠᠭ ᠲᠤᠷ ᠤᠷᠤᠰᠬᠠᠯ ᠠᠨᠤ ᠲᠡᠷᠡ ᠬᠦ ᠭᠡᠷ ᠦᠨ ᠲᠤᠰ (ᠬᠦᠴᠦ ᠲᠦ ᠪᠡᠷ) ᠤᠷᠤᠰᠪᠠᠴᠤ᠂ ᠬᠥᠳᠡᠯᠭᠡᠨ ᠡᠰᠡ ᠴᠢᠳᠠᠪᠠᠢ᠃ ᠲᠡᠷᠡ ᠶᠠᠭᠤᠨ ᠤ ᠲᠤᠯᠠ ᠬᠡᠮᠡᠪᠡᠰᠦ᠂ ᠲᠡᠷᠡ ᠢᠨᠦ ᠴᠢᠯᠠᠭᠤᠨ ᠤ ᠳᠡᠭᠡᠷ᠎ᠡ ᠰᠠᠭᠤᠷᠢᠯᠠᠭᠳᠠᠪᠠᠢ᠃ 49᠂ ᠵᠦᠭᠡᠷ ᠠᠯᠢ ᠬᠡᠨ ᠰᠣᠨᠣᠰᠤᠭᠠᠳ ᠦᠯᠦ ᠪᠦᠲᠦᠭᠡᠭᠴᠢ ᠢᠨᠦ ᠰᠠᠭᠤᠷᠢᠨ ᠦᠭᠡᠢ ᠪᠡᠷ ᠭᠠᠵᠠᠷ ᠤᠨ ᠳᠡᠭᠡᠷ᠎ᠡ ᠭᠡᠷ ᠢᠶᠡᠨ ᠡᠭᠦᠳᠦᠭᠰᠡᠨ ᠬᠦᠮᠦᠨ ᠳᠦᠷ ᠠᠳᠠᠯᠢ ᠪᠤᠢ᠃ ᠲᠡᠭᠦᠨ ᠦ ᠲᠤᠰ ᠤᠷᠤᠰᠬᠠᠯ ᠤᠨ ᠬᠦᠴᠦ ᠲᠦ ᠪᠡᠷ ᠤᠷᠤᠰᠤᠭᠰᠠᠨ ᠳᠤᠷ ᠲᠡᠷᠡ ᠢᠨᠦ ᠳᠠᠷᠤᠢ ᠤᠨᠠᠪᠠᠢ᠃ ᠲᠡᠶᠢᠨ ᠬᠦ ᠲᠡᠷᠡ ᠬᠦ ᠭᠡᠷ ᠦᠨ ᠡᠪᠳᠡᠷᠡᠯ ᠢᠨᠦ ᠶᠡᠬᠡ ᠪᠥᠯᠦᠭᠡ ᠅
Currently Selected:
ᠯᠦᠺᠡ 6: MB1840
Highlight
Share
Copy
![None](/_next/image?url=https%3A%2F%2Fimageproxy.youversionapistaging.com%2F58%2Fhttps%3A%2F%2Fweb-assets.youversion.com%2Fapp-icons%2Fen.png&w=128&q=75)
Want to have your highlights saved across all your devices? Sign up or sign in
Digital edition of the Mongolian translation published in 1840 (the Old Testament) and 1846 (the New Testament) by Edward Stallybrass and William Swan. Created by Bayarjargal Garamtseren and Simon Wong. Digital edition © United Bible Societies, 2020.