ᠮᠠᠳᠲ᠋ᠢᠢ 11
11
ᠠᠷᠪᠠᠨ ᠨᠢᠭᠡᠳᠦᠭᠡᠷ ᠪᠦᠯᠦᠭ ᠅
1᠂ ᠲᠡᠶᠢᠨ ᠪᠥᠭᠡᠳ ᠢᠢᠰᠦᠰ ᠢᠨᠦ ᠠᠷᠪᠠᠨ ᠬᠣᠶᠠᠷ ᠱᠠᠪᠢ ᠳᠤᠷ ᠢᠶᠠᠨ ᠵᠠᠬᠢᠵᠤ ᠳᠠᠭᠤᠰᠤᠭᠠᠳ ᠲᠡᠨᠳᠡᠴᠡ ᠲᠡᠳᠡᠨ ᠦ ᠪᠠᠯᠭᠠᠳ ᠤᠨ ᠳᠣᠲᠣᠷ᠎ᠠ ᠨᠣᠮᠯᠠᠨ ᠳᠡᠯᠭᠡᠷᠡᠭᠦᠯᠬᠦ ᠶᠢᠨ ᠲᠤᠯᠠ ᠴᠢᠨᠠᠭᠰᠢᠳᠠ ᠥᠭᠡᠳᠡ ᠪᠣᠯᠪᠠᠢ ᠅ 2᠂ ᠲᠡᠶᠢᠨ ᠬᠦ ᠢᠣᠸᠠᠨ ᠠᠨᠤ ᠭᠢᠨᠳᠠᠨ ᠤ ᠳᠣᠲᠣᠷ᠎ᠠ ᠪᠤᠢ ᠪᠥᠭᠡᠲᠡᠯ᠎ᠡ ᠬᠡᠷᠢᠰᠲ᠋ᠣᠰ ᠤᠨ ᠦᠢᠯᠡᠰ ᠦᠨ ᠤᠴᠢᠷ᠎ᠠ ᠰᠣᠨᠣᠰᠤᠭᠠᠳ᠂ ᠱᠠᠪᠢᠨᠠᠠᠷ ᠡᠴᠡᠭᠡᠨ ᠬᠣᠶᠠᠷ ᠢ ᠢᠯᠡᠭᠡᠨ ᠲᠡᠭᠦᠨ ᠳᠦᠷ ᠡᠶᠢᠨ ᠠᠶᠢᠯᠠᠳᠬᠠᠭᠤᠯᠤᠷᠤᠨ᠃ 3᠂ ᠴᠢ ᠪᠡᠷ ᠲᠡᠷᠡ ᠢᠷᠡᠭᠴᠢ ᠮᠥᠨ ᠪᠤᠶᠤ ᠡᠰᠡᠪᠡᠰᠦ ᠪᠢᠳᠡ ᠪᠡᠷ ᠪᠤᠰᠤ ᠨᠢᠭᠡᠨ ᠢ ᠬᠦᠯᠢᠶᠡᠬᠦ ᠪᠤᠶᠤ᠃ 4᠂ ᠬᠡᠮᠡᠨ ᠠᠶᠢᠯᠠᠳᠬᠠᠭᠰᠠᠨ ᠳᠤᠷ ᠢᠢᠰᠦᠰ ᠢᠨᠦ ᠲᠡᠳᠡᠨ ᠳᠦᠷ ᠬᠠᠷᠢᠭᠤ ᠡᠶᠢᠨ ᠵᠠᠷᠯᠢᠭ ᠪᠣᠯᠤᠷᠤᠨ᠃ ᠣᠳᠤᠭᠠᠳ ᠰᠣᠨᠣᠰᠤᠭᠰᠠᠠᠨ [ᠰᠣᠨᠣᠰᠤᠭᠰᠠᠨ] ᠬᠢᠭᠡᠳ ᠦᠵᠡᠭᠰᠡᠨ ᠢᠶᠡᠨ ᠢᠣᠸᠠᠨ ᠳᠤᠷ ᠮᠡᠳᠡᠭᠦᠯᠦᠭᠲᠦᠨ ᠬᠡᠮᠡᠡᠬᠡᠰᠦ [ᠬᠡᠮᠡᠪᠡᠰᠦ]᠃ 5᠂ ᠰᠣᠬᠣᠷ ᠨᠤᠭᠤᠳ ᠠᠨᠤ ᠬᠠᠷᠠᠮᠤᠢ᠃ ᠳᠣᠭᠤᠯᠠᠠᠠᠠ᠋ [ᠳᠣᠭᠤᠯᠠᠩ] ᠨᠤᠭᠤᠳ ᠠᠨᠤ ᠶᠠᠪᠤᠮᠤᠢ᠃ ᠪᠤᠵᠠᠷ ᠪᠤᠰᠠᠷᠠᠭ ᠡᠪᠡᠳᠴᠢᠲᠡᠨ ᠢᠨᠦ ᠠᠷᠢᠯᠭᠠᠭᠳᠠᠮᠤᠢ᠃ ᠳᠦᠯᠡᠢ ᠨᠤᠭᠤᠳ ᠠᠨᠤ ᠰᠣᠨᠣᠰᠤᠮᠤᠢ᠃ ᠦᠬᠦᠭᠰᠡᠳ ᠢᠨᠦ ᠠᠮᠢᠳᠤᠷᠠᠭᠤᠯᠤᠭᠳᠠᠮᠤᠢ᠃ ᠦᠭᠡᠭᠦᠦ ᠨᠤᠭᠤᠳ ᠲᠤᠷ ᠢᠸᠠᠩᠭᠢᠯᠢ ᠢᠨᠦ ᠳᠡᠯᠭᠡᠷᠡᠭᠦᠯᠦᠭᠳᠡᠮᠦᠢ᠃ 6᠂ ᠪᠠᠰᠠ ᠠᠯᠢ ᠬᠡᠨ ᠨᠠᠳᠤᠷ ᠰᠡᠵᠢᠭ ᠢ ᠦᠯᠦ ᠲᠥᠷᠥᠪᠡᠰᠦ ᠲᠡᠷᠡ ᠢᠨᠦ ᠠᠮᠤᠭᠤᠯᠠᠠᠠᠠ᠋ [ᠠᠮᠤᠭᠤᠯᠠᠩ] ᠮᠥᠨ᠃ ᠬᠡᠮᠡᠨ ᠵᠠᠷᠯᠢᠭ ᠪᠣᠯᠪᠠᠢ ᠅ 7᠂ ᠲᠡᠶᠢᠨ ᠲᠡᠳᠡᠨ ᠦ ᠣᠳᠤᠭᠰᠠᠨ ᠤ ᠬᠣᠶᠢᠨᠠ ᠢᠢᠰᠦᠰ ᠢᠨᠦ ᠢᠣᠸᠠᠨ ᠤ ᠤᠴᠢᠷ᠎ᠠ ᠤᠯᠤᠰ ᠲᠤᠷ ᠡᠶᠢᠨ ᠡᠬᠢᠯᠡᠵᠦ ᠵᠠᠷᠯᠢᠭ ᠪᠣᠯᠤᠷᠤᠨ᠃ ᠲᠠ ᠪᠡᠷ ᠶᠠᠭᠤᠨ ᠢ ᠦᠵᠡᠷ᠎ᠡ ᠭᠣᠪᠢ ᠳᠤᠷ ᠭᠠᠷᠪᠤᠤ᠃ ᠰᠠᠯᠬᠢᠨ ᠳᠤᠷ ᠬᠥᠳᠡᠯᠭᠡᠭᠳᠡᠭᠰᠡᠨ ᠬᠤᠯᠤᠰᠤᠨ ᠢ (ᠦᠵᠡᠷ᠎ᠡ ᠭᠠᠷᠪᠤᠤ)᠃ 8᠂ ᠬᠠᠷᠢᠨ ᠲᠠ ᠪᠡᠷ ᠶᠠᠭᠤᠨ ᠢ ᠦᠵᠡᠷ᠎ᠡ ᠭᠠᠷᠪᠤᠤ᠃ ᠵᠥᠭᠡᠯᠡᠨ ᠬᠤᠪᠴᠠᠰᠤᠨ ᠢ ᠡᠮᠦᠰᠦᠭᠰᠡᠨ ᠬᠦᠮᠦᠨ ᠢ (ᠦᠵᠡᠷ᠎ᠡ ᠭᠠᠷᠪᠤᠤ)᠃ ᠮᠠᠨ᠎ᠠ᠂ ᠵᠥᠭᠡᠯᠡᠨ ᠬᠤᠪᠴᠠᠰᠤᠨ ᠢ ᠡᠮᠦᠰᠦᠭᠴᠢᠳ ᠢᠨᠦ ᠬᠠᠳ ᠤᠨ ᠤᠷᠲᠤ ᠬᠠᠷᠰᠢ ᠨᠤᠭᠤᠳ ᠲᠤᠷ ᠪᠠᠶᠢᠳᠠᠭ᠃ 9᠂ ᠬᠠᠷᠢᠨ ᠲᠠ ᠪᠡᠷ ᠶᠠᠭᠤᠨ ᠢ ᠦᠵᠡᠷ᠎ᠡ ᠭᠠᠷᠪᠤᠤ᠃ ᠹᠣᠷᠣᠹᠢᠳ ᠢ (ᠦᠵᠡᠷ᠎ᠡ ᠭᠠᠷᠪᠤᠤ)᠃ ᠹᠣᠷᠣᠹᠢᠳ ᠠᠴᠠ ᠳᠡᠭᠡᠷ᠎ᠡ᠂ ᠬᠡᠮᠡᠨ ᠪᠢ ᠪᠡᠷ ᠲᠠᠨᠳᠤᠷ ᠦᠨᠡᠬᠡᠷ ᠥᠭᠦᠯᠡᠮᠦᠢ᠃ 10᠂ ᠲᠡᠷᠡ ᠶᠠᠭᠤᠨ ᠤ ᠲᠤᠯᠠ ᠬᠡᠮᠡᠪᠡᠰᠦ᠂ ᠮᠠᠨ᠎ᠠ᠂ ᠪᠢ ᠪᠡᠷ ᠥᠪᠡᠷ ᠦᠨ ᠠᠩᠭᠢᠯ ᠢ ᠴᠢᠨᠦ ᠡᠮᠦᠨ᠋᠎ᠡ ᠢᠯᠡᠭᠡᠮᠤᠢ᠃ ᠲᠡᠷᠡ ᠢᠨᠦ ᠴᠢᠨᠦ ᠡᠮᠦᠨ᠋᠎ᠡ ᠴᠢᠨᠦ ᠵᠠᠮ ᠢ ᠪᠡᠯᠡᠳᠬᠦ ᠪᠤᠢ᠃ ᠬᠡᠮᠡᠨ ᠲᠡᠭᠦᠨ ᠦ ᠤᠴᠢᠷ᠎ᠠ ᠪᠢᠴᠢᠭᠳᠡᠭᠰᠡᠨ ᠪᠤᠢ᠃ 11᠂ ᠡᠬᠡᠨᠡᠷ ᠦᠳ ᠡᠴᠡ ᠲᠥᠷᠥᠭᠳᠡᠭᠰᠡᠨ ᠦᠨ ᠳᠣᠲᠣᠷ᠎ᠠ ᠪᠠᠹᠲ᠋ᠢᠰᠯᠠᠭᠴᠢ ᠢᠣᠸᠠᠨ ᠠᠴᠠ ᠳᠡᠭᠡᠷ᠎ᠡ ᠡᠰᠡ ᠪᠣᠯᠤᠭᠰᠠᠨ ᠪᠤᠢ᠃ ᠲᠡᠶᠢᠨ ᠪᠣᠯᠪᠠᠴᠤ ᠣᠭᠲᠠᠷᠭᠤᠢ ᠶᠢᠨ ᠡᠵᠡᠯᠡᠭᠦᠷᠢᠨ ᠳᠦᠷ ᠠᠬᠴᠤ ᠬᠠᠮᠤᠭ ᠠᠴᠠ ᠪᠠᠭ᠎ᠠ ᠠᠨᠤ ᠲᠡᠭᠦᠨ ᠡᠴᠡ ᠶᠡᠬᠡ ᠪᠣᠯᠠᠢ᠃ ᠬᠡᠮᠡᠨ ᠪᠢ ᠪᠡᠷ ᠲᠠᠨᠳᠤᠷ ᠮᠠᠭᠠᠳᠯᠠᠵᠤ ᠥᠭᠦᠯᠡᠮᠦᠢ᠃ 12᠂ ᠪᠠᠰᠠ ᠪᠠᠹᠲ᠋ᠢᠰᠯᠠᠭᠴᠢ ᠢᠣᠸᠠᠨ ᠤ ᠴᠠᠭ ᠠᠴᠠ ᠡᠳᠦᠭᠡ ᠪᠣᠯᠲᠠᠯ᠎ᠠ ᠣᠭᠲᠠᠷᠭᠤᠢ ᠶᠢᠨ ᠡᠵᠡᠯᠡᠭᠦᠷᠢ ᠢᠨᠦ ᠬᠦᠴᠦᠯᠡᠭᠳᠡᠮᠦᠢ᠃ ᠬᠦᠴᠦ ᠲᠡᠨ ᠴᠤ ᠲᠡᠭᠦᠨ ᠢ ᠪᠤᠯᠢᠶᠠᠨ ᠠᠪᠤᠮᠤᠢ᠃ 13᠂ ᠬᠠᠮᠤᠭ ᠹᠣᠷᠣᠹᠢᠳ ᠨᠠᠷ ᠬᠢᠭᠡᠳ ᠲᠣᠭᠲᠠᠭᠠᠯ ᠠᠨᠤ ᠢᠣᠸᠠᠨ ᠬᠦᠷᠲᠡᠯ᠎ᠡ ᠹᠣᠷᠣᠹᠢᠳᠯᠠᠪᠠᠢ᠃ 14᠂ ᠪᠠᠰᠠ ᠬᠡᠷᠪᠡ ᠲᠠ ᠪᠡᠷ ᠡᠭᠦᠨ ᠢ ᠲᠣᠭᠲᠠᠭᠠᠨ ᠠᠪᠬᠤ ᠳᠤᠷ᠎ᠠ ᠲᠤ ᠪᠣᠯᠪᠠᠰᠤ᠂ ᠡᠨᠡ ᠢᠨᠦ ᠢᠷᠡᠬᠦ ᠶᠣᠰᠤ ᠲᠤ ᠪᠣᠯᠤᠭᠰᠠᠨ ᠢᠯᠢᠶᠡ ᠮᠥᠨ᠃ 15᠂ ᠰᠣᠨᠣᠰᠬᠤ ᠶᠢᠨ ᠲᠤᠯᠠ ᠴᠢᠬᠢ ᠲᠦ ᠪᠣᠯᠤᠭᠰᠠᠳ ᠠᠨᠤ ᠰᠣᠨᠣᠰᠬᠤ ᠪᠣᠯᠲᠤᠭᠠᠢ᠃ 16᠂ ᠵᠦᠭᠡᠷ ᠪᠢ ᠪᠡᠷ ᠡᠨᠡ ᠲᠥᠷᠥᠯ ᠢ ᠶᠠᠭᠤᠨ ᠯᠤᠭ᠎ᠠ ᠠᠳᠠᠯᠢᠳᠬᠠᠬᠤ ᠪᠤᠶᠤ᠃ ᠲᠡᠷᠡ ᠬᠡᠮᠡᠪᠡᠰᠦ ᠬᠦᠢ ᠬᠦᠷᠦᠮᠲᠦ ᠭᠠᠵᠠᠷ᠎ᠠ ᠰᠠᠭᠤᠵᠤ ᠨᠥᠬᠥᠰ ᠲᠦᠷ ᠢᠶᠡᠨ ᠳᠠᠭᠤᠳᠠᠵᠤ ᠡᠶᠢᠨ᠃ 17᠂ ᠪᠢᠳᠡ ᠪᠡᠷ ᠲᠠᠨ ᠳᠤᠷ ᠪᠢᠱᠬᠢᠭᠦᠷᠳᠡᠭᠰᠡᠨ ᠪᠣᠯᠪᠠᠴᠤ ᠲᠠ ᠪᠡᠷ ᠡᠰᠡ ᠪᠦᠵᠢᠭᠯᠡᠪᠡᠢ᠃ ᠪᠢᠳᠡ ᠪᠡᠷ ᠲᠠᠨ ᠳᠤᠷ ᠭᠠᠰᠢᠭᠤᠳᠠᠯ ᠲᠤ ᠪᠠᠷ ᠳᠤᠤᠯᠠᠭᠰᠠᠨ ᠪᠣᠯᠪᠠᠴᠤ ᠲᠠ ᠪᠡᠷ ᠡᠰᠡ ᠴᠤᠷᠬᠢᠷᠠᠪᠠᠢ᠂ ᠬᠡᠮᠡᠨ ᠥᠭᠦᠯᠡᠭᠴᠢ ᠬᠡᠦᠬᠡᠳ ᠯᠦᠭᠡ ᠠᠳᠠᠯᠢ ᠪᠣᠯᠠᠢ᠃ 18᠂ ᠲᠡᠷᠡ ᠶᠠᠭᠤᠨ ᠬᠡᠮᠡᠪᠡᠰᠦ᠂ ᠢᠣᠸᠠᠨ ᠤ ᠢᠳᠠᠯ ᠤᠭᠤᠯ ᠦᠭᠡᠭᠦᠶ᠎ᠡ ᠢᠷᠡᠭᠰᠡᠨ ᠳᠦᠷ ᠲᠡᠳᠡ ᠢᠨᠦ ᠡᠶᠢᠨ᠃ ᠲᠡᠭᠦᠨ ᠳᠦᠷ ᠴᠢᠳᠬᠦᠷ ᠪᠤᠢ᠂ ᠬᠡᠮᠡᠨ ᠥᠭᠦᠯᠡᠮᠦᠢ᠃ 19᠂ ᠬᠦᠮᠦᠨ ᠲᠥᠷᠥᠯᠬᠢᠲᠦ ᠶᠢᠨ ᠢᠳᠡᠨ ᠤᠭᠤᠨ ᠢᠷᠡᠭᠰᠡᠨ ᠳᠦᠷ ᠲᠡᠳᠡ ᠢᠨᠦ ᠡᠶᠢᠨ᠃ ᠮᠠᠨ᠎ᠠ᠂ ᠶᠡᠬᠡ ᠢᠳᠡᠭᠴᠢ ᠤᠭᠤᠭᠴᠢ ᠬᠦᠮᠦᠨ ᠪᠣᠯᠤᠨ᠂ ᠠᠪᠤᠯᠭᠠᠴᠢᠨᠠᠷ ᠬᠢᠭᠡᠳ ᠬᠢᠯᠢᠨᠴᠡ ᠲᠡᠨ ᠯᠦᠭᠡ ᠨᠥᠬᠥᠷ ᠪᠤᠢ᠂ ᠬᠡᠮᠡᠨ ᠥᠭᠦᠯᠡᠮᠦᠢ᠃ ᠲᠡᠶᠢᠨ ᠪᠣᠯᠪᠠᠴᠤ ᠰᠡᠴᠡᠨ ᠢᠨᠦ ᠥᠪᠡᠷᠦᠨ ᠦᠷᠡᠰ ᠢᠶᠡᠷ ᠵᠥᠪᠰᠢᠶᠡᠭᠳᠡᠮᠦᠢ᠃ ᠬᠡᠮᠡᠨ ᠵᠠᠷᠯᠢᠭ ᠪᠣᠯᠪᠠᠢ ᠅ 20᠂ ᠲᠡᠨᠳᠡᠴᠡ ᠲᠡᠷᠡ ᠢᠨᠦ ᠦᠯᠡᠮᠵᠢ ᠣᠯᠠᠨ ᠭᠠᠶᠢᠬᠠᠮᠰᠢᠭ ᠤᠳ ᠲᠤ ᠪᠣᠯᠤᠭᠰᠠᠨ ᠪᠣᠯᠪᠠᠴᠤ ᠡᠰᠡ ᠭᠡᠮᠰᠢᠭᠰᠡᠨ ᠪᠠᠯᠭᠠᠳ ᠢ ᠡᠬᠢᠯᠡᠵᠦ ᠵᠢᠮᠡᠯᠡᠨ ᠡᠶᠢᠨ᠃ 21᠂ ᠬᠣᠷᠠᠵᠢᠨ ᠠ᠋᠂ ᠴᠢᠮᠠᠳᠤᠷ ᠵᠣᠪᠠᠯᠠᠠᠠᠠ᠋ [ᠵᠣᠪᠠᠯᠠᠩ] ᠪᠣᠯᠬᠤ᠃ ᠪᠢᠳᠰᠠᠶᠢᠳᠠ ᠠ᠋᠂ ᠴᠢᠮᠠᠳᠤᠷ ᠵᠣᠪᠠᠯᠠᠠᠠᠠ᠋ [ᠵᠣᠪᠠᠯᠠᠩ] ᠪᠣᠯᠬᠤ᠃ ᠲᠡᠷᠡ ᠶᠠᠭᠤᠨ ᠤ ᠲᠤᠯᠠ ᠬᠡᠮᠡᠪᠡᠰᠦ᠂ ᠬᠡᠷᠪᠡ ᠲᠠᠨᠤ ᠳᠣᠲᠣᠷ᠎ᠠ ᠪᠦᠲᠦᠭᠡᠭᠳᠡᠭᠰᠡᠨ ᠭᠠᠶᠢᠬᠠᠮᠰᠢᠭ ᠤᠳ ᠠᠨᠤ ᠲᠢᠢᠷ ᠬᠢᠭᠡᠳ ᠰᠢᠢᠳᠣᠨ ᠳᠤᠷ ᠪᠦᠲᠦᠭᠡᠭᠳᠡᠭᠰᠡᠨ ᠪᠣᠯᠪᠠᠰᠤ᠂ ᠲᠡᠳᠡ ᠢᠨᠦ ᠥᠷᠮᠦᠭᠡ ᠲᠦ ᠪᠡᠷ ᠦᠨᠡᠰᠦᠨ ᠳᠦᠷ (ᠰᠠᠭᠤᠵᠤ) ᠥᠨᠢ ᠭᠡᠮᠰᠢᠬᠦ ᠪᠥᠯᠦᠭᠡ᠃ 22᠂ ᠬᠠᠷᠢᠨ ᠰᠢᠭᠦᠪᠦᠷᠢᠨ ᠦ ᠡᠳᠦᠷ᠎ᠡ ᠲᠠᠨ ᠠᠴᠠ ᠲᠢᠢᠷ ᠬᠢᠭᠡᠳ ᠰᠢᠢᠳᠣᠨ ᠳᠦᠷ ᠬᠥᠩᠭᠡᠨ ᠪᠣᠯᠬᠤ ᠪᠤᠢ᠃ ᠬᠡᠮᠡᠨ ᠪᠢ ᠪᠡᠷ ᠲᠠᠨ ᠳᠤᠷ ᠥᠭᠦᠯᠡᠮᠦᠢ᠂ 23᠂ ᠠᠶ᠎ᠠ ᠺᠠᠹᠢᠷᠨᠠ᠋ ᠦᠮ ᠡ᠂ ᠴᠢ ᠪᠡᠷ ᠣᠭᠲᠠᠷᠭᠤᠢ ᠬᠦᠷᠲᠡᠯ᠎ᠡ ᠡᠷᠭᠦᠮᠵᠢᠯᠡᠭᠳᠡᠪᠡᠴᠦ᠂ ᠲᠠᠮᠤ ᠬᠦᠷᠲᠡᠯ᠎ᠡ ᠤᠨᠠᠭᠠᠭᠳᠠᠬᠤ ᠪᠣᠯᠤᠶᠤ᠃ ᠲᠡᠷᠡ ᠶᠠᠭᠤᠨ ᠤ ᠲᠤᠯᠠ ᠬᠡᠮᠡᠪᠡᠰᠦ᠂ ᠬᠡᠷᠪᠡ ᠴᠢᠨᠦ ᠳᠣᠲᠣᠷ᠎ᠠ ᠪᠦᠲᠦᠭᠡᠭᠳᠡᠭᠰᠡᠨ ᠭᠠᠶᠢᠬᠠᠮᠰᠢᠭ ᠤᠳ ᠠᠨᠤ ᠰᠣᠳᠣᠮ ᠤᠨ ᠳᠣᠲᠣᠷ᠎ᠠ ᠪᠦᠲᠦᠭᠡᠭᠳᠡᠭᠰᠡᠨ ᠪᠣᠯᠪᠠᠰᠤ᠂ ᠲᠡᠷᠡ ᠢᠨᠦ ᠢᠳᠦᠭᠡ ᠪᠣᠯᠲᠠᠯ᠎ᠠ ᠪᠠᠶᠢᠬᠤ ᠪᠥᠯᠦᠭᠡ᠃ 24᠂ ᠬᠠᠷᠢᠨ ᠰᠢᠭᠦᠪᠦᠷᠢᠨ ᠦ ᠡᠳᠦᠷ᠎ᠡ ᠴᠢᠮᠠᠴᠠ ᠰᠣᠳᠣᠮ ᠭᠠᠵᠠᠷ᠎ᠠ ᠬᠥᠩᠭᠡᠨ ᠪᠣᠯᠬᠤ ᠪᠤᠢ᠃ ᠬᠡᠮᠡᠨ ᠪᠢ ᠪᠡᠷ ᠲᠠᠨᠳᠤᠷ ᠥᠭᠦᠯᠡᠮᠦᠢ ᠅ 25᠂ ᠪᠠᠰᠠ ᠲᠡᠷᠡ ᠴᠠᠭ ᠲᠤᠷ ᠢᠢᠰᠦᠰ ᠢᠨᠦ ᠬᠠᠷᠢᠭᠤ ᠡᠶᠢᠨ ᠵᠠᠷᠯᠢᠭ ᠪᠣᠯᠤᠷᠤᠨ᠃ ᠣᠭᠲᠠᠷᠭᠤᠢ ᠶᠢᠨ ᠬᠢᠭᠡᠳ ᠳᠡᠯᠡᠬᠡᠢ ᠶᠢᠨ ᠡᠵᠡᠨ ᠡᠴᠢᠭᠡ ᠡ᠂ ᠴᠢᠨᠦ ᠡᠭᠦᠨ ᠢ ᠮᠡᠷᠭᠡᠳ ᠬᠢᠭᠡᠳ ᠰᠡᠴᠡᠨ ᠤᠬᠠᠭᠠᠨ ᠲᠠᠨ ᠠᠴᠠ ᠳᠠᠯᠳᠠᠯᠠᠵᠤ᠂ ᠨᠢᠯᠬᠠᠰ ᠲᠤᠷ ᠢᠯᠡᠳᠬᠡᠭᠰᠡᠨ ᠦ ᠲᠤᠯᠠ ᠪᠢ ᠪᠡᠷ ᠴᠢᠮᠠᠶᠢ ᠮᠠᠭᠲᠠᠮᠤᠢ᠃ 26᠂ ᠠᠶ᠎ᠠ ᠡᠴᠢᠭᠡ ᠡ᠂ ᠡᠨᠡ ᠮᠡᠲᠦ ᠴᠢᠮᠠᠳᠤᠷ ᠲᠠᠭᠠᠯᠠᠮᠵᠢᠲᠤ ᠪᠥᠯᠦᠭᠡ ᠅ 27᠂ ᠬᠠᠮᠤᠭ ᠠᠨᠤ ᠮᠢᠨᠦ ᠡᠴᠢᠭᠡ ᠪᠡᠷ ᠨᠠᠳᠤᠷ ᠥᠭᠳᠡᠭᠰᠡᠨ ᠪᠤᠢ᠃ ᠲᠡᠶᠢᠨ ᠬᠦ ᠡᠴᠢᠭᠡ ᠡᠴᠡ ᠪᠤᠰᠤ ᠬᠡᠨ ᠴᠤ ᠬᠥᠪᠡᠭᠦᠨ ᠢ ᠡᠰᠡ ᠲᠠᠨᠢᠨ᠂ ᠬᠥᠪᠡᠭᠦᠨ ᠬᠢᠭᠡᠳ ᠬᠥᠪᠡᠭᠦᠨ ᠦ ᠠᠯᠢ ᠬᠡᠨ ᠳᠦᠷ ᠢᠯᠡᠳᠬᠡᠬᠦᠶᠡ ᠲᠠᠭᠠᠯᠠᠳᠠᠭ ᠠᠴᠠ ᠪᠤᠰᠤ ᠬᠡᠨ ᠴᠤ ᠡᠴᠢᠭᠡ ᠶᠢ ᠡᠰᠡ ᠲᠠᠨᠢᠮᠤᠢ ᠅ 28᠂ ᠬᠠᠮᠤᠭ ᠴᠤᠴᠠᠷᠠᠭᠰᠠᠨ ᠬᠢᠭᠡᠳ ᠠᠴᠢᠶᠠᠨ ᠳᠤᠷ ᠳᠠᠷᠤᠭᠳᠠᠭᠰᠠᠨ ᠨᠤᠭᠤᠳ ᠠ᠋᠂ ᠨᠠᠳᠤᠷ ᠢᠷᠡᠭᠲᠦᠨ᠃ ᠲᠡᠶᠢᠨ ᠬᠦ ᠪᠢ ᠪᠡᠷ ᠲᠠᠨ ᠢ ᠠᠮᠤᠭᠤᠯᠰᠤᠭᠠᠢ᠃ 29᠂ ᠮᠢᠨᠦ ᠠᠴᠢᠶᠠᠨ ᠤ ᠳᠠᠠᠠᠠ᠋ [ᠳᠠᠩ] ᠢ ᠪᠡᠶ᠎ᠡ ᠳᠡᠭᠡᠨ ᠠᠪᠤᠭᠠᠳ᠂ ᠨᠠᠳᠠᠴᠠ ᠰᠤᠷᠤᠭᠲᠤᠨ᠃ ᠲᠡᠷᠡ ᠶᠠᠭᠤᠨ ᠤ ᠲᠤᠯᠠ ᠬᠡᠮᠡᠪᠡᠰᠦ᠂ ᠪᠢ ᠪᠡᠷ ᠨᠣᠮᠣᠭᠠᠨ ᠪᠣᠯᠤᠨ ᠣᠮᠤᠭ ᠦᠭᠡᠢ ᠰᠡᠳᠬᠢᠯ ᠲᠦ ᠪᠤᠢ᠃ ᠡᠨᠡ ᠮᠡᠲᠦ ᠪᠡᠷ ᠲᠠ ᠰᠦᠨᠡᠰᠦᠨ ᠳᠦᠷ ᠢᠶᠡᠨ ᠠᠮᠤᠷ ᠢ ᠣᠯᠬᠤ ᠪᠤᠢ᠃ 30᠂ ᠲᠡᠷᠡ ᠶᠠᠭᠤᠨ ᠤ ᠲᠤᠯᠠ ᠬᠡᠮᠡᠪᠡᠰᠦ᠂ ᠮᠢᠨᠦ ᠠᠴᠢᠶᠠᠨ ᠤ ᠳᠠᠠᠠᠠ᠋ [ᠳᠠᠩ] ᠢᠨᠦ ᠵᠥᠭᠡᠯᠡᠨ ᠪᠥᠭᠡᠳ ᠮᠢᠨᠦ ᠠᠴᠢᠶ᠎ᠠ ᠠᠨᠤ ᠬᠥᠩᠭᠡᠨ ᠪᠣᠯᠠᠢ᠃ ᠬᠡᠮᠡᠨ ᠵᠠᠷᠯᠢᠭ ᠪᠣᠯᠪᠠᠢ ᠅
Currently Selected:
ᠮᠠᠳᠲ᠋ᠢᠢ 11: MB1840
Highlight
Share
Copy
Want to have your highlights saved across all your devices? Sign up or sign in
Digital edition of the Mongolian translation published in 1840 (the Old Testament) and 1846 (the New Testament) by Edward Stallybrass and William Swan. Created by Bayarjargal Garamtseren and Simon Wong. Digital edition © United Bible Societies, 2020.