ᠮᠠᠳᠲ᠋ᠢᠢ 12
12
ᠠᠷᠪᠠᠨ ᠬᠣᠶᠠᠳᠤᠭᠠᠷ ᠪᠦᠯᠦᠭ ᠅
1᠂ ᠲᠡᠷᠡ ᠬᠦ ᠴᠠᠭ ᠲᠤᠷ ᠢᠢᠰᠦᠰ ᠢᠨᠦ ᠰᠠᠪᠠᠳ ᠡᠳᠦᠷ᠎ᠡ ᠲᠠᠷᠢᠶᠠᠨ ᠢᠶᠠᠷ ᠥᠭᠡᠳᠡ ᠪᠣᠯᠪᠠᠢ᠃ ᠲᠡᠶᠢᠨ ᠬᠦ ᠲᠡᠭᠦᠨ ᠦ ᠱᠠᠪᠢᠨᠠᠷ ᠠᠨᠤ ᠥᠯᠦᠰᠦᠭᠡᠳ᠂ ᠲᠠᠷᠢᠶᠠᠨ ᠤ ᠲᠣᠯᠤᠭᠠᠢ ᠨᠤᠭᠤᠳ ᠢ ᠲᠡᠭᠦᠭᠡᠳ ᠢᠳᠡᠪᠡᠢ᠃ 2᠂ ᠬᠠᠷᠢᠨ ᠹᠠᠷᠢᠰᠢᠢ ᠨᠠᠷ ᠠᠨᠤ ᠦᠵᠡᠭᠡᠳ ᠲᠡᠭᠦᠨ ᠳᠦᠷ ᠠᠶᠢᠯᠠᠳᠬᠠᠷᠤᠨ᠃ ᠮᠠᠨ᠎ᠠ᠂ ᠴᠢᠨᠦ ᠱᠠᠪᠢᠨᠠᠷ ᠠᠨᠤ ᠰᠠᠪᠠᠳ ᠡᠳᠦᠷ᠎ᠡ ᠦᠢᠯᠡᠳᠬᠦᠢ ᠶᠣᠰᠤ ᠦᠭᠡᠢ ᠶᠢ ᠦᠢᠯᠡᠳᠦᠮᠦᠢ᠃ 3᠂ ᠬᠡᠮᠡᠭᠰᠡᠨ ᠳᠦᠷ ᠲᠡᠷᠡ ᠢᠨᠦ ᠲᠡᠳᠡᠨ ᠳᠦᠷ ᠵᠠᠷᠯᠢᠭ ᠪᠣᠯᠤᠷᠤᠨ᠃ ᠳ᠋ᠠᠸᠢᠳ᠋ ᠬᠢᠭᠡᠳ ᠲᠡᠭᠦᠨ ᠯᠦᠭᠡ ᠠᠭᠰᠠᠳ ᠤᠨ ᠥᠯᠦᠰᠬᠦᠢ ᠳᠡᠭᠡᠨ ᠶᠠᠭᠤᠨ ᠦᠢᠯᠡᠳᠦᠭᠰᠡᠨ ᠢ ᠲᠠ ᠪᠡᠷ ᠡᠰᠡ ᠤᠩᠰᠢᠭᠰᠠᠨ ᠪᠤᠶᠤ ᠬᠡᠮᠡᠪᠡᠰᠦ᠃ 4᠂ ᠲᠡᠷᠡ ᠢᠨᠦ ᠪᠤᠷᠬᠠᠨ ᠤ ᠭᠡᠷ ᠲᠦᠷ ᠣᠷᠣᠭᠠᠳ᠂ ᠲᠡᠭᠦᠨ ᠳᠦᠷ ᠬᠢᠭᠡᠳ ᠲᠡᠭᠦᠨ ᠯᠦᠭᠡ ᠠᠭᠰᠠᠳ ᠲᠤᠷ ᠪᠠ᠂ ᠢᠮᠠᠭᠲᠠ ᠯᠠᠮᠠ ᠨᠠᠷ ᠠᠴᠠ ᠪᠤᠰᠤ ᠬᠡᠨ ᠳᠦᠷ ᠴᠤ ᠢᠳᠡᠭᠳᠡᠬᠦᠢ ᠵᠣᠬᠢᠰ ᠦᠭᠡᠢ ᠡᠮᠦᠨᠡᠬᠢ ᠪᠣᠭᠤᠷᠰᠤᠭ ᠠᠴᠠ ᠢᠳᠡᠪᠡᠢ᠃ 5᠂ ᠡᠰᠡᠪᠡᠰᠦ ᠯᠠᠮᠠ ᠨᠠᠷ ᠠᠨᠤ ᠰᠦᠮ᠎ᠡ ᠶᠢᠨ ᠳᠣᠲᠣᠷ᠎ᠠ ᠰᠠᠪᠠᠳ ᠡᠳᠦᠷ ᠢ ᠲᠠᠰᠤᠯᠪᠠᠴᠤ ᠵᠢᠮ᠎ᠡ ᠦᠭᠡᠢ ᠠᠮᠤᠢ᠃ ᠬᠡᠮᠡᠨ ᠲᠠ ᠪᠡᠷ ᠲᠣᠭᠲᠠᠭᠠᠯ ᠤᠨ ᠳᠣᠲᠣᠷ᠎ᠠ ᠡᠰᠡ ᠤᠩᠰᠢᠭᠰᠠᠨ ᠪᠤᠶᠤ᠃ 6᠂ ᠵᠦᠭᠡᠷ ᠮᠢᠨᠦ ᠲᠠᠨ ᠳᠤᠷ ᠥᠭᠦᠯᠡᠬᠦᠢ ᠢᠨᠦ᠂ ᠰᠦᠮ᠎ᠡ ᠡᠴᠡ ᠨᠢᠭᠡ ᠶᠡᠬᠡ ᠢᠨᠦ ᠡᠨᠳᠡ ᠪᠤᠢ᠃ 7᠂ ᠬᠠᠷᠢᠨ ᠬᠡᠷᠪᠡ ᠲᠠ ᠪᠡᠷ ᠡᠭᠦᠨ ᠢ ᠬᠡᠮᠡᠪᠡᠰᠦ᠂ ᠪᠢ ᠪᠡᠷ ᠲᠠᠬᠢᠯ ᠢ ᠦᠯᠦ ᠲᠠᠭᠠᠯᠠᠨ᠂ ᠥᠷᠦᠰᠢᠶᠡᠯ ᠢ ᠲᠠᠭᠠᠯᠠᠮᠤᠢ᠃ ᠬᠡᠮᠡᠭᠰᠡᠨ ᠦ ᠶᠠᠭᠤᠨ ᠠᠬᠤᠢ ᠶᠢ ᠤᠬᠠᠭᠰᠠᠨ ᠪᠣᠯᠪᠠᠰᠤ᠂ ᠲᠠ ᠪᠡᠷ ᠪᠤᠷᠤᠭᠤ ᠪᠤᠰᠤ ᠨᠤᠭᠤᠳ ᠢ ᠦᠯᠦ ᠪᠤᠷᠤᠭᠤᠰᠢᠶᠠᠬᠤ ᠪᠥᠯᠦᠭᠡ᠃ 8᠂ ᠬᠦᠮᠦᠨ ᠲᠥᠷᠥᠯᠬᠢᠲᠦ ᠬᠡᠮᠡᠪᠡᠰᠦ ᠰᠠᠪᠠᠳ ᠡᠳᠦᠷ ᠦᠨ ᠡᠵᠡᠨ ᠴᠤ ᠮᠥᠨ᠃ ᠬᠡᠮᠡᠨ ᠵᠠᠷᠯᠢᠭ ᠪᠣᠯᠪᠠᠢ ᠅ 9᠂ ᠲᠡᠨᠳᠡᠴᠡ ᠲᠡᠷᠡ ᠢᠨᠦ ᠵᠣᠷᠴᠢᠭᠠᠳ ᠲᠡᠳᠡᠨ ᠦ ᠬᠤᠷᠠᠯ ᠳᠤᠷ ᠣᠷᠣᠪᠠᠢ᠃ 10᠂ ᠲᠡᠶᠢᠨ ᠬᠦ ᠮᠠᠨ᠎ᠠ᠂ ᠨᠢᠭᠡ ᠬᠠᠳᠠᠭᠰᠠᠨ ᠭᠠᠷ ᠲᠤ ᠬᠦᠮᠦᠨ ᠦ ᠠᠭᠰᠠᠨ ᠳᠤᠷ᠂ ᠲᠡᠳᠡᠭᠡᠷ ᠢᠨᠦ ᠲᠡᠭᠦᠨ ᠢ ᠪᠤᠷᠤᠭᠤ ᠲᠤ ᠪᠣᠯᠭᠠᠬᠤ ᠶᠢᠨ ᠲᠤᠯᠠ ᠲᠡᠭᠦᠨ ᠡᠴᠡ ᠠᠰᠠᠭᠤᠷᠤᠨ᠃ ᠰᠠᠪᠠᠳ ᠡᠳᠦᠷ᠎ᠡ ᠢᠳᠡᠭᠡᠭᠡᠬᠦᠶ ᠢᠨᠦ ᠵᠥᠪ ᠪᠤᠶᠤ᠃ 11᠂ ᠬᠡᠮᠡᠨ ᠠᠰᠠᠭᠤᠭᠰᠠᠨ ᠳᠤᠷ ᠲᠡᠷᠡ ᠢᠨᠦ ᠵᠠᠷᠯᠢᠭ ᠪᠣᠯᠤᠷᠤᠨ᠃ ᠨᠢᠭᠡᠨ ᠬᠣᠨᠢ ᠲᠤ ᠪᠥᠭᠡᠲᠡᠯ᠎ᠡ᠂ ᠬᠡᠷᠪᠡ ᠲᠡᠷᠡ ᠢᠨᠦ ᠰᠠᠪᠠᠳ ᠡᠳᠦᠷ᠎ᠡ ᠬᠤᠤᠨᠲᠤᠭ ᠲᠤᠷ ᠤᠨᠠᠪᠠᠰᠤ᠂ ᠪᠠᠷᠢᠭᠠᠳ ᠦᠯᠦ ᠭᠠᠷᠭᠠᠬᠤ ᠬᠦᠮᠦᠨ ᠢᠨᠦ ᠲᠠᠨᠤ ᠳᠣᠲᠣᠷ᠎ᠠ ᠠᠯᠢ ᠪᠤᠢ᠃ 12᠂ ᠬᠠᠷᠢᠨ ᠬᠦᠮᠦᠨ ᠢᠨᠦ ᠬᠣᠨᠢᠨ ᠠᠴᠠ ᠦᠯᠡᠮᠵᠢ ᠳᠡᠭᠡᠷ᠎ᠡ ᠪᠢᠰᠢᠶᠦ᠃ ᠲᠡᠶᠢᠮᠦ ᠶᠢᠨ ᠲᠤᠯᠠ ᠰᠠᠪᠠᠳ ᠡᠳᠦᠷ᠎ᠡ ᠰᠠᠶᠢᠨ ᠢ ᠦᠢᠯᠡᠳᠭᠦᠶ ᠢᠨᠦ ᠵᠥᠪ ᠪᠣᠯᠠᠢ᠃ 13᠂ ᠬᠡᠮᠡᠨ ᠵᠠᠷᠯᠢᠭ ᠪᠣᠯᠤᠭᠠᠳ ᠲᠡᠷᠡ ᠬᠦᠮᠦᠨ ᠳᠦᠷ ᠡᠶᠢᠨ᠃ ᠭᠠᠷ ᠢᠶᠠᠨ ᠡᠷᠭᠦ᠃ ᠬᠡᠮᠡᠨ ᠵᠠᠷᠯᠢᠭ ᠪᠣᠯᠤᠭᠰᠠᠨ ᠢᠶᠠᠷ ᠲᠡᠷᠡ ᠢᠨᠦ ᠭᠠᠷ ᠢᠶᠠᠨ ᠡᠷᠭᠦᠪᠡᠢ᠃ ᠲᠡᠶᠢᠨ ᠬᠦ ᠲᠡᠷᠡ ᠭᠠᠷ ᠠᠨᠤ ᠡᠳᠡᠭᠡᠭᠡᠭᠳᠡᠭᠡᠳ ᠨᠥᠭᠦᠭᠡ ᠮᠡᠲᠦ ᠡᠷᠡᠭᠦᠯ ᠪᠣᠯᠪᠠᠢ ᠅ 14᠂ ᠵᠦᠭᠡᠷ ᠹᠠᠷᠢᠰᠢᠢ ᠨᠠᠷ ᠠᠨᠤ ᠭᠠᠷᠤᠭᠠᠳ ᠲᠡᠭᠦᠨ ᠢ ᠦᠬᠦᠬᠦᠯᠬᠦ ᠶᠢᠨ ᠲᠤᠯᠠ ᠲᠡᠭᠦᠨ ᠦ ᠲᠤᠰ ᠵᠥᠪᠯᠡᠯᠳᠦᠪᠡᠢ᠃ 15᠂ ᠬᠠᠷᠢᠨ ᠢᠢᠰᠦᠰ ᠢᠨᠦ (ᠡᠭᠦᠨ ᠢ) ᠮᠡᠲᠡᠭᠡᠳ ᠲᠡᠨᠳᠡᠴᠡ ᠬᠠᠭᠠᠴᠠᠪᠠᠢ᠃ ᠲᠡᠶᠢᠨ ᠬᠦ ᠣᠯᠠᠨ ᠤᠯᠤᠰ ᠤᠨ ᠲᠡᠭᠦᠨ ᠢ ᠳᠠᠭᠠᠬᠤᠢ ᠳᠤᠷ ᠲᠡᠷᠡ ᠢᠨᠦ ᠲᠡᠳᠡ ᠪᠦᠭᠦᠳᠡᠭᠡᠷ ᠢ ᠡᠳᠡᠭᠡᠭᠡᠭᠡᠳ᠃ 16᠂ ᠨᠠᠮᠠᠶᠢ ᠢᠯᠡᠷᠬᠡᠢ ᠪᠦᠦ ᠪᠣᠯᠭᠠᠭᠲᠤᠨ᠃ ᠬᠡᠮᠡᠨ ᠲᠡᠳᠡᠨ ᠳᠦᠷ ᠵᠠᠬᠢᠪᠠᠢ ᠅ 17᠂ ᠡᠨᠡ ᠬᠡᠮᠡᠪᠡᠰᠦ ᠢᠰᠠᠢ᠌ᠶ᠎ᠠ ᠹᠣᠷᠣᠹᠢᠳ ᠤᠨ ᠥᠭᠦᠯᠡᠭᠰᠡᠨ ᠦ ᠪᠦᠲᠦᠭᠡᠭᠳᠡᠬᠦ ᠶᠢᠨ ᠲᠤᠯᠠ ᠪᠣᠯᠠᠢ᠃ ᠥᠭᠦᠯᠡᠭᠰᠡᠨ ᠢᠨᠦ ᠡᠶᠢᠨ᠃ 18᠂ ᠮᠠᠨ᠎ᠠ᠂ ᠮᠢᠨᠦ ᠲᠡᠳᠬᠦᠭᠰᠡᠨ ᠪᠣᠭᠣᠯ ᠪᠣᠯᠤᠨ ᠮᠢᠨᠦ ᠰᠦᠨᠡᠰᠦᠨ ᠦ ᠳᠠᠭᠠᠯᠠᠭᠰᠠᠨ ᠢᠨᠠᠭ ᠪᠤᠢ᠃ ᠪᠢ ᠪᠡᠷ ᠥᠪᠡᠷᠦᠨ ᠲᠣᠳᠤᠳᠬᠠᠯ ᠢ ᠲᠡᠭᠦᠨ ᠦ ᠳᠡᠭᠡᠷ᠎ᠡ ᠲᠠᠯᠪᠢᠪᠠᠢ᠃ ᠲᠡᠷᠡ ᠴᠤ ᠰᠢᠭᠦᠪᠦᠷᠢᠨ ᠢ ᠪᠠᠯᠠᠢ ᠨᠣᠮ ᠲᠠᠨ ᠳᠤᠷ ᠳᠡᠯᠭᠡᠷᠡᠭᠦᠯᠬᠦ ᠪᠤᠢ᠃ 19᠂ ᠲᠡᠨᠷᠡ [ᠲᠡᠷᠡ] ᠢᠨᠦ ᠦᠯᠦ ᠭᠡᠷᠡᠯᠲᠦᠨ᠂ ᠦᠯᠦ ᠪᠠᠷᠬᠢᠷᠠᠬᠤ ᠪᠤᠢ᠃ ᠬᠡᠨ ᠴᠤ ᠲᠡᠭᠦᠨ ᠦ ᠳᠠᠭᠤᠨ ᠢ ᠵᠡᠭᠡᠯᠢᠳ ᠦᠨ ᠳᠡᠭᠡᠷ᠎ᠡ ᠦᠯᠦ ᠰᠣᠨᠣᠰᠬᠤ ᠪᠤᠢ᠃ 20᠂ ᠲᠡᠷᠡ ᠢᠨᠦ ᠬᠡᠮᠬᠡᠯᠡᠭᠳᠡᠭᠰᠡᠨ ᠬᠤᠯᠤᠰᠤᠨ ᠢ ᠦᠯᠦ ᠬᠤᠭᠤᠯᠤᠨ᠂ ᠤᠲᠠᠭ᠎ᠠ ᠲᠤ ᠵᠤᠯᠠ ᠶᠢ ᠦᠯᠦ ᠤᠨᠲᠠᠷᠠᠭᠠᠬᠤ ᠪᠤᠢ᠃ 21᠂ ᠲᠡᠶᠢᠨ ᠬᠦ ᠲᠡᠭᠦᠨ ᠦ ᠨᠡᠷ᠎ᠡ ᠳᠦᠷ ᠪᠠᠯᠠᠢ ᠨᠣᠮᠲᠠᠨ ᠠᠨᠤ ᠨᠠᠶᠢᠳᠠᠬᠤ ᠪᠤᠢ᠃ ᠬᠡᠮᠡᠭᠳᠡᠯᠦᠭᠡ ᠅ 22᠂ ᠲᠡᠷᠡ ᠴᠠᠭ ᠲᠤᠷ ᠴᠢᠳᠬᠦᠷ᠎ᠡ ᠪᠠᠷᠢᠭᠳᠠᠭᠰᠠᠨ ᠰᠣᠬᠣᠷ ᠪᠣᠯᠤᠨ ᠬᠡᠯᠡ ᠦᠭᠡᠢ ᠬᠦᠮᠦᠨ ᠦ ᠲᠡᠭᠦᠨ ᠳᠦᠷ ᠠᠴᠠᠷᠠᠭᠳᠠᠭᠰᠠᠨ ᠳᠤᠷ᠂ ᠲᠡᠷᠡ ᠢᠨᠦ ᠲᠡᠭᠦᠨ ᠢ ᠡᠳᠡᠭᠡᠭᠡᠪᠡᠢ᠃ ᠲᠡᠶᠢᠨ ᠪᠡᠷ ᠰᠣᠬᠣᠷ ᠪᠣᠯᠤᠨ ᠬᠡᠯᠡ ᠦᠭᠡᠢ (ᠬᠦᠮᠦᠨ) ᠢᠨᠦ ᠥᠭᠦᠯᠡᠬᠦᠢ ᠬᠢᠭᠡᠳ ᠦᠵᠡᠬᠦᠢ ᠪᠣᠯᠪᠠᠢ᠃ 23᠂ ᠪᠠᠰᠠ ᠬᠠᠮᠤᠭ ᠤᠯᠤᠰ ᠠᠨᠤ ᠭᠠᠶᠢᠬᠠᠯᠴᠠᠨ ᠡᠶᠢᠨ᠃ ᠡᠨᠡ ᠢᠨᠦ ᠳ᠋ᠠᠸᠢᠳ᠋ ᠤᠨ ᠬᠥᠪᠡᠭᠦᠨ ᠪᠢᠰᠢᠶᠦ᠃ ᠬᠡᠮᠡᠨ ᠥᠭᠦᠯᠡᠯᠳᠦᠪᠡᠢ᠃ 24᠂ ᠵᠦᠭᠡᠷ ᠹᠠᠷᠢᠰᠢᠢ ᠨᠠᠷ ᠠᠨᠤ ᠰᠣᠨᠣᠰᠤᠭᠠᠳ ᠥᠭᠦᠯᠡᠷ ᠦᠨ᠃ ᠡᠨᠡ ᠴᠢᠳᠬᠦᠳ ᠦᠨ ᠪᠢᠢᠯᠵᠢᠪᠤᠯ ᠲᠡᠷᠢᠭᠦᠯᠡᠭᠴᠢ ᠡᠴᠡ ᠪᠤᠰᠤ ᠠᠷᠭ᠎ᠠ ᠪᠠᠷ ᠴᠢᠳᠬᠦᠳ ᠢ ᠡᠰᠡ ᠭᠠᠷᠭᠠᠮᠤᠢ᠃ 25᠂ ᠬᠡᠮᠡᠭᠰᠡᠨ ᠳᠦᠷ ᠢᠢᠰᠦᠰ ᠢᠨᠦ ᠲᠡᠳᠡᠨ ᠦ ᠰᠠᠨᠠᠭᠠᠴᠢᠯᠠᠯ ᠢ ᠮᠡᠲᠡᠭᠡᠳ ᠲᠡᠳᠡᠨ ᠳᠦᠷ ᠵᠠᠷᠯᠢᠭ ᠪᠣᠯᠤᠷᠤᠨ᠃ ᠠᠯᠢᠪᠠ ᠡᠵᠡᠯᠡᠭᠦᠷᠢ ᠢᠨᠦ ᠥᠪᠡᠷ ᠵᠠᠭᠤᠷ᠎ᠠ ᠬᠤᠪᠢᠶᠠᠭᠳᠠᠪᠠᠰᠤ ᠬᠣᠭᠣᠰᠤᠷᠠᠮᠤᠢ᠃ ᠪᠠᠰᠠ ᠠᠯᠢᠪᠠ ᠪᠠᠯᠭᠠᠰᠤᠨ ᠡᠰᠡᠪᠡᠰᠦ ᠭᠡᠷ ᠢᠨᠦ ᠥᠪᠡᠷ ᠵᠠᠭᠤᠷ᠎ᠠ ᠬᠤᠪᠢᠶᠠᠭᠳᠠᠪᠠᠰᠤ ᠦᠯᠦ ᠲᠣᠭᠲᠠᠮᠤᠢ᠃ 26᠂ ᠪᠠᠰᠠ ᠬᠡᠷᠪᠡ ᠰᠠᠲ᠋ᠠᠨᠠ ᠠᠨᠤ ᠰᠠᠲ᠋ᠠᠨᠠ ᠶᠢ ᠭᠠᠷᠭᠠᠪᠠᠰᠤ᠂ ᠲᠡᠷᠡ ᠢᠨᠦ ᠥᠪᠡᠷ ᠵᠠᠭᠤᠷ᠎ᠠ ᠬᠤᠪᠢᠶᠠᠭᠳᠠᠪᠠᠢ᠃ ᠲᠡᠶᠢᠨ ᠪᠥᠭᠡᠲᠡᠯ᠎ᠡ ᠲᠡᠭᠦᠨ ᠦ ᠡᠵᠡᠯᠡᠭᠦᠷᠢ ᠢᠨᠦ ᠶᠠᠬᠢᠨ ᠲᠣᠭᠲᠠᠬᠤ ᠪᠤᠶᠤ᠃ 27᠂ ᠪᠠᠰᠠ ᠬᠡᠷᠪᠡ ᠪᠢ ᠪᠡᠷ ᠪᠢᠢᠯᠵᠢᠪᠤᠯ ᠢᠶᠠᠷ ᠴᠢᠳᠬᠦᠳ ᠢ ᠭᠠᠷᠭᠠᠪᠠᠰᠤ᠂ ᠲᠠᠨᠤ ᠬᠥᠪᠡᠭᠦᠳ ᠢᠨᠦ ᠬᠡᠨ ᠢᠶᠡᠷ ᠭᠠᠷᠭᠠᠮᠤᠶᠤ᠃ ᠲᠡᠶᠢᠮᠦ ᠶᠢᠨ ᠲᠤᠯᠠ ᠲᠡᠳᠡ ᠢᠨᠦ ᠲᠠᠨᠤ ᠵᠠᠷᠭᠤᠴᠢᠳ ᠪᠣᠯᠬᠤ ᠪᠤᠢ᠃ 28᠂ ᠵᠦᠭᠡᠷ ᠬᠡᠷᠪᠡ ᠪᠢ ᠪᠡᠷ ᠪᠤᠷᠬᠠᠨ ᠤ ᠲᠣᠳᠤᠳᠬᠠᠯ ᠢᠶᠠᠷ ᠴᠢᠳᠬᠦᠳ ᠢ ᠭᠠᠷᠭᠠᠪᠠᠰᠤ᠂ ᠪᠤᠷᠬᠠᠨ ᠤ ᠡᠵᠡᠯᠡᠭᠦᠷᠢ ᠢᠨᠦ ᠦᠨᠡᠬᠡᠷ ᠲᠠᠨ ᠳᠤᠷ ᠢᠷᠡᠭᠰᠡᠨ ᠪᠤᠢ᠃ 29᠂ ᠡᠰᠡ ᠪᠥᠭᠡᠰᠦ ᠠᠯᠢ ᠬᠡᠨ ᠪᠡᠷ ᠤᠷᠢᠳᠠᠭᠠᠷ ᠬᠦᠴᠦ ᠲᠦ ᠶᠢ ᠡᠰᠡ ᠬᠦᠯᠢᠭᠰᠡᠨ ᠪᠣᠯᠪᠠᠰᠤ᠂ ᠬᠦᠴᠦ ᠲᠦ ᠶᠢᠨ ᠭᠡᠷ ᠲᠦᠷ ᠣᠷᠣᠭᠠᠳ ᠲᠡᠭᠦᠨ ᠦ ᠡᠳ᠋ ᠲᠠᠸᠠᠷ ᠢ ᠶᠠᠬᠢᠨ ᠲᠣᠨᠤᠵᠤ ᠴᠢᠳᠠᠬᠤ ᠪᠤᠶᠤ᠃ ᠬᠦᠯᠢᠪᠡᠰᠦ ᠲᠡᠭᠦᠨ ᠦ ᠭᠡᠷ ᠢ ᠲᠣᠨᠤᠬᠤ ᠪᠤᠢ᠃ 30᠂ ᠨᠠᠳᠠᠯᠤᠭᠠ ᠦᠯᠦ ᠪᠠᠶᠢᠭᠴᠢ ᠠᠨᠤ ᠮᠢᠨᠦ ᠲᠤᠰ ᠠᠮᠤᠢ᠃ ᠨᠠᠳᠠᠯᠤᠭᠠ ᠦᠯᠦ ᠬᠤᠷᠢᠶᠠᠯᠴᠠᠭᠴᠢ ᠠᠨᠤ ᠲᠠᠷᠬᠠᠭᠠᠮᠤᠢ᠃ 31᠂ ᠲᠡᠶᠢᠮᠦ ᠶᠢᠨ ᠲᠤᠯᠠ ᠮᠢᠨᠦ ᠲᠠᠨ ᠳᠤᠷ ᠥᠭᠦᠯᠡᠬᠦᠢ ᠢᠨᠦ᠃ ᠠᠯᠢᠪᠠ ᠬᠢᠯᠢᠨᠴᠡ ᠬᠢᠭᠡᠳ ᠳᠣᠷᠣᠮᠵᠢᠯᠠᠯ ᠠᠨᠤ ᠬᠦᠮᠦᠨ ᠨᠦᠭᠦᠳ ᠲᠦᠷ ᠬᠡᠯᠲᠦᠷᠢᠭᠦᠯᠦᠭᠳᠡᠬᠦ ᠪᠤᠢ᠃ ᠵᠦᠭᠡᠷ (ᠠᠷᠢᠭᠤᠨ) ᠲᠣᠳᠤᠳᠬᠠᠯ ᠢ ᠳᠣᠷᠣᠮᠵᠢᠯᠠᠬᠤᠢ ᠠᠨᠤ ᠬᠦᠮᠦᠨ ᠨᠦᠭᠦᠳ ᠲᠦᠷ ᠦᠯᠦ ᠬᠡᠯᠲᠦᠷᠢᠭᠦᠯᠦᠭᠳᠡᠬᠦ ᠪᠤᠢ᠃ 32᠂ ᠪᠠᠰᠠ ᠠᠯᠢ ᠬᠡᠨ ᠪᠡᠷ ᠬᠦᠮᠦᠨ ᠲᠥᠷᠥᠯᠬᠢᠲᠦ ᠶᠢᠨ ᠲᠤᠰ ᠦᠭᠡ ᠶᠢ ᠥᠭᠦᠯᠡᠪᠡᠰᠦ᠂ ᠲᠡᠷᠡ ᠢᠨᠦ ᠲᠡᠭᠦᠨ ᠳᠦᠷ ᠬᠡᠯᠲᠦᠷᠢᠭᠦᠯᠦᠭᠳᠡᠬᠦ᠃ ᠵᠦᠭᠡᠷ ᠬᠡᠷᠪᠡ ᠠᠯᠢ ᠬᠡᠨ ᠪᠡᠷ ᠠᠷᠢᠭᠤᠨ ᠲᠣᠳᠤᠳᠬᠠᠯ ᠤᠨ ᠲᠤᠰ ᠥᠭᠦᠯᠡᠪᠡᠰᠦ᠂ ᠲᠡᠷᠡ ᠢᠨᠦ ᠡᠨᠡ ᠨᠠᠰᠤᠨ ᠳᠤᠷ ᠴᠤ ᠬᠣᠶᠢᠳᠤ ᠨᠠᠰᠤᠨ ᠳᠤᠷ ᠴᠤ ᠦᠯᠦ ᠬᠡᠯᠲᠦᠷᠢᠭᠦᠯᠦᠭᠳᠡᠬᠦ ᠪᠤᠢ᠃ 33᠂ ᠮᠣᠳᠤᠨ ᠢ ᠰᠠᠶᠢᠨ ᠪᠣᠯᠭᠠᠭᠲᠤᠨ᠃ ᠲᠡᠶᠢᠨ ᠪᠡᠷ ᠲᠡᠭᠦᠨ ᠦ ᠵᠢᠮᠡᠰ ᠴᠤ ᠰᠠᠶᠢᠨ ᠪᠣᠯᠬᠤ ᠪᠤᠢ᠃ ᠡᠰᠡᠪᠡᠰᠦ ᠮᠣᠳᠤᠨ ᠢ ᠮᠠᠭᠤ ᠪᠣᠯᠭᠠᠭᠲᠤᠨ᠃ ᠲᠡᠶᠢᠨ ᠪᠡᠷ ᠲᠡᠭᠦᠨ ᠦ ᠵᠢᠮᠡᠰ ᠴᠤ ᠮᠠᠭᠤ ᠪᠣᠯᠬᠤ ᠪᠤᠢ᠃ ᠲᠡᠷᠡ ᠶᠠᠭᠤᠨ ᠤ ᠲᠤᠯᠠ ᠬᠡᠮᠡᠪᠡᠰᠦ᠂ ᠮᠣᠳᠤᠨ ᠠᠨᠤ ᠵᠢᠮᠡᠰ ᠢᠶᠡᠷ ᠢᠶᠡᠨ ᠲᠠᠨᠢᠭᠳᠠᠮᠤᠢ᠃ 34᠂ ᠮᠣᠭᠠᠢ ᠶᠢᠨ ᠲᠥᠷᠥᠯ ᠡ᠂ ᠲᠠ ᠪᠡᠷ ᠮᠠᠭᠤ ᠪᠥᠭᠡᠲᠡᠯ᠎ᠡ ᠶᠠᠬᠢᠵᠢ ᠰᠠᠶᠢᠨ ᠦᠭᠡᠰ ᠢ ᠥᠭᠦᠯᠡᠵᠦ ᠴᠢᠳᠠᠮᠤᠶᠤ᠃ ᠲᠡᠷᠡ ᠶᠠᠭᠤᠨ ᠤ ᠲᠤᠯᠠ ᠬᠡᠮᠡᠪᠡᠰᠦ᠂ ᠵᠢᠷᠦᠬᠡᠨ ᠦ ᠡᠯᠪᠡᠭ ᠡᠴᠡ ᠠᠮᠠ ᠠᠨᠤ ᠥᠭᠦᠯᠡᠳᠡᠭ᠃ 35᠂ ᠰᠠᠶᠢᠨ ᠬᠦᠮᠦᠨ ᠢᠨᠦ ᠰᠠᠶᠢᠨ ᠰᠠᠠᠠᠠ᠋ [ᠱᠠᠩ] ᠠᠴᠠ ᠰᠠᠶᠢᠨ ᠨᠤᠭᠤᠳ ᠢ ᠭᠠᠷᠭᠠᠳᠠᠭ᠃ ᠲᠡᠷᠡ ᠮᠡᠲᠦ ᠪᠡᠷ ᠮᠠᠭᠤ ᠬᠦᠮᠦᠨ ᠢᠨᠦ ᠮᠠᠭᠤ ᠰᠠᠠᠠᠠ᠋ [ᠱᠠᠩ] ᠠᠴᠠ ᠮᠠᠭᠤ ᠨᠤᠭᠤᠳ ᠢ ᠭᠠᠷᠭᠠᠳᠠᠭ᠃ 36᠂ ᠪᠠᠰᠠ ᠮᠢᠨᠦ ᠲᠠᠨ ᠳᠤᠷ ᠥᠭᠦᠯᠡᠬᠦᠢ ᠢᠨᠦ᠃ ᠬᠦᠮᠦᠨ ᠨᠦᠭᠦᠳ ᠢᠨᠦ ᠠᠯᠢᠪᠠ ᠬᠡᠷᠡᠭ ᠦᠭᠡᠢ ᠦᠭᠡ ᠶᠢ ᠥᠭᠦᠯᠡᠪᠡᠰᠦ᠂ ᠲᠡᠭᠦᠨ ᠦ ᠲᠤᠯᠠ ᠰᠢᠭᠦᠪᠦᠷᠢᠨ ᠦ ᠡᠳᠦᠷ᠎ᠡ ᠬᠠᠷᠢᠭᠤ ᠶᠢ ᠥᠭᠬᠦ ᠪᠣᠯᠤᠶᠤ᠃ 37᠂ ᠲᠡᠷᠡ ᠶᠠᠭᠤᠨ ᠤ ᠲᠤᠯᠠ ᠬᠡᠮᠡᠪᠡᠰᠦ᠂ ᠴᠢ ᠪᠡᠷ ᠦᠭᠡᠰ ᠢᠶᠡᠷ ᠢᠶᠡᠨ ᠵᠥᠪ ᠲᠦ ᠪᠣᠯᠬᠤ᠃ ᠡᠰᠡᠪᠡᠰᠦ ᠦᠭᠡᠰ ᠢᠶᠡᠷ ᠢᠶᠡᠨ ᠪᠤᠷᠤᠭᠤᠰᠢᠶᠠᠭᠳᠠᠬᠤ ᠪᠤᠢ᠃ ᠬᠡᠮᠡᠨ ᠵᠠᠷᠯᠢᠭ ᠪᠣᠯᠪᠠᠢ ᠅ 38᠂ ᠲᠡᠷᠡ ᠴᠠᠭ ᠲᠤᠷ ᠹᠠᠷᠢᠰᠢᠢ ᠬᠢᠭᠡᠳ ᠨᠣᠮ ᠵᠢᠭᠠᠭᠴᠢ ᠨᠠᠷ ᠠᠴᠠ ᠵᠠᠷᠢᠮ ᠤᠳ ᠠᠨᠤ ᠬᠠᠷᠢᠭᠤ ᠥᠭᠦᠯᠡᠷᠦᠨ᠃ ᠪᠠᠭᠰᠢ ᠠ᠋᠂ ᠪᠢᠳᠡ ᠪᠡᠷ ᠴᠢᠮᠠᠴᠠ ᠨᠢᠭᠡ ᠪᠡᠯᠭᠡ ᠶᠢ ᠦᠵᠡᠬᠦᠶ᠎ᠡ ᠳᠤᠷᠠᠰᠢᠮᠤᠢ᠃ 39᠂ ᠬᠡᠮᠡᠭᠰᠡᠨ ᠳᠦᠷ ᠲᠡᠷᠡ ᠢᠨᠦ ᠲᠡᠳᠡᠨ ᠳᠦᠷ ᠬᠠᠷᠢᠭᠤ ᠵᠠᠷᠯᠢᠭ ᠪᠣᠯᠤᠷᠤᠨ᠃ ᠮᠠᠭᠤ ᠬᠢᠭᠡᠳ ᠲᠠᠴᠢᠶᠠᠩᠭᠤᠢ ᠲᠤ ᠲᠥᠷᠥᠯ ᠢᠨᠦ ᠨᠢᠭᠡ ᠪᠡᠯᠭᠡ ᠶᠢ ᠡᠷᠢᠮᠦᠢ᠃ ᠲᠡᠶᠢᠨ ᠪᠣᠯᠪᠠᠴᠤ ᠶᠣᠨᠠ᠋ ᠹᠣᠷᠣᠹᠢᠳ ᠤᠨ ᠪᠡᠯᠭᠡ ᠡᠴᠡ ᠪᠤᠰᠤ ᠪᠡᠯᠭᠡ ᠢᠨᠦ ᠲᠡᠳᠡᠨ ᠳᠤᠷ ᠦᠯᠦ ᠥᠭᠳᠡᠬᠦ ᠪᠤᠢ᠃ 40᠂ ᠲᠡᠷᠡ ᠶᠠᠭᠤᠨ ᠤ ᠲᠤᠯᠠ ᠬᠡᠮᠡᠪᠡᠰᠦ᠂ ᠵᠣᠨᠠ᠋ ᠠᠨᠤ ᠵᠢᠭᠠᠰᠤᠨ ᠤ ᠬᠡᠪᠡᠯᠢᠨ ᠦ ᠳᠣᠲᠣᠷ᠎ᠠ ᠭᠤᠷᠪᠠᠨ ᠬᠣᠨᠣᠭ ᠤᠨ ᠲᠤᠷᠰᠢ ᠪᠠᠷ ᠬᠡᠷ ᠠᠭᠰᠠᠨ ᠮᠡᠲᠦ᠂ ᠲᠡᠭᠦᠨᠴᠢᠯᠡᠨ ᠬᠦᠮᠦᠨ ᠲᠥᠷᠥᠯᠬᠢᠲᠦ ᠢᠨᠦ ᠭᠠᠵᠠᠷ ᠤᠨ ᠳᠣᠲᠣᠷ᠎ᠠ ᠭᠤᠷᠪᠠᠨ ᠬᠣᠨᠣᠭ ᠤᠨ ᠲᠤᠷᠰᠢ ᠪᠠᠷ ᠪᠣᠯᠬᠤ ᠪᠤᠢ᠃ 41᠂ ᠨᠢᠨᠢᠸᠢ ᠶᠢᠨ ᠬᠦᠮᠦᠨ ᠨᠦᠭᠦᠳ ᠢᠨᠦ ᠡᠨᠡ ᠬᠦ ᠲᠥᠷᠥᠯ ᠦᠨ ᠲᠤᠰ ᠰᠢᠭᠦᠪᠦᠷᠢᠨ ᠳᠦᠷ ᠪᠣᠰᠤᠭᠠᠳ ᠲᠡᠳᠡᠨ ᠢ ᠪᠤᠷᠤᠭᠤᠰᠢᠶᠠᠬᠤ ᠪᠤᠢ᠃ ᠲᠡᠷᠡ ᠶᠠᠭᠤᠨ ᠤ ᠲᠤᠯᠠ ᠬᠡᠮᠡᠪᠡᠰᠦ᠂ ᠲᠡᠳᠡ ᠢᠨᠦ ᠶᠣᠨᠠ᠋ ᠶᠢᠨ ᠨᠣᠮᠯᠠᠭᠰᠠᠨ ᠳᠤᠷ ᠭᠡᠮᠰᠢᠪᠡᠢ᠃ ᠲᠡᠶᠢᠨ ᠬᠦ ᠮᠠᠨ᠎ᠠ᠂ ᠶᠣᠨᠠ᠋ ᠠᠴᠠ ᠳᠡᠭᠡᠷ᠎ᠡ ᠨᠢᠭᠡᠨ ᠡᠨᠳᠡ ᠪᠤᠢ᠃ 42᠂ ᠡᠮᠦᠨ᠎ᠡ ᠵᠦᠭ ᠦᠨ ᠬᠠᠲᠤᠨ ᠬᠠᠭᠠᠨ ᠠᠨᠤ ᠡᠨᠡ ᠬᠦ ᠲᠥᠷᠥᠯ ᠦᠨ ᠲᠤᠰ ᠰᠢᠭᠦᠪᠦᠷᠢᠨ ᠳᠦᠷ ᠪᠣᠰᠤᠭᠠᠳ ᠲᠡᠳᠡᠨ ᠢ ᠪᠤᠷᠤᠭᠤᠰᠢᠶᠠᠬᠤ ᠪᠤᠢ᠃ ᠲᠡᠷᠡ ᠶᠠᠭᠤᠨ ᠤ ᠲᠤᠯᠠ ᠬᠡᠮᠡᠪᠡᠰᠦ᠂ ᠲᠡᠷᠡ ᠢᠨᠦ ᠰᠣᠯᠣᠮᠣᠨ ᠤ ᠰᠡᠴᠡᠨ ᠢ ᠰᠣᠨᠣᠰᠬᠤ ᠶᠢᠨ ᠲᠤᠯᠠ ᠳᠡᠯᠡᠬᠡᠢ ᠶᠢᠨ ᠬᠢᠵᠠᠭᠠᠷ ᠠᠴᠠ ᠢᠷᠡᠪᠡᠢ᠃ ᠲᠡᠶᠢᠨ ᠬᠦ ᠰᠣᠯᠣᠮᠣᠨ ᠠᠴᠠ ᠳᠡᠭᠡᠷ᠎ᠡ ᠨᠢᠭᠡᠨ ᠡᠨᠳᠡ ᠪᠤᠢ ᠅ 43᠂ ᠪᠤᠵᠠᠷ ᠴᠢᠳᠬᠦᠷ ᠢᠨᠦ ᠬᠦᠮᠦᠨ ᠡᠴᠡ ᠭᠠᠷᠬᠤᠢ ᠳᠤᠷ ᠢᠶᠠᠨ ᠬᠠᠭᠤᠷᠠᠢ ᠭᠠᠵᠠᠳ ᠢᠶᠠᠷ ᠵᠣᠷᠴᠢᠨ ᠠᠮᠤᠷ ᠢ ᠪᠡᠳᠡᠷᠢᠪᠡᠴᠦ ᠡᠰᠡ ᠣᠯᠤᠳᠠᠭ᠃ 44᠂ ᠲᠡᠶᠢᠨ ᠬᠦ ᠲᠡᠷᠡ ᠢᠨᠦ ᠡᠶᠢᠨ᠃ ᠪᠢ ᠪᠡᠷ ᠣᠷᠬᠢᠭᠰᠠᠨ ᠭᠡᠷ ᠲᠡᠭᠡᠨ ᠪᠤᠴᠠᠰᠤ᠃ ᠬᠡᠮᠡᠭᠰᠡᠨ ᠢᠶᠡᠷ ᠢᠷᠡᠭᠡᠳ ᠲᠡᠭᠦᠨ ᠢ ᠬᠣᠭᠣᠰᠤᠨ ᠬᠢᠭᠡᠳ ᠠᠷᠴᠢᠭᠳᠠᠭᠰᠠᠨ ᠪᠠ ᠴᠢᠮᠡᠭᠳᠡᠭᠰᠡᠨ ᠢᠶᠡᠷ ᠣᠯᠤᠮᠤᠢ᠃ 45᠂ ᠲᠡᠶᠢᠨ ᠬᠦ ᠲᠡᠷᠡ ᠢᠨᠦ ᠣᠳᠤᠭᠠᠳ ᠪᠡᠶ᠎ᠡ ᠡᠴᠡᠭᠡᠨ ᠳᠣᠯᠣᠭᠠᠨ ᠮᠠᠭᠤ ᠴᠢᠳᠬᠦᠷ ᠢ ᠲᠠᠭᠠᠭᠤᠯᠤᠮᠤᠢ᠃ ᠲᠡᠳᠡ ᠴᠤ ᠣᠷᠣᠭᠠᠳ ᠲᠡᠨᠳᠡ ᠨᠤᠲᠤᠭᠯᠠᠮᠤᠢ᠃ ᠲᠡᠶᠢᠨ ᠬᠦ ᠲᠡᠷᠡ ᠬᠦᠮᠦᠨ ᠦ ᠡᠴᠦᠰ ᠢᠨᠦ ᠡᠬᠢᠨ ᠡᠴᠡ ᠮᠠᠭᠤ ᠪᠣᠯᠬᠤ ᠪᠤᠢ᠃ ᠡᠨᠡ ᠮᠡᠲᠦ ᠪᠡᠷ ᠡᠨᠡ ᠬᠦ ᠮᠠᠭᠤ ᠲᠥᠷᠥᠯ ᠯᠦᠭᠡ ᠤᠴᠢᠷᠠᠯᠳᠤᠬᠤ ᠪᠣᠯᠤᠶᠤ ᠅ 46᠂ ᠬᠡᠮᠡᠨ ᠤᠯᠤᠰ ᠲᠤᠷ ᠵᠠᠷᠯᠢᠭ ᠪᠣᠯᠤᠨ ᠠᠲᠠᠯ᠎ᠠ᠃ ᠮᠠᠨ᠎ᠠ ᠲᠡᠭᠦᠨ ᠦ ᠡᠬᠡ ᠬᠢᠭᠡᠳ ᠠᠬ᠎ᠠ ᠳᠡᠭᠦᠦ ᠨᠠᠷ ᠢᠨᠦ ᠭᠠᠳᠠᠨ᠎ᠠ ᠵᠣᠭᠰᠤᠨ ᠠᠭᠠᠳ ᠲᠡᠭᠦᠨ ᠯᠦᠭᠡ ᠥᠭᠦᠯᠡᠯᠴᠡᠬᠦᠶᠡ ᠡᠷᠢᠨ ᠠᠪᠠᠢ᠃ 47᠂ ᠲᠡᠶᠢᠨ ᠬᠦ ᠨᠢᠭᠡᠨ ᠢᠨᠦ ᠲᠡᠭᠦᠨ ᠳᠦᠷ ᠡᠶᠢᠨ᠃ ᠮᠠᠨᠠᠠ᠂ ᠴᠢᠨᠦ ᠡᠬᠡ ᠬᠢᠭᠡᠳ ᠠᠬ᠎ᠠ ᠳᠡᠭᠦᠦ ᠨᠠᠷ ᠢᠨᠦ ᠭᠠᠳᠠᠨ᠎ᠠ ᠵᠣᠭᠰᠤᠨ ᠠᠭᠠᠳ ᠴᠢᠮᠠᠯᠤᠭ᠎ᠠ ᠥᠭᠦᠯᠡᠯᠴᠡᠬᠦᠶᠡ ᠡᠷᠢᠨ ᠠᠮᠤᠢ᠃ 48᠂ ᠬᠡᠮᠡᠭᠰᠡᠨ ᠳᠦᠷ ᠲᠡᠷᠡ ᠢᠨᠦ ᠲᠡᠭᠦᠨ ᠳᠦᠷ ᠥᠭᠦᠯᠡᠭᠴᠢ ᠳᠦᠷ ᠬᠠᠷᠢᠭᠤ ᠵᠠᠷᠯᠢᠭ ᠪᠣᠯᠤᠷᠤᠨ᠃ ᠮᠢᠨᠦ ᠡᠬᠡ ᠢᠨᠦ ᠬᠡᠨ ᠪᠤᠶᠤ᠃ ᠪᠠᠰᠠ ᠮᠢᠨᠦ ᠠᠬ᠎ᠠ ᠳᠡᠭᠦᠦ ᠨᠠᠷ ᠢᠨᠦ ᠬᠡᠳ ᠪᠤᠶᠤ᠃ 49᠂ ᠬᠡᠮᠡᠨ ᠵᠠᠷᠯᠢᠭ ᠪᠣᠯᠤᠭᠠᠳ ᠮᠤᠲᠤᠷ ᠢᠶᠠᠨ ᠱᠠᠪᠢᠨᠠᠷ ᠲᠠᠭᠠᠨ ᠰᠤᠩᠭᠠᠭᠠᠳ ᠵᠠᠷᠯᠢᠭ ᠪᠣᠯᠤᠷᠤᠨ᠃ ᠮᠠᠨ᠎ᠠ᠂ ᠮᠢᠨᠦ ᠡᠬᠡ ᠬᠢᠭᠡᠳ ᠠᠬ᠎ᠠ ᠳᠡᠭᠦᠦ ᠨᠠᠷ ᠡᠳᠡ ᠪᠤᠢ᠃ 50᠂ ᠲᠡᠷᠡ ᠶᠠᠭᠤᠨ ᠤ ᠲᠤᠯᠠ ᠬᠡᠮᠡᠪᠡᠰᠦ᠂ ᠠᠯᠢ ᠬᠡᠨ ᠪᠡᠷ ᠣᠭᠲᠠᠷᠭᠤᠢ ᠳᠤᠷ ᠠᠭᠴᠢ ᠮᠢᠨᠦ ᠡᠴᠢᠭᠡ ᠶᠢᠨ ᠲᠠᠭᠠᠯᠠᠯ ᠢ ᠪᠦᠲᠦᠭᠡᠭᠴᠢ ᠲᠡᠷᠡ ᠮᠢᠨᠦ ᠠᠬ᠎ᠠ ᠳᠡᠭᠦᠦ ᠬᠢᠭᠡᠳ ᠡᠭᠡᠴᠢ ᠳᠡᠭᠦᠦ ᠪᠠ ᠡᠬᠡ ᠮᠥᠨ᠃ ᠬᠡᠮᠡᠨ ᠵᠠᠷᠯᠢᠭ ᠪᠣᠯᠪᠠᠢ ᠅
Currently Selected:
ᠮᠠᠳᠲ᠋ᠢᠢ 12: MB1840
Highlight
Share
Copy
Want to have your highlights saved across all your devices? Sign up or sign in
Digital edition of the Mongolian translation published in 1840 (the Old Testament) and 1846 (the New Testament) by Edward Stallybrass and William Swan. Created by Bayarjargal Garamtseren and Simon Wong. Digital edition © United Bible Societies, 2020.