ᠮᠠᠳᠲ᠋ᠢᠢ 15
15
ᠠᠷᠪᠠᠨ ᠲᠠᠪᠤᠳᠤᠭᠠᠷ ᠪᠦᠯᠦᠭ ᠅
1᠂ ᠲᠡᠷᠡ ᠴᠠᠭ ᠲᠤᠷ ᠶᠢᠷᠤᠰᠠᠯᠢᠮ ᠠᠴᠠ ᠨᠣᠮ ᠵᠢᠭᠠᠭᠴᠢᠨᠠᠷ ᠬᠢᠭᠡᠳ ᠹᠠᠷᠢᠰᠢᠢ ᠨᠠᠷ ᠠᠨᠤ ᠢᠢᠰᠦᠰ ᠲᠦᠷ ᠢᠷᠡᠭᠡᠳ ᠥᠭᠦᠯᠡᠷᠦᠨ᠃ 2᠂ ᠴᠢᠨᠦ ᠱᠠᠪᠢᠨᠠᠷ ᠠᠨᠤ ᠶᠠᠭᠤᠨ ᠤ ᠲᠤᠯᠠ ᠠᠬᠠᠮᠠᠳ ᠤᠨ ᠶᠣᠰᠤᠨ ᠠᠴᠠ ᠳᠠᠪᠠᠳᠠᠭ ᠪᠤᠶᠤ ᠬᠡᠮᠡᠪᠡᠰᠦ᠂ ᠲᠡᠳᠡ ᠢᠨᠦ ᠪᠣᠭᠤᠷᠰᠤᠭ ᠢ ᠢᠳᠡᠬᠦᠢ ᠳᠡᠭᠡᠨ ᠭᠠᠷ ᠢᠶᠠᠨ ᠡᠰᠡ ᠤᠬᠢᠶᠠᠳᠠᠭ᠃ 3᠂ ᠬᠡᠮᠡᠭᠰᠡᠨ ᠳᠦᠷ ᠲᠡᠷᠡ ᠢᠨᠦ ᠲᠡᠳᠡᠨ ᠳᠦᠷ ᠬᠠᠷᠢᠭᠤ ᠵᠠᠷᠯᠢᠭ ᠪᠣᠯᠤᠷᠤᠨ᠃ ᠲᠠ ᠴᠤ ᠥᠪᠡᠷᠦᠨ ᠶᠣᠰᠤᠨ ᠢᠶᠠᠷ ᠪᠤᠷᠬᠠᠨ ᠤ ᠵᠠᠷᠯᠢᠭ ᠠᠴᠠ ᠶᠠᠭᠤᠨ ᠤ ᠲᠤᠯᠠ ᠳᠠᠪᠠᠮᠤᠶᠤ᠃ 4᠂ ᠲᠡᠷᠡ ᠶᠠᠭᠤᠨ ᠬᠡᠮᠡᠪᠡᠰᠦ᠂ ᠪᠤᠷᠬᠠᠨ ᠤ ᠵᠠᠷᠯᠢᠭ ᠠᠨᠤ ᠡᠶᠢᠨ᠃ ᠡᠴᠢᠭᠡ ᠬᠢᠭᠡᠳ ᠡᠬᠡ ᠪᠡᠨ ᠬᠦᠨᠳᠦᠯᠡᠨ ᠦᠢᠯᠡᠳ᠃ ᠪᠠᠰᠠ ᠡᠴᠢᠭᠡ ᠡᠰᠡᠪᠡᠰᠦ ᠡᠬᠡ ᠪᠡᠨ ᠳᠣᠷᠣᠮᠵᠢᠯᠠᠭᠴᠢ ᠠᠨᠤ ᠦᠬᠦᠭᠦᠯᠦᠭᠳᠡᠬᠦ ᠪᠣᠯᠲᠤᠭᠠᠢ᠃ 5᠂ ᠬᠡᠮᠡᠨ ᠵᠠᠬᠢᠭᠰᠠᠨ ᠪᠣᠯᠪᠠᠴᠤ ᠲᠠᠨᠤ ᠥᠭᠦᠯᠡᠭᠰᠡᠨ ᠢᠶᠡᠷ᠂ ᠠᠯᠢ ᠬᠡᠨ ᠪᠡᠷ ᠡᠴᠢᠭᠡ ᠪᠤᠶᠤ ᠡᠬᠡ ᠳᠡᠭᠡᠨ ᠡᠶᠢᠨ᠃ ᠴᠢᠨᠦ ᠨᠠᠳᠠᠴᠠ ᠠᠪᠬᠤᠢ ᠲᠤᠰᠠᠲᠤ ᠶᠠᠭᠤᠮ᠎ᠠ ᠠᠨᠤ ᠲᠠᠬᠢᠭᠳᠠᠭᠰᠠᠨ ᠪᠤᠢ᠂ ᠬᠡᠮᠡᠨ ᠥᠭᠦᠯᠡᠨ᠃ ᠡᠴᠢᠭᠡ ᠬᠢᠭᠡᠳ ᠡᠬᠡ ᠪᠡᠨ ᠦᠯᠦ ᠬᠦᠨᠳᠦᠯᠡᠪᠡᠴᠦ (ᠲᠡᠷᠡ ᠢᠨᠦ ᠶᠥᠪ [ᠵᠥᠪ])᠃ 6᠂ ᠡᠨᠡ ᠮᠡᠲᠦ ᠪᠡᠷ ᠲᠠ ᠥᠪᠡᠷᠦᠨ ᠶᠣᠰᠤᠨ ᠢᠶᠠᠷ ᠪᠤᠷᠬᠠᠨ ᠤ ᠵᠠᠷᠯᠢᠭ ᠢ ᠡᠷᠬᠡ ᠦᠭᠡᠢ ᠪᠣᠯᠭᠠᠮᠤᠢ᠃ 7᠂ ᠮᠡᠬᠡ ᠲᠦ ᠨᠢᠭᠤᠷ ᠲᠠᠨ ᠠ᠋᠂ ᠢᠰᠠᠢ᠌ᠶ᠎ᠠ ᠠᠨᠤ ᠲᠠᠨᠤ ᠤᠴᠢᠷ᠎ᠠ ᠵᠥᠪ ᠢᠶᠡᠷ ᠹᠣᠷᠣᠹᠢᠳᠯᠠᠨ ᠡᠶᠢᠨ᠃ 8᠂ ᠡᠨᠡ ᠤᠯᠤᠰ ᠠᠨᠤ ᠠᠮᠠᠨ ᠢᠶᠠᠷ ᠢᠶᠠᠨ ᠨᠠᠳᠤᠷ ᠣᠶᠢᠷᠠᠲᠠᠨ᠂ ᠤᠷᠤᠭᠤᠯ ᠤᠳ ᠢᠶᠠᠷ ᠢᠶᠠᠨ ᠨᠠᠮᠠᠶᠢ ᠬᠦᠨᠳᠦᠯᠡᠪᠡᠴᠦ᠂ ᠲᠡᠳᠡᠨ ᠦ ᠵᠢᠷᠦᠬᠡᠨ ᠢᠨᠦ ᠨᠠᠳᠠᠴᠠ ᠬᠣᠯᠠ ᠪᠠᠶᠢᠳᠠᠭ᠃ 9᠂ ᠵᠦᠭᠡᠷ ᠲᠡᠳᠡ ᠢᠨᠦ ᠬᠦᠮᠦᠨ ᠦ ᠵᠠᠬᠢᠶᠠᠨ ᠢ ᠰᠤᠷᠭᠠᠵᠤ ᠨᠠᠳᠤᠷ ᠳᠡᠮᠡᠢ ᠪᠡᠷ ᠰᠦᠰᠦᠯᠡᠮᠦᠢ᠂ ᠬᠡᠮᠡᠯᠦᠭᠡ᠃ 10᠂ ᠬᠡᠮᠡᠨ ᠵᠠᠷᠯᠢᠭ ᠪᠣᠯᠤᠭᠠᠳ ᠤᠯᠤᠰ ᠢ ᠳᠠᠭᠤᠳᠠᠭᠠᠳ ᠲᠡᠳᠡᠨ ᠳᠦᠷ ᠡᠶᠢᠨ᠃ ᠰᠣᠨᠣᠰᠤᠨ ᠤᠬᠠᠭᠲᠤᠨ᠃ 11᠂ ᠠᠮᠠᠨ ᠳᠤᠷ ᠣᠷᠣᠭᠴᠢ ᠶᠠᠭᠤᠮ᠎ᠠ ᠠᠨᠤ ᠬᠦᠮᠦᠨ ᠢ ᠡᠰᠡ ᠪᠤᠵᠠᠷᠯᠠᠳᠠᠭ᠃ ᠬᠠᠷᠢᠨ ᠠᠮᠠᠨ ᠠᠴᠠ ᠭᠠᠷᠤᠭᠴᠢ ᠶᠠᠭᠤᠮ᠎ᠠ ᠠᠨᠤ ᠬᠦᠮᠦᠨ ᠢ ᠪᠤᠵᠠᠷᠯᠠᠳᠠᠭ᠃ 12᠂ ᠬᠡᠮᠡᠨ ᠵᠠᠷᠯᠢᠭ ᠪᠣᠯᠤᠭᠰᠠᠨ ᠳᠤᠷ ᠲᠡᠭᠦᠨ ᠦ ᠱᠠᠪᠢᠨᠠᠷ ᠠᠨᠤ ᠢᠷᠡᠭᠡᠳ ᠲᠡᠭᠦᠨ ᠳᠦᠷ ᠠᠶᠢᠯᠳᠬᠠᠷᠤᠨ᠃ ᠹᠠᠷᠢᠰᠠᠢ [ᠹᠠᠷᠢᠰᠢ] ᠨᠠᠷ ᠠᠨᠤ ᠲᠡᠷᠡ ᠵᠠᠷᠯᠢᠭ ᠢ ᠰᠣᠨᠣᠰᠤᠭᠠᠳ ᠳᠤᠷᠠᠨ ᠦᠭᠡᠢ ᠪᠣᠯᠪᠠᠢ᠂ ᠬᠡᠮᠡᠨ ᠴᠢ ᠪᠡᠷ ᠮᠡᠳᠡᠮᠦᠶᠦ᠃ 13᠂ ᠬᠡᠮᠡᠨ ᠠᠶᠢᠯᠠᠳᠬᠠᠭᠰᠠᠨ ᠳᠤᠷ ᠲᠡᠷᠡ ᠢᠨᠦ ᠬᠠᠷᠢᠭᠤ ᠵᠠᠷᠯᠢᠭ ᠪᠣᠯᠤᠷᠤᠨ᠃ ᠣᠭᠲᠠᠷᠭᠤᠢ ᠳᠠᠬᠢ ᠮᠢᠨᠦ ᠡᠴᠢᠭᠡ ᠶᠢᠨ ᠠᠯᠢᠪᠠ ᠡᠰᠡ ᠲᠠᠷᠢᠭᠰᠠᠨ ᠤᠷᠭᠤᠯᠭᠠ ᠠᠨᠤ ᠦᠨᠳᠦᠰᠦᠨ ᠢᠶᠡᠷ ᠰᠤᠭᠤᠯᠤᠭᠳᠠᠬᠤ ᠪᠣᠯᠤᠶᠤ᠃ 14᠂ ᠲᠡᠳᠡᠨ ᠢ ᠣᠷᠬᠢᠭᠲᠤᠨ᠃ ᠲᠡᠳᠡ ᠬᠡᠮᠡᠪᠡᠰᠦ ᠰᠣᠬᠣᠷ ᠤᠳ ᠤᠨ ᠰᠣᠬᠣᠷ ᠤᠳᠤᠷᠢᠳᠤᠭᠴᠢᠳ ᠮᠥᠨ᠃ ᠵᠦᠭᠡᠷ ᠬᠡᠷᠪᠡ ᠰᠣᠬᠣᠷ ᠬᠦᠮᠦᠨ ᠢᠨᠦ ᠪᠤᠰᠤ ᠰᠣᠬᠣᠷ ᠢ ᠤᠳᠤᠷᠢᠳᠬᠤ ᠪᠥᠭᠡᠰᠦ᠂ ᠲᠡᠳᠡ ᠬᠣᠶᠠᠭᠤᠯᠠ ᠠᠨᠤ ᠵᠤᠤᠬ᠎ᠠ ᠳᠤᠷ ᠤᠨᠠᠬᠤ ᠪᠣᠯᠤᠶᠤ᠃ 15᠂ ᠬᠡᠮᠡᠨ ᠵᠠᠷᠯᠢᠭ ᠪᠣᠯᠤᠭᠰᠠᠨ ᠳᠤᠷ ᠹᠢᠲ᠋ᠢᠷ ᠠᠨᠤ ᠠᠶᠢᠯᠠᠳᠬᠠᠷᠤᠨ᠃ ᠡᠨᠡ ᠦᠯᠢᠭᠡᠷ ᠢ ᠪᠢᠳᠡᠨ ᠳᠦᠷ ᠦᠵᠡᠭᠦᠯᠦᠨ ᠰᠣᠶᠤᠷᠬ᠎ᠠ᠃ 16᠂ ᠬᠡᠮᠡᠭᠰᠡᠨ ᠳᠦᠷ ᠢᠢᠰᠦᠰ ᠢᠨᠦ ᠵᠠᠷᠯᠢᠭ ᠪᠣᠯᠤᠷᠤᠨ᠃ ᠲᠠ ᠴᠤ ᠡᠳᠦᠭᠡ ᠪᠣᠯᠲᠠᠯ᠎ᠠ ᠤᠬᠠᠭᠠᠨ ᠦᠭᠡᠢ ᠪᠤᠶᠤ᠃ 17᠂ ᠠᠮᠠᠨ ᠳᠤᠷ ᠠᠯᠢᠪᠠ ᠣᠷᠣᠭᠴᠢ ᠶᠠᠭᠤᠮ᠎ᠠ ᠠᠨᠤ ᠬᠡᠪᠡᠯᠢᠨ ᠳᠦᠷ ᠣᠷᠣᠭᠠᠳ᠂ ᠲᠡᠨᠳᠡᠴᠡ ᠵᠠᠶᠠᠭᠠᠨ ᠤ ᠶᠣᠰᠤᠭᠠᠷ ᠭᠠᠷᠭᠠᠭᠳᠠᠳᠠᠭ᠃ 18᠂ ᠵᠦᠭᠡᠷ ᠠᠮᠠᠨ ᠠᠴᠠ ᠭᠠᠷᠤᠭᠴᠢ ᠶᠠᠭᠤᠮ᠎ᠠ ᠠᠨᠤ ᠵᠢᠷᠦᠬᠡᠨ ᠡᠴᠡ ᠭᠠᠷᠴᠤ ᠬᠦᠮᠦᠨ ᠢ ᠪᠤᠵᠠᠷᠯᠠᠳᠠᠭ᠂ ᠬᠡᠮᠡᠨ ᠲᠠ ᠡᠳᠦᠭᠡ ᠪᠣᠯᠲᠠᠯ᠎ᠠ ᠡᠰᠡ ᠤᠨᠤᠮᠤᠶᠤ᠃ 19᠂ ᠵᠢᠷᠦᠬᠡᠨ ᠡᠴᠡ ᠬᠡᠮᠡᠪᠡᠰᠦ᠂ ᠮᠠᠭᠤ ᠰᠠᠨᠠᠭᠠᠴᠢᠯᠠᠯ ᠬᠢᠭᠡᠳ ᠠᠯᠠᠬᠤᠢ ᠪᠠ᠂ ᠲᠠᠴᠢᠶᠠᠩᠭᠤᠢ ᠶᠢᠨ ᠬᠤᠷᠢᠴᠠᠯ ᠬᠢᠭᠡᠳ ᠲᠠᠴᠢᠶᠠᠩᠭᠤᠢ ᠪᠠ᠂ ᠬᠤᠯᠠᠭᠠᠢ ᠬᠢᠭᠡᠳ ᠬᠠᠭᠤᠷᠮᠠᠭ ᠭᠡᠷᠡᠴᠢᠯᠡᠯᠭᠡ ᠪᠠ᠂ ᠳᠣᠷᠣᠮᠵᠢᠯᠠᠯ ᠨᠤᠭᠤᠳ ᠠᠨᠤ ᠭᠠᠷᠤᠳᠠᠭ᠃ 20᠂ ᠡᠳᠡ ᠢᠨᠦ ᠬᠦᠮᠦᠨ ᠢ ᠪᠤᠵᠠᠷᠯᠠᠳᠠᠭ᠃ ᠵᠦᠭᠡᠷ ᠡᠰᠡ ᠤᠬᠢᠶᠠᠭᠳᠠᠭᠰᠠᠨ ᠭᠠᠷ ᠢᠶᠠᠷ ᠢᠳᠡᠬᠦᠢ ᠢᠨᠦ ᠬᠦᠮᠦᠨ ᠢ ᠡᠰᠡ ᠪᠤᠵᠠᠷᠯᠠᠳᠠᠭ᠂ ᠬᠡᠮᠡᠨ ᠵᠠᠷᠯᠢᠭ ᠪᠣᠯᠪᠠᠢ ᠅ 21᠂ ᠲᠡᠶᠢᠨ ᠪᠥᠭᠡᠳ ᠢᠢᠰᠦᠰ ᠢᠨᠦ ᠲᠡᠨᠳᠡᠴᠡ ᠭᠠᠷᠤᠭᠠᠳ᠂ ᠲᠢᠢᠷ ᠬᠢᠭᠡᠳ ᠰᠢᠢᠳᠦᠨ ᠦ ᠬᠢᠵᠠᠭᠠᠷ ᠲᠤᠷ ᠥᠭᠡᠳᠡ ᠪᠣᠯᠪᠠᠢ ᠅ 22᠂ ᠲᠡᠨᠳᠡ ᠮᠠᠨ᠎ᠠ᠂ ᠲᠡᠷᠡ ᠣᠷᠣᠨ ᠠᠴᠠ ᠭᠠᠷᠤᠭᠰᠠᠨ ᠬᠠᠨᠠᠸᠠᠨ ᠭᠠᠵᠠᠷ ᠤᠨ ᠨᠢᠭᠡ ᠡᠮ᠎ᠡ ᠢᠨᠦ ᠲᠡᠭᠦᠨ ᠳᠦᠷ ᠳᠠᠭᠤᠳᠠᠨ ᠠᠶᠢᠯᠠᠳᠬᠠᠷᠤᠨ᠃ ᠠᠶ᠎ᠠ ᠡᠵᠡᠨ᠂ ᠳ᠋ᠠᠸᠢᠳ᠋ ᠤᠨ ᠬᠥᠪᠡᠭᠦᠨ ᠡ᠂ ᠨᠠᠮᠠᠶᠢ ᠨᠢᠭᠦᠯᠡᠰᠦᠨ ᠰᠣᠶᠤᠷᠬ᠎ᠠ᠃ ᠮᠢᠨᠦ ᠥᠬᠢᠨ ᠢᠨᠦ ᠴᠢᠳᠬᠦᠷ ᠲᠦᠷ ᠪᠠᠷᠢᠭᠳᠠᠭᠠᠳ ᠶᠡᠬᠡᠳᠡ ᠵᠣᠪᠠᠮᠤᠢ᠃ 23᠂ ᠬᠡᠮᠡᠭᠰᠡᠨ ᠳᠦᠷ ᠲᠡᠷᠡ ᠢᠨᠦ ᠲᠡᠭᠦᠨ ᠳᠦᠷ ᠬᠠᠷᠢᠭᠤ ᠵᠠᠷᠯᠢᠭ ᠡᠰᠡ ᠪᠣᠯᠪᠠᠢ᠃ ᠲᠡᠨᠳᠡ ᠲᠡᠭᠦᠨ ᠦ ᠱᠠᠪᠢᠨᠠᠷ ᠠᠨᠤ ᠲᠡᠭᠦᠨ ᠳᠦᠷ ᠢᠷᠡᠭᠡᠳ ᠲᠡᠭᠦᠨ ᠢ ᠭᠤᠶᠤᠵᠤ ᠡᠶᠢᠨ᠃ ᠲᠡᠭᠦᠨ ᠢ ᠲᠠᠯᠪᠢᠨ ᠰᠣᠶᠤᠷᠬ᠎ᠠ᠃ ᠲᠡᠷᠡ ᠶᠠᠭᠤᠨ ᠤ ᠲᠤᠯᠠ ᠬᠡᠮᠡᠪᠡᠰᠦ᠂ ᠲᠡᠷᠡ ᠢᠨᠦ ᠪᠢᠳᠡᠨ ᠦ ᠬᠣᠶᠢᠨᠠ ᠠᠴᠠ ᠳᠠᠭᠤᠳᠠᠨ ᠠᠮᠤᠢ᠃ 24᠂ ᠬᠡᠮᠡᠨ ᠠᠶᠢᠯᠠᠳᠬᠠᠭᠰᠠᠨ ᠳᠤᠷ ᠲᠡᠷᠡ ᠢᠨᠦ ᠬᠠᠷᠢᠭᠤ ᠡᠶᠢᠨ᠃ ᠪᠢ ᠪᠡᠷ ᠢᠰᠷᠠᠶᠢᠯ ᠤᠨ ᠭᠡᠭᠡᠭᠳᠡᠭᠰᠡᠨ ᠬᠣᠨᠢᠳ ᠠᠴᠠ ᠪᠤᠰᠤᠳ ᠲᠤᠷ ᠡᠰᠡ ᠢᠯᠡᠭᠡᠭᠳᠡᠪᠡᠢ᠃ 25᠂ ᠬᠡᠮᠡᠨ ᠵᠠᠷᠯᠢᠭ ᠪᠣᠯᠤᠭᠰᠠᠨ ᠳᠤᠷ ᠲᠡᠷᠡ ᠡᠮ᠎ᠡ ᠢᠨᠦ ᠢᠷᠡᠭᠡᠳ ᠲᠡᠭᠦᠨ ᠳᠦᠷ ᠮᠥᠷᠭᠦᠵᠦ ᠠᠶᠢᠯᠠᠳᠬᠠᠷᠤᠨ᠃ ᠡᠵᠡᠨ ᠡ᠂ ᠨᠠᠳᠦᠷ ᠲᠤᠰᠠᠯᠠᠨ ᠰᠣᠶᠤᠷᠬ᠎ᠠ᠃ 26᠂ ᠬᠡᠮᠡᠭᠰᠡᠨ ᠳᠦᠷ ᠲᠡᠷᠡ ᠢᠨᠦ ᠵᠠᠷᠯᠢᠭ ᠪᠣᠯᠤᠷᠤᠨ᠃ ᠬᠡᠦᠬᠡᠳ ᠦᠨ ᠢᠳᠡᠭᠡᠨ ᠢ ᠠᠪᠤᠭᠠᠳ ᠨᠣᠬᠠᠢ ᠨᠤᠭᠤᠳ ᠲᠤᠷ ᠬᠠᠶᠠᠬᠤᠢ ᠠᠨᠤ ᠰᠠᠶᠢᠨ ᠪᠤᠰᠤ ᠪᠤᠢ᠃ 27᠂ ᠬᠡᠮᠡᠨ ᠵᠠᠷᠯᠢᠭ ᠪᠣᠯᠤᠭᠰᠠᠨ ᠳᠤᠷ ᠲᠡᠷᠡ ᠡᠮ᠎ᠡ ᠢᠨᠦ ᠡᠶᠢᠨ᠃ ᠡᠵᠡᠨ ᠡ᠂ ᠲᠡᠷᠡ ᠢᠨᠦ ᠵᠥᠪ᠂ ᠬᠠᠷᠢᠨ ᠨᠣᠬᠠᠢ ᠨᠤᠭᠤᠳ ᠠᠨᠤ ᠡᠵᠡᠳ ᠶᠦᠭᠡᠨ ᠰᠢᠷᠡᠭᠡᠨ ᠡᠴᠡ ᠤᠨᠠᠭᠰᠠᠨ ᠦᠢᠷᠮᠡᠭ ᠢ ᠢᠳᠡᠳᠡᠭ᠃ 28᠂ ᠬᠡᠮᠡᠨ ᠠᠶᠢᠯᠠᠳᠬᠠᠭᠰᠠᠨ ᠳᠤᠷ ᠢᠢᠰᠦᠰ ᠢᠨᠦ ᠲᠡᠭᠦᠨ ᠳᠦᠷ ᠡᠶᠢᠨ᠃ ᠠᠶ᠎ᠠ ᠡᠮ᠎ᠡ ᠡ᠂ ᠴᠢᠨᠦ ᠢᠲᠡᠭᠡᠯ ᠢᠨᠦ ᠶᠡᠬᠡ ᠪᠤᠢ᠃ ᠴᠢᠨᠦ ᠬᠦᠰᠡᠭᠰᠡᠨ ᠢᠶᠡᠷ ᠴᠢᠮᠠᠳᠤᠷ ᠪᠣᠯᠬᠤ ᠪᠣᠯᠲᠤᠭᠠᠢ᠂ ᠬᠡᠮᠡᠨ ᠵᠠᠷᠯᠢᠭ ᠪᠣᠯᠪᠠᠢ᠃ ᠲᠡᠶᠢᠨ ᠪᠡᠷ ᠲᠡᠭᠦᠨ ᠦ ᠥᠬᠢᠨ ᠢᠨᠦ ᠲᠡᠷᠡ ᠬᠦ ᠴᠠᠭ ᠠᠴᠠ ᠡᠳᠡᠭᠡᠭᠡᠭᠳᠡᠪᠡᠢ ᠅ 29᠂ ᠲᠡᠨᠳᠡᠴᠡ ᠥᠩᠭᠡᠷᠡᠭᠡᠳ ᠢᠢᠰᠦᠰ ᠢᠨᠦ ᠺᠠᠯᠢᠯᠢᠶ᠎ᠠ ᠶᠢᠨ ᠳᠠᠯᠠᠢ ᠶᠢᠨ ᠣᠶᠢᠷ᠎ᠠ ᠬᠦᠷᠦᠭᠡᠳ᠂ ᠨᠢᠭᠡᠨ ᠠᠭᠤᠯᠠᠨ ᠳᠤᠷ ᠭᠠᠷᠤᠭᠠᠳ ᠲᠡᠨᠳᠡ ᠰᠠᠭᠤᠪᠠᠢ ᠅ 30᠂ ᠲᠡᠨᠳᠡ ᠣᠯᠠᠨ ᠤᠯᠤᠰ ᠠᠨᠤ ᠲᠡᠭᠦᠨ ᠳᠦᠷ ᠢᠷᠡᠨ᠂ ᠥᠪᠡᠷ ᠯᠦᠭᠡ ᠳᠤᠭᠤᠯᠠᠠᠠᠠ᠋ [ᠳᠤᠭᠤᠯᠠᠩ] ᠬᠢᠭᠡᠳ ᠰᠣᠬᠣᠷ ᠪᠠ᠂ ᠬᠡᠯᠡ ᠦᠭᠡᠢ ᠬᠢᠭᠡᠳ ᠵᠡᠮᠳᠡᠭ ᠪᠠ᠂ ᠪᠤᠰᠤ ᠣᠯᠠᠨ ᠨᠤᠭᠤᠳ ᠢ ᠠᠴᠠᠷᠠᠭᠠᠳ ᠢᠢᠰᠦᠰ ᠦᠨ ᠥᠯᠮᠡᠢ ᠶᠢᠨ ᠲᠡᠨᠳᠡ ᠲᠠᠯᠪᠢᠪᠠᠢ᠃ ᠲᠡᠷᠡ ᠴᠤ ᠲᠡᠳᠡᠨ ᠢ ᠡᠳᠡᠭᠡᠭᠡᠪᠡᠢ ᠅ 31᠂ ᠲᠡᠶᠢᠮᠦ ᠶᠢᠨ ᠲᠤᠯᠠ ᠤᠯᠤᠰ ᠠᠨᠤ ᠬᠡᠯᠡ ᠦᠭᠡᠢ ᠨᠤᠭᠤᠳ ᠤᠨ ᠥᠭᠦᠯᠡᠬᠦᠢ ᠬᠢᠭᠡᠳ ᠵᠡᠮᠳᠡᠭ ᠨᠤᠭᠤᠳ ᠤᠨ ᠡᠳᠡᠭᠡᠭᠡᠭᠳᠡᠭᠰᠡᠨ ᠪᠠ᠂ ᠳᠤᠭᠤᠯᠠᠠᠠᠠ᠋ [ᠳᠤᠭᠤᠯᠠᠩ] ᠨᠤᠭᠤᠳ ᠤᠨ ᠶᠠᠪᠤᠬᠤᠢ ᠬᠢᠭᠡᠳ ᠰᠣᠬᠣᠷ ᠨᠤᠭᠤᠳ ᠤᠨ ᠬᠠᠷᠠᠬᠤᠢ ᠶᠢ ᠦᠵᠡᠨ ᠭᠠᠶᠢᠬᠠᠭᠠᠳ᠂ ᠢᠰᠷᠠᠶᠢᠯ ᠤᠨ ᠪᠤᠷᠬᠠᠨ ᠢ ᠠᠯᠳᠠᠷᠰᠢᠭᠤᠯᠪᠠᠢ ᠅ 32᠂ ᠲᠡᠶᠢᠨ ᠪᠡᠷ ᠢᠢᠰᠦᠰ ᠢᠨᠦ ᠱᠠᠪᠢᠨᠠᠷ ᠢᠶᠠᠨ ᠳᠠᠭᠤᠳᠠᠭᠠᠳ ᠵᠠᠷᠯᠢᠭ ᠪᠣᠯᠤᠷᠤᠨ᠃ ᠪᠢ ᠪᠡᠷ ᠡᠳᠡ ᠤᠯᠤᠰ ᠢ ᠡᠨᠡᠷᠢᠨ ᠠᠮᠤᠢ ᠬᠡᠮᠡᠪᠡᠰᠦ᠂ ᠲᠡᠳᠡ ᠢᠨᠦ ᠡᠳᠦᠭᠡ ᠭᠤᠷᠪᠠᠨ ᠡᠳᠦᠷ ᠦᠨ ᠲᠡᠳᠦᠢᠡ ᠨᠠᠳᠠᠯᠤᠭᠠ ᠪᠢᠢᠳᠡᠯᠡ ᠢᠳᠡᠬᠦᠢ ᠶᠠᠭᠤᠬᠠᠨ ᠪᠠᠷ ᠦᠭᠡᠢ᠃ ᠲᠡᠳᠡᠨ ᠦ ᠵᠠᠮ ᠢᠶᠠᠷ ᠦᠯᠦ ᠴᠤᠴᠤᠷᠠᠬᠤ ᠶᠢᠨ ᠲᠤᠯᠠ ᠪᠢ ᠪᠡᠷ ᠲᠡᠳᠡᠨ ᠢ ᠥᠯᠥᠰᠬᠦᠯᠡᠡᠡᠡ᠋ [ᠥᠯᠥᠰᠬᠦᠯᠡᠩ] ᠢᠶᠡᠷ ᠲᠠᠷᠬᠠᠭᠠᠬᠤᠶᠠ ᠡᠰᠡ ᠳᠤᠷᠠᠰᠢᠮᠤᠢ᠃ 33᠂ ᠬᠡᠮᠡᠨ ᠵᠠᠷᠯᠢᠭ ᠪᠣᠯᠤᠭᠰᠠᠨ ᠳᠤᠷ ᠱᠠᠪᠢᠨᠠᠷ ᠠᠨᠤ ᠲᠡᠭᠦᠨ ᠳᠦᠷ ᠠᠶᠢᠯᠠᠳᠬᠠᠷᠤᠨ᠃ ᠪᠢᠳᠡ ᠪᠡᠷ ᠡᠨᠡ ᠮᠡᠲᠦ ᠣᠯᠠᠨ ᠤᠯᠤᠰ ᠢ ᠴᠠᠳᠬᠠᠬᠤ ᠶᠢᠨ ᠲᠡᠳᠦᠢ ᠲᠠᠯᠬᠠᠨ ᠢ ᠡᠨᠳᠡ ᠡᠵᠡᠨ ᠦᠭᠡᠢ ᠭᠠᠵᠠᠷ ᠲᠤᠷ ᠬᠠᠮᠢᠭ᠎ᠠ ᠠᠴᠠ ᠠᠪᠬᠤ ᠪᠤᠶᠤ᠃ 34᠂ ᠬᠡᠮᠡᠭᠰᠡᠨ ᠳᠦᠷ ᠲᠡᠷᠡ ᠢᠨᠦ ᠲᠡᠳᠡᠨ ᠳᠦᠷ ᠡᠶᠢᠨ᠃ ᠲᠠᠨᠳᠤᠷ ᠬᠡᠳᠦᠨ ᠪᠣᠭᠤᠷᠰᠤᠭ ᠤᠳ ᠪᠤᠢ ᠪᠤᠶᠤ᠃ ᠬᠡᠮᠡᠨ ᠵᠠᠷᠯᠢᠭ ᠪᠣᠯᠤᠭᠰᠠᠨ ᠳᠤᠷ ᠲᠡᠳᠡ ᠢᠨᠦ ᠳᠣᠯᠣᠭᠠᠨ ᠪᠣᠭᠤᠷᠰᠤᠭ ᠬᠢᠭᠡᠳ ᠨᠢᠭᠡ ᠥᠴᠦᠬᠡᠨ ᠵᠢᠭᠠᠰᠤᠨ ᠪᠤᠢ᠂ ᠬᠡᠮᠡᠨ ᠠᠶᠢᠯᠠᠳᠬᠠᠪᠠᠢ᠃ 35᠂ ᠲᠡᠶᠢᠨ ᠬᠦ ᠲᠡᠷᠡ ᠢᠨᠦ ᠤᠯᠤᠰ ᠢ ᠭᠠᠵᠠᠷ᠎ᠠ ᠰᠠᠭᠤᠭᠲᠤᠨ᠂ ᠬᠡᠮᠡᠨ ᠵᠠᠬᠢᠭᠠᠳ᠃ 36᠂ ᠳᠣᠯᠣᠭᠠᠨ ᠪᠣᠭᠤᠷᠰᠤᠭ ᠬᠢᠭᠡᠳ ᠵᠢᠭᠠᠰᠤᠳ ᠢ ᠠᠪᠴᠤ ᠠᠳᠢᠰᠯᠠᠭᠰᠠᠨ ᠤ ᠬᠣᠶᠢᠨᠠ ᠬᠤᠭᠤᠯᠤᠭᠠᠳ ᠱᠠᠪᠢᠨᠠᠷ ᠲᠠᠭᠠᠨ ᠥᠭᠪᠡᠢ᠃ ᠲᠡᠳᠡ ᠴᠤ ᠤᠯᠤᠰ ᠲᠤᠷ ᠥᠭᠪᠡᠢ᠃ 37᠂ ᠡᠨᠡ ᠮᠡᠲᠦ ᠪᠡᠷ ᠲᠡᠳᠡᠨ ᠪᠦᠭᠦᠳᠡᠭᠡᠷ ᠢᠳᠡᠭᠡᠳ ᠴᠠᠳᠪᠠᠢ᠃ ᠪᠠᠰᠠ ᠦᠯᠡᠭᠰᠡᠨ ᠦᠢᠷᠮᠡᠭ ᠬᠡᠮᠡᠪᠡᠰᠦ ᠳᠣᠯᠣᠭᠠᠨ ᠳᠦᠭᠦᠷᠡᠩ ᠰᠠᠪᠠ ᠠᠨᠤ ᠬᠤᠷᠢᠶᠠᠭᠳᠠᠪᠠᠢ ᠅ 38᠂ ᠲᠡᠳᠡ ᠢᠳᠡᠭᠰᠡᠳ ᠬᠡᠮᠡᠪᠡᠰᠦ᠂ ᠡᠮᠡᠰ ᠬᠢᠭᠡᠳ ᠬᠡᠦᠬᠡᠳ ᠡᠴᠡ ᠭᠠᠳᠠᠨ᠋ᠠ ᠳᠥᠷᠪᠡᠨ ᠮᠢᠩᠭ᠍ᠠ ᠡᠷᠡᠰ ᠪᠦᠯᠦᠭᠡ ᠅ 39᠂ ᠲᠡᠨᠳᠡᠴᠡ ᠲᠡᠷᠡ ᠢᠨᠦ ᠤᠯᠤᠰ ᠢ ᠲᠠᠷᠬᠠᠭᠠᠭᠠᠳ᠂ ᠨᠢᠭᠡ ᠣᠩᠭᠤᠴᠠ ᠳᠤᠷ ᠣᠷᠣᠵᠤ ᠮᠠᠺᠲᠠᠯᠠ᠋ ᠭᠠᠵᠠᠷ ᠤᠨ ᠬᠢᠯᠢ ᠳᠦᠷ ᠬᠦᠷᠪᠡᠢ ᠅
Селектирано:
ᠮᠠᠳᠲ᠋ᠢᠢ 15: MB1840
Нагласи
Сподели
Копирај
![None](/_next/image?url=https%3A%2F%2Fimageproxy.youversionapistaging.com%2F58%2Fhttps%3A%2F%2Fweb-assets.youversion.com%2Fapp-icons%2Fmk.png&w=128&q=75)
Дали сакаш да ги зачуваш Нагласувањата на сите твои уреди? Пријави се или најави се
Digital edition of the Mongolian translation published in 1840 (the Old Testament) and 1846 (the New Testament) by Edward Stallybrass and William Swan. Created by Bayarjargal Garamtseren and Simon Wong. Digital edition © United Bible Societies, 2020.